ᠲᠣᠬᠣᠨᠢᠭᠤᠯᠤᠯ-ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ2Тохинуулал

ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ2
ᠬᠣᠯᠠ ᠶ᠋ᠢᠨ ᠲᠡᠷᠡ ᠵᠢᠵᠢᠭᠬᠡᠨ ᠲᠣᠰᠬᠣᠨ ᠤ᠋ ᠬᠡᠰᠠᠩᠬᠡᠨ ᠭᠠᠵᠠᠷ
ᠬᠡᠳᠦᠨ ᠦᠶ᠎ᠡ ᠬᠥᠮᠦᠨ ᠦ᠌ ᠰᠡᠳᠬᠢᠯ ᠦ᠋ᠨ ᠬᠥᠪᠴᠢ ᠶ᠋ᠢ ᠲᠠᠲᠠᠭᠰᠠᠭᠠᠷ ᠢᠷᠡᠪᠡ᠃
ᠬᠥᠰᠢᠶ᠎ᠡ ᠪᠣᠰᠬᠠᠪᠠᠯ ᠵᠣᠬᠢᠨ᠎ᠠ ᠭᠡᠵᠦ ᠪᠦᠭᠦᠳᠡᠭᠡᠷ ᠢ᠋ᠶ᠋ᠡᠨ ᠬᠡᠯᠡᠯᠴᠡᠨ᠎ᠡ
ᠬᠥᠮᠦᠨ ᠦ᠌ ᠨᠢᠭᠡ ᠨᠠᠰᠤᠨ ᠳ᠋ᠤ᠌ ᠮᠥᠩᠬᠡ ᠶ᠋ᠢᠨ ᠲᠣᠬᠣᠨᠢᠭᠤᠯᠤᠯ ᠪᠣᠯᠬᠤ ᠶᠤᠮ ᠪᠢᠰᠢᠦ
ᠤᠷᠲᠤ ᠬᠠᠷᠰᠢ ᠶ᠋ᠢᠨ ᠨᠠᠮ ᠬᠢᠴᠢᠶᠡᠩᠭᠦᠢ ᠶ᠋ᠢ ᠪᠣᠳᠣᠳᠠᠭ ᠴᠤ᠌ ᠪᠣᠢ᠂
ᠡᠴᠦᠰᠯᠡᠯ ᠦ᠋ᠨ ᠢ᠋ᠶ᠋ᠡᠨ ᠠᠮᠤᠷ ᠰᠡᠯᠡᠭᠦᠦ ᠶ᠋ᠢ ᠬᠦᠰᠡᠳᠡᠭ ᠴᠦ᠍ ᠪᠣᠢ᠃
ᠥᠴᠥᠭᠡᠳᠦᠷ ᠦ᠋ᠨ ᠪᠠᠷ᠎ᠠ ᠳ᠋ᠠᠭᠠᠨ ᠪᠠᠢᠬᠤ ᠶ᠋ᠢ ᠡᠷᠡᠮᠡᠯᠵᠡᠳᠡᠭ ᠴᠦ᠍ ᠪᠣᠢ
ᠥᠴᠦᠬᠡᠨ ᠲᠣᠰᠬᠣᠨ ᠤ᠋ ᠵᠣᠪᠠᠨᠢᠯ ᠶᠡᠷᠦ ᠣᠯᠠᠨ ᠴᠤ᠌ ᠪᠠᠢᠳᠠᠭ᠃
ᠬᠡᠨ ᠪᠣᠳᠣᠵᠤ ᠣᠯᠬᠤ ᠪᠣᠢ ᠵᠣᠷᠢᠭ ᠶᠡᠬᠡᠲᠡᠢ ᠨᠢᠭᠡ ᠬᠣᠬᠡᠳᠯᠢᠭ ᠳᠠᠭᠤ
ᠬᠥᠮᠦᠰ ᠦ᠋ᠨ ᠳᠤᠮᠳᠠᠬᠢ ᠬᠡᠯᠡ ᠮᠠᠷᠭᠤᠭᠠᠨ ᠳ᠋ᠤ᠌ ᠳᠠᠭᠠᠷᠢᠨ ᠣᠷᠣᠵᠤ ᠢᠷᠡᠪᠡ᠃
ᠰᠤᠷᠭᠠᠭᠤᠯᠢ ᠪᠠᠢᠭᠤᠯᠤᠶ᠎ᠠ ᠠᠭᠤᠯᠠᠨ ᠲᠣᠰᠬᠣᠨ ᠤ᠋ ᠬᠡᠦᠬᠡᠳ ᠦ᠋ᠳ
ᠰᠠᠷᠠᠭᠤᠯ ᠢᠷᠡᠭᠡᠳᠦᠢ ᠲᠡᠰᠢ ᠲᠡᠮᠡᠦᠯᠬᠦ ᠳ᠋ᠦ᠍ ᠱᠠᠲᠤ ᠲᠠᠢ ᠪᠣᠯᠬᠤ ᠪᠢᠰᠢᠦ!
ᠲᠡᠭᠦᠨ ᠢ᠋ ᠬᠤ᠌ ᠽᠠᠢ ᠨᠢ ᠭᠡᠳᠡᠭ ᠠᠯᠢᠢᠨ ᠭᠡᠳᠡᠭ
ᠲᠦᠨᠡᠷ ᠬᠣᠯᠠ ᠠᠭᠤᠯᠠᠨ ᠲᠣᠰᠬᠣᠨ ᠤ᠋ ᠬᠦᠰᠡᠯ ᠴᠦ᠍ ᠭᠡᠳᠡᠭ᠃
ᠠᠭᠰᠢᠷᠠᠭ᠎ᠠ ᠨᠠᠰᠤᠲᠠᠨ ᠠᠲᠠᠷ ᠬᠥᠮᠦᠰ ᠦ᠋ᠳ ᠠᠯᠢ ᠨᠢ ᠴᠦ᠍ ᠭᠡᠰᠡᠨ
ᠡᠨᠡ ᠳᠠᠭᠤᠨ ᠳ᠋ᠤ᠌ ᠰᠡᠳᠬᠢᠯ ᠵᠢᠷᠦᠬᠡ ᠨᠢ ᠡᠮᠵᠡᠭᠯᠡᠭᠳᠡᠨᠡ ᠪᠢᠯᠡ᠃
ᠥᠩᠭᠡᠷᠡᠨ ᠣᠳᠤᠭᠰᠠᠨ ᠡᠷᠲᠡ ᠳᠡᠭᠡᠳᠦ ᠥᠪᠡᠷ ᠢ᠋ ᠪᠡᠨ ᠤᠤᠬᠠᠶ᠋ᠢᠯᠠᠨᠠ
ᠦᠨᠡᠨᠴᠢ ᠡᠨᠡ ᠬᠦᠰᠡᠯ ᠠᠭᠤᠯᠠ ᠶ᠋ᠢᠨ ᠬᠡᠦᠬᠡᠨ ᠡᠴᠡ ᠢᠷᠡᠨ᠎ᠡ ᠪᠢᠯᠡ᠃
ᠠᠯᠳᠠᠭᠰᠠᠨ ᠢ᠋ᠶ᠋ᠠᠨ ᠳᠠᠬᠢᠨ ᠣᠯᠵᠤ ᠢᠷᠡᠬᠦ ᠪᠡᠷᠬᠡ ᠪᠣᠢ ᠳᠠ
ᠥᠩᠭᠡᠷᠡᠭᠰᠡᠨ ᠦ᠌ ᠵᠠᠮ ᠮᠥᠷ ᠡᠷᠭᠢᠵᠦ ᠦᠯᠦ ᠲᠣᠬᠢᠶᠠᠯᠳᠤᠨ᠎ᠠ᠃
ᠰᠥᠨᠢ ᠶ᠋ᠢᠨ ᠬᠥᠰᠢᠭᠡ ᠦᠷ ᠦ᠋ᠨ ᠬᠢᠷᠠᠭ᠎ᠠ ᠳᠠᠰᠢ ᠲᠡᠮᠡᠦᠯᠦᠨ᠎ᠡ
ᠰᠦᠷᠲᠡᠢ ᠲᠡᠢ ᠶᠡᠬᠡ ᠠᠶᠤᠩᠭ᠎ᠠ ᠶ᠋ᠢᠨ ᠨᠢᠵᠢᠭᠢᠨᠡᠯᠲᠡ ᠳ᠋ᠦ᠍ ᠰᠡᠭᠦᠷᠡᠰᠦ ᠠᠯᠳᠠᠬᠤ ᠶᠠᠭᠤᠨ!
ᠡᠮᠦᠨᠡᠬᠢ ᠵᠠᠮ ᠮᠥᠷ ᠪᠠᠰᠠ ᠬᠣᠯᠠ ᠠ᠋ᠴᠠ ᠬᠣᠯᠠ ᠪᠠᠢᠭᠰᠠᠭᠠᠷ
ᠣᠨ ᠰᠠᠷ᠎ᠠ ᠭᠡᠭᠡᠪᠴᠢ ᠶ᠋ᠢᠨ ᠭᠠᠳᠠᠨ᠎ᠠ ᠬᠠᠤᠬᠢᠯᠠᠨ ᠤᠭᠤᠬᠢᠯᠠᠨᠠ᠃
ᠠᠭᠤᠯᠠ ᠲᠣᠰᠬᠣᠨ ᠡᠢᠮᠦ ᠯᠡ ᠰᠢᠬᠠᠭᠤ ᠲᠡᠢᠮᠦ ᠯᠠ ᠢᠪᠴᠤᠤ
ᠡᠪᠡᠰᠦ ᠮᠣᠳᠣ ᠠᠮᠢᠰᠬᠤᠬᠤ ᠠᠭᠤᠳᠠᠮ ᠴᠤ᠌ ᠭᠠᠵᠠᠷ ᠲᠠᠢ ᠪᠣᠯᠤᠭᠠᠰᠠᠢ ᠃
ᠵᠢᠷᠦᠬᠡᠨ ᠡᠴᠡ ᠣᠨᠳᠣᠷᠤᠭᠰᠠᠨ ᠨᠢᠯᠪᠤᠰᠤ ᠮᠢᠨᠢ ᠪᠤᠯᠠᠭ ᠪᠤᠯᠤᠨ ᠤᠷᠤᠰᠤᠭᠠᠰᠠᠢ᠃
ᠮᠠᠷᠭᠠᠰᠢ ᠶ᠋ᠢᠨ ᠡᠯᠴᠢ ᠪᠡᠨ ᠤᠯᠠ ᠰᠠᠢᠲᠠᠢ ᠪᠣᠯᠭᠠᠬᠤ ᠶᠤᠮ ᠭᠡᠵᠢ᠂
ᠮᠡᠯᠡᠢᠭᠰᠡᠨ ᠣᠢ ᠦᠷ ᠦ᠋ᠨ ᠲᠤᠶᠠᠭ᠎ᠠ ᠶ᠋ᠢ ᠦᠯᠡᠳᠡᠭᠡᠨ ᠬᠣᠴᠣᠷᠭᠠᠬᠤ ᠪᠣᠢ᠃
ᠠᠭᠤᠯᠠᠨ ᠲᠣᠰᠬᠣᠨ ᠨᠢᠭᠡ ᠦᠨᠳᠦᠰᠦᠲᠡᠨ ᠦ᠌ ᠪᠠᠶᠠᠷ ᠪᠠᠶᠠᠰᠤᠯ ᠢ᠋ ᠡᠭᠦᠷᠭᠡᠯᠡᠨ
ᠣᠷᠴᠢᠯᠠᠩ ᠤ᠋ᠨ ᠬᠥᠮᠦᠨ ᠯᠦᠭᠡ ᠰᠢᠨ᠎ᠡ ᠡᠷᠢᠨ ᠳ᠋ᠦ᠍ ᠠᠯᠬᠤᠨ ᠣᠷᠣᠨ᠎ᠠ᠃
ᠵᠡᠭᠦᠯᠲᠡ᠄
ᠲᠤᠰ ᠰᠢᠯᠦᠭ ᠢ᠋《 ᠯᠠᠨᠵᠧᠦ ᠶ᠋ᠢᠨ ᠣᠷᠣᠢ ᠶ᠋ᠢᠨ ᠰᠣᠨᠢᠨ》 ᠠ᠋ᠴᠠ ᠰᠣᠩᠭᠣᠪᠠ᠃ ᠵᠣᠬᠢᠶᠠᠭᠴᠢ ᠨᠢ ᠳ᠋ᠦᠩᠰᠢᠶᠠᠩ ᠦᠨᠳᠦᠰᠦᠲᠡᠨ ᠦ᠌ ᠪᠢᠴᠢᠭ ᠦ᠋ᠨ ᠤᠷᠠᠨ ᠵᠣᠬᠢᠶᠠᠯ ᠤ᠋ᠨ ᠦᠨᠳᠦᠰᠦᠯᠩᠴᠢ᠂ ᠭᠣᠣᠯ ᠲᠦᠯᠦᠭᠡᠯᠩᠴᠢ᠂ ᠠᠯᠳᠠᠷᠲᠤ ᠰᠢᠯᠦᠭᠴᠢ᠂ ᠭᠠᠨᠰᠦ ᠮᠣᠵᠢ ᠶ᠋ᠢᠨ ᠤᠳᠬ᠎ᠠ ᠤᠷᠠᠯᠢᠭ ᠤ᠋ᠨ ᠬᠣᠯᠪᠣᠭᠠᠨ ᠤ᠋ ᠳᠡᠳ᠋ ᠲᠡᠷᠢᠭᠦᠯᠡᠭᠴᠢ ᠸᠠᠩ ᠢᠦᠢ ᠯᠢᠶᠠᠩ ᠶᠤᠮ᠃ ᠮ᠂ ᠥᠨᠢᠤ᠋ᠯᠠᠭᠠᠨ ᠣᠷᠴᠢᠭᠤᠯᠪᠠ᠃
ᠦᠰᠦᠭ ᠠᠮᠢᠯᠠᠭᠤᠯᠤᠭᠴᠢ ᠄ ᠲᠣᠭᠲᠠᠭᠤᠨ᠂ ᠮᠢᠬᠤᠸᠠᠷ᠂ ᠣᠳᠬᠠᠨᠴᠡᠴᠡᠭ ᠂ ᠪᠥᠷᠢᠠᠴᠠᠴᠡᠭ᠂ ᠣᠶᠤᠨᠴᠢᠮᠡᠭ᠂ ᠨᠠᠷᠠᠨᠲᠣᠭᠣᠰ᠂ ᠠ᠊· ᠴᠠᠭᠠᠨ
ᠬᠢᠨᠠᠭᠴᠢ ᠪᠠᠭᠰᠢ᠄ ᠣᠳᠬᠠᠨᠰᠣ᠎ᠠ᠂ ᠲᠣᠳᠣᠭᠡᠷᠡᠯ᠂ ᠣᠳᠬᠠᠨᠴᠡᠴᠡᠭ᠂ ᠲᠣᠭᠲᠠᠭᠤᠨ᠂ ᠮᠢᠬᠤᠸᠠᠷ
