ᠵᠦᠷᠦᠷ᠎ᠠЖүрүрJürür
ᠵᠦᠷᠦᠷ᠎ᠠ
[ ᠤᠤᠯ ᠤᠷᠭᠤᠮᠠᠯ] ᠮᠥᠩᠬᠡ ᠬᠥᠬᠡᠷᠡᠭᠴᠢ ᠪᠤᠲᠠ ᠮᠣᠳᠣ᠃0.5~2m ᠥᠨᠳᠥᠷ᠂ ᠵᠢᠵᠢᠭ ᠮᠥᠴᠢᠷ ᠨᠢ ᠨᠣᠭᠣᠭᠠᠨ᠂ ᠠᠩᠬᠠᠨ ᠳ᠋ᠠᠭᠠᠨ ᠦᠰᠦ ᠲᠡᠢ᠂ ᠰᠡᠭᠦᠯᠡᠷ ᠨᠢ ᠪᠠᠷᠤᠭ ᠦᠰᠦ ᠦᠭᠡᠢ ᠰᠢᠬᠠᠮ ᠪᠣᠯᠳᠠᠭ᠃ ᠨᠠᠪᠴᠢ ᠨᠢ ᠴᠢᠬᠳᠠᠯᠵᠦ ᠤᠷᠭᠤᠬᠤ ᠪᠤᠶᠤ ᠬᠠᠶᠠ ᠭᠤᠷᠪᠠ ᠪᠠᠷ ᠳᠤᠭᠤᠢᠷᠠᠵᠤ ᠤᠷᠭᠤᠨ᠎ᠠ᠃ ᠲᠣᠰᠬᠣᠭᠤᠷ ᠨᠠᠪᠴᠢ ᠨᠢ ᠲᠣᠷᠭᠠᠨ ᠬᠠᠯᠢᠰᠤᠯᠢᠭ᠂ ᠤᠭ ᠤ᠋ᠨ ᠬᠡᠰᠡᠭ ᠲᠦ᠍ ᠪᠡᠨ ᠨᠡᠢᠯᠡᠵᠦ ᠲᠣᠭᠳᠣᠢ ᠰᠢᠭ᠋ ᠪᠣᠯᠤᠨ᠎ᠠ᠃ ᠨᠠᠪᠴᠢ ᠨᠢ ᠰᠠᠷᠢᠰᠤᠯᠢᠭ᠂ ᠭᠢᠯᠦᠭᠡᠷ᠂ ᠵᠤᠤᠪᠠᠩ ᠂ᠥᠷᠭᠡᠨ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂6~12cm ᠤᠷᠲᠤ᠂2~4cm ᠥᠷᠭᠡᠨ᠂ ᠱᠣᠪᠬᠣ ᠪᠤᠶᠤ ᠱᠣᠪᠳᠤᠭᠤᠷ ᠦᠵᠦᠭᠦᠷ ᠲᠡᠢ᠂ ᠱᠠᠭᠠᠳᠠᠭ ᠤᠭ ᠲᠠᠢ᠂ ᠪᠦᠲᠦᠨ ᠬᠥᠪᠡᠭᠡ ᠲᠡᠢ᠂ ᠬᠠᠵᠠᠭᠤ ᠶ᠋ᠢᠨ ᠰᠤᠳᠠᠯ ᠨᠢ ᠥᠳᠥᠯᠢᠭ ᠬᠡᠯᠪᠡᠷᠢ ᠲᠡᠢ᠃ ᠴᠡᠴᠡᠭ ᠨᠢ ᠮᠥᠴᠢᠷ ᠦ᠋ᠨ ᠦᠵᠦᠭᠦᠷ ᠪᠤᠶᠤ ᠨᠠᠪᠴᠢᠨ ᠤ᠋ ᠰᠤᠭᠤ ᠳ᠋ᠤ᠌ ᠳᠡᠯᠭᠡᠷᠡᠨ᠎ᠡ᠂ ᠮᠠᠰᠢ ᠠᠩᠬᠢᠯᠤᠮ᠎ᠠ ᠦᠨᠦᠷ ᠲᠡᠢ᠂ ᠣᠬᠣᠷ ᠪᠠᠷᠢᠭᠤᠯ ᠲᠠᠢ᠃ ᠴᠡᠴᠡᠭ ᠦ᠋ᠨ ᠲᠣᠭᠳᠣᠢ ᠨᠣᠭᠣᠭᠠᠨ᠂ ᠳᠣᠣᠷ᠎ᠠ ᠬᠡᠰᠡᠭ ᠲᠡᠭᠡᠨ ᠨᠡᠢᠯᠡᠭᠡᠳ ᠪᠣᠷᠲᠣᠭᠣ ᠶ᠋ᠢᠨ ᠬᠡᠯᠪᠡᠷᠢ ᠲᠡᠢ ᠪᠣᠯᠳᠠᠭ᠃6~8 ᠵᠤᠷᠪᠤᠰ ᠳᠠᠯᠠᠪᠴᠢ ᠰᠢᠭ᠋ ᠭᠣᠣᠯᠲᠤ ᠢᠷᠮᠡᠭ ᠲᠡᠢ᠂ ᠦᠵᠦᠭᠦᠷ ᠦ᠋ᠨ ᠰᠡᠵᠢᠭᠦᠷ ᠢᠯᠲᠠᠰᠤ ᠨᠢ6~8᠂ ᠢᠪᠴᠤᠤ ᠪᠦᠰᠡ ᠬᠡᠯᠪᠡᠷᠢ ᠲᠡᠢ᠂1.6~2.6cm ᠤᠷᠲᠤ᠂ ᠴᠡᠴᠡᠭ ᠦ᠋ᠨ ᠳᠡᠯᠪᠢ ᠨᠢ ᠴᠠᠭᠠᠨ ᠰᠡᠭᠦᠯᠡᠷ ᠨᠢ ᠤᠭᠤᠷᠠᠭ ᠰᠢᠷ᠎ᠠ ᠪᠣᠯᠳᠠᠭ᠂ ᠵᠤᠵᠠᠭᠠᠨ᠂ ᠬᠥᠯᠲᠦ ᠫᠢᠯᠠ ᠬᠡᠯᠪᠡᠷᠢ ᠲᠡᠢ᠂ ᠤᠭ ᠤ᠋ᠨ ᠬᠡᠰᠡᠭ ᠨᠢ ᠨᠡᠢᠯᠡᠭᠡᠳ ᠬᠣᠭᠣᠯᠠᠢ ᠪᠣᠯᠵᠤ᠂ ᠳᠡᠭᠡᠷ᠎ᠡ ᠬᠡᠰᠡᠭ ᠲᠡᠭᠡᠨ6~7 ᠰᠡᠵᠢᠭᠦᠷ ᠬᠡᠯᠲᠡᠰ ᠲᠡᠢ ᠪᠥᠭᠡᠳ ᠱᠤᠷᠠᠭᠯᠠᠨ ᠪᠠᠢᠷᠢᠯᠠᠨ᠎ᠠ᠃ ᠰᠡᠵᠢᠭᠦᠷ ᠢᠯᠲᠠᠰᠤ ᠨᠢ ᠥᠷᠭᠡᠪᠲᠦᠷ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠪᠠᠷᠤᠭ ᠴᠣᠷᠭᠣ ᠲᠠᠢ ᠪᠠᠨ ᠲᠡᠩᠴᠡᠭᠦᠦ ᠤᠷᠲᠤ᠂2~3cm ᠤᠷᠲᠤ᠂1~2cm ᠥᠷᠭᠡᠨ᠂ ᠲᠣᠭᠣᠷᠢᠭ ᠦᠵᠦᠭᠦᠷ ᠲᠡᠢ᠂ ᠡᠷ᠎ᠡ ᠲᠣᠭᠣᠷᠴᠣᠭ ᠨᠢ ᠴᠡᠴᠡᠭ ᠦ᠋ᠨ ᠳᠡᠯᠪᠢ ᠶᠢᠨ ᠰᠡᠵᠢᠭᠦᠷ ᠢᠯᠲᠠᠰᠤ ᠲᠠᠢ ᠪᠠᠨ ᠲᠣᠭ᠎ᠠ ᠨᠢ ᠠᠳᠠᠯᠢ᠂ ᠴᠡᠴᠡᠭ ᠦ᠋ᠨ ᠳᠡᠯᠪᠢ ᠶ᠋ᠢᠨ ᠬᠣᠭᠣᠯᠠᠢ ᠶ᠋ᠢᠨ ᠪᠠᠭᠠᠯᠵᠤᠤᠷ ᠳᠡᠭᠡᠷ᠎ᠡ ᠠ᠋ᠴᠠ ᠤᠷᠭᠤᠨ᠎ᠠ᠂ ᠳᠣᠬᠢᠭᠤᠷ ᠨᠢ ᠣᠬᠣᠷ ᠪᠤᠶᠤ ᠪᠠᠷᠤᠭ ᠦᠭᠡᠢ᠂ ᠲᠣᠭᠣᠰᠣᠪᠴᠢ ᠨᠢ ᠤᠲᠠᠰᠤᠯᠢᠭ᠂2 ᠲᠠᠰᠤᠭ ᠲᠠᠢ᠂ ᠭᠤᠯᠳᠤ ᠪᠠᠷ ᠬᠠᠭᠠᠷᠠᠨ᠎ᠠ᠃ ᠡᠮ᠎ᠡ ᠲᠣᠭᠣᠷᠴᠣᠭ ᠲᠠᠢ᠂ ᠳᠣᠣᠷᠠᠲᠤ ᠣᠷᠣᠨᠲᠤ ᠤᠮᠠᠢ ᠲᠠᠢ᠂1 ᠲᠠᠰᠤᠭ ᠲᠠᠢ᠃ ᠵᠢᠮᠢᠰ ᠨᠢ ᠲᠣᠮᠣ ᠪᠥᠭᠡᠳ ᠮᠢᠬᠠᠯᠢᠭ᠂ ᠭᠦᠨ ᠰᠢᠷ᠎ᠠ ᠥᠩᠭᠡ ᠲᠡᠢ᠂ ᠲᠣᠩᠭᠣᠷᠤᠤ ᠥᠨᠳᠡᠭᠡᠯᠵᠢᠨ ᠪᠤᠶᠤ ᠤᠷᠲᠤᠯᠵᠢᠨ ᠵᠤᠤᠪᠠᠩ ᠬᠡᠯᠪᠡᠷᠢ ᠲᠡᠢ᠂5~8 ᠳᠠᠯᠠᠪᠴᠢ ᠰᠢᠭ᠋ ᠭᠤᠯᠳᠤ ᠢᠷᠮᠡᠭ ᠲᠡᠢ᠂2.5~4.5cm ᠤᠷᠲᠤ᠂ ᠣᠷᠣᠢ ᠳ᠋ᠤᠨᠢ ᠮᠥᠩᠬᠡ ᠣᠷᠣᠰᠢᠬᠤ ᠴᠡᠴᠡᠭ ᠦ᠋ᠨ ᠲᠣᠭᠳᠣᠢ ᠲᠠᠢ᠃5~7 ᠰᠠᠷ᠎ᠠ ᠳ᠋ᠤ᠌ ᠴᠡᠴᠡᠭᠯᠡᠵᠦ᠂8~11 ᠰᠠᠷ᠎ᠠ ᠳ᠋ᠤ᠌ ᠵᠢᠮᠢᠰᠯᠡᠨ᠎ᠡ᠃
[ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ ᠶ᠋ᠢᠨ ᠬᠣᠯᠢᠮᠠᠭ ᠣᠢ ᠳ᠋ᠤ᠌ ᠤᠷᠭᠤᠨ᠎ᠠ᠃ ᠾᠧᠨᠠᠨ᠂ ᠠᠨᠾᠥ᠋ᠢ᠂ ᠵᠢᠶᠠᠩᠰᠦ᠂ ᠵᠧᠵᠢᠶᠠᠩ᠂ ᠵᠢᠶᠠᠩᠰᠢ᠂ ᠹᠦᠵᠢᠶᠠᠨ᠂ ᠲᠠᠢᠸᠠᠨ᠂ ᠭᠤᠸᠠᠩᠳᠥ᠋ᠩ᠂ ᠬᠠᠢᠨᠠᠨ᠂ ᠭᠤᠸᠠᠩᠰᠢ᠂ ᠬᠤᠨᠠᠨ᠂ ᠬᠤᠪᠧᠢ᠂ ᠰᠧᠴᠤᠸᠠᠨ᠂ ᠭᠦᠢᠵᠧᠦ᠂ ᠶᠦᠨᠨᠠᠨ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ] ᠬᠢᠷᠠᠭᠤ ᠠ᠋ᠴᠠ ᠰᠡᠭᠦᠯᠡᠷ ᠵᠢᠮᠢᠰ ᠨᠢ ᠪᠣᠯᠪᠠᠰᠤᠷᠠᠭᠰᠠᠨ ᠦᠶ᠎ᠡ ᠳ᠋ᠦ᠍ ᠲᠡᠭᠦᠵᠦ᠂ ᠪᠤᠴᠠᠯᠤᠮ᠎ᠠ ᠤᠰᠤᠨ ᠳ᠋ᠤ᠌ ᠲᠡᠩᠨᠡᠵᠦ ᠭᠠᠷᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠰᠡᠷᠢᠭᠦᠨ ᠡᠷᠳᠡᠮ ᠲᠡᠢ᠃
[ᠴᠢᠳᠠᠯ ᠪᠠ ᠭᠣᠣᠯᠳᠠᠭᠤ ᠵᠠᠰᠠᠬᠤ] ᠴᠢᠰᠤᠨ ᠬᠠᠯᠠᠭᠤᠨ ᠢ᠋ ᠠᠷᠢᠯᠭᠠᠬᠤ᠂ ᠪᠠᠳᠭ᠋ᠠᠨ ᠰᠢᠷ᠎ᠠ ᠶ᠋ᠢ ᠳᠠᠷᠤᠬᠤ᠂ ᠬᠠᠷᠠᠭ᠎ᠠ ᠶ᠋ᠢ ᠰᠠᠢᠵᠢᠷᠠᠭᠤᠯᠬᠤ᠂ ᠰᠢᠮᠡᠵᠢᠭᠦᠯᠬᠦ᠂ ᠮᠠᠬᠠᠪᠣᠳ ᠢ᠋ ᠲᠡᠭᠰᠢᠳᠬᠡᠬᠦ ᠴᠢᠳᠠᠯ ᠲᠠᠢ᠃ ᠭᠣᠣᠯᠳᠠᠭᠤ ᠴᠢᠰᠤᠨ ᠬᠠᠯᠠᠭᠤᠨ᠂ ᠡᠯᠢᠭᠡᠨ ᠬᠠᠯᠠᠭᠤᠨ᠂ ᠪᠡᠶ᠎ᠡ ᠰᠢᠷᠠᠯᠠᠬᠤ᠂ ᠴᠢᠰᠤ ᠰᠢᠷ᠎ᠠ ᠶ᠋ᠢᠨ ᠴᠢᠨᠠᠷ ᠲᠠᠢ ᠨᠢᠳᠦᠨ ᠡᠪᠡᠳᠴᠢᠨ᠂ ᠪᠥᠭᠡᠷ᠎ᠡ ᠳᠠᠪᠤᠰᠠᠩ ᠤ᠋ᠨ ᠬᠠᠯᠠᠭᠤᠨ᠂ ᠤᠮᠳᠠᠭᠠᠰᠬᠤ ᠵᠡᠷᠭᠡ ᠳ᠋ᠦ᠍ ᠬᠡᠷᠡᠭᠯᠡᠨ᠎ᠡ᠃
ᠬᠢᠲᠠᠳ ᠨᠡᠷ᠎ᠡ᠄栀子
ᠠᠩᠭ᠌ᠯᠢ ᠨᠡᠷ᠎ᠡ᠄Gardenia jasminoides J.Ellis,
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠤᠷᠠᠨᠴᠢᠮᠡᠭ
