ᠭᠡᠷ ᠨᠤᠲᠤᠭ ᠬᠣᠶᠠᠷ ᠮᠢᠨᠢ -ᠰᠣᠶᠣᠯᠲᠤГэр нутаг хоёр минь-Соёлт
ᠭᠡᠷ ᠨᠤᠲᠤᠭ ᠬᠣᠶᠠᠷ ᠮᠢᠨᠢ
ᠦᠭᠡ ᠂ ᠠᠶ᠎ᠠ ᠄ ᠭᠠᠳᠠᠨᠰᠠᠩᠪᠤ
ᠳᠠᠭᠤᠴᠢᠨ ᠄ ᠰᠣᠶᠣᠯᠲᠤ
ᠮᠣᠷᠢᠨ ᠬᠤᠭᠤᠷ ᠤ᠋ᠨ ᠬᠠᠪᠰᠤᠷᠤᠯ ᠄ ᠮᠢᠩᠭᠠᠳ ᠂ ᠪᠠᠶᠠᠷ
ᠠᠭᠯᠠᠭ ᠥᠨᠳᠥᠷ ᠠᠪᠠᠭ᠎ᠠ ᠬᠠᠢᠷᠬᠠᠨ
ᠠᠪᠤᠷᠠᠯᠲᠤ ᠬᠤᠲᠤᠭᠲᠤ ᠶ᠋ᠢᠨ ᠮᠢᠨᠢ ᠰᠢᠲᠦᠭᠡᠨ ᠠᠭᠤᠯᠠ ᠬᠦᠢ
ᠠᠯᠲᠠᠲᠤ ᠶ᠋ᠢᠨ ᠠᠭᠤᠯᠠ ᠮᠠᠩᠬᠠᠲᠤ ᠶ᠋ᠢᠨ ᠡᠩᠭᠡᠷ
ᠠᠳᠤᠭᠤ ᠪᠠᠨ ᠮᠠᠨᠠᠭᠰᠠᠨ ᠠᠪᠤ ᠶ᠋ᠢᠨ ᠮᠢᠨᠢ ᠨᠤᠲᠤᠭ
ᠬᠠᠯᠭᠢᠯᠠᠭᠠᠳ ᠪᠠᠢᠨ᠎ᠠ ᠳᠠ ᠬᠠᠬᠢᠷ ᠤ᠋ᠨ ᠭᠣᠣᠯ
ᠬᠠᠲᠤᠨ ᠡᠵᠢ ᠶ᠋ᠢᠨ ᠮᠢᠨᠢ ᠤᠤᠭᠤᠭᠰᠠᠨ ᠤᠰᠤ
ᠬᠠᠯᠢᠭᠤᠷᠠᠭᠠᠳ ᠪᠠᠢᠨ᠎ᠠ ᠳᠠ ᠬᠥᠪ ᠦ᠋ᠨ ᠲᠠᠯ᠎ᠠ
ᠬᠠᠢᠷᠠᠲᠠᠢ ᠲᠦᠮᠡᠨ ᠦ᠌ ᠮᠢᠨᠢ ᠵᠠᠶᠠᠭᠠᠲᠠᠢ ᠨᠤᠲᠤᠭ
ᠭᠡᠭᠡᠨ ᠬᠤᠪᠢᠯᠭᠠᠨ ᠨᠢ ᠵᠠᠯᠠᠷᠠᠭᠠᠳ ᠪᠠᠭᠤᠭᠰᠠᠨ
ᠭᠡᠭᠡᠨ ᠣᠯᠣᠮ ᠤ᠋ᠨ ᠤᠰᠤᠨ ᠤ᠋ ᠬᠢᠨᠢ ᠲᠤᠩᠭᠠᠯᠠᠭ
ᠭᠡᠮᠦᠷᠲᠡᠯᠡ ᠰᠡᠮᠡᠷᠡᠲᠡᠯᠡ ᠰᠠᠨᠠᠭᠳᠠᠭᠠᠳ ᠪᠠᠢᠳᠠᠭ ᠨᠢ
ᠭᠡᠷ ᠯᠡ ᠨᠤᠲᠤᠭ ᠬᠣᠶᠠᠷ ᠬᠦᠢ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
