ᠴᠡᠴᠡᠨ ᠪᠣᠯᠤᠨ ᠯᠠᠪᠠᠢ ᠶ᠋ᠢᠨ ᠦᠯᠢᠭᠡᠷ-ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ1 Цэцэн болон лавайн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠨ ᠪᠣᠯᠤᠨ ᠯᠠᠪᠠᠢ ᠶ᠋ᠢᠨ ᠦᠯᠢᠭᠡᠷ-ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ1 Цэцэн болон лавайн үлгэр

ᠴᠡᠴᠡᠨ ᠪᠣᠯᠤᠨ ᠯᠠᠪᠠᠢ ᠶ᠋ᠢᠨ ᠦᠯᠢᠭᠡᠷ-ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ1 Цэцэн болон лавайн үлгэр

ᠠᠩᠭᠢᠯᠠᠯ:ᠳᠣᠮᠣᠭ ᠦᠯᠢᠭᠡᠷ
2025-05-28

463

ᠴᠡᠴᠡᠨ ᠪᠣᠯᠤᠨ ᠯᠠᠪᠠᠢ ᠶ᠋ᠢᠨ ᠦᠯᠢᠭᠡᠷ-ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ1

     ᠳ᠋ᠦᠩᠰᠢᠶᠠᠩ ᠦ᠋ᠳ ᠤ᠋ᠨ ᠨᠤᠲᠤᠭᠰᠢᠨ ᠰᠠᠭᠤᠭ᠎ᠠ ᠭᠠᠷᠤᠳᠢ ᠠᠭᠤᠯᠠᠨ ᠤ᠋ ᠬᠣᠷᠮᠣᠢ ᠳ᠋ᠤ᠌ ᠴᠡᠴᠡᠨ ᠯᠠᠪᠠᠢ ᠭᠡᠳᠡᠭ( ᠰᠠᠢᠷᠭᠠᠯ) ᠭᠠᠵᠠᠷ ᠪᠣᠢ᠃ ᠡᠨᠡ ᠭᠠᠵᠠᠷ ᠲᠣᠭᠣᠷᠢᠭᠠᠳ ᠠᠭᠤᠯᠠ ᠲᠠᠢ᠂ ᠳᠤᠮᠳᠠ ᠪᠠᠨ ᠪᠣᠯ ᠬᠤᠯᠤ ᠶ᠋ᠢᠨ ᠬᠡᠯᠪᠡᠷᠢᠲᠦ ᠵᠢᠵᠢᠭᠬᠡᠨ ᠬᠣᠲᠣᠭᠣᠷ ᠭᠠᠵᠠᠷ ᠮᠥᠨ᠃ ᠡᠪᠦᠭᠡᠳ ᠦ᠋ᠨ ᠬᠡᠯᠡᠬᠦ ᠪᠡᠷ ᠥᠩᠭᠡᠷᠡᠭᠰᠡᠨ ᠳ᠋ᠦ᠍ ᠡᠨᠳᠡ ᠲᠣᠯᠢ ᠮᠡᠲᠦ ᠭᠡᠭᠡᠨ ᠲᠤᠩᠭᠠᠯᠠᠭ ᠨᠠᠭᠤᠷ ᠪᠠᠢᠵᠤ᠂ ᠨᠠᠭᠤᠷ ᠤ᠋ᠨ ᠪᠠᠷᠠᠭᠤᠨ ᠲᠠᠯ᠎ᠠ ᠶ᠋ᠢᠨ ᠲᠣᠰᠬᠣᠨ ᠳ᠋ᠤ᠌ ᠯᠠᠪᠠᠢ ᠭᠡᠳᠡᠭ ᠠᠵᠢᠯᠴᠢ᠂ ᠪᠠᠭᠠᠲᠤᠷ ᠮᠥᠷᠲᠡᠭᠡᠨ ᠰᠡᠴᠡᠨ ᠰᠡᠷᠭᠦᠯᠡᠩ ᠭᠣᠶᠣ ᠬᠡᠦᠬᠡᠨ ᠪᠠᠢᠵᠠᠢ ᠭᠡᠨ᠎ᠡ᠃
    ᠯᠠᠪᠠᠢ ᠬᠡᠦᠬᠡᠨ ᠶᠠᠮᠠᠷ ᠴᠤ᠌ ᠠᠵᠢᠯ ᠢ᠋ ᠭᠡᠳ ᠪᠦᠷ ᠣᠨᠴᠠ ᠴᠢᠳᠠᠮᠠᠭᠠᠢ ᠬᠢᠵᠦ ᠴᠢᠳᠠᠬᠤ ᠲᠤᠯᠠ ᠠᠪᠤ ᠡᠵᠢ ᠨᠢ ᠲᠤᠢᠯ ᠢ᠋ᠶ᠋ᠠᠷ ᠡᠩᠬᠦᠷᠡᠢᠯᠡᠨ ᠬᠠᠢᠷᠠᠯᠠᠳᠠᠭ ᠪᠠᠢᠪᠠ᠃ ᠨᠣᠶᠠᠨ ᠪᠠᠶᠠᠳ ᠤᠷᠤᠭ ᠭᠤᠶᠤᠬᠤ ᠪᠠᠷ ᠢᠷᠡᠬᠦ ᠳ᠋ᠦ᠍ ᠪᠦᠷ ᠵᠥᠪᠰᠢᠶᠡᠷᠡᠳᠡᠭ ᠦᠭᠡᠢ ᠪᠠᠢᠵᠤ᠄《ᠬᠡᠦᠬᠡᠨ ᠡᠴᠡ ᠮᠢᠨᠢ ᠠᠰᠠᠭᠤᠭᠠᠷᠠᠢ》 ᠭᠡᠳᠡᠭ ᠪᠠᠢᠪᠠ᠃ ᠯᠠᠪᠠᠢ ᠬᠡᠦᠬᠡᠨ ᠲᠡᠳᠡᠨᠦᠰ ᠦ᠋ᠨ ᠨᠡᠷ᠎ᠡ ᠶ᠋ᠢ ᠨᠢ ᠰᠣᠨᠣᠰᠬᠤ ᠲᠠᠢ ᠵᠡᠷᠭᠡ ᠲᠣᠯᠣᠭᠠᠢ ᠰᠡᠭᠰᠦᠷᠴᠦ ᠬᠥᠮᠥᠰᠬᠡ ᠵᠠᠩᠭᠢᠳᠤᠨ ᠴᠢᠬᠢ ᠪᠡᠨ ᠳᠠᠷᠤᠭᠠᠳ ᠠᠮᠠ ᠪᠠᠨ ᠨᠡᠭᠡᠭᠡᠳᠡᠭ ᠦᠭᠡᠢ᠃
     ᠨᠢᠭᠡᠨ ᠡᠳᠦᠷ ᠠᠯᠤᠰ ᠬᠣᠯᠠ ᠠ᠋ᠴᠠ ᠴᠡᠴᠡᠨ ᠭᠡᠳᠡᠭ ᠠᠷᠤᠤᠬᠠᠨ ᠬᠡᠭᠡᠨᠴᠢᠷ ᠮᠥᠷᠲᠡᠭᠡᠨ ᠢᠷᠮᠡᠭᠦᠨ ᠭᠠᠪᠰᠢᠭᠠᠢ ᠵᠠᠯᠠᠭᠤ ᠢᠷᠡᠪᠡ᠃ ᠴᠡᠴᠡᠨ ᠮᠣᠷᠢ ᠤᠨᠤᠵᠤ ᠨᠤᠮᠤ ᠰᠠᠭᠠᠳᠠᠭ ᠢ᠋ᠶ᠋ᠠᠨ ᠡᠭᠦᠷᠦᠨ᠂ ᠲᠣᠬᠣᠢ ᠳ᠋ᠠᠭᠠᠨ ᠨᠢᠭᠡ ᠡᠷᠡᠯᠬᠡᠭ ᠪᠦᠷᠭᠦᠳ ᠠᠪᠴᠤ ᠶᠠᠪᠤᠭ᠎ᠠ ᠪᠢᠯᠡ᠃
       ᠬᠤᠷᠴᠠ ᠰᠡᠷᠭᠦᠯᠡᠩ ᠴᠡᠴᠡᠨ ᠵᠠᠯᠠᠭᠤ ᠬᠡᠷᠬᠢᠨ ᠤᠷᠤᠭ ᠭᠤᠶᠤᠬᠤ ᠶ᠋ᠢ ᠮᠡᠳᠡᠵᠦ ᠪᠠᠢᠬᠤ ᠶᠤᠮ᠃ ᠲᠡᠷᠡ ᠮᠣᠷᠢᠨ ᠠ᠋ᠴᠠ ᠪᠠᠨ ᠪᠠᠭᠤᠨ᠂ ᠯᠠᠪᠠᠢ ᠶ᠋ᠢᠨ ᠬᠣᠨᠢ ᠪᠡᠯᠴᠢᠵᠦ ᠪᠠᠢᠭ᠎ᠠ ᠵᠦᠯᠭᠡᠨ ᠳ᠋ᠦ᠍ ᠢᠷᠡᠭᠡᠳ᠂ ᠬᠣᠯᠠ ᠶ᠋ᠢᠨ ᠠᠭᠤᠯᠠ ᠶ᠋ᠢ ᠪᠠᠷᠠᠯᠠᠭᠰᠠᠨ ᠢ᠋ᠶ᠋ᠠᠨ ᠪᠦᠷᠭᠦᠳ ᠢ᠋ᠶ᠋ᠡᠨ ᠲᠠᠯᠪᠢᠵᠤ ᠶᠠᠪᠤᠭᠤᠯᠤᠭᠰᠠᠨ᠎ᠠ᠂ ᠥᠨᠥᠬᠢ ᠪᠦᠷᠭᠦᠳ ᠬᠣᠶᠠᠷ ᠴᠢᠨᠳᠠᠭ᠎ᠠ ᠪᠠᠷᠢᠵᠤ ᠠᠪᠴᠢᠷᠠᠪᠠ᠃ ᠴᠡᠴᠡᠨ ᠵᠠᠯᠠᠭᠤ ᠲᠠᠤᠯᠠᠢ ᠶ᠋ᠢ ᠯᠠᠪᠠᠢ ᠶ᠋ᠢᠨ ᠬᠥᠯ ᠳᠣᠣᠷ᠎ᠠ ᠲᠠᠯᠪᠢᠯ᠎ᠠ᠃ ᠭᠡᠪᠡᠴᠦ ᠯᠠᠪᠠᠢ ᠣᠢᠰᠢᠶᠠᠭᠰᠠᠨ ᠴᠤ᠌ ᠦᠭᠡᠢ᠃ ᠶᠠᠭ ᠡᠨᠡ ᠦᠶᠡᠰ ᠲᠦ ᠬᠥᠬᠡ ᠣᠭᠲᠠᠷᠭᠤᠢ ᠳ᠋ᠤ᠌ ᠨᠢᠭᠡ ᠮᠥᠷ ᠬᠣᠩᠭᠣᠷ ᠭᠠᠯᠠᠭᠤ ᠭᠠᠩᠭᠠᠷ ᠭᠣᠩᠭᠣᠷ ᠳᠣᠩᠭᠣᠳᠤᠭᠰᠠᠭᠠᠷ ᠨᠢᠰᠦᠨ ᠭᠠᠷᠤᠯ᠎ᠠ᠃ ᠴᠡᠴᠡᠨ ᠳᠣᠣᠷ᠎ᠠ ᠪᠠᠨ ᠨᠤᠮᠤ ᠬᠥᠪᠴᠢᠯᠡᠨ ᠤᠭᠰᠠᠷᠠᠭ᠎ᠠ ᠪᠠᠷ ᠭᠤᠷᠪᠠ ᠬᠠᠷᠪᠤᠭᠰᠠᠨ᠎ᠠ ᠭᠤᠷᠪᠠᠨ ᠬᠣᠩᠭᠣᠷ ᠭᠠᠯᠠᠭᠤ ᠯᠠᠪᠠᠢ ᠶ᠋ᠢᠨ ᠬᠠᠵᠠᠭᠤ ᠳ᠋ᠤ᠌ ᠤᠨᠠᠴᠢᠬᠠᠪᠠ᠃ ᠯᠠᠪᠠᠢ ᠮᠥᠨ ᠯᠡ ᠣᠢᠰᠢᠶᠠᠭᠰᠠᠨ ᠴᠤ᠌ ᠦᠭᠡᠢ᠃ ᠪᠠᠭ᠎ᠠ ᠤᠳᠠᠭᠠᠳ ᠯᠠᠪᠠᠢ ᠭᠡᠨᠡᠳᠲᠡ ᠪᠣᠰᠴᠤ ᠵᠣᠭᠰᠣᠭᠠᠳ ᠰᠠᠨᠳᠤᠷᠴᠤ ᠳᠥᠷᠪᠡᠨ ᠵᠦᠭ ᠢ᠋ ᠬᠠᠷᠠᠨ᠎ᠠ᠃ ᠴᠡᠴᠡᠨ ᠪᠡᠶ᠎ᠡ ᠡᠷᠭᠢᠨ ᠦᠵᠡᠪᠡᠯ᠂ ᠬᠣᠨᠢᠨ ᠰᠥᠷᠦᠭ ᠨᠢ ᠳᠥᠷᠪᠡᠨ ᠲᠠᠰᠢ ᠪᠤᠲᠠᠷᠠᠭᠠᠳ᠂ ᠨᠢᠭᠡ ᠪᠣᠷᠣ ᠴᠢᠨᠣ᠎ᠠ ᠶᠠᠭ ᠠᠭᠤᠯᠠ ᠶ᠋ᠢᠨ ᠪᠠᠯ ᠠ᠋ᠴᠠ ᠨᠠᠰᠢ ᠢᠷᠡᠯ᠎ᠡ᠃ ᠲᠡᠷᠡ ᠳᠣᠣᠷ᠎ᠠ ᠪᠠᠨ ᠮᠣᠷᠢᠨ ᠳ᠋ᠠᠭᠠᠨ ᠠᠯᠠᠪᠬᠢᠨ ᠮᠣᠷᠳᠠᠭᠠᠳ ᠨᠢᠰᠬᠦ ᠮᠡᠲᠦ ᠪᠡᠷ ᠴᠢᠨᠣ᠎ᠠ ᠶ᠋ᠢᠨ ᠵᠦᠭ ᠳᠠᠪᠬᠢᠭᠤᠯᠬᠤ ᠳ᠋ᠤ᠌ ᠥᠨᠥᠬᠢ ᠴᠢᠨᠣ᠎ᠠ ᠪᠡᠶ᠎ᠡ ᠡᠷᠭᠢᠨ ᠪᠤᠷᠤᠭᠤᠯᠠᠨ ᠳᠤᠲᠠᠭᠠᠪᠠ᠃ ᠴᠡᠴᠡᠨ ᠰᠠᠯᠤᠯ ᠦᠭᠡᠢ ᠨᠡᠬᠡᠮᠵᠢᠯᠡᠨ ᠤᠳᠠᠭᠰᠠᠨ ᠴᠤ᠌ ᠦᠭᠡᠢ ᠴᠢᠰᠤ ᠨᠥᠵᠢ ᠭᠣᠭᠣᠵᠢᠭᠤᠯᠤᠨ ᠦᠬᠦᠭᠰᠡᠨ ᠴᠢᠨᠣ᠎ᠠ ᠶ᠋ᠢ ᠠᠪᠤᠭᠠᠳ ᠢᠷᠡᠪᠡ᠃ ᠬᠡᠦᠬᠡᠨ ᠣᠳᠣ ᠠᠮᠠ ᠨᠡᠭᠡᠭᠡᠬᠦ ᠪᠣᠯᠤᠭᠰᠠᠨ ᠪᠠᠢᠯᠭᠦᠢ ᠭᠡᠵᠦ ᠴᠡᠴᠡᠨ ᠪᠣᠳᠣᠨ᠎ᠠ᠃ ᠭᠡᠲᠡᠯ᠎ᠡ ᠯᠠᠪᠠᠢ ᠬᠡᠦᠬᠡᠨ ᠴᠡᠴᠡᠨ ᠢ᠋ ᠨᠢᠭᠡ ᠬᠠᠷᠠᠵᠤ᠂ ᠰᠠᠨᠠᠭ᠎ᠠ ᠰᠡᠳᠬᠢᠯ ᠢ᠋ᠶ᠋ᠡᠨ ᠰᠠᠢᠬᠠᠨ ᠢᠯᠡᠳᠬᠡᠵᠦ ᠴᠢᠳᠠᠳᠠᠭ ᠬᠣᠣᠰ ᠨᠢᠳᠦ ᠪᠡᠨ ᠲᠣᠷᠮᠣᠯᠵᠠᠭᠤᠯᠵᠤ ᠠᠪᠤᠭᠠᠳ᠂ ᠦᠭᠡ ᠳᠠᠭᠤᠨ ᠦᠭᠡᠢ ᠪᠡᠷ ᠬᠣᠨᠢᠳ ᠢ᠋ᠶ᠋ᠠᠨ ᠳᠠᠭᠤᠨ ᠶᠠᠪᠤᠪᠠ᠃
       ᠴᠡᠴᠡᠨ ᠤᠷᠮ᠎ᠠ ᠬᠤᠭᠤᠷᠴᠤ ᠭᠣᠮᠣᠳᠠᠪᠠ᠃ ᠭᠡᠪᠡᠴᠦ ᠪᠣᠳᠣᠨ ᠪᠣᠳᠣᠭᠰᠠᠭᠠᠷ ᠭᠡᠨᠡᠳᠲᠡ᠄《ᠤᠤᠬᠠᠢ ᠳᠠ᠂ ᠯᠠᠪᠠᠢ ᠨᠠᠮᠠᠶ᠋ᠢ ᠬᠠᠷᠪᠤᠵᠤ ᠨᠠᠮᠨᠠᠬᠤ ᠶ᠋ᠢ ᠯᠡ ᠮᠡᠳᠡᠭᠡᠳ ᠠᠵᠢᠯ ᠬᠥᠳᠡᠯᠮᠦᠷᠢ ᠬᠢᠵᠦ ᠴᠢᠳᠠᠬᠤ ᠦᠭᠡᠢ ᠭᠡᠵᠦ ᠭᠣᠯᠣᠭᠰᠠᠨ ᠪᠠᠢᠬ᠎ᠠ》 ᠭᠡᠵᠦ ᠤᠬᠠᠵᠤ ᠣᠯᠪᠠ᠃ ᠲᠡᠭᠡᠭᠡᠳ ᠴᠡᠴᠡᠨ᠂ ᠯᠠᠪᠠᠢ ᠬᠡᠦᠬᠡᠨ ᠦ᠌ ᠭᠡᠷ ᠲᠦ ᠣᠴᠢᠭᠠᠳ ᠠᠵᠢᠯ ᠬᠠᠪᠰᠤᠷᠬᠤ ᠭᠡᠵᠦ ᠬᠣᠶᠠᠷ ᠨᠠᠰᠤᠲᠠᠨ ᠳ᠋ᠤ᠌ ᠳᠠᠬᠢᠨ ᠳᠠᠪᠲᠠᠨ ᠭᠤᠶᠤᠭᠰᠠᠨ ᠳ᠋ᠤ᠌᠂ ᠯᠠᠪᠠᠢ ᠶ᠋ᠢᠨ ᠠᠪᠤ ᠡᠵᠢ ᠨᠢ ᠪᠠᠶᠠᠷᠲᠠᠢ ᠪᠠᠷ ᠵᠥᠪᠰᠢᠶᠡᠷᠡᠪᠡ᠃
     ᠬᠠᠪᠤᠷ ᠪᠣᠯᠬᠤ ᠳ᠋ᠤ᠌᠂ ᠴᠡᠴᠡᠨ ᠵᠡᠭᠡᠲᠦᠦ ᠡᠭᠦᠷᠦᠭᠡᠳ ᠶᠠᠷᠢ ᠶᠢᠰᠦᠨ ᠡᠳᠦᠷ ᠦ᠋ᠨ ᠠᠲᠠᠷ ᠬᠠᠭᠠᠯᠪᠤᠷᠢᠯᠠᠭᠠᠳ ᠪᠤᠭᠤᠳᠠᠢ ᠲᠠᠷᠢᠵᠠᠢ᠃
     ᠵᠤᠨ ᠪᠣᠯᠤᠯ᠎ᠠ᠂ ᠪᠤᠭᠤᠳᠠᠢ ᠪᠣᠯᠪᠠᠰᠤᠷᠠᠯ᠎ᠠ᠃ ᠴᠡᠴᠡᠨ ᠶᠢᠰᠦᠨ ᠮᠢᠩᠭ᠎ᠠ ᠶᠢᠰᠦᠨ ᠵᠠᠭᠤᠨ ᠪᠣᠭᠣᠵᠢ ᠪᠤᠭᠤᠳᠠᠢ ᠦᠭᠲᠡᠭᠡᠵᠦ ᠣᠪᠣᠭᠠᠯᠠᠪᠠ᠃
   ᠨᠠᠮᠤᠷ ᠲᠤᠨᠢ ᠴᠡᠴᠡᠨ ᠪᠤᠯᠤ ᠬᠥᠯᠦᠭᠡᠳ ᠶᠢᠰᠦᠨ ᠡᠳᠦᠷ ᠶᠢᠰᠦᠨ ᠰᠥᠨᠢ ᠦᠳᠦᠷᠮ᠎ᠠ ᠠᠪᠤᠭᠠᠳ ᠶᠢᠰᠦᠨ ᠳ᠋ᠠᠨ ᠶᠢᠰᠦᠨ ᠳ᠋ᠧᠦ ᠪᠤᠭᠤᠳᠠᠢ ᠤᠨᠠᠭᠠᠵᠤ ᠯᠠᠪᠠᠢ ᠶ᠋ᠢᠨ ᠶᠢᠰᠦᠨ ᠬᠥᠮᠥᠷᠭᠡ ᠶ᠋ᠢ ᠳᠦᠭᠦᠷᠭᠡᠪᠡ᠃
    ᠯᠠᠪᠠᠢ ᠶ᠋ᠢᠨ ᠠᠪᠤ ᠡᠵᠢ ᠴᠡᠴᠡᠨ ᠢ᠋ ᠲᠣᠭᠣᠵᠤ ᠴᠢᠩ ᠰᠡᠳᠬᠢᠯ ᠡᠴᠡ ᠪᠡᠨ ᠪᠠᠶᠠᠷᠯᠠᠨ᠎ᠠ᠃ ᠳᠠᠬᠢᠨ ᠯᠠᠪᠠᠢ ᠬᠡᠦᠬᠡᠨ ᠢ᠋ ᠬᠠᠷᠠᠪᠠᠯ᠂ ᠲᠡᠷᠡ ᠰᠠᠨᠠᠭ᠎ᠠ ᠰᠡᠳᠬᠢᠯ ᠢ᠋ᠶ᠋ᠡᠨ ᠰᠠᠢᠬᠠᠨ ᠢᠯᠡᠳᠬᠡᠵᠦ ᠴᠢᠳᠠᠳᠠᠭ ᠬᠣᠣᠰ ᠨᠢᠳᠦ ᠪᠡᠨ ᠴᠡᠴᠡᠨ ᠦ᠌ ᠵᠦᠭ ᠬᠣᠶᠠᠷᠲᠠ ᠲᠤᠷᠮᠤᠯᠵᠠᠭᠤᠯᠵᠤ ᠠᠪᠤᠭᠠᠳ ᠥᠭᠡᠷ᠎ᠡ ᠶᠠᠭᠤ ᠴᠤ᠌ ᠳᠤᠤᠭᠠᠷᠤᠭᠰᠠᠨ ᠦᠭᠡᠢ᠃
      ᠯᠠᠪᠠᠢ ᠬᠡᠦᠬᠡᠨ ᠦ᠌ ᠰᠠᠨᠠᠭ᠎ᠠ ᠶ᠋ᠢ ᠤᠬᠠᠵᠤ ᠶᠠᠳᠠᠭᠰᠠᠨ ᠴᠡᠴᠡᠨ ᠵᠠᠯᠠᠭᠤ ᠡᠳᠦᠷ ᠲᠣᠷᠰᠢ ᠤᠷᠤᠭᠤ ᠴᠢᠷᠠᠢᠯᠠᠭᠠᠳ ᠪᠤᠬᠢᠨᠢᠳᠣᠵᠤ ᠪᠠᠢᠯ᠎ᠠ᠃ ᠨᠢᠭᠡ ᠤᠳᠠᠭ᠎ᠠ ᠯᠠᠪᠠᠢ ᠤᠰᠤ ᠳᠠᠮᠨᠠᠵᠤ ᠣᠴᠢᠬᠤ ᠳ᠋ᠤ᠌ ᠴᠡᠴᠡᠨ ᠵᠠᠯᠠᠭᠤ ᠵᠠᠮ ᠢ᠋ ᠨᠢ ᠲᠣᠰᠤᠭᠠᠳ᠄《ᠯᠠᠪᠠᠢ ᠲᠡᠭᠦᠤᠳᠠᠢ ᠮᠢᠨᠢ ᠠ᠋᠂ ᠴᠢᠨᠦ ᠰᠠᠨᠠᠭ᠎ᠠ ᠶ᠋ᠢ ᠪᠢ ᠶᠡᠷᠦ ᠣᠯᠬᠤ ᠦᠭᠡᠢ ᠪᠠᠢᠨ᠎ᠠ᠃ ᠴᠢ ᠴᠣᠬᠣᠮ ᠬᠡᠵᠢᠶ᠎ᠡ ᠨᠠᠳᠠ ᠭᠠᠷᠬᠤ ᠪᠠᠨ ᠠᠮᠠᠯᠳᠠᠬᠤ ᠶᠤᠮ ᠳᠠ?》 ᠭᠡᠵᠦ ᠠᠰᠠᠭᠤᠬᠤ ᠳ᠋ᠤ᠌:
     《ᠴᠡᠴᠡᠨ ᠠᠬ᠎ᠠ ᠮᠢᠨᠢ᠂ ᠬᠠᠷᠪᠤᠵᠤ ᠨᠠᠮᠨᠠᠬᠤ ᠪᠠ ᠠᠵᠢᠯ ᠬᠥᠳᠡᠯᠮᠦᠷᠢ ᠶ᠋ᠢᠨ ᠠᠯᠢᠨ ᠳᠤᠨᠢ ᠴᠤ᠌ ᠲᠠ ᠦᠨᠡᠬᠡᠷ ᠮᠡᠷᠭᠡᠵᠢᠵᠡᠢ᠃ ᠭᠡᠪᠡᠴᠦ ᠦᠨᠡᠨ ᠰᠡᠳᠬᠢᠯ ᠡᠴᠡ ᠪᠡᠨ ᠨᠠᠮᠠᠶ᠋ᠢ ᠰᠠᠨᠠᠵᠤ ᠬᠠᠢᠷᠠᠯᠠᠬᠤ ᠡᠰᠡᠬᠦ ᠶ᠋ᠢ ᠪᠢ ᠮᠡᠳᠡᠬᠦ ᠦᠭᠡᠢ ᠪᠠᠢᠭᠰᠠᠭᠠᠷ》 ᠭᠡᠳ ᠨᠠᠭᠤᠷ ᠤ᠋ᠨ ᠬᠥᠪᠡᠭᠡᠨ ᠦ᠌ ᠬᠤᠯᠤᠰᠤ ᠪᠠ ᠤᠳᠠ ᠶ᠋ᠢ ᠵᠢᠭᠠᠵᠤ᠄《ᠴᠢ ᠬᠡᠷᠪᠡ ᠬᠡᠵᠢᠶ᠎ᠡ ᠡᠨᠡ ᠬᠤᠯᠤᠰᠤ ᠪᠠ ᠤᠳᠠ ᠶ᠋ᠢ ᠴᠢᠮ᠎ᠠ ᠲᠠᠢ ᠬᠠᠮᠲᠤ ᠪᠠᠷ ᠠᠮᠠ ᠨᠡᠭᠡᠭᠡᠵᠦ ᠦᠭᠡ ᠬᠡᠯᠡᠭᠦᠯᠵᠦ ᠴᠢᠳᠠᠪᠠᠯ ᠪᠢ ᠨᠠᠰᠤ ᠪᠠᠷ ᠢ᠋ᠶ᠋ᠠᠨ ᠴᠢᠨᠦ ᠬᠠᠨᠢ ᠪᠣᠯᠤᠶ᠎ᠠ》 ᠭᠡᠵᠦ ᠬᠡᠯᠡᠭᠡᠳ᠂ ᠨᠢᠳᠦ ᠪᠡᠨ ᠭᠤᠷᠪᠠᠨᠲᠠ ᠲᠤᠷᠮᠤᠯᠵᠠᠭᠤᠯᠤᠭᠠᠳ ᠤᠰᠤ ᠪᠠᠨ ᠳᠠᠮᠨᠠᠭᠠᠳ ᠶᠠᠪᠤᠪᠠ᠃
   《ᠬᠠᠷᠠᠯᠠ᠂ ᠡᠨᠡ ᠴᠢᠨᠢ ᠲᠩᠷᠢ ᠳ᠋ᠦ᠍ ᠭᠠᠷᠬᠤ ᠠ᠋ᠴᠠ ᠪᠠᠰᠠ ᠪᠡᠷᠬᠡ ᠪᠠᠢᠨ᠎ᠠ》 ᠭᠡᠳ ᠴᠡᠴᠡᠨ ᠵᠠᠯᠠᠭᠤ᠂ ᠯᠠᠪᠠᠢ ᠬᠡᠦᠬᠡᠨ ᠦ᠌ ᠬᠡᠯᠡᠬᠦ ᠶ᠋ᠢ ᠰᠣᠨᠣᠰᠤᠭᠠᠳ ᠮᠡᠯᠡᠷᠡᠨ ᠰᠠᠭᠤᠵᠤ ᠲᠤᠩ ᠵᠣᠪᠠᠵᠤ ᠭᠤᠲᠠᠷᠠᠨ᠎ᠠ᠃ ᠲᠡᠷᠡ ᠰᠠᠯᠬᠢᠨ ᠤ᠋ ᠠᠶ᠎ᠠ ᠪᠠᠷ ᠨᠠᠢᠭᠤᠯᠵᠠᠬᠤ ᠬᠤᠯᠤᠰᠤ ᠪᠠ ᠤᠳᠠ ᠶ᠋ᠢ ᠬᠠᠷᠠᠵᠤ᠂ ᠪᠤᠳᠤᠨ ᠪᠣᠳᠣᠭᠰᠠᠭᠠᠷ᠂ ᠭᠡᠡᠨᠤᠨᠲᠡ ᠰᠡᠬᠡᠭᠡᠷᠡᠭᠡᠳ᠂  ᠰᠠᠪᠬ᠎ᠠ ᠶ᠋ᠢᠨ ᠴᠢᠨᠡᠭᠡᠨ ᠪᠦᠳᠦᠭᠦᠨ ᠬᠤᠷᠤᠭᠤᠨ ᠴᠢᠨᠡᠭᠡᠨ ᠤᠷᠲᠤ ᠬᠣᠶᠠᠷ ᠬᠤᠯᠤᠰᠤ ᠶ᠋ᠢ ᠵᠡᠷᠭᠡᠴᠡᠭᠦᠯᠤᠨ ᠤᠶᠠᠭᠰᠠᠨ ᠬᠣᠢᠨ᠎ᠠ ᠵᠢᠷᠭᠤᠭᠠᠨ ᠵᠢᠵᠢᠭ ᠨᠦᠬᠡ ᠭᠠᠷᠭᠠᠪᠠ᠃ ᠪᠠᠰᠠ ᠤᠳᠠ ᠶ᠋ᠢᠨ ᠨᠠᠮᠠᠭ᠎ᠠ ᠶ᠋ᠢᠨ ᠭᠣᠣᠯ ᠢ᠋ ᠨᠢ ᠠᠪᠴᠤ ᠬᠠᠯᠢᠰᠤ ᠶ᠋ᠢ ᠨᠢ ᠵᠢᠭᠳᠡᠯᠡᠭᠰᠡᠨ ᠪᠢᠰᠬᠢᠭᠦᠷ ᠦ᠋ᠨ ᠠᠮᠠᠨ ᠳᠡᠭᠡᠷ᠎ᠡ ᠲᠠᠭᠠᠷᠠᠭᠤᠯᠵᠤ ᠬᠡᠯᠡ ᠪᠣᠯᠭᠠᠪᠠ᠃ ᠢᠩᠭᠢᠭᠡᠳ ᠬᠥᠩᠭᠡᠬᠡᠨ ᠭᠡᠭᠴᠢ ᠦᠯᠢᠶᠡᠭᠰᠡᠨ᠎ᠡ ᠡᠠᠶᠠᠲᠠᠢ ᠰᠠᠢᠬᠠᠨ ᠳᠠᠭᠤᠤ ᠭᠠᠷᠤᠨ᠎ᠠ᠃ ᠳ᠋ᠦᠩᠰᠢᠶᠠᠩ ᠦ᠋ᠳ ᠤ᠋ᠨ
 ᠠᠷᠠᠳ ᠤ᠋ᠨ ᠬᠥᠭᠵᠢᠮ《ᠮᠢᠮᠢ》 ᠶ᠋ᠢ ᠡᠨᠡ ᠮᠡᠲᠦ ᠪᠡᠷ ᠵᠣᠬᠢᠶᠠᠵᠤ ᠭᠠᠷᠭᠠᠯ᠎ᠠ᠃
    ᠣᠷᠴᠢᠯᠠᠩ ᠳᠡᠯᠡᠬᠡᠢ ᠳ᠋ᠦ᠍ ᠬᠣᠣᠰ ᠦᠭᠡᠢ ᠭᠤᠤ᠎ᠠ ᠰᠡᠷᠭᠦᠯᠡᠩ ᠯᠠᠪᠠᠢ ᠬᠡᠦᠬᠡᠨ ᠡᠢᠮᠦ ᠨᠢᠭᠡ ᠬᠦᠴᠢᠷ ᠰᠡᠳᠦᠪ ᠢ᠋ᠶ᠋ᠡᠷ ᠠᠮᠠᠷᠠᠭ ᠤ᠋ᠨ ᠢ᠋ᠶ᠋ᠠᠨ ᠣᠶᠤᠨ ᠪᠢᠯᠢᠭ ᠪᠠ ᠴᠢᠩ ᠰᠡᠳᠬᠢᠯ ᠢ᠋ ᠲᠡᠩᠰᠡᠵᠦ ᠦᠵᠡᠵᠡᠢ᠃ 
    ᠬᠥᠮᠦᠨ ᠦ᠌ ᠶᠢᠷᠲᠢᠨᠴᠦ ᠳ᠋ᠦ᠍ ᠡᠷᠳᠡᠮ ᠴᠢᠳᠠᠪᠤᠷᠢ ᠪᠠᠷ ᠢ᠋ᠶ᠋ᠠᠨ ᠰᠢᠯᠭᠠᠷᠠᠭᠰᠠᠨ ᠡᠷᠬᠢᠮ ᠴᠤᠤᠲᠤ ᠴᠡᠴᠡᠨ ᠵᠠᠯᠠᠭᠤ ᠨᠡᠭᠡᠷᠡᠨ《ᠮᠢᠮᠢ》 ᠭᠡᠳᠡᠭ ᠭᠠᠢᠬᠠᠮᠰᠢᠭᠲᠤ ᠪᠢᠰᠢᠬᠢᠭᠦᠷ ᠢ᠋ ᠵᠣᠬᠢᠶᠠᠵᠤ ᠠᠶᠠᠲᠠᠢ ᠰᠠᠢᠬᠠᠨ ᠳᠠᠭᠤᠤ ᠪᠠᠷ ᠢ᠋ᠶ᠋ᠠᠨ ᠥᠪᠡᠷ ᠦ᠋ᠨ ᠢᠨᠠᠭ ᠰᠡᠳᠬᠢᠯ ᠢ᠋ᠶ᠋ᠡᠨ ᠢᠯᠡᠳᠬᠡᠪᠡ᠃
    ᠣᠷᠣᠢ ᠶ᠋ᠢᠨ ᠲᠤᠩᠭᠠᠯᠠᠭ ᠰᠠᠷᠠ ᠠᠭᠠᠷ ᠲᠤ᠌ ᠮᠠᠨᠳᠤᠨ ᠣᠷᠴᠢᠨ ᠲᠣᠭᠣᠷᠢᠨ ᠨᠠᠮ ᠰᠡᠯᠡᠭᠦᠦ ᠪᠣᠯᠬᠤ ᠳ᠋ᠤ᠌ ᠴᠡᠴᠡᠨ ᠵᠠᠯᠠᠭᠤ ᠨᠠᠭᠤᠷ ᠤ᠋ᠨ ᠬᠥᠪᠡᠭᠡᠨ ᠳ᠋ᠦ᠍《ᠮᠢᠮᠢ》 ᠪᠡᠨ ᠦᠯᠢᠶᠡᠵᠦ ᠢᠩᠭᠢᠵᠦ ᠳᠠᠭᠤᠯᠠᠨ᠎ᠠ᠄
     ᠲᠣᠯᠢ ᠮᠡᠲᠦ ᠨᠠᠭᠤᠷ ᠤ᠋ᠨ ᠤᠰᠤᠨ ᠳ᠋ᠤ᠌
     ᠲᠤᠩᠭᠠᠯᠠᠭ ᠰᠠᠷᠠᠨ ᠤ᠋ ᠰᠡᠭᠦᠳᠡᠷ ᠬᠠᠷᠠᠭᠳᠠᠨ᠎ᠠ᠃
     ᠨᠠᠭᠤᠷ ᠤ᠋ᠨ ᠬᠥᠪᠡᠭᠡᠨ ᠦ᠌ ᠨᠣᠭᠣᠭᠠᠨ ᠵᠦᠯᠭᠡ ᠶ᠋ᠢ
     ᠨᠠᠮᠤᠷ ᠤ᠋ᠨ ᠲᠤᠩᠭᠠᠯᠠᠭ ᠰᠠᠷᠠ ᠭᠡᠷᠡᠯᠲᠦᠭᠦᠯᠦᠨ᠎ᠡ᠃
     ᠰᠡᠳᠬᠢᠯ ᠵᠢᠷᠦᠬᠡᠨ ᠦ᠌ ᠲᠣᠯᠢ ᠳ᠋ᠤ᠌ ᠮᠢᠨᠢ
     ᠰᠡᠴᠡᠨ ᠠᠮᠠᠷᠠᠭ ᠤ᠋ᠨ ᠳᠦᠷᠢ ᠲᠣᠳᠣᠷᠠᠨ᠎ᠠ
     ᠨᠠᠮᠢᠯᠵᠠᠬᠤ ᠬᠤᠯᠤᠰᠤ ᠤᠳᠠ ᠶ᠋ᠢᠨ ᠨᠠᠮᠠᠭ᠎ᠠ ᠪᠠᠷ
     ᠨᠠᠰᠤᠨ ᠤ᠋ ᠬᠦᠰᠡᠯ ᠢ᠋ᠶ᠋ᠡᠨ ᠢᠯᠡᠳᠬᠡᠶ᠎ᠡ ᠪᠢ᠃
     ᠯᠠᠪᠠᠢ ᠬᠡᠦᠬᠡᠨ ᠴᠡᠴᠡᠨ ᠦ᠌《ᠮᠢᠮᠢ》 ᠦᠯᠢᠶᠡᠨ ᠳᠠᠭᠤᠤ ᠳᠠᠭᠤᠯᠠᠵᠤ ᠪᠠᠢᠬᠤ ᠶ᠋ᠢ ᠰᠣᠨᠣᠰᠤᠭᠠᠳ᠂ ᠪᠠᠶᠠᠷ ᠪᠠᠬᠠᠷᠤᠯ ᠢ᠋ᠶ᠋ᠠᠨ ᠳᠠᠷᠤᠵᠤ ᠶᠠᠳᠠᠨ᠂ ᠵᠢᠭᠦᠷ ᠤᠷᠭᠤᠭᠰᠠᠨ ᠮᠡᠲᠦ ᠪᠡᠷ ᠴᠡᠴᠡᠨ ᠦ᠌ ᠬᠠᠵᠠᠭᠤ ᠳ᠋ᠤ᠌ ᠭᠦᠶᠦᠨ ᠣᠴᠢᠯ᠎ᠠ᠃
      ᠡᠭᠦᠨ ᠡᠴᠡ ᠬᠣᠢᠰᠢ ᠬᠣᠶᠠᠭᠤᠯᠠ ᠪᠠᠨ ᠰᠡᠳᠬᠢᠯ ᠰᠠᠨᠠᠭ᠎ᠠ ᠨᠡᠢᠯᠡᠵᠦ ᠵᠣᠯ ᠵᠢᠷᠭᠠᠯᠲᠠᠢ ᠪᠠᠷ ᠠᠮᠢᠳᠤᠷᠠᠵᠤ ᠡᠬᠢᠯᠡᠪᠡ᠃
   《ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ᠂ ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ》 ᠭᠡᠵᠦ ᠶᠡᠷᠦ ᠶ᠋ᠢᠨ ᠦᠭᠡᠨ ᠳ᠋ᠦ᠍ ᠬᠡᠯᠡᠳᠡᠭ ᠪᠢᠯᠡ᠃ ᠳᠡᠮᠡᠢ ᠤᠳᠠᠯ ᠦᠭᠡᠢ ᠲᠡᠳᠡ ᠭᠡᠨᠡᠳᠲᠡ ᠶ᠋ᠢᠨ ᠭᠠᠢ ᠪᠠᠷᠴᠢᠳ ᠲᠤ᠌ ᠲᠠᠭᠠᠷᠠᠯᠳᠤᠪᠠ᠃ 
    ᠬᠡᠳᠦᠢ ᠵᠢᠯ ᠦ᠋ᠨ ᠡᠮᠦᠨ᠎ᠡ ᠪᠠᠢᠭᠰᠠᠨ ᠢ᠋ ᠪᠦᠦ ᠮᠡᠳᠡ᠃ ᠡᠨᠡᠬᠦ ᠬᠥᠯ ᠦᠭᠡᠢ ᠨᠠᠭᠤᠷ ᠲᠤ᠌ ᠨᠢᠭᠡᠨ ᠠᠷᠵᠠᠭ ᠮᠠᠩᠭᠤᠰ ᠰᠠᠭᠤᠵᠤ ᠪᠠᠢᠵᠠᠢ᠃ ᠳᠣᠯᠣᠭᠠᠨ ᠲᠣᠯᠣᠭᠠᠢ ᠨᠠᠢ᠍ᠮᠠᠨ ᠭᠠᠷ ᠲᠠᠢ ᠡᠨᠡ ᠠᠮᠢᠲᠠᠨ ᠶᠠᠭᠤ ᠦᠵᠡᠪᠡᠯ ᠶᠠᠭᠤ ᠶ᠋ᠢ ᠰᠢᠭᠦᠷᠦᠭᠡᠳ ᠠᠪᠳᠠᠭ᠃ ᠮᠠᠩᠭᠤᠰ ᠤ᠋ᠨ ᠬᠣᠣᠷ ᠬᠥᠨᠥᠭᠡᠯ ᠡᠴᠡ ᠵᠠᠢᠯᠠᠰᠬᠢᠬᠦ ᠶ᠋ᠢᠨ ᠲᠥᠯᠥᠭᠡ᠂ ᠰᠠᠢᠨ ᠰᠠᠨᠠᠭᠠᠲᠠᠢ ᠤᠯᠤᠰ ᠣᠳ ᠵᠢᠯ ᠵᠢᠯ ᠦ᠋ᠨ ᠨᠠᠮᠤᠷ ᠤ᠋ᠨ ᠬᠤᠷᠢᠶᠠᠯᠲᠠ ᠶ᠋ᠢᠨ ᠳᠠᠷᠠᠭ᠎ᠠ ᠳᠥᠴᠢ ᠶᠢᠰᠦᠨ ᠵᠢᠩᠨᠡᠭᠦᠷ ᠴᠠᠭᠠᠨ ᠭᠤᠯᠢᠷ  ᠤ᠋ᠨ ᠪᠣᠣᠪᠣ᠂ ᠵᠢᠷᠠᠨ ᠳᠥᠷᠪᠡᠨ ᠲᠠᠪᠠᠭ ᠬᠠᠭᠠᠷᠢᠮᠠᠯ ᠢ᠋ ᠨᠠᠭᠤᠷ ᠲᠤ᠌ ᠬᠠᠶᠠᠬᠤ ᠶ᠋ᠢᠨ ᠬᠠᠮᠲᠤ ᠪᠠᠰᠠ ᠦᠬᠡᠷ ᠬᠣᠨᠢ ᠠᠯᠠᠵᠤ ᠳᠠᠬᠢᠳᠠᠭ᠃ ᠦᠭᠡᠢ ᠪᠣᠯ ᠲᠡᠷᠡᠬᠦ ᠠᠮᠢᠲᠠᠨ ᠮᠥᠨᠳᠥᠷ ᠪᠠᠭᠤᠯᠭᠠᠵᠤ ᠲᠠᠷᠢᠶ᠎ᠠ ᠲᠥᠮᠥᠰᠥ ᠶ᠋ᠢ ᠰᠦᠢᠳᠬᠡᠬᠦ ᠪᠠ ᠡᠰᠡᠬᠦᠯ᠎ᠡ ᠬᠠᠷ᠎ᠠ ᠰᠠᠯᠬᠢ ᠳᠡᠭᠳᠡᠭᠡᠵᠦ ᠬᠥᠮᠦᠨ ᠢ᠋ ᠨᠠᠭᠤᠷ ᠲᠤ᠌ ᠬᠡᠢᠰᠬᠡᠨ ᠣᠷᠣᠭᠤᠯᠵᠤ᠂ ᠲᠤᠢᠯ  ᠤ᠋ᠨ ᠶᠡᠬᠡ ᠭᠠᠢ ᠭᠠᠮᠰᠢᠭ ᠤᠴᠠᠷᠠᠭᠤᠯᠳᠠᠭ᠃
ᠨᠢᠭᠡᠨ ᠡᠳᠦᠷ᠂ ᠰᠠᠢᠬᠠᠨ ᠬᠤᠷᠢᠮᠯᠠᠭᠰᠠᠨ ᠴᠡᠴᠡᠨ ᠯᠠᠪᠠᠢ ᠬᠣᠶᠠᠭᠤᠯᠠ ᠲᠠᠷᠢᠶᠠᠨ ᠠ᠋ᠴᠠ ᠪᠠᠨ ᠢᠷᠡᠵᠦ ᠦᠵᠡᠬᠦ ᠳ᠋ᠦ᠍᠂ ᠠᠪᠤ ᠡᠵᠢ ᠨᠢ ᠤᠰᠤᠨ ᠨᠢᠳᠦᠯᠡᠭᠡᠳ ᠰᠡᠭᠦᠷᠡᠰᠦ ᠠᠯᠲᠠᠨ ᠰᠠᠭᠤᠵᠤ ᠪᠠᠢᠪᠠ᠃ ᠡᠷ᠎ᠡ ᠡᠮ᠎ᠡ ᠬᠣᠶᠠᠭᠤᠯᠠ ᠪᠠᠨ ᠬᠡᠳᠦᠢ ᠤᠬᠤᠴᠢᠯᠠᠵᠤ ᠠᠰᠠᠭᠤᠭᠠᠳ ᠲᠡᠳᠡ ᠰᠠᠶᠢ ᠤᠴᠢᠷ ᠶᠠᠪᠤᠳᠠᠯ ᠢ᠋ ᠬᠡᠯᠡᠵᠦ ᠥᠭᠪᠡ᠃ ᠤᠤᠯ ᠨᠢ ᠯᠠᠪᠠᠢ ᠬᠡᠦᠬᠡᠨ ᠢ᠋ ᠮᠠᠩᠭᠤᠰ ᠦᠵᠡᠵᠦ ᠲᠣᠭᠣᠭᠰᠠᠨ ᠲᠤᠯᠠ ᠡᠨᠡ ᠥᠷᠯᠥᠭᠡ ᠬᠠᠷ᠎ᠠ ᠰᠠᠯᠬᠢᠨ ᠬᠤᠪᠢᠯᠵᠤ ᠭᠡᠷ ᠲᠤᠨᠢ ᠢᠷᠡᠭᠡᠳ᠄ ᠭᠤᠷᠪᠠᠨ ᠡᠳᠦᠷ ᠦ᠋ᠨ ᠳᠣᠲᠣᠷ᠎ᠠ ᠬᠡᠷᠪᠡ ᠯᠠᠪᠠᠢ ᠶ᠋ᠢ ᠨᠠᠭᠤᠷ ᠲᠤ᠌ ᠬᠦᠷᠭᠡᠵᠦ ᠥᠭᠬᠦ ᠦᠭᠡᠢ ᠪᠣᠯ ᠠᠭᠤᠯᠠᠨ  ᠤ᠋ ᠨᠠᠭᠠᠨ᠎ᠠ ᠴᠠᠭᠠᠨᠠᠬᠢ ᠠᠢᠯ ᠲᠣᠰᠬᠣᠨ ᠨᠤᠭᠤᠳ ᠢ᠋ ᠦᠨᠡᠰᠦᠨ ᠲᠣᠪᠷᠠᠭ ᠪᠣᠯᠭᠠᠨ᠎ᠠ ᠭᠡᠵᠦ ᠦᠭᠡ ᠦᠯᠡᠳᠡᠭᠡᠭᠰᠡᠨ ᠪᠢᠯᠡ᠃
ᠴᠡᠴᠡᠨ ᠯᠠᠪᠠᠢ ᠬᠣᠶᠠᠷ ᠡᠭᠦᠨ ᠢ᠋ ᠰᠣᠨᠣᠰᠤᠭᠠᠳ ᠬᠡᠬᠦᠳᠡᠭ ᠴᠡᠭᠡᠵᠢᠨ ᠳ᠋ᠦ᠍ᠨᠢ ᠬᠢᠯᠢᠩ ᠦ᠋ᠨ ᠭᠠᠯ ᠳᠦᠷᠡᠯᠵᠡᠨ᠎ᠡ᠃ ᠬᠣᠶᠠᠭᠤᠯᠠ ᠪᠠᠨ ᠤᠷᠢᠳᠠᠪᠡᠷ ᠬᠣᠶᠠᠷ ᠨᠠᠰᠤᠲᠠᠨ ᠢ᠋ ᠲᠠᠢᠳᠬᠤᠷᠠᠭᠤᠯᠵᠤ ᠳᠠᠷᠠᠭ᠎ᠠ ᠪᠠᠷ ᠠᠷᠭ᠎ᠠ ᠪᠣᠳᠣᠪᠠ᠃ ᠨᠢᠭᠡ ᠡᠳᠦᠷ ᠥᠩᠭᠡᠷᠡᠯ᠎ᠡ᠂ ᠠᠷᠭ᠎ᠠ ᠪᠣᠳᠣᠵᠤ ᠣᠯᠤᠭᠰᠠᠨ ᠦᠭᠡᠢ᠂ ᠬᠣᠶᠠᠷ ᠡᠳᠦᠷ ᠥᠩᠭᠡᠷᠡᠲᠡᠯ᠎ᠡ ᠮᠥᠨ ᠯᠡ ᠭᠠᠷ ᠢ᠋ᠶ᠋ᠠᠨ ᠨᠤᠬᠤᠯᠠᠵᠤ ᠪᠠᠢᠪᠠ᠃ ᠭᠤᠷᠪᠠᠳᠤᠭᠠᠷ ᠥᠷᠯᠥᠭᠡ ᠨᠢ ᠡᠷᠡᠯᠬᠡᠭ ᠪᠠᠭᠠᠲᠤᠷᠯᠢᠭ ᠴᠡᠴᠡᠨ ᠵᠠᠯᠠᠭᠤ ᠨᠤᠮᠤ ᠠᠭᠰᠠᠵᠤ ᠵᠢᠳᠠ ᠪᠠᠨ ᠪᠠᠷᠢᠵᠤ ᠬᠠᠢᠷᠠᠲᠤ ᠪᠦᠷᠭᠦᠳ ᠢ᠋ᠶ᠋ᠡᠨ ᠠᠪᠤᠭᠠᠳ᠂ ᠬᠣᠶᠠᠷ ᠨᠠᠰᠤᠲᠠᠨ ᠪᠣᠯᠤᠨ ᠯᠠᠪᠠᠢ ᠲᠠᠢ ᠠᠶᠠᠷᠯᠠᠬᠤ ᠳ᠋ᠠᠭᠠᠨ᠄ ᠮᠠᠩᠭᠤᠰ ᠲᠠᠢ ᠦᠬᠦᠵᠦ ᠰᠡᠬᠡᠬᠦ ᠪᠡᠨ ᠦᠵᠡᠯᠴᠡᠵᠦ ᠶᠠᠭᠠᠬᠢᠭᠰᠠᠨ ᠴᠤ᠌ ᠡᠨᠡᠬᠦ ᠮᠢᠩᠭᠠᠨ ᠵᠢᠯ ᠦ᠋ᠨ ᠬᠣᠣᠷ  ᠤ᠋ᠨ ᠦᠨᠳᠦᠰᠦ ᠶ᠋ᠢ ᠠᠷᠢᠯᠭᠠᠨ᠎ᠠ ᠭᠡᠪᠡ᠃ ᠯᠠᠪᠠᠢ ᠡᠭᠦᠨ ᠢ᠋ ᠰᠣᠨᠣᠰᠤᠭᠠᠳ ᠬᠣᠨᠢᠨ ᠨᠣᠣᠰᠣ ᠪᠠᠷ ᠨᠡᠬᠡᠭᠰᠡᠨ ᠪᠦᠰᠡ ᠪᠡᠨ ᠭᠠᠷᠭᠠᠵᠤ ᠡᠷ᠎ᠡ ᠨᠥᠬᠥᠷ ᠲᠡᠭᠡᠨ ᠴᠢᠩᠭᠠᠬᠠᠨ ᠪᠦᠰᠡᠯᠡᠵᠦ ᠥᠭᠭᠦᠭᠡᠳ᠂ ᠲᠣᠷᠮᠣᠭᠣᠷ ᠬᠣᠣᠰ ᠨᠢᠳᠦ ᠪᠡᠷ ᠢ᠋ᠶ᠋ᠡᠨ ᠬᠠᠢᠷᠠᠲᠤ ᠬᠣᠩᠭᠣᠷ ᠢ᠋ᠶ᠋ᠠᠨ ᠰᠢᠷᠳᠡᠬᠦ ᠨᠢ ᠶᠠᠭ ᠯᠠ ᠬᠠᠢᠷᠠᠲᠤ ᠨᠥᠬᠥᠷ ᠮᠢᠨᠢ᠂ ᠲᠠ ᠮᠠᠩᠭᠤᠰ ᠲᠠᠢ ᠲᠡᠮᠡᠴᠡᠯᠳᠦᠭᠡᠳ ᠬᠡᠷᠪᠡ ᠡᠨᠳᠡᠯ ᠭᠠᠷᠪᠠᠯ᠂ ᠡᠬᠡᠨᠡᠷ ᠴᠢᠨᠢ ᠯᠠᠪᠲᠠᠢ ᠮᠠᠩᠭᠤᠰ ᠲᠠᠢ ᠠᠮᠢ ᠴᠥᠯᠡᠨ ᠲᠡᠮᠡᠴᠡᠨ᠎ᠡ᠂ ᠶᠠᠭᠠᠬᠢᠭᠰᠠᠨ ᠴᠤ᠌ ᠲᠠᠨ  ᠤ᠋ ᠪᠠᠨ ᠨᠡᠷ᠎ᠡ ᠠᠯᠳᠠᠷ ᠢ᠋ ᠭᠤᠲᠤᠭᠠᠬᠤ ᠦᠭᠡᠢ ᠭᠡᠵᠦ ᠬᠡᠯᠡᠵᠦ ᠪᠠᠢᠭ᠎ᠠ ᠰᠢᠭ᠋ ᠪᠢᠯᠡ᠃
ᠯᠠᠪᠠᠢ ᠠ᠋ᠴᠠ ᠰᠠᠯᠵᠤ ᠴᠡᠴᠡᠨ ᠨᠠᠭᠤᠷ  ᠤ᠋ᠨ ᠬᠥᠪᠡᠭᠡᠨ ᠳ᠋ᠦ᠍ ᠢᠷᠡᠭᠡᠳ᠄《ᠲᠦᠮᠡᠨ ᠨᠢᠭᠦᠯᠲᠦ ᠮᠠᠩᠭᠤᠰ ᠠ᠋᠂ ᠠᠶᠤᠬᠤ ᠦᠭᠡᠢ ᠪᠣᠯ ᠭᠠᠷᠴᠤ ᠢᠷ᠎ᠡ᠂ ᠮᠥᠬᠥᠯ ᠦ᠋ᠨ ᠡᠳᠦᠷ ᠴᠢᠨᠢ ᠪᠣᠯᠵᠠᠢ》 ᠭᠡᠵᠦ ᠬᠠᠰᠬᠢᠷᠠᠪᠠ᠃ ᠮᠠᠩᠭᠤᠰ ᠤᠰᠤᠨ ᠣᠷᠳᠣᠨ ᠳ᠋ᠠᠭᠠᠨ ᠰᠣᠨᠣᠰᠤᠭᠠᠳ ᠬᠠᠳᠠᠭᠠᠨᠠᠲᠠᠯ᠎ᠠ ᠢᠨᠢᠶᠡᠵᠦ᠄《ᠡᠨᠡ ᠵᠥᠨᠥᠭ ᠠᠮᠢᠲᠠᠨ ᠨᠠᠳᠠ ᠲᠠᠢ ᠥᠰᠢᠶᠠᠯᠳᠦᠬᠦ ᠭᠡᠨ᠎ᠡ᠃ ᠪᠢ ᠲᠡᠭᠦᠨ ᠦ᠌ ᠠᠷᠠᠰᠤ ᠶ᠋ᠢ ᠱᠠᠭᠠᠯᠤᠭᠠᠳ ᠮᠢᠬ᠎ᠠ ᠶ᠋ᠢ ᠨᠢ ᠵᠠᠭᠤᠰᠢ ᠪᠣᠯᠭᠠᠶ᠎ᠠ》 ᠭᠡᠳ ᠤᠰᠤᠨ ᠠ᠋ᠴᠠ ᠪᠤᠯᠲᠠᠢᠨ ᠭᠠᠷᠪᠠ᠃ ᠥᠰᠢᠶ᠎ᠡ ᠲᠡᠢ ᠬᠥᠮᠦᠨ ᠳᠠᠪᠠᠭᠠᠨ ᠳᠡᠭᠡᠷ᠎ᠡ᠂ᠥᠷᠢ ᠲᠡᠢ ᠬᠥᠮᠦᠨ ᠵᠡᠭᠡᠯᠢ ᠳᠡᠭᠡᠷ᠎ᠡ ᠭᠡᠭᠴᠢ ᠪᠡᠷ᠂ᠴᠡᠴᠡᠨ ᠵᠠᠯᠠᠭᠤ ᠮᠠᠩᠭᠤᠰ ᠢ᠋ ᠦᠵᠡᠮᠡᠭᠴᠡ ᠨᠤᠮᠤ ᠪᠠᠨ ᠬᠥᠪᠴᠢᠯᠡᠨ ᠤᠭᠰᠠᠷᠠᠭ᠎ᠠ ᠪᠠᠷ ᠶᠢᠰᠦ ᠬᠠᠷᠪᠤᠪᠠ᠃ ᠭᠡᠪᠡᠴᠦ ᠮᠠᠩᠭᠤᠰ ᠲᠡᠮᠦᠷ ᠭᠠᠷ ᠭᠠᠤᠯᠢᠨ ᠬᠢᠮᠤᠰᠤ ᠪᠠᠷ ᠢ᠋ᠶ᠋ᠠᠨ ᠰᠤᠮᠤ ᠶ᠋ᠢ ᠨᠢ ᠬᠠᠯᠠᠬᠠᠯᠠᠵᠤ ᠠᠪᠤᠪᠠ᠃ ᠴᠡᠴᠡᠨ ᠴᠡᠭᠡᠵᠢ ᠳᠡᠯᠪᠡᠷᠡᠮ᠎ᠡ ᠠᠭᠤᠷᠯᠠᠵᠤ᠂ ᠪᠦᠷᠭᠦᠳ ᠢ᠋ᠶ᠋ᠡᠨ ᠲᠠᠯᠪᠢᠨ ᠶᠠᠪᠤᠭᠤᠯᠵᠤ ᠨᠢᠳᠦ ᠶ᠋ᠢ ᠨᠢ ᠰᠣᠬᠣᠯᠠᠭᠤᠯᠬᠤ ᠭᠡᠪᠡ᠃ ᠪᠦᠷᠭᠦᠳ ᠭᠠᠯ  ᠴᠠᠬᠢᠯᠠᠬᠤ ᠮᠡᠲᠦ ᠢᠳᠡᠷᠡᠭᠦᠨ ᠰᠦᠷᠲᠡᠢ᠂ ᠱᠠᠯᠠᠮᠠᠭ ᠪᠤᠰᠢᠭᠤ ᠰᠢᠭᠦᠷᠦᠨ ᠣᠷᠣᠭᠰᠠᠨ᠎ᠠ᠂ ᠥᠨᠥᠬᠢ ᠮᠠᠩᠭᠤᠰ ᠭᠠᠷ ᠢ᠋ᠶ᠋ᠠᠨ ᠰᠡᠷᠪᠡᠢᠨ ᠪᠦᠷᠭᠦᠳ ᠦ᠋ᠨ ᠬᠦᠵᠦᠭᠦᠦ ᠶ᠋ᠢ ᠪᠠᠵᠠᠬᠤ ᠭᠡᠪᠡ᠃ ᠡᠨᠡ ᠲᠠᠰᠢᠷᠠᠮ ᠢ᠋ᠶ᠋ᠠᠷ ᠴᠡᠴᠡᠨ ᠤᠷᠲᠤ ᠵᠢᠳᠠ ᠪᠠᠨ ᠮᠠᠩᠭᠤᠰ ᠤ᠋ᠨ ᠴᠡᠭᠡᠵᠢ ᠵᠢᠷᠦᠬᠡ ᠳ᠋ᠦ᠍ᠨᠢ ᠬᠦᠴᠦᠲᠡᠢ ᠬᠠᠳᠬᠤᠪᠠ᠃ ᠤᠰᠤᠨ ᠤ᠋ ᠮᠠᠩᠭᠤᠰ ᠮᠠᠭᠤᠬᠠᠢ ᠭᠡᠭᠴᠢ ᠠᠷᠬᠢᠷᠠᠨ ᠬᠠᠰᠬᠢᠷᠠᠪᠠ᠃ ᠴᠡᠭᠡᠵᠢ ᠨᠢ ᠨᠢᠭᠡᠨᠲᠡ ᠰᠢᠷᠬᠠᠲᠤᠴᠢᠬᠠᠭᠰᠠᠨ ᠪᠠᠢᠪᠠ᠃ ᠭᠡᠪᠡᠴᠦ ᠴᠡᠴᠡᠨ ᠪᠠᠰᠠ ᠳᠡᠩᠳᠡᠭᠦᠦ ᠬᠦᠴᠦᠯᠡᠭᠰᠡᠨ ᠡᠴᠡ ᠪᠣᠯᠵᠤ ᠬᠥᠯ ᠠᠯᠳᠠᠵᠤ ᠭᠦᠨ ᠨᠠᠭᠤᠷ ᠲᠤ᠌ ᠤᠨᠠᠴᠢᠪᠠ᠃
    ᠦᠳᠡ ᠶ᠋ᠢᠨ ᠦᠶ᠎ᠡ ᠪᠡᠷ ᠰᠢᠷᠬᠠᠲᠤᠭᠰᠠᠨ ᠪᠦᠷᠭᠦᠳ ᠭᠡᠷ ᠲᠡᠭᠡᠨ ᠨᠢᠰᠴᠦ ᠢᠷᠡᠨ ᠯᠠᠪᠠᠢ ᠶ᠋ᠢᠨ ᠬᠥᠯ ᠳᠣᠣᠷ᠎ᠠ ᠰᠠᠪᠠᠵᠤ ᠤᠨᠠᠭᠠᠳ ᠭᠤᠨᠢᠭ ᠲᠠᠢ ᠪᠠᠷ ᠦᠬᠦᠪᠡ᠃ ᠯᠠᠪᠠᠢ ᠬᠡᠷᠡᠭ ᠤᠴᠢᠷ ᠤ᠋ᠨ ᠮᠠᠭᠤ ᠪᠣᠯᠤᠭᠰᠠᠨ ᠢ᠋ ᠮᠡᠳᠡᠭᠡᠳ᠂ ᠴᠡᠴᠡᠨ ᠢ᠋ᠶ᠋ᠠᠨ ᠰᠠᠨᠠᠵᠤ ᠳᠤᠷᠠᠰᠤᠨ ᠥᠪᠡᠷ ᠦ᠋ᠨ ᠡᠷᠬᠡ ᠦᠭᠡᠢ ᠮᠡᠭᠰᠢᠨ ᠤᠬᠢᠯᠠᠨ᠎ᠠ᠃ ᠡᠨᠡ ᠦᠶᠡᠰ ᠭᠡᠨᠡᠳᠲᠡ ᠬᠠᠷ᠎ᠠ ᠰᠠᠯᠬᠢ ᠬᠠᠤᠭᠢᠨ ᠢᠷᠡᠵᠦ ᠨᠢᠳᠤᠷᠭᠠᠨ ᠴᠢᠨᠡᠭᠡ ᠴᠢᠯᠠᠭᠤ ᠪᠠᠷ ᠡᠭᠦᠳᠡ ᠴᠣᠩᠬᠣ ᠶ᠋ᠢ ᠨᠢ ᠨᠢᠭᠤᠷ ᠨᠢᠳᠦ ᠦᠭᠡᠢ ᠨᠢᠭᠡ ᠵᠡᠷᠭᠡ ᠪᠠᠯᠪᠠᠴᠢᠭᠠᠳ᠂ ᠬᠡᠦᠬᠡᠨ ᠢ᠋ ᠬᠥᠯ ᠦᠭᠡᠢ ᠨᠠᠭᠤᠷ ᠲᠤ᠌ ᠬᠡᠢᠰᠬᠡᠨ ᠠᠪᠠᠴᠢᠪᠠ᠃
    ᠯᠠᠪᠠᠢ ᠬᠡᠦᠬᠡᠨ ᠢ᠋ ᠪᠤᠯᠢᠶᠠᠵᠤ ᠠᠪᠴᠢᠷᠠᠭᠰᠠᠨ ᠬᠣᠢᠨ᠎ᠠ᠂ ᠮᠠᠩᠭᠤᠰ ᠬᠡᠳᠦᠢᠪᠡᠷ ᠲᠣᠷᠭ᠎ᠠ ᠳᠤᠷᠳᠤᠩ ᠡᠮᠦᠰᠦᠭᠰᠡᠨ ᠭᠣᠶᠣ ᠠᠭᠡ ᠪᠣᠯᠤᠨ ᠬᠤᠪᠢᠯᠤᠭᠰᠠᠨ ᠪᠣᠯᠪᠠᠴᠤ ᠴᠡᠭᠡᠵᠢᠨ ᠦ᠌ ᠬᠢᠨ ᠰᠢᠷᠬ᠎ᠠ ᠨᠢ ᠲᠡᠭᠦᠨ ᠢ᠋ ᠠᠢᠬᠤᠪᠲᠤᠷ ᠶᠡᠬᠡ ᠵᠣᠪᠠᠭᠠᠵᠤ ᠪᠠᠢᠪᠠ᠃ ᠭᠡᠪᠡᠴᠦ ᠯᠠᠪᠠᠢ ᠶ᠋ᠢᠨ ᠳᠠᠭᠢᠨᠢ ᠮᠡᠲᠦ ᠴᠡᠪᠡᠷᠬᠡᠨ ᠰᠠᠢᠬᠠᠨ ᠥᠩᠭᠡ ᠵᠢᠰᠦ ᠶ᠋ᠢ ᠦᠵᠡᠭᠡᠳ ᠠᠷᠠᠭᠠᠨ ᠰᠢᠯᠦᠰᠦ ᠪᠡᠨ ᠠᠯᠲᠠ ᠳᠡᠯᠢᠮ ᠭᠣᠭᠣᠵᠢᠭᠤᠯᠤᠨ᠎ᠠ᠃ ᠲᠡᠷᠡ ᠴᠡᠭᠡᠵᠢ ᠪᠡᠨ ᠪᠠᠷᠢᠵᠤ ᠬᠢ ᠬᠢ ᠬᠠ ᠬᠠ ᠭᠡᠭᠰᠡᠭᠡᠷ ᠯᠠᠪᠠᠢ ᠶ᠋ᠢᠨ  ᠬᠠᠵᠠᠭᠤ ᠳ᠋ᠤ᠌ ᠢᠷᠡᠵᠦ ᠡᠯᠳᠡᠪ ᠦ᠋ᠨ ᠦᠭᠡ ᠡᠭᠦᠰᠬᠡᠨ ᠵᠢᠭᠤᠷᠠᠵᠤ᠂ ᠯᠠᠪᠠᠢ ᠶ᠋ᠢ ᠡᠬᠡᠨᠡᠷ ᠢ᠋ᠶ᠋ᠡᠨ ᠪᠣᠯᠭᠠᠬᠤ ᠭᠡᠵᠦ ᠣᠷᠣᠯᠳᠣᠨ᠎ᠠ᠃ ᠯᠠᠪᠠᠢ ᠲᠡᠭᠦᠨ ᠢ᠋ ᠦᠵᠡᠩᠭᠦᠲᠡ ᠬᠢᠯᠢᠩ ᠦ᠋ᠨ ᠭᠠᠯ ᠪᠠᠳᠠᠷᠠᠵᠤ᠄《 ᠴᠢ ᠮᠢᠨᠦ ᠪᠡᠶ᠎ᠡ ᠶ᠋ᠢ ᠪᠤᠯᠢᠶᠠᠵᠤ ᠠᠪᠴᠢᠷᠠᠭᠰᠠᠨ ᠴᠤ᠌ ᠰᠡᠳᠬᠢᠯ ᠢ᠋ ᠮᠢᠨᠢ ᠪᠤᠯᠢᠶᠠᠨ ᠠᠪᠴᠢᠷᠠᠵᠤ ᠲᠡᠢᠯᠡᠬᠦ ᠦᠭᠡᠢ!》 ᠭᠡᠳ ᠳᠠᠬᠢᠨ ᠳᠤᠤᠭᠠᠷᠠᠬᠤ ᠦᠭᠡᠢ ᠪᠣᠯᠵᠤ᠂ ᠦᠬᠦᠭᠰᠡᠨ ᠡᠷ᠎ᠡ ᠨᠥᠬᠥᠷ ᠪᠠ ᠠᠷᠤ ᠳ᠋ᠠᠭᠠᠨ ᠦᠯᠡᠳᠡᠭᠰᠡᠨ ᠠᠪᠤ ᠡᠵᠢ ᠪᠡᠨ ᠰᠠᠨᠠᠵᠤ ᠮᠥᠷᠥᠭᠡᠳᠦᠨ᠎ᠡ᠃ ᠨᠢᠭᠡ ᠯᠡ ᠰᠥᠨᠢ ᠶ᠋ᠢᠨ ᠲᠤᠷᠰᠢ ᠴᠢᠷᠠᠢ ᠨᠢ ᠲᠤᠷᠠᠵᠤ ᠨᠢᠳᠦ ᠨᠢ  ᠬᠣᠩᠬᠣᠶ᠋ᠢᠴᠢᠬᠠᠪᠠ᠃ ᠮᠠᠩᠭᠤᠰ ᠠᠷᠭ᠎ᠠ ᠪᠠᠨ ᠪᠠᠷᠠᠬᠤ ᠳ᠋ᠠᠭᠠᠨ ᠱ᠌ᠢᠷᠦ ᠮᠠᠨᠤ ᠡᠷᠳᠡᠨᠢ ᠬᠠᠰ ᠵᠡᠷᠭᠡ ᠪᠡᠨ ᠭᠠᠷᠭᠠᠵᠤ ᠯᠠᠪᠠᠢ ᠶ᠋ᠢ ᠠᠮᠠ ᠨᠡᠭᠡᠭᠡᠯᠭᠡᠬᠦ ᠭᠡᠰᠡᠨ ᠪᠣᠯᠪᠠᠴᠤ ᠯᠠᠪᠠᠢ ᠮᠥᠨ ᠯᠡ ᠳᠡᠰ ᠳᠤᠤᠭᠠᠷᠠᠬᠤ ᠦᠭᠡᠢ᠃
ᠮᠠᠩᠭᠤᠰ ᠳᠠᠬᠢᠨ ᠨᠢᠭᠡ ᠬᠤᠯᠤ ᠭᠠᠷᠭᠠᠵᠤ᠄《 ᠮᠢᠨᠦ ᠡᠨᠡ ᠬᠤᠯᠤ ᠳ᠋ᠤ᠌ ᠡᠨᠡ ᠲᠣᠮᠣ ᠨᠠᠭᠤᠷ ᠢ᠋ ᠪᠠᠭᠲᠠᠭᠠᠵᠤ ᠪᠠᠢᠨ᠎ᠠ᠂ ᠬᠡᠷᠪᠡ ᠴᠢ ᠨᠠᠳᠠ ᠲᠠᠢ ᠤᠷᠤᠭᠯᠠᠬᠤ ᠶ᠋ᠢ ᠵᠥᠪᠰᠢᠶᠡᠷᠡᠬᠦ ᠯᠡ ᠶᠦ᠍ᠮ ᠪᠣᠯ ᠪᠢ ᠡᠨᠡ ᠬᠤᠯᠤ ᠪᠠᠨ ᠴᠢᠮ᠎ᠠ ᠳ᠋ᠤ᠌ ᠥᠭᠴᠢᠶ᠎ᠡ᠃ ᠭᠡᠪᠡᠴᠦ ᠴᠢ ᠶᠠᠭᠠᠬᠢᠭᠰᠠᠨ ᠴᠤ᠌ ᠠᠮᠠᠰᠠᠷ ᠢ᠋ ᠨᠢ ᠠᠪᠴᠤ ᠪᠣᠯᠬᠤ ᠦᠭᠡᠢ》 ᠭᠡᠵᠦ ᠯᠠᠪᠠᠢ ᠳ᠋ᠤ᠌ ᠬᠡᠯᠡᠪᠡ᠃ ᠬᠤᠯᠤ ᠶ᠋ᠢᠨ ᠨᠢᠭᠤᠴᠠ ᠶ᠋ᠢ ᠣᠯᠵᠤ ᠦᠬᠦᠭᠰᠡᠨ ᠨᠥᠬᠥᠷ ᠦ᠋ᠨ ᠢ᠋ᠶ᠋ᠡᠨ ᠥᠰᠢᠶ᠎ᠡ ᠶ᠋ᠢ ᠠᠪᠬᠤ ᠶ᠋ᠢᠨ ᠲᠥᠯᠥᠭᠡ ᠯᠠᠪᠠᠢ ᠬᠡᠦᠬᠡᠨ ᠭᠡᠨᠡᠳᠲᠡ ᠠᠷᠭ᠎ᠠ ᠪᠣᠳᠣᠵᠤ ᠣᠯᠤᠭᠠᠳ᠂ ᠠᠯᠪᠠ ᠪᠠᠷ ᠢᠨᠢᠶᠡᠰᠬᠢᠭᠡᠳ᠄《 ᠬᠤᠯᠤ ᠶ᠋ᠢᠨ ᠠᠮᠠᠰᠠᠷ ᠢ᠋ ᠶᠠᠭᠤᠨ ᠳ᠋ᠤ᠌ ᠨᠡᠭᠡᠭᠡᠵᠦ ᠪᠣᠯᠬᠤ ᠦᠭᠡᠢ ᠪᠣᠢ?》 ᠭᠡᠮᠡᠨ ᠠᠰᠠᠭᠤᠪᠠ᠃ ᠯᠠᠪᠠᠢ ᠶ᠋ᠢᠨ ᠢᠨᠢᠶᠡᠬᠦ ᠳᠦᠷᠢ ᠲᠡᠢ ᠪᠣᠯᠤᠭᠰᠠᠨ ᠢ᠋ ᠦᠵᠡᠭᠡᠳ ᠮᠠᠩᠭᠤᠰ ᠤᠴᠢᠷ ᠦᠭᠡᠢ ᠪᠠᠶᠠᠷᠯᠠᠵᠤ᠄《 ᠬᠤᠯᠤ ᠶ᠋ᠢᠨ ᠠᠮᠠᠰᠠᠷ ᠪᠣᠯ ᠨᠠᠭᠤᠷ ᠤ᠋ᠨ ᠵᠡᠭᠦᠨ ᠲᠠᠯ᠎ᠠ ᠶ᠋ᠢᠨ ᠪᠠᠰᠢᠶᠠᠨ ᠠᠮᠠᠰᠠᠷ ᠮᠥᠨ᠂ ᠡᠨᠡ ᠠᠮᠠᠰᠠᠷ ᠢ᠋ ᠠᠪᠤᠭᠰᠠᠭᠠᠷ ᠪᠦᠬᠦ ᠨᠠᠭᠤᠷ ᠤ᠋ᠨ ᠤᠰᠤ ᠳᠠᠷᠤᠢ ᠪᠠᠰᠢᠶᠠᠨ ᠠᠮᠠᠰᠠᠷ ᠢ᠋ ᠰᠡᠲᠡᠯᠦᠭᠡᠳ ᠲᠤᠤ ᠾᠧ ᠭᠣᠣᠯ ᠳ᠋ᠤ᠌ ᠣᠷᠣᠵᠤ ᠳᠠᠬᠢᠨ ᠬᠠᠲᠤᠨ ᠭᠣᠣᠯ ᠢ᠋ᠶ᠋ᠠᠷ ᠳᠡᠮᠵᠢᠵᠦ ᠵᠡᠭᠦᠨ ᠳᠠᠯᠠᠢ ᠳ᠋ᠤ᠌ ᠣᠷᠣᠬᠤ ᠪᠣᠯᠤᠨ᠎ᠠ᠃ ᠢᠩᠭᠢᠭᠡᠳ ᠰᠡᠲᠡᠷᠡᠵᠦ ᠭᠠᠷᠤᠭᠰᠠᠨ ᠨᠠᠭᠤᠷ ᠤ᠋ᠨ ᠤᠰᠤ ᠪᠠ ᠤᠷᠪᠠᠵᠤ ᠬᠥᠷᠪᠡᠭᠰᠡᠨ ᠴᠢᠯᠠᠭᠤᠨ ᠳ᠋ᠤ᠌ ᠪᠢᠳᠡ ᠬᠣᠶᠠᠷ ᠶᠠᠭᠤ ᠴᠤ᠌ ᠦᠯᠡᠳᠡᠬᠦ ᠦᠭᠡᠢ ᠪᠣᠯᠤᠨ᠎ᠠ ᠰᠢᠦ》ᠭᠡᠵᠦ ᠬᠤᠯᠤ ᠶ᠋ᠢᠨ ᠠᠮᠠᠰᠠᠷ ᠤ᠋ᠨ ᠨᠢᠭᠤᠴᠠ ᠶ᠋ᠢ ᠵᠠᠳᠠᠷᠠᠭᠤᠯᠪᠠ᠃
     《 ᠤᠤᠬᠠᠢ᠂ ᠡᠢᠮᠦ ᠶᠦ᠍ᠮ ᠦᠦ? ᠲᠡᠢᠮᠦ ᠪᠣᠯ ᠬᠤᠯᠤ ᠪᠠᠨ ᠨᠠᠳᠠ ᠥᠭ᠂ ᠪᠢ ᠦᠵᠡᠵᠦ ᠰᠣᠨᠢᠷᠬᠠᠶ᠎ᠠ》 ᠭᠡᠵᠦ ᠯᠠᠪᠠᠢ ᠢᠨᠢᠶᠡᠨ ᠬᠡᠯᠡᠨ᠎ᠡ᠃ ᠮᠠᠩᠭᠤᠰ᠂ ᠯᠠᠪᠠᠢ ᠶ᠋ᠢᠨ ᠡᠢᠮᠦ ᠰᠠᠢᠬᠠᠨ ᠢᠨᠢᠶᠡᠬᠦ ᠶ᠋ᠢ ᠦᠵᠡᠭᠡᠳ ᠬᠦᠰᠡᠵᠦ ᠰᠠᠨᠠᠭᠰᠠᠨ ᠬᠡᠷᠡᠭ ᠨᠢ ᠬᠦᠴᠦ ᠣᠷᠣᠭᠰᠠᠨ ᠦᠭᠡᠢ ᠪᠡᠷ ᠰᠠᠢᠬᠠᠨ ᠣᠷᠣᠭᠰᠠᠨ ᠦᠭᠡᠢ ᠪᠡᠷ ᠪᠦᠲᠦᠪᠡ ᠭᠡᠵᠦ ᠪᠣᠳᠣᠭᠠᠳ ᠶᠠᠭᠠᠷᠠᠵᠤ ᠬᠤᠯᠤ ᠪᠠᠨ ᠭᠠᠷᠭᠠᠵᠤ ᠯᠠᠪᠠᠢ ᠳ᠋ᠤ᠌ ᠥᠭᠪᠡ᠃ ᠯᠠᠪᠠᠢ ᠬᠤᠯᠤ ᠶ᠋ᠢ ᠲᠣᠰᠴᠤ ᠠᠪᠬᠤ ᠲᠠᠢ ᠵᠡᠷᠭᠡ ᠰᠢᠳᠦ ᠪᠡᠷ ᠢ᠋ᠶ᠋ᠡᠨ ᠬᠦᠴᠦ ᠮᠡᠳᠡᠨ ᠵᠠᠭᠤᠵᠤ ᠠᠮᠠᠰᠠᠷ ᠢ᠋ ᠨᠢ ᠨᠡᠭᠡᠭᠡᠪᠡ᠃ ᠮᠠᠩᠭᠤᠰ ᠦᠵᠡᠭᠡᠳ ᠨᠢᠳᠦ ᠨᠢ ᠣᠷᠣᠢ ᠪᠠᠷ ᠢ᠋ᠶ᠋ᠠᠨ ᠭᠠᠷᠲᠠᠯ᠎ᠠ ᠠᠶᠤᠵᠤ ᠶᠠᠭᠠᠷᠠᠨ ᠪᠤᠯᠢᠶᠠᠨ ᠠᠪᠬᠤ ᠭᠡᠰᠡᠨ ᠪᠣᠯᠪᠠᠴᠤ ᠠᠮᠵᠢᠬᠤ ᠦᠭᠡᠢ ᠪᠣᠯᠪᠠ᠃ ᠬᠦᠷᠭᠡᠮᠡᠭᠴᠡ ᠠᠮᠠᠰᠠᠷ ᠠ᠋ᠴᠠ ᠨᠢ ᠬᠠᠷ᠎ᠠ  ᠠᠭᠤᠷ ᠪᠠᠭᠠᠭᠢᠵᠤ ᠭᠠᠷᠤᠨ ᠭᠱᠠᠨ ᠵᠠᠭᠤᠷ᠎ᠠ ᠤᠰᠤᠨ ᠣᠷᠳᠣᠨ ᠨᠠᠰᠢ ᠴᠠᠰᠢ ᠬᠡᠯᠪᠡᠯᠵᠡᠨ᠂ ᠪᠦᠬᠦ ᠨᠠᠭᠤᠷ ᠤ᠋ᠨ ᠤᠰᠤ ᠬᠦᠷᠴᠢᠭᠢᠨᠡᠭᠰᠡᠭᠡᠷ ᠵᠡᠭᠦᠨᠰᠢ ᠦᠶᠡᠷᠯᠡᠵᠦ᠂ ᠮᠠᠩᠭᠤᠰ ᠪᠠᠰᠠ ᠤᠰᠤᠨ ᠳ᠋ᠤ᠌ ᠠᠮᠢ ᠪᠠᠨ ᠠᠯᠳᠠᠭᠠᠳ ᠳᠠᠬᠢᠵᠤ ᠬᠥᠮᠦᠨ ᠢ᠋ ᠬᠣᠣᠷᠯᠠᠵᠤ ᠴᠢᠳᠠᠬᠤ ᠦᠭᠡᠢ ᠪᠣᠯᠪᠠ᠃ ᠰᠠᠢᠨ ᠰᠠᠨᠠᠭ᠎ᠠ ᠲᠠᠢ ᠯᠠᠪᠠᠢ ᠬᠡᠦᠬᠡᠨ ᠡᠭᠦᠨ ᠡᠴᠡ ᠬᠣᠢᠰᠢ ᠪᠠᠰᠠ ᠰᠤᠷᠠᠭ ᠴᠢᠮᠡᠭᠡ ᠦᠭᠡᠢ ᠪᠣᠯᠤᠭᠰᠠᠨ ᠪᠢᠯᠡ᠃

      ᠨᠠᠭᠤᠷ ᠤ᠋ᠨ ᠤᠰᠤ ᠠᠷᠢᠯᠤᠭᠰᠠᠨ ᠬᠣᠢᠨ᠎ᠠ ᠡᠨᠡ ᠬᠣᠶᠠᠷ ᠭᠠᠵᠠᠷ ᠲᠡᠭᠰᠢ ᠲᠠᠯ᠎ᠠ ᠪᠣᠯᠪᠠ᠃ ᠠᠵᠢᠯᠴᠢ ᠬᠥᠳᠡᠯᠮᠦᠷᠢᠴᠢ  ᠲᠠᠷᠢᠶᠠᠴᠢᠳ ᠡᠨᠳᠡ ᠠᠵᠤ ᠲᠥᠷᠥᠬᠦ ᠪᠣᠯᠤᠭᠰᠠᠨ ᠪᠥᠭᠡᠳ ᠴᠡᠴᠡᠨ ᠯᠠᠪᠠᠢ ᠶ᠋ᠢᠨ ᠨᠡᠷ᠎ᠡ ᠪᠡᠷ ᠡᠨᠡ ᠭᠠᠵᠠᠷ ᠢ᠋ᠶ᠋ᠠᠨ ᠨᠡᠷᠡᠢᠳᠪᠡ᠃ ᠲᠡᠷᠡ ᠦᠶ᠎ᠡ ᠳ᠋ᠦ᠍᠂ ᠡᠨᠳᠡ ᠦᠵᠡᠮᠵᠢᠲᠦ ᠰᠠᠢᠬᠠᠨ ᠠᠭᠤᠯᠠ ᠤᠰᠤ ᠲᠠᠢ ᠮᠥᠷᠲᠡᠭᠡᠨ ᠲᠠᠷᠢᠶ᠎ᠠ ᠲᠥᠮᠥᠰᠥ ᠶ᠋ᠢᠨ ᠤᠷᠭᠤᠴᠠ ᠰᠠᠢᠲᠠᠢ ᠪᠠᠢᠪᠠ᠃

 ᠦᠰᠦᠭ ᠠᠮᠢᠯᠠᠭᠤᠯᠤᠭᠴᠢ ᠄ ᠲᠣᠭᠲᠠᠭᠤᠨ᠂ ᠮᠢᠬᠤᠸᠠᠷ᠂ ᠣᠳᠬᠠᠨᠴᠡᠴᠡᠭ ᠂  ᠪᠥᠷᠢᠠᠴᠠᠴᠡᠭ᠂ ᠣᠶᠤᠨᠴᠢᠮᠡᠭ᠂ ᠨᠠᠷᠠᠨᠲᠣᠭᠣᠰ᠂ ᠠ᠊· ᠴᠠᠭᠠᠨ
 ᠬᠢᠨᠠᠭᠴᠢ ᠪᠠᠭᠰᠢ᠄ ᠣᠳᠬᠠᠨᠰᠣ᠎ᠠ᠂ ᠲᠣᠳᠣᠭᠡᠷᠡᠯ᠂ ᠣᠳᠬᠠᠨᠴᠡᠴᠡᠭ᠂ ᠲᠣᠭᠲᠠᠭᠤᠨ᠂ ᠮᠢᠬᠤᠸᠠᠷ