ᠫᠢᠣᠨᠧᠷ ᠦ᠋ᠨ ᠯᠠᠬᠧᠷ - ᠵᠣᠬᠢᠶᠠᠭᠴᠢ ᠄ ᠴ ᠂ ᠳᠠᠮᠳᠢᠨᠰᠦ᠋ᠷᠦᠩ ,ᠤᠶᠠᠩᠭᠠᠯᠠᠭᠴᠢ᠄ ᠰᠡᠴᠡᠨ Пионерийн лагер - зохиогч ᠄ Ц. Дамдинсүрэн уянгалагч᠄ Цэцэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠢᠣᠨᠧᠷ ᠦ᠋ᠨ ᠯᠠᠬᠧᠷ - ᠵᠣᠬᠢᠶᠠᠭᠴᠢ ᠄ ᠴ ᠂ ᠳᠠᠮᠳᠢᠨᠰᠦ᠋ᠷᠦᠩ ,ᠤᠶᠠᠩᠭᠠᠯᠠᠭᠴᠢ᠄ ᠰᠡᠴᠡᠨ Пионерийн лагер - зохиогч ᠄ Ц. Дамдинсүрэн уянгалагч᠄ Цэцэн

ᠫᠢᠣᠨᠧᠷ ᠦ᠋ᠨ ᠯᠠᠬᠧᠷ - ᠵᠣᠬᠢᠶᠠᠭᠴᠢ ᠄ ᠴ ᠂ ᠳᠠᠮᠳᠢᠨᠰᠦ᠋ᠷᠦᠩ ,ᠤᠶᠠᠩᠭᠠᠯᠠᠭᠴᠢ᠄ ᠰᠡᠴᠡᠨ Пионерийн лагер - зохиогч ᠄ Ц. Дамдинсүрэн уянгалагч᠄ Цэцэн

2025-06-01

504

ᠫᠢᠣᠨᠧᠷ ᠦ᠋ᠨ ᠯᠠᠬᠧᠷ


                 ᠵᠣᠬᠢᠶᠠᠭᠴᠢ ᠄ ᠴ ᠂ ᠳᠠᠮᠳᠢᠨᠰᠦ᠋ᠷᠦᠩ 
                  ᠤᠶᠠᠩᠭᠠᠯᠠᠭᠴᠢ᠄ ᠰᠡᠴᠡᠨ 

 ᠳᠠᠷᠬᠠᠨ ᠲᠡᠭᠷᠢ ᠶ᠋ᠢᠨ ᠠᠮᠠᠨ ᠳ᠋ᠤ᠌ ᠪᠠᠨ 
 ᠳᠠᠯᠠᠨ ᠬᠡᠦᠬᠡᠳ ᠨᠥᠬᠥᠷᠯᠡᠭᠡᠳ 
 ᠳᠠᠩᠴᠤ ᠰᠠᠢᠬᠠᠨ ᠨᠠᠭᠠᠳᠤᠮ ᠢ᠋ᠶ᠋ᠠᠷ 
 ᠳᠠᠭᠠᠮᠢ ᠶᠡᠬᠡ ᠪᠡᠷ ᠬᠥᠭᠵᠢᠯᠳᠦᠭᠡᠳ 
 ᠪᠣᠭᠳᠠ ᠠᠭᠤᠯᠠ ᠶ᠋ᠢᠨ ᠰᠤᠭᠤᠨ ᠳ᠋ᠤ᠌ ᠪᠠᠨ 
 ᠪᠤᠵᠢᠭᠢᠨᠠᠨ ᠳᠡᠪᠬᠡᠴᠡᠵᠦ ᠪᠠᠶᠠᠰᠤᠯᠴᠠᠭᠠᠳ 
 ᠪᠤᠯᠲᠠᠢᠵᠤ ᠪᠠᠢᠭ᠎ᠠ ᠴᠡᠴᠡᠭ ᠢ᠋ᠶ᠋ᠡᠷ 
 ᠪᠣᠷᠣᠯᠳᠠᠢ ᠪᠡᠶᠡᠰ ᠢ᠋ᠶ᠋ᠡᠨ ᠦᠯᠢᠭᠡᠷᠯᠡᠭᠡᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ  
 ᠬᠥᠬᠡ ᠬᠥᠬᠡ ᠮᠠᠢᠬᠠᠨ ᠨᠤᠭᠤᠳ 
 ᠬᠥᠪᠴᠢ ᠶ᠋ᠢᠨ ᠮᠣᠳᠣᠨ ᠳ᠋ᠤ᠌ ᠴᠡᠩᠬᠡᠷᠯᠡᠭᠡᠳ 
 ᠬᠥᠮᠦᠵᠢᠬᠦ ᠪᠢᠳᠡᠨ ᠦ᠌ ᠪᠠᠭᠠᠴᠤᠳ ᠤ᠋ᠨ 
 ᠬᠥᠭᠵᠢᠬᠦ ᠵᠠᠮ ᠨᠢ ᠳᠡᠯᠭᠡᠷᠡᠭᠡᠳ 
 ᠬᠥᠬᠥᠭᠡ ᠣᠯᠠᠨ ᠰᠢᠪᠠᠭᠤᠬᠠᠢ 
 ᠡᠨᠳᠡ ᠲᠡᠨᠳᠡ ᠳᠣᠩᠭᠣᠳᠤᠭᠠᠳ 
 ᠬᠡᠦᠬᠡᠳ ᠪᠠᠭᠠᠴᠤᠳ ᠪᠢᠳᠡᠨ ᠦ᠌ 
 ᠬᠥᠭᠵᠢᠮᠴᠢᠨ ᠳᠠᠭᠤᠴᠢᠨ ᠪᠣᠯᠤᠭᠠᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃ 
 ᠳᠡᠭᠡᠷ᠎ᠡ ᠨᠢ ᠬᠥᠬᠡ ᠲᠡᠭᠷᠢ ᠮᠡᠯᠴᠡᠢᠭᠡᠳ 
 ᠳᠡᠷᠭᠡᠳᠡ ᠨᠢ ᠣᠯᠠᠨ ᠨᠥᠬᠥᠳ ᠬᠥᠭᠵᠢᠯᠳᠦᠭᠡᠳ 
 ᠬᠠᠵᠠᠭᠤ ᠳ᠋ᠤ᠌ ᠨᠢ ᠬᠠᠢᠷᠬᠠᠨ ᠣᠢ ᠰᠦᠭᠯᠡᠢᠭᠡᠳ 
 ᠠᠷᠤ ᠳ᠋ᠤ᠌ ᠨᠢ ᠷᠠᠰᠢᠶᠠᠨ ᠪᠤᠯᠠᠭ ᠰᠦᠷᠴᠢᠭᠢᠨᠡᠭᠡᠳ 
 ᠡᠭᠦᠪᠡᠷ ᠲᠡᠭᠦᠪᠡᠷ ᠡᠨᠡ ᠲᠡᠷᠡ ᠭᠦᠶᠦᠯᠳᠦᠭᠡᠳ 
 ᠡᠳᠡᠨ ᠦ᠌ ᠳᠤᠮᠳᠠ ᠪᠢ ᠴᠢ ᠣᠷᠣᠯᠴᠠᠭᠠᠳ 
 ᠶᠠᠪᠤᠪᠠᠯ ᠪᠠᠰᠠ ᠶᠠᠮᠠᠷ ᠰᠠᠢᠬᠠᠨ ᠪᠠᠶᠠᠷᠲᠠᠢ 
 ᠵᠣᠭᠰᠣᠪᠠᠯ ᠪᠠᠰᠠ ᠵᠣᠯ ᠰᠠᠢᠬᠠᠨ ᠪᠠᠶᠠᠷᠲᠠᠢ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃  
 ᠪᠣᠷᠣᠭᠠᠨ ᠤ᠋ ᠳᠤᠰᠤᠯ ᠰᠢᠪᠡᠷ ᠰᠢᠪᠡᠷ ᠣᠷᠣᠭᠠᠳ 
 ᠪᠤᠯᠠᠭ ᠤ᠋ᠨ ᠤᠰᠤ ᠫᠣᠷ ᠫᠣᠷ ᠤᠨᠳᠤᠷᠤᠭᠠᠳ 
 ᠬᠣᠢᠲᠤ ᠤᠷᠤᠭᠤ ᠬᠤᠷ ᠬᠤᠷ ᠬᠣᠷᠴᠢᠭᠢᠨᠠᠭᠠᠳ 
 ᠬᠣᠣᠰ ᠰᠠᠯᠠᠭ᠎ᠠ ᠤᠰᠤᠨ ᠮᠥᠴᠢᠷ ᠪᠣᠯᠤᠭᠠᠳ 
 ᠪᠤᠯᠲᠤ ᠬᠡᠦᠬᠡᠳ ᠭᠣᠳ ᠱᠣᠳ ᠭᠦᠶᠦᠯᠳᠦᠭᠡᠳ 
 ᠪᠤᠯᠴᠢᠩ ᠮᠢᠬ᠎ᠠ ᠡᠷᠴᠢᠯᠡᠨ ᠮᠤᠰᠬᠢᠷᠠᠨ ᠴᠢᠩᠭᠠᠷᠠᠭᠠᠳ 
 ᠣᠯᠠᠨ ᠬᠡᠦᠬᠡᠳ ᠢᠷᠠᠰ ᠢᠷᠠᠰ ᠵᠢᠭᠰᠠᠭᠠᠳ 
 ᠤᠯᠠᠭᠠᠨ ᠪᠦᠴᠡ ᠡᠷᠪᠡᠰ ᠳᠡᠷᠪᠡᠰ ᠬᠡᠢᠰᠦᠭᠡᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃ 
 ᠰᠡᠷᠢᠭᠦᠨ ᠰᠠᠯᠬᠢ ᠰᠡᠷ ᠰᠡᠷ ᠦᠯᠢᠶᠡᠭᠡᠳ 
 ᠰᠡᠳᠬᠢᠯ ᠵᠢᠷᠦᠬᠡ ᠯᠣᠭ ᠯᠣᠭ ᠬᠥᠳᠡᠯᠦᠭᠡᠳ 
 ᠤᠯᠠᠪᠤᠷ ᠲᠤᠭ ᠨᠠᠮᠢᠷᠠᠰ ᠨᠠᠮᠢᠷᠠᠰ ᠮᠠᠨᠳᠤᠭᠠᠳ 
 ᠤᠯᠠᠭᠠᠨ ᠰᠤᠳᠠᠯ ᠨᠡᠪᠲᠡ ᠰᠢᠪᠲᠤ ᠯᠤᠭᠰᠢᠭᠠᠳ 
 ᠪᠢ ᠴᠢ ᠨᠢᠭᠡ ᠠᠳᠠᠯᠢ ᠨᠥᠬᠥᠷᠯᠡᠭᠡᠳ 
 ᠪᠢᠳᠡ ᠨᠠᠷ ᠲᠠ ᠨᠠᠷ ᠨᠢᠭᠡ ᠬᠠᠮᠲᠤ ᠵᠢᠭᠰᠠᠭᠠᠳ 
 ᠴᠣᠭ ᠵᠢᠪᠬᠤᠯᠠᠩ ᠢ᠋ᠶ᠋ᠠᠨ ᠡᠭᠦᠰᠬᠡᠨ ᠪᠠᠳᠠᠷᠠᠭᠤᠯᠤᠭᠠᠳ 
 ᠴᠣᠪᠣᠭᠣ ᠵᠠᠩ ᠢ᠋ᠶ᠋ᠠᠨ ᠭᠠᠷᠭᠠᠨ ᠬᠥᠮᠦᠵᠢᠭᠡᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃  
 ᠪᠣᠯᠵᠣᠮᠣᠷ ᠰᠢᠪᠠᠭᠤ ᠭᠠᠩᠭᠠᠷ ᠭᠤᠩᠭᠠᠷ ᠵᠢᠷᠭᠢᠭᠡᠳ 
 ᠪᠤᠲᠠ ᠶ᠋ᠢᠨ ᠨᠣᠭᠣᠭ᠎ᠠ ᠠᠷᠵᠢᠢᠨ ᠪᠤᠷᠵᠢᠢᠨ ᠣᠷᠭᠣᠭᠠᠳ 
 ᠬᠤᠭᠤᠷ ᠬᠥᠭᠵᠢᠮ ᠬᠠᠩᠭᠢᠷ ᠵᠢᠩᠭᠢᠷ ᠰᠣᠨᠣᠰᠳᠠᠭᠠᠳ 
 ᠬᠤᠱ᠌ᠢ ᠶ᠋ᠢᠨ ᠮᠥᠴᠢᠷ ᠨᠡᠯᠪᠠᠰ ᠳᠠᠯᠪᠠᠰ ᠭᠠᠩᠬᠤᠭᠠᠳ 
 ᠬᠦᠰᠡᠯ ᠵᠣᠷᠢᠭ ᠳᠠᠪᠰᠢᠨ ᠳᠠᠪᠰᠢᠨ ᠣᠷᠭᠢᠯᠤᠭᠠᠳ 
 ᠬᠡᠦᠬᠡᠳ ᠪᠠᠭᠠᠴᠤᠳ ᠢᠨᠢᠶᠡᠳᠤᠰ ᠨᠠᠭᠠᠳᠤᠰ ᠪᠣᠯᠤᠯᠴᠠᠭᠠᠳ 
 ᠰᠠᠮᠤᠷ ᠵᠢᠮᠢᠰ ᠰᠠᠭᠰᠠᠢᠨ ᠪᠠᠭᠰᠠᠢᠨ ᠣᠷᠭᠣᠭᠠᠳ 
 ᠰᠠᠢᠬᠠᠨ ᠪᠦᠭᠦᠳᠡᠭᠡᠷ ᠨᠥᠬᠥᠷᠯᠡᠨ ᠵᠢᠷᠤᠮᠯᠠᠨ ᠢᠵᠢᠯᠢᠳᠦᠭᠡᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃  
 ᠨᠠᠷᠠᠨ ᠰᠠᠷᠠᠨ ᠡᠷᠭᠢᠨ ᠡᠷᠭᠢᠨ ᠲᠣᠭᠣᠷᠢᠭᠠᠳᠨ 
 ᠨᠠᠪᠴᠢ ᠴᠡᠴᠡᠭ ᠨᠠᠢᠭᠤᠨ ᠨᠠᠢᠭᠤᠨ ᠭᠠᠩᠬᠤᠭᠠᠳ 
 ᠨᠠᠰᠤᠨ ᠤ᠋ ᠪᠠᠯᠴᠢᠷ ᠲᠤ᠌ ᠫᠢᠣᠨᠧᠷ ᠦ᠋ᠨ ᠭᠡᠰᠢᠭᠦᠨ ᠪᠣᠯᠤᠭᠠᠳ 
 ᠨᠠᠭᠠᠳᠤᠮ ᠬᠥᠭᠵᠢᠵᠦ ᠡᠶᠡᠯᠡᠨ ᠡᠶᠡᠯᠡᠨ ᠡᠪᠯᠡᠯᠳᠦᠭᠡᠳ 
 ᠨᠠᠢᠷᠠᠮᠳᠠᠯ ᠵᠢᠷᠤᠮ ᠢ᠋ ᠲᠠᠨᠢᠨ ᠮᠡᠳᠡᠨ ᠳᠠᠭᠠᠵᠠᠭᠠᠭᠠᠳ 
 ᠨᠠᠮ ᠡᠪᠯᠡᠯ ᠦ᠋ᠨ ᠬᠣᠢᠨ᠎ᠠ ᠠ᠋ᠴᠠ ᠡᠯᠰᠡᠨ ᠵᠠᠯᠭᠠᠮᠵᠢᠯᠠᠭᠠᠳ 
 ᠨᠠᠭᠠᠳᠤ ᠲᠠᠯ᠎ᠠ ᠳ᠋ᠤ᠌ ᠨᠢ ᠮᠣᠩᠭᠣᠯ ᠣᠯᠠᠨ ᠢ᠋ᠶ᠋ᠠᠨ ᠪᠣᠳᠣᠭᠠᠳ 
 ᠴᠢᠨᠠᠳᠤ ᠲᠠᠯ᠎ᠠ ᠳ᠋ᠤ᠌ ᠨᠢ ᠴᠠᠭ ᠤ᠋ᠨ ᠬᠤᠪᠢᠰᠬᠠᠯ ᠢ᠋ ᠰᠠᠨᠠᠭᠠᠳ 
     ᠡᠢᠮᠦ ᠯᠡ ᠰᠠᠢᠬᠠᠨ 
     ᠲᠡᠢᠮᠦ ᠯᠡ ᠰᠣᠨᠢᠬᠠᠨ᠃ 
              1932 ᠣᠨ  

            ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ 
                 ᠬᠢᠨᠠᠭᠴᠢ᠄ ᠢᠷᠡᠭᠡᠳᠦᠢ