ᠵᠢᠷᠭᠤᠭᠠᠨ ᠰᠠᠷ᠎ᠠ ᠶ᠋ᠢᠨ ᠨᠢᠭᠡᠨ -ᠲᠤᠭᠴᠢ ᠯᠤᠪᠰᠠᠩЗургаан сарын нэгэн-Тугч Лувсан
ᠵᠢᠷᠭᠤᠭᠠᠨ ᠰᠠᠷ᠎ᠠ ᠶ᠋ᠢᠨ ᠨᠢᠭᠡᠨ
ᠲᠤᠭᠴᠢ ᠯᠤᠪᠰᠠᠩ ᠤ᠋ᠨ ᠰᠢᠯᠦᠭ
ᠴᠠᠭᠠᠨ ᠤᠶᠠᠩᠭᠠᠯᠠᠪᠠ
ᠨᠠᠭᠤᠷ ᠤ᠋ᠨ ᠰᠢᠪᠠᠭᠤᠳ ᠨᠠᠷᠭᠢᠯᠳᠤᠭᠰᠠᠨ
ᠵᠤᠨ ᠤ᠋ ᠡᠬᠢᠨ ᠰᠠᠷ᠎ᠠ ᠳ᠋ᠤ᠌
ᠨᠠᠪᠴᠢ ᠴᠡᠴᠡᠭ ᠮᠦᠰᠢᠶᠡᠭᠰᠡᠨ
ᠵᠢᠷᠭᠤᠭᠠᠨ ᠰᠠᠷ᠎ᠠ ᠶ᠋ᠢᠨ ᠨᠢᠭᠡᠨ ᠳ᠋ᠦ᠍
ᠰᠡᠳᠬᠢᠯ ᠬᠥᠭᠡᠷᠦᠨ ᠳᠡᠷᠪᠡᠭᠰᠡᠨ
ᠰᠡᠷᠭᠦᠯᠡᠩ ᠬᠥᠭᠡᠷᠦᠬᠦᠨ ᠵᠢᠭᠠᠯ ᠤ᠋ᠳ
ᠰᠠᠷᠠᠨ ᠲᠠᠤᠯᠠᠢ ᠰᠢᠭ᠋ ᠳᠡᠪᠬᠡᠷᠦᠭᠡᠳ
ᠰᠠᠢᠬᠠᠨ ᠡᠳᠦᠷ ᠢ᠋ᠶ᠋ᠡᠨ ᠤᠭᠲᠤᠨ᠎ᠠ
ᠳᠡᠭᠵᠢᠨ ᠴᠣᠪᠣᠭᠣᠯᠢᠭ ᠪᠤᠵᠢᠭᠢᠨᠠᠯᠳᠤᠭᠰᠠᠨ
ᠳᠡᠯᠡᠬᠡᠢ ᠶ᠋ᠢᠨ ᠬᠡᠦᠬᠡᠳ ᠪᠦᠬᠦᠨ
ᠲᠡᠭᠷᠢ ᠶ᠋ᠢᠨ ᠣᠳᠣᠳ ᠰᠢᠭ᠋ ᠮᠡᠯᠲᠡᠭᠡᠨᠡᠭᠡᠳ
ᠲᠡᠷᠭᠡᠯ ᠪᠠᠶᠠᠷ ᠢ᠋ᠶ᠋ᠠᠨ ᠪᠡᠯᠭᠡᠯᠡᠨ᠎ᠡ
ᠵᠡᠭᠡᠰᠦ ᠬᠤᠯᠤᠰᠤ ᠰᠢᠭ᠋ ᠨᠠᠢᠭᠤᠯᠵᠠᠭᠠᠳ
ᠵᠡᠬᠡᠭᠰᠡᠨ ᠪᠥᠵᠢᠭ ᠢ᠋ᠶ᠋ᠡᠨ ᠰᠣᠨᠢᠷᠬᠠᠭᠤᠯᠤᠨ᠎ᠠ
ᠵᠡᠭᠡᠷ᠎ᠡ ᠪᠤᠭᠤ ᠰᠢᠭ᠋ ᠱᠠᠯᠠᠮᠠᠭᠠᠢᠯᠠᠭᠠᠳ
ᠵᠠᠪᠰᠢᠶᠠᠨ ᠠᠯᠳᠠᠯ ᠦᠭᠡᠢ ᠣᠷᠣᠯᠳᠣᠨ᠎ᠠ
ᠣᠢ ᠶ᠋ᠢᠨ ᠬᠥᠬᠥᠭᠡ ᠰᠢᠭ ᠳᠣᠩᠭᠣᠳᠤᠭᠠᠳ
ᠤᠶᠠᠩᠭ᠎ᠠ ᠳᠠᠭᠤᠤ ᠪᠠᠨ ᠳᠠᠭᠤᠯᠠᠨ᠎ᠠ
ᠤᠷᠮ᠎ᠠ ᠪᠠᠬ᠎ᠠ ᠲᠠᠢ ᠦᠶᠡᠷᠬᠡᠭᠡᠳ
ᠣᠯᠤᠭᠰᠠᠨ ᠠᠮᠵᠢᠯᠲᠠ ᠳ᠋ᠤ᠌ ᠪᠠᠨ ᠣᠮᠣᠭᠰᠢᠨ᠎ᠠ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ᠄ ᠢᠷᠡᠭᠡᠳᠦᠢ
《6.1》 ᠳᠡᠯᠡᠬᠡᠢ ᠶ᠋ᠢᠨ ᠬᠡᠦᠬᠡᠳ ᠦ᠋ᠨ ᠪᠠᠶᠠᠷ ᠢ᠋ ᠲᠡᠮᠳᠡᠭᠯᠡᠪᠡ
