ᠰᠢᠷᠭ᠎ᠠ ᠠᠳᠤᠭᠤᠨ ᠤ᠋ ᠮᠠᠭᠲᠠᠭᠠᠯ -ᠠᠨᠠᠷШарга адууны магтаал-Анар
ᠰᠢᠷᠭ᠎ᠠ ᠠᠳᠤᠭᠤᠨ ᠤ᠋ ᠮᠠᠭᠲᠠᠭᠠᠯ
ᠵᠠ!
ᠡᠩᠬᠡ ᠰᠠᠢᠨ ᠵᠢᠷᠭᠠᠯᠠᠩ ᠪᠣᠯᠲᠤᠭᠠᠢ
ᠥᠷᠭᠡᠨ ᠳᠡᠯᠡᠬᠡᠢ ᠶ᠋ᠢᠨ ᠵᠠᠶ᠋ᠢᠴᠠᠨ ᠳ᠋ᠤ᠌
ᠥᠪᠡᠷᠮᠢᠴᠡ ᠲᠡᠦᠬᠡ ᠪᠡᠨ ᠪᠦᠲᠦᠭᠡᠭᠰᠡᠨ
ᠥᠨᠢᠷ ᠣᠯᠠᠨ ᠤ᠋ ᠪᠠᠨ ᠳᠤᠮᠳᠠ
ᠥᠪᠡᠷ ᠦ᠋ᠨ ᠬᠢ ᠪᠡᠷ ᠢ᠋ᠶ᠋ᠡᠨ ᠠᠮᠢᠳᠤᠷᠠᠭᠰᠠᠨ
ᠦᠵᠦᠮ ᠦ᠋ᠨ ᠰᠦᠮᠪᠦᠷ ᠠᠭᠤᠯᠠᠨ ᠡᠴᠡ ᠪᠡᠨ
ᠦᠨᠳᠦᠰᠦ ᠨᠠᠮᠠᠭ᠎ᠠ ᠵᠠᠯᠭᠠᠭᠰᠠᠨ
ᠦᠷ᠎ᠡ ᠬᠣᠶ᠋ᠢᠴᠢᠰ ᠵᠤᠯᠵᠠᠭ᠎ᠠ ᠨᠤᠭᠤᠳ ᠨᠢ
ᠦᠶ᠎ᠡ ᠶ᠋ᠢᠨ ᠦᠶ᠎ᠡ ᠳ᠋ᠦ᠍ ᠪᠡᠨ ᠳᠡᠯᠭᠡᠷᠡᠭᠰᠡᠨ
ᠲᠠᠯ᠎ᠠ ᠶ᠋ᠢᠨ ᠮᠠᠯᠴᠢᠨ ᠠᠯᠳᠠᠷ ᠢ᠋ᠶ᠋ᠠᠨ
ᠠᠷᠪᠢᠴᠢ ᠰᠤᠷᠲᠠᠯ ᠢ᠋ᠶ᠋ᠠᠷ ᠡᠷᠭᠦᠭᠰᠡᠨ
ᠲᠠᠩᠰᠤᠭ ᠠᠮᠢᠳᠤᠷᠠᠯ ᠤ᠋ᠨ ᠳᠥᠷᠦᠭᠡᠨ ᠳᠡᠭᠡᠷ᠎ᠡ
ᠠᠵᠢᠯᠴᠢ ᠰᠢᠷᠭᠠᠭᠤ ᠪᠠᠷ ᠥᠨᠳᠡᠢᠭᠰᠡᠨ
ᠬᠡᠰᠢᠭᠲᠦ ᠲᠠᠪᠤᠨ ᠰᠦᠷᠦᠭ ᠦ᠋ᠨ ᠢ᠋ᠶ᠋ᠡᠨ
ᠦᠯᠡᠮᠵᠢ ᠶ᠋ᠢᠨ ᠪᠤᠶᠠᠨ ᠢ᠋ ᠴᠣᠭᠴᠠᠯᠠᠭᠰᠠᠨ
ᠬᠡᠢᠮᠣᠷᠢᠲᠤ ᠰᠢᠷᠭ᠎ᠠ ᠠᠳᠤᠭᠤᠨ ᠤ᠋ ᠪᠠᠨ
ᠥᠯᠵᠡᠢ ᠳᠡᠮᠪᠡᠷᠡᠢ ᠶ᠋ᠢ ᠳᠠᠯᠠᠯᠤᠭᠰᠠᠨ
ᠵᠡᠭᠦᠨ ᠦᠵᠦᠮᠦᠴᠢᠨ ᠦ᠌ ᠮᠠᠯᠴᠢᠳ ᠭᠡᠵᠦ
ᠵᠢᠷ ᠦ᠋ᠨ ᠪᠤᠰᠤ ᠬᠥᠮᠦᠰ ᠶᠤᠮ
ᠵᠢᠳᠬᠦᠯ ᠴᠢᠷᠮᠠᠶ᠋ᠢᠯᠭᠠ ᠪᠠᠨ ᠭᠠᠷᠭᠠᠭᠰᠠᠨ
ᠵᠦᠩ ᠪᠢᠯᠢᠭ ᠲᠡᠢ ᠲᠦᠮᠡᠨ ᠶᠤᠮ᠃
ᠬᠣᠷᠸ᠎ᠠ ᠳ᠋ᠤ᠌ ᠠᠯᠳᠠᠷ ᠢ᠋ ᠨᠢ ᠮᠥᠩᠬᠡᠯᠡᠭᠰᠡᠨ
ᠬᠣᠩᠭᠣᠷ ᠰᠢᠷᠭ᠎ᠠ ᠠᠳᠤᠭᠤ ᠲᠠᠢ ᠶᠤᠮ
ᠬᠣᠲᠠᠯᠠ ᠳᠠᠶᠠᠭᠠᠷ ᠲᠤ᠌ ᠳᠠᠭᠤᠷᠢᠰᠬᠤ
ᠬᠣᠪᠣᠷᠬᠠᠨ ᠪᠢᠴᠢᠭᠳᠡᠬᠦ ᠰᠤᠳᠤᠷ ᠲᠠᠢ ᠶᠤᠮ᠃
ᠲᠡᠨᠢᠭᠡᠷ ᠮᠣᠩᠭᠣᠯ ᠨᠤᠲᠤᠭ ᠤ᠋ᠨ
ᠨᠠᠷᠠᠨ ᠲᠠᠯ᠎ᠠ ᠡᠴᠡ ᠡᠭᠦᠰᠦᠯ ᠲᠡᠢ
ᠲᠡᠮᠦᠵᠢᠨ ᠬᠠᠰᠠᠷ ᠬᠣᠶᠠᠷ ᠤ᠋ᠨ
ᠨᠠᠢ᠍ᠮᠠᠨ ᠰᠢᠷᠭ᠎ᠠ ᠡᠴᠡ ᠤᠭᠰᠢᠯ ᠲᠠᠢ
ᠵᠢᠷᠭᠠᠯᠠᠩᠲᠤ ᠨᠠᠢ᠍ᠮᠠᠨ ᠠᠵᠢᠨᠠᠢ ᠶ᠋ᠢᠨ
ᠬᠣᠩᠭᠣᠷ ᠮᠣᠷᠢᠨ ᠤ᠋ ᠤᠳᠤᠮ ᠲᠠᠢ
ᠵᠠᠶᠠᠭ᠎ᠠ ᠨᠢᠭᠡᠲᠡᠢ ᠲᠦᠮᠡᠨ ᠳ᠋ᠡᠭᠡᠨ
ᠬᠤᠪᠢ ᠲᠠᠪᠢᠯᠠᠩ ᠤ᠋ᠨ ᠤᠯᠪᠠᠭ᠎ᠠ ᠲᠠᠢ
ᠠᠶᠠᠨ ᠲᠡᠢᠨ ᠦ᠌ ᠤᠨᠤᠭ᠎ᠠ ᠪᠠᠢᠨᠠᠮ
ᠠᠵᠤ ᠠᠮᠢᠳᠤᠷᠠᠯ ᠤ᠋ᠨ ᠬᠥᠷᠥᠩᠭᠡ ᠪᠠᠢᠨᠠᠮ
ᠠᠩ ᠭᠥᠷᠦᠭᠡᠨ ᠦ᠌ ᠭᠠᠨᠵᠤᠭ᠎ᠠ ᠪᠠᠢᠨᠠᠮ
ᠠᠴᠢᠯᠭ᠎ᠠ ᠵᠥᠭᠡᠭᠡᠪᠦᠷᠢ ᠶ᠋ᠢᠨ ᠬᠥᠯᠦᠰᠢ ᠪᠠᠢᠨᠠᠮ
ᠡᠷᠡᠯᠬᠡᠭ ᠳᠠᠶ᠋ᠢᠴᠢᠳ ᠤ᠋ᠨ ᠬᠦᠯᠦᠭ ᠪᠠᠢᠨᠠᠮ
ᠡᠷᠡᠮᠡᠬᠡᠢ ᠬᠥᠪᠡᠭᠦᠳ ᠦ᠋ᠨ ᠵᠢᠭᠦᠷ ᠪᠠᠢᠨᠠᠮ
ᠡᠷ᠎ᠡ ᠬᠥᠮᠦᠨ ᠦ᠌ ᠵᠣᠷᠢᠭ ᠪᠠᠢᠨᠠᠮ
ᠡᠷᠳᠡᠮ ᠲᠡᠢ ᠬᠥᠮᠦᠨ ᠦ᠌ ᠵᠢᠷᠤᠭ ᠪᠠᠢᠨᠠᠮ ᠠ᠋᠃
ᠬᠠᠩᠭᠠᠢ ᠭᠣᠪᠢ ᠪᠠᠨ ᠳᠦᠭᠦᠷᠭᠡᠭᠡᠳ
ᠬᠠᠪᠤᠷ ᠤ᠋ᠨ ᠴᠠᠭ ᠲᠠᠭᠠᠨ ᠦᠷᠡᠵᠢᠩᠬᠡᠨ
ᠬᠠᠷᠢᠭᠤᠯᠵᠤ ᠮᠠᠯᠵᠢᠭᠰᠠᠨ ᠡᠵᠡᠨ ᠦ᠌ ᠬᠢᠨᠢ
ᠬᠠᠷᠢᠭᠤᠴᠠᠯᠭ᠎ᠠ ᠡᠭᠦᠷᠭᠡ ᠨᠢ ᠬᠦᠨᠳᠦᠬᠡᠨ
ᠵᠤᠰᠠᠭᠠᠯ ᠤ᠋ᠨ ᠳᠡᠨᠵᠢᠨ ᠳ᠋ᠦ᠍ ᠰᠡᠷᠢᠭᠦᠴᠡᠭᠡᠳ
ᠵᠤᠨ ᠤ᠋ ᠰᠥᠨᠢ ᠢᠳᠡᠰᠢᠯᠡᠭᠰᠡᠨ
ᠵᠢᠷᠤᠭ ᠤ᠋ᠨ ᠪᠠᠢᠭᠠᠯᠢ ᠪᠠᠨ ᠴᠢᠮᠡᠭᠯᠡᠭᠡᠳ
ᠬᠥᠷᠥᠭ ᠦ᠋ᠨ ᠶᠤᠮ ᠰᠢᠭ ᠬᠠᠷᠠᠭᠳᠠᠭᠰᠠᠨ
ᠨᠠᠯᠠᠵᠤ ᠵᠤᠤᠯᠠᠵᠤ ᠬᠥᠷᠪᠡᠭᠡᠳ
ᠨᠠᠮᠤᠷ ᠤ᠋ᠨ ᠭᠣᠪᠢ ᠳ᠋ᠤ᠌ ᠪᠠᠨ ᠥᠶᠥᠭᠬᠡᠨ
ᠨᠠᠷᠠ ᠬᠤᠷ᠎ᠠ ᠲᠠᠢ ᠨᠤᠲᠤᠭ ᠤ᠋ᠨ ᠢ᠋ᠶ᠋ᠠᠨ
ᠨᠠᠪᠴᠢ ᠨᠠᠮᠠᠭ᠎ᠠ ᠪᠠᠷ ᠬᠣᠭᠣᠯᠠᠯᠠᠭᠰᠠᠨ
ᠤᠨᠠᠭ᠎ᠠ ᠰᠠᠷᠪᠠ ᠨᠢ ᠲᠣᠭᠯᠠᠯᠳᠤᠭᠠᠳ
ᠡᠪᠦᠯ ᠦ᠋ᠨ ᠲᠠᠯ᠎ᠠ ᠳ᠋ᠤ᠌ ᠪᠠᠨ ᠦᠯᠴᠢᠷᠬᠡᠨ
ᠤᠷᠤᠭᠤᠳᠠᠬᠤ ᠰᠢᠭᠤᠷᠭᠠᠨ ᠢ᠋ ᠰᠥᠷᠦᠭᠡᠳ
ᠥᠩᠭᠡ ᠭᠡᠷᠡᠯ ᠨᠢ ᠪᠠᠳᠠᠷᠠᠩᠬᠠᠨ᠂᠂᠂
ᠠᠢᠷᠠᠭ ᠰᠦ ᠰᠢᠭ ᠴᠠᠭᠠᠨ ᠰᠢᠷᠭ᠎ᠠ
ᠠᠷᠠᠨᠵᠠᠯ ᠭᠠᠯ ᠰᠢᠭ᠋ ᠤᠯᠠᠭᠠᠨ ᠰᠢᠷᠭ᠎ᠠ
ᠠᠶᠠᠯᠭᠤᠲᠤ ᠯᠢᠩᠪᠦ ᠰᠢᠭ ᠬᠤᠯᠤᠰᠤᠨ ᠰᠢᠷᠭ᠎ᠠ
ᠠᠮᠠᠷᠠᠭ ᠰᠡᠳᠬᠢᠯ ᠰᠢᠭ ᠬᠣᠩᠭᠣᠷ ᠰᠢᠷᠭ᠎ᠠ
ᠮᠠᠩᠨᠠᠢ ᠳᠤᠮᠳᠠ ᠪᠠᠨ ᠰᠠᠷ᠎ᠠ ᠲᠠᠢ ᠰᠢᠷᠭ᠎ᠠ
ᠮᠠᠨᠢᠲᠤ ᠶ᠋ᠢᠨ ᠬᠤᠰᠤ ᠰᠢᠭ᠋ ᠤᠢᠰᠤᠨ ᠰᠢᠷᠭ᠎ᠠ
ᠮᠠᠷᠠᠯ ᠮᠡᠴᠢᠳ ᠰᠢᠭ ᠴᠣᠬᠣᠷ ᠰᠢᠷᠭ᠎ᠠ
ᠮᠠᠩᠬᠠᠢᠬᠤ ᠦᠷ ᠰᠢᠭ ᠬᠠᠯᠢᠭᠤᠨ ᠰᠢᠷᠭ᠎ᠠ᠂᠂᠂᠂
ᠠᠷᠠᠳ ᠤ᠋ᠨ ᠳᠠᠭᠤᠨ ᠤ᠋ ᠵᠢᠭᠠᠬᠠᠨ ᠰᠢᠷᠭ᠎ᠠ
ᠠᠲᠠᠷ ᠤ᠋ᠨ ᠰᠢᠪᠠᠭᠤᠨ ᠤ᠋ ᠥᠨᠳᠡᠭᠡᠨ ᠰᠢᠷᠭ᠎ᠠ
ᠠᠯᠲᠠᠨ ᠨᠠᠮᠤᠷ ᠤ᠋ᠨ ᠵᠡᠭᠡᠷ᠎ᠡ ᠶ᠋ᠢᠨ ᠰᠢᠷᠭ᠎ᠠ᠂᠂᠂
ᠠᠭᠯᠠᠭ ᠭᠣᠪᠢ ᠶ᠋ᠢᠨ ᠬᠤᠯᠠᠨ ᠰᠢᠷᠭ᠎ᠠ᠂᠂᠂᠂
ᠭᠠᠯᠳᠠᠨ ᠬᠠᠭᠠᠨ ᠤ᠋ ᠠᠯᠲᠠᠨ ᠰᠢᠷᠭ᠎ᠠ
ᠭᠠᠯ ᠳ᠋ᠤ᠌ ᠰᠡᠲᠡᠷᠯᠡᠭᠰᠡᠨ ᠣᠩᠭᠣᠨ ᠰᠢᠷᠭ᠎ᠠ
ᠰᠦᠪᠡᠭᠡᠲᠠᠢ ᠪᠠᠭᠠᠲᠤᠷ ᠤ᠋ᠨ ᠠᠮᠢᠨ ᠰᠢᠷᠭ᠎ᠠ
ᠰᠦᠷᠦᠭ ᠢ᠋ᠶ᠋ᠡᠷ ᠢ᠋ᠶ᠋ᠡᠨ ᠢᠵᠢᠯᠬᠡᠨ
ᠵᠢᠰᠦᠮ ᠨᠢ ᠰᠢᠷᠭ᠎ᠠ
ᠠᠯᠢᠶ᠎ᠠ ᠰᠢᠷᠭ᠎ᠠ᠂ ᠭᠠᠩᠭᠠᠩ ᠰᠢᠷᠭ᠎ᠠ
ᠠᠭᠰᠤᠮ ᠰᠢᠷᠭ᠎ᠠ᠂ ᠨᠣᠮᠣᠬᠠᠨ ᠰᠢᠷᠭ᠎ᠠ
ᠣᠷᠣᠭ᠎ᠠ ᠰᠢᠷᠭ᠎ᠠ᠂ ᠵᠢᠷᠣᠭ᠎ᠠ ᠰᠢᠷᠭ᠎ᠠ
ᠤᠷᠤᠯᠳᠤᠭᠠᠨ ᠤ᠋ ᠰᠢᠷᠭ᠎ᠠ ᠂ᠤᠷᠭᠠᠨ ᠤ᠋ ᠰᠢᠷᠭ᠎ᠠ ᠭᠡᠳ
ᠥᠭᠡᠳᠡᠩ ᠰᠦᠷᠲᠦ᠂ ᠪᠣᠰᠤᠭ᠎ᠠ ᠲᠠᠯᠲᠤ
ᠥᠰᠥᠭᠡᠢ ᠴᠠᠭᠠᠨ᠂ ᠥᠨᠳᠥᠷ ᠪᠣᠷᠪᠢᠲᠤ
ᠵᠥᠪ ᠡᠷᠭᠢᠯᠭᠡᠲᠦ᠂ ᠵᠢᠭᠦᠷ ᠳᠠᠯᠠᠪᠴᠢᠲᠤ
ᠵᠢᠳᠬᠦᠭᠦᠦ ᠭᠦᠶᠦᠳᠡᠯᠲᠦ᠂ ᠵᠥᠭᠡᠯᠡᠨ ᠶᠠᠪᠤᠲᠠᠯᠳᠤ
ᠠᠯᠬᠤᠳᠠᠭ᠂ ᠬᠠᠲᠠᠷᠢᠳᠠᠭ᠂ ᠶᠥᠷᠬᠥᠳᠡᠭ ᠭᠡᠳ
ᠠᠮᠤᠭᠤᠯᠠᠩ ᠂ ᠣᠮᠣᠭᠣᠯᠠᠩ᠂ ᠵᠢᠪᠬᠤᠯᠠᠩ ᠭᠡᠳ
ᠠᠳᠤᠭᠤ ᠨᠢ ᠰᠢᠷᠭ᠎ᠠ ᠦᠵᠦᠮᠦᠴᠢᠨ ᠢ᠋ ᠪᠡᠨ
ᠠᠶᠠᠯᠠᠭᠤᠯᠤᠨ ᠮᠠᠭᠲᠠᠵᠤ ᠳᠠᠭᠤᠯᠠᠶ᠎ᠠ
ᠰᠢᠷᠭᠠᠭᠤ ᠵᠢᠳᠬᠦᠯ ᠦ᠋ᠨ ᠬᠠᠷᠢᠭᠤ ᠶ᠋ᠢ ᠨᠢ
ᠰᠠᠢᠰᠢᠶᠠᠵᠤ ᠡᠨᠳᠡ ᠡᠴᠡ ᠳᠠᠭᠤᠳᠠᠶ᠎ᠠ
ᠰᠢᠷᠭ᠎ᠠ ᠠᠳᠤᠭᠤᠨ ᠤ᠋ ᠪᠠᠨ ᠠᠯᠳᠠᠷ ᠢ᠋
ᠱᠠᠭᠰᠢᠵᠤ ᠡᠨᠳᠡ ᠳᠠᠭᠤᠷᠢᠰᠬᠠᠶᠠ!
ᠬᠣᠰᠢᠭᠤ ᠨᠤᠲᠤᠭ ᠢ᠋ᠶ᠋ᠠᠨ ᠠᠯᠳᠠᠷᠰᠢᠭᠤᠯᠤᠭᠠᠳ
ᠰᠢᠷᠭ᠎ᠠ ᠠᠳᠤᠭᠤ ᠨᠢ ᠦᠷᠡᠵᠢᠵᠦ ᠪᠠᠢᠭ ᠠ᠋
ᠬᠣᠲᠠᠯᠠ ᠳᠠᠶᠠᠭᠠᠷ ᠢ᠋ᠶ᠋ᠠᠨ ᠪᠠᠶᠠᠰᠬᠠᠭᠠᠳ
ᠱᠠᠯᠠᠮᠠᠭᠤᠨ ᠦᠢᠯᠡᠰ ᠨᠢ ᠮᠠᠨᠳᠤᠵᠤ ᠪᠠᠢᠭ ᠠ᠋!
ᠦᠵᠦᠮᠦᠴᠢᠨ ᠳᠠᠶᠠᠭᠠᠷ ᠥᠯᠵᠡᠢᠲᠡᠢ ᠪᠣᠯᠲᠤᠭᠠᠢ!
ᠦᠵᠡᠭᠰᠡᠨ ᠬᠠᠷᠠᠭᠰᠠᠨ ᠤ᠋ ᠪᠠᠬᠠᠷᠬᠠᠯ ᠪᠣᠯᠲᠤᠭᠠᠢ!
ᠦᠨᠡᠨ ᠮᠥᠨ ᠦ᠌ ᠥᠪ ᠲᠡᠢ ᠪᠣᠯᠲᠤᠭᠠᠢ!
ᠡᠭᠦᠷᠢᠳᠡ ᠪᠠᠳᠠᠷᠠᠬᠤ ᠶ᠋ᠢᠨ ᠬᠡᠢᠮᠣᠷᠢ ᠲᠠᠢ ᠪᠣᠯᠲᠤᠭᠠᠢ!
ᠤᠩᠰᠢᠬᠴᠢ᠄ ᠠᠨᠠᠷ
ᠦᠰᠦᠭ ᠠᠮᠢᠯᠠᠭᠤᠯᠤᠭᠴᠢ᠄ ᠠᠽᠢᠶ᠎ᠠ
ᠦᠰᠦᠭ ᠬᠠᠳᠠᠭᠴᠢ᠄ ᠥᠨᠢᠮᠦ᠋ᠩᠬᠡ
ᠬᠢᠨᠠᠭᠴᠢ᠄ ᠠᠯᠲᠠᠨᠴᠡᠴᠡᠭ
