ᠠᠯᠲᠠ ᠮᠥᠩᠭᠥ ᠪᠣᠯ ᠴᠢᠯᠠᠭᠤ ᠠᠷᠪᠠᠢ ᠪᠤᠭᠤᠳᠠᠢ ᠪᠣᠯ ᠠᠮᠢᠳᠤᠷᠠᠯАлд мөнгө бол чулууАрвай боодой бол амьдрал ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠ ᠮᠥᠩᠭᠥ ᠪᠣᠯ ᠴᠢᠯᠠᠭᠤ ᠠᠷᠪᠠᠢ ᠪᠤᠭᠤᠳᠠᠢ ᠪᠣᠯ ᠠᠮᠢᠳᠤᠷᠠᠯАлд мөнгө бол чулууАрвай боодой бол амьдрал

ᠠᠯᠲᠠ ᠮᠥᠩᠭᠥ ᠪᠣᠯ ᠴᠢᠯᠠᠭᠤ ᠠᠷᠪᠠᠢ ᠪᠤᠭᠤᠳᠠᠢ ᠪᠣᠯ ᠠᠮᠢᠳᠤᠷᠠᠯАлд мөнгө бол чулууАрвай боодой бол амьдрал

ᠠᠩᠭᠢᠯᠠᠯ:ᠳᠣᠮᠣᠭ ᠦᠯᠢᠭᠡᠷ
2025-05-29

3130

ᠠᠯᠲᠠ ᠮᠥᠩᠭᠥ ᠪᠣᠯ ᠴᠢᠯᠠᠭᠤ ᠠᠷᠪᠠᠢ ᠪᠤᠭᠤᠳᠠᠢ ᠪᠣᠯ ᠠᠮᠢᠳᠤᠷᠠᠯ 

           ᠡᠷᠲᠡ ᠤᠷᠢᠳᠤ ᠶ᠋ᠢᠨ ᠴᠠᠭ ᠲᠤ᠌ ᠭᠡᠨ᠎ᠡ᠂ ᠰᠦᠨ ᠳᠠᠯᠠᠢ ᠶ᠋ᠢ ᠱᠠᠯᠪᠠᠭ ᠪᠠᠢᠬᠤ ᠶ᠋ᠢᠨ ᠴᠠᠭ ᠲᠤ᠌ ᠭᠡᠨ᠎ᠡ᠃ ᠰᠦᠮᠪᠦᠷ ᠠᠭᠤᠯᠠ ᠶ᠋ᠢ ᠳᠣᠪᠣ ᠪᠠᠢᠬᠤ ᠶ᠋ᠢᠨ ᠴᠠᠭ ᠲᠤ᠌ ᠭᠡᠨ᠎ᠡ᠃                    
           ᠡᠨᠡ ᠽᠠᠮᠪᠤᠯᠢᠩ ᠤ᠋ᠨ ᠣᠷᠣᠨ ᠳ᠋ᠤ᠌ ᠰᠢᠨᠤᠯ ᠶᠡᠬᠡᠳᠡ ᠨᠢᠭᠡᠨ ᠬᠠᠭᠠᠨ ᠪᠠᠢᠵᠤ ᠭᠡᠨ᠎ᠡ᠃ ᠲᠡᠷᠡ ᠬᠠᠭᠠᠨ ᠠᠯᠠᠭ ᠬᠣᠷᠸ᠎ᠠ ᠳ᠋ᠤ᠌ ᠠᠯᠲᠠ ᠮᠥᠩᠭᠥᠨ ᠡᠴᠡ ᠦᠨᠡᠲᠡᠢ ᠶᠠᠭᠤᠮ᠎ᠠ ᠦᠭᠡᠢ ᠭᠡᠵᠦ ᠪᠣᠳᠣᠳᠠᠭ ᠶᠤᠮᠰᠠᠨᠵᠠᠢ᠂ ᠠᠯᠠᠭ ᠬᠣᠷᠸ᠎ᠠ ᠶ᠋ᠢᠨ ᠠᠯᠲᠠ ᠮᠥᠩᠭᠥ ᠪᠦᠬᠦᠨ ᠢ᠋ ᠠᠪᠬᠤ ᠰᠠᠨ᠂ ᠬᠤᠷᠢᠶᠠᠬᠤ ᠰᠠᠨ ᠭᠡᠬᠦ ᠡᠴᠡ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠤᠨ᠎ᠠ᠂ ᠲᠡᠭᠡᠭᠡᠳ ᠠᠯᠪᠠᠲᠤ ᠣᠯᠠᠨ ᠢ᠋ᠶ᠋ᠠᠨ ᠠᠯᠪᠠ ᠭᠤᠪᠴᠢᠭᠤᠷ ᠢ᠋ᠶ᠋ᠠᠷ ᠳᠠᠷᠤᠵᠤ᠂ ᠠᠷᠢᠭᠤᠨ ᠬᠥᠳᠡᠯᠮᠦᠷᠢ ᠪᠡᠷ ᠣᠯᠵᠤ ᠠᠪᠤᠭᠰᠠᠨ ᠠᠯᠲᠠ ᠮᠥᠩᠭᠥ ᠶ᠋ᠢ ᠨᠢ ᠨᠢᠳᠦ ᠦᠵᠡᠲᠡᠯ᠎ᠡ ᠪᠤᠯᠢᠶᠠᠵᠤ ᠳᠡᠭᠡᠷᠡᠮᠳᠡᠵᠦ ᠡᠬᠢᠯᠡᠵᠡᠢ᠃                      
             ᠠᠪᠤᠭᠠᠳ ᠯᠠ ᠪᠠᠢᠵᠠᠢ᠂ ᠠᠪᠤᠭᠠᠳ ᠯᠠ ᠪᠠᠢᠵᠠᠢ᠂ ᠰᠡᠭᠦᠯ ᠳ᠋ᠦ᠍ ᠪᠡᠨ ᠡᠭᠡᠯ ᠣᠯᠠᠨ ᠤ᠋ ᠭᠠᠷ ᠲᠤ᠌ ᠭᠢᠯᠠᠢᠬᠤ ᠠᠯᠲᠠ᠂ ᠴᠢᠬᠢᠨ ᠳ᠋ᠦ᠍ ᠴᠠᠢᠷᠠᠬᠤ ᠮᠥᠩᠭᠥ ᠦᠭᠡᠢ ᠪᠣᠯᠵᠤ ᠬᠦᠢ ᠪᠡᠷ ᠢ᠋ᠶ᠋ᠡᠨ ᠬᠣᠭᠣᠰᠣᠷᠠᠵᠤ ᠳᠠᠭᠤᠰᠪᠠ ᠭᠡᠨ᠎ᠡ ᠰᠡᠳᠬᠢᠯ ᠨᠢ ᠬᠠᠨᠤᠭᠰᠠᠨ ᠬᠠᠭᠠᠨᠲᠠᠨ᠂                      
              —ᠮᠥᠩᠭᠥᠨ ᠳᠡᠭᠡᠪᠦᠷ ᠲᠡᠢ᠂ ᠠᠯᠲᠠᠨ ᠲᠤᠭᠤᠷᠭ᠎ᠠ ᠲᠠᠢ᠂ ᠡᠷᠳᠡᠨᠢ ᠶ᠋ᠢᠨ ᠴᠢᠯᠠᠭᠤᠨ ᠴᠢᠮᠡᠭ ᠲᠡᠢ᠂ ᠡᠩ ᠦᠭᠡᠢ ᠠᠯᠤᠰ ᠠ᠋ᠴᠠ ᠭᠢᠯᠠᠯᠵᠠᠨ ᠬᠠᠷᠠᠭᠳᠠᠭᠴᠢ ᠰᠠᠢᠬᠠᠨ ᠤᠷᠲᠤ ᠬᠠᠷᠰᠢ ᠪᠠᠷᠢᠲᠤᠭᠠᠢ ᠭᠡᠮᠡᠨ ᠲᠤᠰᠢᠶᠠᠵᠤ ᠭᠡᠨ᠎ᠡ᠃ ᠭᠡᠲᠡᠯ᠎ᠡ ᠲᠡᠷᠡ ᠵᠤᠨ ᠨᠤᠲᠤᠭ ᠲᠤ᠌ ᠨᠢ ᠭᠠᠩ ᠭᠠᠴᠢᠭ ᠨᠢᠭᠤᠷᠯᠠᠵᠤ ᠭᠠᠵᠠᠷ ᠤ᠋ᠨ ᠬᠥᠷᠥᠰᠥ ᠭᠠᠯ ᠮᠡᠲᠦ ᠤᠯᠠᠢᠭᠠᠳ ᠤᠰᠤ ᠮᠥᠷᠡᠨ ᠠᠭᠤᠷᠰᠢᠵᠤ ᠤᠷᠭᠤᠮᠠᠯ ᠮᠣᠳᠣ ᠬᠠᠲᠠᠵᠤ ᠠᠮᠢᠲᠠᠨ ᠬᠥᠮᠦᠨ ᠠᠮᠢ ᠲᠡᠮᠡᠴᠡᠨ ᠠᠮᠤᠭᠤᠯᠠᠩ ᠠᠮᠢᠳᠤᠷᠠᠬᠤ ᠶ᠋ᠢ ᠨᠢ ᠪᠤᠤ ᠬᠡᠯᠡ ᠠᠮᠢᠰᠬᠤᠭ᠎ᠠ ᠠᠪᠬᠤ ᠦᠭᠡᠢ ᠪᠣᠯᠵᠤ ᠭᠡᠨ᠎ᠡ᠃                   
           ᠡᠭᠡᠯ ᠵᠤᠨ ᠣᠯᠠᠨ ᠡᠢᠮᠦ ᠭᠠᠩ ᠵᠤᠳ ᠦᠵᠡᠬᠦ ᠪᠡᠷ ᠢ᠋ᠶ᠋ᠡᠨ ᠨᠢᠭᠡ ᠪᠣᠯᠤᠭᠰᠠᠨ ᠬᠣᠢᠨ᠎ᠠ ᠠᠶᠠᠭ᠎ᠠ ᠪᠤᠳᠠᠭ᠎ᠠ ᠪᠠᠨ ᠬᠦᠷᠲᠡᠯ᠎ᠡ ᠨᠥᠭᠡᠵᠦ᠂ ᠨᠢᠭᠡ ᠢᠳᠡᠬᠦ ᠪᠡᠨ ᠬᠣᠶᠠᠷ ᠪᠣᠯᠭᠠᠵᠤ᠂ ᠨᠢᠭᠡ ᠡᠳᠦᠷ ᠭᠠᠩ ᠲᠠᠢᠯᠤᠭᠳᠠᠬᠤ ᠪᠣᠢ ᠭᠡᠮᠡᠨ ᠪᠦᠰᠡ ᠪᠡᠨ ᠴᠢᠩᠭᠠᠯᠠᠵᠤ ᠬᠥᠯᠥᠰᠥ ᠪᠡᠨ ᠠᠷᠴᠢᠭᠰᠠᠭᠠᠷ ᠠᠪᠠᠢ᠃                   
             ᠴᠢᠩᠭᠢᠲᠡᠯ᠎ᠡ ᠭᠠᠵᠠᠷ ᠬᠣᠪᠬᠠᠢᠷᠠᠭᠤᠯᠤᠭᠰᠠᠨ ᠭᠠᠩ ᠭᠠᠴᠢᠭ ᠪᠦᠷ ᠴᠦ᠍ ᠰᠤᠨᠵᠢᠷᠠᠵᠤ ᠲᠤᠷᠠᠩᠬᠠᠢ ᠲᠥᠯᠥᠭᠡ᠂ ᠬᠡᠪᠡᠭ ᠲᠡᠢ ᠪᠤᠳᠠᠭᠠᠨ ᠤ᠋ ᠦᠨ᠎ᠡ ᠲᠡᠭᠷᠢ ᠳ᠋ᠦ᠍ ᠬᠠᠲᠠᠯ᠎ᠠ᠂ ᠲᠠᠷᠠᠭ ᠲᠣ᠌ ᠪᠠᠨ ᠲᠤᠯᠤᠭᠰᠠᠨ ᠲᠦᠮᠡᠨ ᠣᠯᠠᠨ ᠠᠯᠢ ᠪᠠᠢᠳᠠᠭ ᠢ᠋ᠶ᠋ᠠᠨ ᠰᠢᠪᠬᠠᠵᠤ ᠡᠭᠡᠮᠦᠭ ᠪᠥᠭᠡᠵᠢ᠂ ᠳᠡᠪᠡᠯ ᠦ᠋ᠨ ᠮᠥᠩᠭᠥᠨ ᠲᠣᠪᠴᠢ ᠪᠠᠨ ᠬᠦᠷᠲᠡᠯ᠎ᠡ ᠠᠶᠠᠭᠠᠨ ᠤ᠋ ᠬᠢᠴᠡ ᠪᠡᠷ ᠠᠷᠠᠯᠵᠢᠵᠤ ᠡᠬᠢᠯᠡᠪᠡᠢ᠃                   
           ᠭᠠᠭᠴᠠ ᠬᠣᠮᠣᠬᠠᠢ ᠬᠠᠭᠠᠨ ᠤ᠋ ᠯᠠ ᠨᠠᠷᠠ ᠭᠠᠷᠪᠠ᠃ ᠪᠠᠶᠠᠷᠯᠠᠬᠤ ᠶ᠋ᠢᠨ ᠳᠡᠭᠡᠳᠦ ᠪᠡᠷ ᠪᠠᠶᠠᠷᠯᠠᠵᠤ ᠲᠡᠮᠦᠷ ᠰᠦᠷᠦᠭ ᠦ᠋ᠨ ᠢ᠋ᠶ᠋ᠡᠨ ᠮᠠᠯ ᠢ᠋ ᠲᠣᠯᠣᠭᠠᠢ ᠲᠣᠯᠣᠭᠠᠢ ᠪᠠᠷ ᠨᠢ᠂ ᠰᠠᠩ ᠤ᠋ᠨ ᠢ᠋ᠶ᠋ᠠᠨ ᠲᠠᠷᠢᠶ᠎ᠠ ᠪᠤᠳᠠᠭ᠎ᠠ ᠶ᠋ᠢ ᠲᠣᠭᠣᠭ᠎ᠠ ᠲᠣᠭᠣᠭ᠎ᠠ ᠪᠠᠷ ᠨᠢ ᠠᠯᠲᠠ ᠮᠥᠩᠭᠥ ᠪᠡᠷ ᠠᠷᠠᠯᠵᠢᠪᠠ᠃ ᠠᠷᠠᠯᠵᠢᠭᠠᠳ ᠯᠠ ᠪᠠᠢᠵᠠᠢ᠂ ᠠᠷᠠᠯᠵᠢᠭᠠᠳ ᠯᠠ ᠪᠠᠢᠵᠠᠢ᠂ ᠨᠢᠭᠡ ᠮᠡᠳᠡᠭᠰᠡᠨ ᠠᠷᠪᠢᠨ ᠰᠠᠩ ᠨᠢ ᠬᠣᠭᠣᠰᠣᠷᠠᠵᠤ ᠲᠠᠭᠤᠬᠤ ᠮᠠᠯ ᠦᠭᠡᠢ᠂ ᠳᠠᠭᠤ ᠭᠡᠬᠦ ᠨᠣᠬᠠᠢ ᠦᠭᠡᠢ᠂ ᠲᠣᠭᠣᠭ᠎ᠠ ᠴᠤ᠌ ᠪᠤᠳᠠᠭ᠎ᠠ ᠦᠭᠡᠢ ᠬᠣᠭᠣᠰᠣᠨ ᠪᠣᠯᠪᠠ                       
            ᠡᠩ ᠦᠭᠡᠢ ᠶᠡᠬᠡ ᠠᠯᠲᠠ ᠮᠥᠩᠭᠥ ᠬᠤᠷᠢᠶᠠᠭᠰᠠᠨ ᠬᠠᠭᠠᠨ ᠡᠨᠡ ᠶᠡᠬᠡ ᠠᠯᠲᠠ ᠮᠥᠩᠭᠥ ᠪᠡᠷ ᠢ᠋ᠶ᠋ᠡᠨ ᠠᠮᠠ ᠬᠥᠳᠡᠯᠭᠡᠬᠦ ᠶᠠᠭᠤᠮ᠎ᠠ ᠠᠷᠠᠯᠵᠢᠵᠤ ᠠᠪᠤᠯ ᠦᠭᠡᠢ ᠳᠡ ᠳᠠᠩᠴᠤ ᠭᠡᠮᠡᠨ ᠪᠣᠳᠣᠭᠠᠳ ᠶᠡᠬᠡ ᠠᠷᠠᠯᠵᠢᠶ᠎ᠠ ᠬᠢᠨ᠎ᠡ ᠭᠡᠵᠦ ᠵᠠᠷ ᠲᠠᠷᠬᠠᠭᠠᠲᠠᠯ᠎ᠠ ᠬᠡᠨ ᠴᠦ᠍ ᠢᠷᠡᠭᠰᠡᠨ ᠦᠭᠡᠢ᠂ ᠠᠯᠲᠠ ᠪᠠᠨ ᠢᠳᠡᠵᠦ ᠮᠥᠩᠭᠥ ᠪᠡᠨ ᠮᠠᠷᠠᠭ ᠭᠡᠳ ᠭᠠᠭᠴᠠ ᠲᠥᠯᠥᠭᠡ᠂ ᠭᠠᠭᠴᠠ ᠲᠣᠭᠣᠭ᠎ᠠ ᠠᠷᠪᠠᠢ ᠪᠤᠭᠤᠳᠠᠢ ᠠᠷᠠᠯᠵᠢᠬᠤ ᠬᠥᠮᠦᠨ ᠣᠯᠳᠠᠭᠰᠠᠨ ᠦᠭᠡᠢ᠃                         
           ᠲᠦᠮᠡᠨ ᠣᠯᠠᠨ ᠲᠤᠯᠤᠮ ᠲᠠᠢ ᠠᠯᠲᠠ ᠪᠠᠨ ᠢᠳᠡ ᠭᠡᠳ ᠶᠡᠷᠦ ᠬᠠᠯᠭᠠᠭᠰᠠᠨ ᠦᠭᠡᠢ᠂ ᠠᠯᠲᠠ ᠬᠤᠪᠢᠯᠵᠠ ᠰᠣᠷᠣᠵᠤ᠂ ᠮᠥᠩᠭᠥᠨ ᠮᠣᠭᠠᠢ ᠪᠠᠭᠠᠯᠵᠠᠭᠤᠷᠳᠠᠨ᠎ᠠ ᠪᠣᠢ ᠴᠢᠮ᠎ᠠ ᠶ᠋ᠢ ᠭᠡᠳ ᠠᠯᠢ ᠪᠠᠢᠳᠠᠭ ᠢ᠋ᠶ᠋ᠠᠨ ᠳᠡᠭᠡᠷᠡᠮᠳᠡᠭᠦᠯᠦᠭᠰᠡᠨ ᠣᠯᠠᠨ ᠰᠢᠳᠦ ᠵᠠᠭᠤᠨ ᠬᠠᠭᠠᠨ ᠢ᠋ᠶ᠋ᠠᠨ ᠵᠠᠨᠤᠭᠰᠠᠨ ᠨᠢ ᠲᠡᠷᠡ ᠶᠤᠮᠰᠠᠨᠵᠠᠢ᠂ ᠲᠦᠳᠡᠯ ᠦᠭᠡᠢ ᠰᠢᠨᠤᠯᠲᠤ ᠬᠠᠭᠠᠨ ᠤ᠋ ᠬᠣᠳᠣᠭᠣᠳᠣ ᠬᠣᠩᠬᠣᠯᠵᠠᠵᠤ᠂ ᠨᠢᠳᠦ ᠨᠢ ᠪᠦᠷᠦᠯᠵᠡᠵᠦ ᠡᠬᠢᠯᠡᠪᠡ᠃ ᠲᠡᠭᠡᠩᠭᠦᠲᠡ ᠣᠷᠳᠣᠨ ᠳ᠋ᠤ᠌ ᠪᠠᠨ ᠣᠷᠣᠭᠠᠳ ᠰᠠᠩ ᠤ᠋ᠨ ᠢ᠋ᠶ᠋ᠠᠨ ᠬᠠᠭᠠᠯᠭ᠎ᠠ ᠶ᠋ᠢ ᠨᠡᠭᠡᠭᠡᠵᠦ ᠬᠠᠶᠠᠭᠠᠳ᠂                    
           — ᠠᠷᠠᠳ ᠣᠯᠠᠨ ᠮᠢᠨᠢ ᠠᠯᠲᠠ ᠠ᠋ᠴᠠ ᠳᠤᠷ᠎ᠠ ᠪᠠᠷ ᠠᠪᠴᠤ ᠭᠠᠭᠴᠠ ᠲᠥᠯᠥᠭᠡ ᠭᠠᠭᠴᠠ ᠰᠢᠭᠤᠳᠠᠢ ᠠᠷᠪᠠᠢ ᠦᠭᠭᠦᠭᠡᠴᠢ ᠭᠡᠮᠡᠨ ᠬᠠᠰᠬᠢᠷᠴᠤ ᠭᠠᠷᠤᠯ᠎ᠠ᠂ ᠨᠢᠭᠡ ᠴᠦ᠍ ᠬᠥᠮᠦᠨ ᠢᠷᠡᠭᠰᠡᠨ ᠦᠭᠡᠢ᠂ ᠨᠢᠭᠡ ᠴᠦ᠍ ᠬᠥᠮᠦᠨ ᠳᠤᠤᠭᠠᠷᠤᠭᠰᠠᠨ ᠦᠭᠡᠢ᠂ ᠮᠠᠷᠭᠠᠰᠢ ᠥᠷᠯᠥᠭᠡ ᠨᠢ  ᠬᠠᠭᠠᠯᠭ᠎ᠠ ᠪᠠᠨ ᠨᠡᠬᠡᠭᠡᠳ᠂                     
           — ᠠᠷᠠᠳ ᠤ᠋ᠳ ᠠ᠋᠂ ᠠᠯᠲᠠ ᠮᠥᠩᠭᠥ ᠪᠡᠨ ᠠᠶᠠᠭ᠎ᠠ ᠭᠤᠯᠢᠷ ᠢ᠋ᠶ᠋ᠠᠷ ᠥᠭᠭᠦᠯ᠎ᠡ ᠰᠢᠦ ᠠᠪᠲᠤᠭᠠᠢ᠂ ᠠᠪᠲᠤᠭᠠᠢ ᠭᠡᠲᠡᠯ᠎ᠡ ᠪᠠᠰᠠ ᠯᠠ ᠲᠣᠭᠣᠭᠰᠠᠨ ᠦᠭᠡᠢ᠂ ᠬᠠᠷᠠᠭᠰᠠᠨ ᠴᠤ᠌ ᠦᠭᠡᠢ᠃                        
   ᠮᠠᠷᠭᠠᠰᠢ ᠨᠢ ᠨᠢᠳᠦ ᠨᠢ ᠭᠠᠷᠠᠬᠠᠯᠠᠵᠤ᠂ ᠭᠡᠳᠡᠰᠦ ᠨᠢ ᠬᠣᠩᠬᠣᠯᠵᠠᠭᠰᠠᠨ ᠰᠢᠨᠤᠯᠲᠤ ᠬᠠᠭᠠᠨ᠂                     
           — ᠪᠦᠬᠦ ᠬᠥᠷᠥᠩᠭᠡ ᠪᠡᠨ ᠪᠦᠬᠦ ᠠᠯᠲᠠ ᠮᠥᠩᠭᠥ ᠪᠡᠨ ᠵᠢᠰᠦᠮ ᠲᠠᠯᠬ᠎ᠠ ᠪᠠᠷ ᠥᠭᠭᠦᠯ᠎ᠡ ᠰᠢᠦ ᠭᠡᠮᠡᠨ ᠪᠠᠷᠬᠢᠷᠠᠵᠤ ᠭᠠᠷᠴᠤ ᠭᠡᠨ᠎ᠡ᠃                     
          ᠭᠡᠲᠡᠯ᠎ᠡ ᠭᠠᠩᠭ᠎ᠠ ᠶ᠋ᠢᠨ ᠬᠠᠯᠠᠭᠤᠨ ᠳ᠋ᠤ᠌ ᠬᠠᠷᠠᠰᠢᠵᠤ ᠶᠠᠳᠠᠷᠠᠭᠰᠠᠨ ᠣᠯᠠᠨ ᠠᠯᠲᠠ ᠮᠥᠩᠭᠥ ᠶ᠋ᠢ ᠢᠳᠡᠯᠲᠡᠢ ᠨᠢ ᠪᠢᠰᠢ᠂ ᠠᠩᠭᠠᠭᠰᠠᠨ ᠮᠠᠯ ᠳ᠋ᠤ᠌ ᠪᠠᠨ ᠥᠭᠭᠦᠯᠲᠡᠢ ᠨᠢ ᠪᠢᠰᠢ᠂ ᠠᠷᠪᠠᠢ ᠪᠤᠭᠤᠳᠠᠢ ᠶ᠋ᠢᠨ ᠦᠷ᠎ᠡ ᠪᠣᠯᠭᠠᠬᠤ ᠴᠤ᠌ ᠪᠢᠰᠢ ᠭᠡᠳ ᠶᠡᠷᠦ ᠲᠣᠭᠣᠭᠰᠠᠨ ᠦᠭᠡᠢ᠂ ᠲᠡᠢᠨ ᠬᠦ ᠰᠢᠨᠤᠯᠲᠤ ᠬᠠᠭᠠᠨ ᠠᠯᠲᠠ ᠮᠥᠩᠭᠥᠨ ᠣᠷᠳᠣᠨ ᠳ᠋ᠤ᠌ ᠪᠠᠨ ᠥᠯᠪᠡᠷᠴᠦ ᠦᠬᠦᠵᠡᠢ᠃ ᠦᠬᠦᠭᠰᠡᠨ ᠦ᠌ ᠬᠢᠨᠢ ᠳᠠᠷᠠᠭ᠎ᠠ ᠬᠠᠷᠢᠨ ᠠᠷᠠᠳ ᠣᠯᠠᠨ ᠰᠢᠨᠤᠯᠲᠠ ᠨᠤᠭᠤᠳ ᠦᠶ᠎ᠡ ᠶ᠋ᠢᠨ ᠦᠶ᠎ᠡ ᠳ᠋ᠦ᠍ ᠮᠡᠳᠡᠲᠦᠭᠡᠢ ᠭᠡᠮᠡᠨ ᠠᠯᠲᠠᠨ ᠣᠷᠳᠣᠨ ᠤ᠋ ᠬᠢᠨᠢ ᠳᠣᠪᠵᠢᠶᠠᠨ ᠳᠡᠭᠡᠷ᠎ᠡ《 ᠠᠯᠲᠠ ᠮᠥᠩᠭᠥ ᠪᠣᠯ ᠴᠢᠯᠠᠭᠤ᠂ ᠠᠷᠪᠠᠢ ᠪᠤᠭᠤᠳᠠᠢ ᠪᠣᠯ ᠠᠮᠢᠳᠤᠷᠠᠯ》 ᠭᠡᠮᠡᠨ ᠰᠡᠢᠯᠵᠦ ᠦᠯᠡᠳᠡᠭᠡᠭᠰᠡᠨ ᠭᠡᠳᠡᠭ                    
         ᠦᠰᠦᠭ ᠠᠮᠢᠯᠠᠭᠤᠯᠤᠭᠴᠢ᠄ ᠠᠯᠲᠠᠨᠴᠢᠮᠡᠭ         
         ᠬᠢᠨᠠᠭᠴᠢ᠄ ᠤᠤᠭᠠᠨᠵᠢᠳ