ᠪᠠᠭ᠎ᠠ ᠳᠠᠭᠠᠨ ᠪᠢ ᠁ – ᠪᠠᠪᠤᠤ ᠶ᠋ᠢᠨ ᡀᠬᠠᠪᠠᠰᠥ᠋ᠷᠦᠩ Багадаа би ᠁ – Бавуугийн Лхагвасүрэн
ᠪᠠᠭ᠎ᠠ ᠳᠠᠭᠠᠨ ᠪᠢ ᠁
ᠪᠠᠭ᠎ᠠ ᠳ᠋ᠠᠭᠠᠨ ᠪᠢ᠁ ᠬᠠᠪᠤᠷ ᠤ᠋ᠨ ᠰᠡᠭᠦᠯ ᠰᠠᠷ᠎ᠠ ᠭᠠᠷᠤᠩᠭᠤᠲᠠ
ᠲᠩᠷᠢ ᠳᠤᠤᠭᠠᠷᠬᠤ ᠶ᠋ᠢ ᠤᠲᠤᠵᠤ ᠶᠠᠳᠠᠨ᠎ᠠ᠃
ᠪᠠᠯᠭᠤ ᠪᠠᠯᠭᠤ ᠪᠣᠷᠣᠭ᠎ᠠ ᠬᠠᠶᠠᠯᠠᠵᠤ
ᠭᠠᠵᠠᠷ ᠳᠡᠪᠲᠦᠬᠦ ᠦᠭᠡᠢ ᠤᠳᠠᠵᠤ ᠲᠦᠳᠡᠨᠡ᠃
ᠲᠤᠷᠠᠩᠬᠠᠢ ᠪᠤᠷᠭᠠᠰᠤ ᠡᠷᠭᠢ ᠶ᠋ᠢ ᠨᠢ ᠬᠠᠵᠢᠭᠰᠠᠨ
ᠲᠤᠤᠯᠠ ᠶ᠋ᠢᠨ ᠢ᠋ᠶ᠋ᠡᠨ ᠤᠰᠤᠨ ᠳ᠋ᠤ᠌ ᠣᠷᠣᠬᠤ ᠰᠠᠨ ᠭᠡᠵᠦ ᠶᠠᠭᠠᠷᠠᠨ᠎ᠠ᠃
ᠢᠳᠤᠭᠠᠯᠠᠭᠰᠠᠨ ᠲᠩᠷᠢ ᠶ᠋ᠢᠨ ᠠᠩᠬᠠᠨ ᠤ᠋ ᠳᠠᠭᠤᠨ ᠢ᠋ᠶ᠋ᠠᠷ
— ᠤᠰᠤᠨ ᠤ᠋ ᠬᠣᠣᠷ ᠭᠠᠷᠳᠠᠭ! ᠭᠡᠵᠦ ᠢᠵᠢᠢ ᠴᠠᠭᠳᠠᠨ᠎ᠠ᠃
ᠥᠨᠳᠥᠷ ᠲᠩᠷᠢ ᠳᠤᠤᠭᠠᠷᠤᠭᠰᠠᠨ ᠤ᠋ ᠮᠠᠷᠭᠠᠰᠢ
ᠥᠷᠥᠰᠢᠶᠡᠯᠲᠦ ᠲᠤᠤᠯᠠ ᠶ᠋ᠢᠨ ᠤᠰᠤᠨ ᠳ᠋ᠠᠭᠠᠨ ᠴᠣᠪᠬᠣᠴᠢᠵᠤ ᠪᠢ— ᠪᠠᠶᠠᠷᠯᠠᠨ᠎ᠠ᠃
ᠰᠢᠵᠠᠷᠠᠭᠤᠨ ᠲᠩᠷᠢ ᠶ᠋ᠢᠨ《ᠰᠢᠳᠦ》 ᠲᠠᠴᠢᠭᠢᠨᠠᠭᠰᠠᠨ ᠤ᠋ ᠮᠠᠷᠭᠠᠰᠢ
— ᠱᠠᠭᠠᠢ ᠲᠣᠭᠯᠠᠵᠤ ᠪᠣᠯᠬᠤ ᠦᠭᠡᠢ! ᠭᠡᠵᠦ ᠢᠵᠢᠢ ᠴᠠᠭᠠᠷᠭᠤᠯᠠᠨᠠ᠃
ᠠᠯᠠᠭ ᠮᠡᠯᠡᠬᠡᠢ ᠥᠷᠥᠵᠦ ᠪᠥᠭᠴᠥᠭ ᠨᠢᠰᠠᠯᠳᠠᠭ ᠱᠠᠭᠠᠢ ᠪᠠᠨ
ᠠᠪᠳᠠᠷ᠎ᠠ ᠶ᠋ᠢᠨ ᠬᠣᠩᠬᠣᠢ ᠳ᠋ᠤ᠌ ᠲᠦᠭᠵᠢᠭᠦᠯᠵᠦ ᠪᠢ— ᠭᠣᠮᠣᠳᠠᠨ᠎ᠠ᠁
ᠶᠣ! ᠭᠡᠬᠦ ᠳ᠋ᠦ᠍ ᠯᠡ ᠨᠠᠳᠠ ᠤᠷᠤᠭᠤ ᠤᠬᠤᠰᠬᠢᠳᠠᠭ ᠢᠵᠢᠢ ᠮᠢᠨᠢ
ᠶᠣᠰᠣ ᠶ᠋ᠢ ᠰᠦᠨᠳᠡᠯᠡᠨ ᠬᠠᠲᠠᠭᠤᠯᠠᠵᠤ᠂《ᠠᠭᠤᠯᠠ ᠰᠢᠭ᠋》 ᠬᠥᠳᠡᠯᠬᠦ ᠦᠭᠡᠢ
ᠡᠪᠦᠳᠦᠭ ᠢ᠋ᠶ᠋ᠡᠨ ᠨᠠᠮᠠᠶ᠋ᠢ ᠰᠢᠯᠪᠤᠯᠬᠤ ᠳ᠋ᠤ᠌᠂ ᠤᠬᠢᠯᠠᠨ ᠠᠯᠳᠠᠳᠠᠭ ᠢᠵᠢᠢ ᠮᠢᠨᠢ
ᠥᠨᠳᠥᠷ ᠵᠠᠩᠰᠢᠯ ᠢ᠋ᠶ᠋ᠠᠨ ᠬᠠᠰᠢᠵᠤ《ᠤᠰᠤ ᠰᠢᠭ᠋》 ᠤᠷᠤᠰᠬᠤ ᠦᠭᠡᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
