ᠬᠥᠭᠡᠷᠦᠬᠦᠢ ᠪᠢᠳᠡᠨ ᠦ᠌ ᠮᠣᠩᠭᠣᠯ ᠪᠢᠴᠢᠭХөөрхий бидний монгол бичиг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠡᠷᠦᠬᠦᠢ ᠪᠢᠳᠡᠨ ᠦ᠌ ᠮᠣᠩᠭᠣᠯ ᠪᠢᠴᠢᠭХөөрхий бидний монгол бичиг

ᠬᠥᠭᠡᠷᠦᠬᠦᠢ ᠪᠢᠳᠡᠨ ᠦ᠌ ᠮᠣᠩᠭᠣᠯ ᠪᠢᠴᠢᠭХөөрхий бидний монгол бичиг

2025-05-31

1790

ᠬᠥᠭᠡᠷᠦᠬᠦᠢ ᠪᠢᠳᠡᠨ ᠦ᠌ ᠮᠣᠩᠭᠣᠯ ᠪᠢᠴᠢᠭ

ᠡᠷᠳᠡᠮᠲᠡᠨ ᠮᠡᠷᠭᠡᠳ ᠨᠢ ᠵᠠᠪ ᠦᠭᠡᠢ ᠭᠡᠳ ᠪᠢᠴᠢᠬᠦ ᠦᠭᠡᠢ 
ᠡᠭᠡᠯ ᠠᠷᠠᠳ ᠨᠢ ᠴᠢᠳᠠᠬᠤ ᠦᠭᠡᠢ ᠭᠡᠳ ᠪᠢᠴᠢᠬᠦ ᠦᠭᠡᠢ 
ᠬᠡᠦᠬᠡᠳ ᠵᠠᠯᠠᠭᠤᠴᠤᠳ ᠨᠢ ᠶᠠᠷᠰᠢᠭ ᠲᠠᠢ ᠭᠡᠳ ᠪᠢᠴᠢᠬᠦ ᠦᠭᠡᠢ 
ᠬᠡᠯᠡ ᠪᠡᠨ ᠠᠯᠳᠠᠭᠰᠠᠨ ᠨᠢ ᠮᠡᠳᠡᠬᠦ ᠦᠭᠡᠢ ᠭᠡᠳ ᠪᠢᠴᠢᠬᠦ ᠦᠭᠡᠢ 
ᠮᠣᠩᠭᠣᠯ ᠪᠢᠴᠢᠭ ᠮᠢᠨᠢ ᠡᠨᠡ ᠦᠶ᠎ᠡ ᠳ᠋ᠦ᠍ ᠬᠦᠷᠦᠭᠡᠳ ᠶᠡᠬᠡ ᠶᠠᠳᠠᠷᠠᠵᠤ ᠪᠠᠢᠨ᠎ᠠ!

ᠳ᠋ᠣᠺᠲ᠋ᠣᠷ ᠫᠷᠣᠹᠧᠰᠰᠣᠷ ᠨᠢ ᠶᠠᠯᠢᠮ ᠦᠭᠡᠢ ᠭᠡᠳ ᠪᠢᠴᠢᠬᠦ ᠦᠭᠡᠢ
ᠳᠠᠭᠤᠴᠢᠨ ᠪᠥᠬᠡᠴᠢᠳ ᠨᠢ ᠬᠠᠮᠢᠶ᠎ᠠ ᠦᠭᠡᠢ ᠭᠡᠳ ᠪᠢᠴᠢᠬᠦ ᠦᠭᠡᠢ
ᠨᠣᠶᠠᠨ ᠵᠡᠷᠭᠡᠲᠡᠨ ᠨᠢ ᠬᠠᠯᠳᠠᠬᠤ ᠦᠭᠡᠢ ᠭᠡᠳ ᠪᠢᠴᠢᠬᠦ ᠦᠭᠡᠢ
ᠮᠠᠢᠮᠠᠢ ᠬᠤᠳᠠᠯᠳᠤᠭᠠᠴᠢᠨ ᠨᠢ ᠬᠡᠷᠡᠭ ᠦᠭᠡᠢ ᠭᠡᠳ ᠪᠢᠴᠢᠬᠦ ᠦᠭᠡᠢ
ᠮᠣᠩᠭᠣᠯ ᠪᠢᠴᠢᠭ ᠮᠢᠨᠢ ᠡᠨᠡ ᠦᠶ᠎ᠡ ᠳ᠋ᠦ᠍ ᠬᠦᠷᠦᠭᠡᠳ ᠶᠡᠬᠡ ᠵᠦᠳᠡᠷᠡᠵᠦ ᠪᠠᠢᠨ᠎ᠠ!

   ᠡᠬᠢ ᠰᠤᠷᠪᠤᠯᠵᠢ᠄ ᠵᠥᠪ ᠪᠢᠴᠢᠯᠭᠡ ᠶ᠋ᠢᠨ ᠬᠣᠯᠪᠣᠭ᠎ᠠ