ᠵᠢᠷᠭᠤᠭᠠᠨ ᠰᠠᠷ᠎ᠠ ᠶ᠋ᠢᠨ ᠨᠢᠭᠡᠨ ᠦ᠌ ᠳᠠᠭᠤᠤ-ᠡᠭᠡᠰᠢᠭᠯᠡᠩЗургаан сарын нэгний дуу-Эгшиглэн
ᠵᠢᠷᠭᠤᠭᠠᠨ ᠰᠠᠷ᠎ᠠ ᠶ᠋ᠢᠨ ᠨᠢᠭᠡᠨ ᠦ᠌ ᠳᠠᠭᠤᠤ
ᠦᠭᠡ ᠄ ᠰ · ᠠᠯᠲᠠᠨᠰᠦ᠋ᠬᠡ
ᠠᠶ᠎ᠠ ᠄ ᠰᠠᠷᠠᠩᠭᠤᠸ᠎ᠠ
ᠳᠠᠭᠤᠴᠢᠨ ᠄ ᠡᠭᠡᠰᠢᠭᠯᠡᠩ
ᠵᠢᠷᠭᠤᠭᠠᠨ ᠰᠠᠷ᠎ᠠ ᠶ᠋ᠢᠨ ᠨᠢᠭᠡᠨ ᠭᠡᠵᠦ
ᠵᠤᠨ ᠳ᠋ᠤ᠌ ᠪᠠᠨ ᠢᠷᠡᠳᠡᠭ ᠴᠡᠭᠴᠡᠦᠬᠡᠢ ᠤᠤ
ᠵᠠᠭᠤᠨ ᠡᠭᠡᠰᠢᠭᠲᠦ ᠪᠠᠶᠠᠷ ᠢ᠋
ᠵᠠᠭᠤᠭᠠᠳ ᠢᠷᠡᠳᠡᠭ ᠰᠢᠪᠠᠭᠤᠬᠠᠢ ᠤᠤ
ᠵᠢᠪ ᠵᠢᠵᠢᠭᠬᠡᠨ ᠪᠢᠳᠡᠨ ᠢ᠋ ᠪᠡᠨ
ᠵᠢᠯ ᠦ᠋ᠨ ᠵᠢᠯ ᠳ᠋ᠦ᠍ ᠪᠡᠨ ᠰᠠᠨᠠᠭᠠᠳ
ᠵᠢᠷᠭᠢᠨ ᠵᠢᠷᠭᠢᠨ ᠲᠣᠭᠯᠠᠬᠤ ᠪᠠᠷ
ᠵᠢᠮ᠎ᠡ ᠵᠢᠮ᠎ᠡ ᠪᠡᠷ ᠢ᠋ᠶ᠋ᠡᠨ ᠤᠴᠠᠷᠠᠳᠠᠭ ᠤᠤ
ᠳᠡᠯᠡᠬᠡᠢ ᠶ᠋ᠢᠨ ᠬᠡᠦᠬᠡᠳ ᠦ᠋ᠨ ᠪᠠᠶᠠᠷ ᠭᠡᠵᠦ
ᠳᠡᠭᠡᠷ᠎ᠡ ᠡᠴᠡ ᠪᠠᠭᠤᠳᠠᠭ ᠴᠡᠭᠴᠡᠦᠬᠡᠢ ᠤᠤ
ᠳᠡᠭᠵᠢᠨ ᠴᠠᠢᠯᠭᠠᠨ ᠢᠨᠢᠶᠡᠳᠦ ᠶ᠋ᠢ
ᠲᠡᠪᠡᠷᠢᠭᠡᠳ ᠪᠠᠭᠤᠳᠠᠭ ᠰᠢᠪᠠᠭᠤᠬᠠᠢ ᠤᠤ
ᠵᠢᠪ ᠵᠢᠵᠢᠭᠬᠡᠨ ᠪᠢᠳᠡᠨ ᠢ᠋ ᠪᠡᠨ
ᠵᠢᠯ ᠦ᠋ᠨ ᠵᠢᠯ ᠳ᠋ᠦ᠍ ᠪᠡᠨ ᠰᠠᠨᠠᠭᠠᠳ
ᠵᠢᠷᠭᠢᠨ ᠵᠢᠷᠭᠢᠨ ᠲᠣᠭᠯᠠᠬᠤ ᠪᠠᠷ
ᠵᠢᠮ᠎ᠡ ᠵᠢᠮ᠎ᠡ ᠪᠡᠷ ᠢ᠋ᠶ᠋ᠡᠨ ᠤᠴᠠᠷᠠᠳᠠᠭ ᠤᠤ
ᠬᠡᠦᠬᠡᠳ ᠦ᠋ᠨ ᠪᠠᠶᠠᠷ ᠤ᠋ᠨ ᠡᠳᠦᠷ ᠭᠡᠵᠦ
ᠬᠥᠭᠵᠢᠶᠡᠨ ᠥᠭᠳᠡᠭ ᠴᠡᠭᠴᠡᠦᠬᠡᠢ ᠤᠤ
ᠬᠥᠭᠡᠷᠦᠬᠦᠨ ᠴᠣᠪᠣᠭᠣ ᠠᠪᠢᠶᠠᠰ ᠢ᠋
ᠬᠥᠪᠴᠢᠯᠡᠭᠡᠳ ᠥᠭᠳᠡᠭ ᠰᠢᠪᠠᠭᠤᠬᠠᠢ ᠦᠣ
ᠵᠢᠪ ᠵᠢᠵᠢᠭᠬᠡᠨ ᠪᠢᠳᠡᠨ ᠢ᠋ ᠪᠡᠨ
ᠵᠢᠯ ᠦ᠋ᠨ ᠵᠢᠯ ᠳ᠋ᠦ᠍ ᠪᠡᠨ ᠰᠠᠨᠠᠭᠠᠳ
ᠵᠢᠷᠭᠢᠨ ᠵᠢᠷᠭᠢᠨ ᠲᠣᠭᠯᠠᠬᠤ ᠪᠠᠷ
ᠵᠢᠮ᠎ᠡ ᠵᠢᠮ᠎ᠡ ᠪᠡᠷ ᠢ᠋ᠶ᠋ᠡᠨ ᠤᠴᠠᠷᠠᠳᠠᠭ ᠤᠤ
ᠵᠢᠪ ᠵᠢᠵᠢᠭᠬᠡᠨ ᠪᠢᠳᠡᠨ ᠢ᠋ ᠪᠡᠨ
ᠵᠢᠯ ᠦ᠋ᠨ ᠵᠢᠯ ᠳ᠋ᠦ᠍ ᠪᠡᠨ ᠰᠠᠨᠠᠭᠠᠳ
ᠵᠢᠷᠭᠢᠨ ᠵᠢᠷᠭᠢᠨ ᠲᠣᠭᠯᠠᠬᠤ ᠪᠠᠷ
ᠵᠢᠮ᠎ᠡ ᠵᠢᠮ᠎ᠡ ᠪᠡᠷ ᠢ᠋ᠶ᠋ᠡᠨ ᠤᠴᠠᠷᠠᠳᠠᠭ ᠤᠤ
ᠯᠠ ᠯᠠ ᠯᠠ ᠯᠠ ᠯᠠ ᠯᠠ ᠯᠠ ᠯᠠ ᠯᠠ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠬᠢᠨᠠᠭᠴᠢ᠄ ᠢᠷᠡᠭᠡᠳᠦᠢ
