ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ ᠤ᠋ᠨ ᠲᠣᠢᠮᠣДунсян үндэстэний уран зохилын тойм
ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ ᠤ᠋ᠨ ᠲᠣᠢᠮᠣ
ᠳ᠋ᠦᠩᠰᠢᠶᠠᠩ ᠦᠨᠳᠦᠰᠦᠲᠡᠨ1995 ᠣᠨ ᠤ᠋ ᠪᠦᠷᠢᠳᠬᠡᠯ ᠢ᠋ᠶ᠋ᠡᠷ 37 ᠲᠦᠮᠡ ᠭᠠᠷᠤᠢ ᠬᠥᠮᠦᠨ ᠠᠮᠠ ᠲᠠᠢ᠂ ᠲᠡᠳᠡᠨ ᠦ᠌ ᠣᠯᠠᠩᠬᠢ ᠨᠢ ᠭᠠᠨᠰᠦ ᠮᠣᠵᠢ ᠶ᠋ᠢᠨ ᠯᠢᠨᠰᠢᠶᠠ ᠶ᠋ᠢᠨ ᠬᠣᠲᠣᠩ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠶ᠋ᠢᠨ ᠳ᠋ᠦᠩᠰᠢᠶᠠᠩ ᠤ᠋ᠨ ᠥᠪᠡᠷᠲᠡᠭᠡᠨ ᠵᠠᠰᠠᠬᠤ ᠰᠢᠶᠠᠨ ᠳ᠋ᠤ᠌ ᠲᠥᠪᠯᠡᠷᠡᠨ ᠰᠠᠭᠤᠷᠢᠰᠢᠵᠤ᠂ ᠨᠢᠭᠡ ᠬᠡᠰᠡᠭ ᠨᠢ ᠭᠠᠨᠰᠦ ᠮᠣᠵᠢ ᠶ᠋ᠢᠨ ᠵᠢᠢ ᠱᠢ ᠱᠠᠨ᠂ ᠳ᠋ᠢᠩ ᠰᠢ ᠪᠣᠯᠤᠨ ᠯᠠᠨᠵᠧᠦ ᠬᠣᠲᠠ ᠳ᠋ᠤ᠌ ᠰᠠᠭᠤᠷᠢᠰᠢᠵᠤ ᠪᠠᠢᠨ᠎ᠠ᠃ ᠪᠠᠰᠠ ᠴᠥᠬᠡᠪᠲᠤᠷ ᠳ᠋ᠦᠩᠰᠢᠶᠠᠩ ᠬᠥᠮᠦᠰ ᠰᠢᠨᠵᠢᠶᠠᠩ᠂ ᠨᠢᠩᠰᠢᠶᠠ ᠬᠥᠬᠡᠨᠠᠭᠤᠷ ᠵᠡᠷᠭᠡ ᠪᠠᠷᠠᠭᠤᠨ ᠬᠣᠢᠲᠤ ᠶ᠋ᠢᠨ ᠮᠣᠵᠢ ᠣᠷᠣᠨ ᠳ᠋ᠤ᠌ ᠳᠠᠷᠬᠠᠨ ᠨᠤᠲᠤᠭᠯᠠᠵᠤ ᠪᠠᠢᠨ᠎ᠠ᠃ ᠳ᠋ᠦᠩᠰᠢᠶᠠᠩ ᠦᠨᠳᠦᠰᠦᠲᠡᠨ ᠭᠣᠣᠯᠳᠠᠭᠤ ᠲᠠᠷᠢᠶᠠᠯᠠᠩ ᠦᠢᠯᠡᠳᠪᠦᠷᠢᠯᠡᠯ ᠢ᠋ ᠡᠷᠬᠢᠯᠡᠵᠦ ᠪᠣᠢ᠂ ᠭᠡᠪᠡᠴᠦ ᠮᠠᠯ ᠠᠵᠤ ᠠᠬᠤᠢ ᠪᠣᠯᠤᠨ ᠭᠠᠷ ᠦᠢᠯᠡᠳᠪᠦᠷᠢᠯᠡᠯ ᠴᠦ᠍ ᠨᠡᠯᠢᠶᠡᠳ ᠬᠥᠭᠵᠢᠯᠲᠡ ᠲᠠᠢ ᠶᠤᠮ᠃1950 ᠣᠨ ᠤ᠋6 ᠰᠠᠷ᠎ᠠ ᠶ᠋ᠢᠨ25 ᠪ ᠡᠳᠦᠷ ᠳ᠋ᠦᠩᠰᠢᠶᠠᠩ ᠤ᠋ᠨ ᠥᠪᠡᠷᠲᠡᠭᠡᠨ ᠵᠠᠰᠠᠬᠤ ᠰᠢᠶᠠᠨ ᠢ᠋ ᠪᠠᠢᠭᠤᠯᠵᠤ᠂1953一1954 ᠣᠨ ᠤ᠋ ᠬᠣᠭᠣᠷᠣᠨᠳᠣ ᠯᠢᠶᠠᠩ ᠵᠢᠶᠠ ᠽᠢ ᠮᠡᠲᠦ ᠵᠢᠷᠭᠤᠭᠠᠨ ᠥᠪᠡᠷᠲᠡᠭᠡᠨ ᠵᠠᠰᠠᠬᠤ ᠰᠤᠮᠤ ᠶ᠋ᠢ ᠪᠠᠢᠭᠤᠯᠤᠨ᠂ ᠦᠨᠳᠦᠰᠦᠲᠡᠨ ᠦ᠌ ᠡᠷᠬᠡ ᠲᠡᠭᠰᠢ᠂ ᠪᠦᠯᠬᠦᠮᠳᠡᠯ ᠨᠢᠭᠲᠠᠷᠠᠯ ᠪᠣᠯᠤᠨ ᠬᠠᠮᠲᠤ ᠶ᠋ᠢᠨ ᠬᠥᠭᠵᠢᠨ ᠴᠡᠴᠡᠭᠯᠡᠯᠲᠡ ᠶ᠋ᠢ ᠪᠡᠶᠡᠯᠡᠭᠦᠯᠪᠡ᠃
ᠳ᠋ᠦᠩᠰᠢᠶᠠᠩ ᠦᠨᠳᠦᠰᠦᠲᠡᠨ ᠥᠩᠭᠡᠷᠡᠭᠰᠡᠨ ᠳ᠋ᠦ᠍ ᠥᠪᠡᠷ ᠢ᠋ ᠪᠡᠨ《ᠰᠡᠷᠳ᠋》 ᠭᠡᠳᠡᠭ ᠪᠠᠢᠵᠠᠢ᠃ ᠪᠤᠰᠤᠳ ᠦ᠋ᠳ ᠲᠡᠳᠡᠨ ᠢ᠋《ᠳ᠋ᠦᠩᠰᠢᠶᠠᠩ ᠳ᠋ᠤ᠌ ᠿᠧᠨ》( ᠳ᠋ᠦᠩᠰᠢᠶᠠᠩ ᠨᠤᠲᠤᠭ ᠤ᠋ᠨ ᠬᠥᠮᠦᠨ) ᠪᠤᠶᠤ《ᠮᠣᠩᠭᠣᠯ ᠬᠣᠲᠣᠩ》 ᠭᠡᠳᠡᠭ ᠪᠠᠢᠵᠠᠢ᠃ ᠳ᠋ᠦᠩᠰᠢᠶᠠᠩ ᠭᠡᠭᠴᠢ ᠪᠣᠯ ᠭᠠᠵᠠᠷ ᠤ᠋ᠨ ᠪᠠᠢᠷᠢᠰᠢᠯ ᠢ᠋ ᠵᠢᠭᠠᠭᠰᠠᠨ ᠦᠭᠡ ᠪᠠᠢᠵᠤ᠂ ᠲᠡᠳᠡ ᠯᠢᠨᠰᠢᠶᠠ ᠬᠣᠲᠠ ᠶ᠋ᠢᠨ ᠵᠡᠭᠦᠨᠲᠡᠢ ᠪᠠᠢᠬᠤ ᠲᠤᠯᠠ ᠵᠡᠭᠦᠨᠲᠡᠢ ᠨᠤᠲᠤᠭ ᠤ᠋ᠨ ᠬᠥᠮᠦᠰ ᠭᠡᠰᠡᠨ ᠦᠭᠡ ᠪᠣᠯᠤᠨ᠎ᠠ᠃ ᠳ᠋ᠦᠩᠰᠢᠶᠠᠩ ᠦᠨᠳᠦᠰᠦᠲᠡᠨ ᠦ᠌ ᠡᠭᠦᠰᠦᠯ ᠢᠷᠡᠯ ᠦ᠋ᠨ ᠲᠤᠬᠠᠢ ᠡᠷᠳᠡᠮᠲᠡᠳ ᠠᠳᠠᠯᠢ ᠪᠤᠰᠤ ᠦᠵᠡᠯᠲᠡ ᠳᠤᠷᠠᠳᠤᠭᠰᠠᠭᠠᠷ ᠢᠷᠡᠪᠡ᠃ ᠲᠤᠬᠠᠢᠯᠠᠪᠠᠯ ᠪᠣᠭᠳᠠ ᠡᠵᠡᠨ ᠴᠢᠩᠭᠢᠰ ᠬᠠᠭᠠᠨ ᠪᠠᠷᠠᠭᠤᠨᠰᠢ ᠳᠠᠢᠯᠠᠬᠤ ᠪᠠᠷ ᠶᠠᠪᠤᠵᠤ ᠵᠠᠮ ᠳ᠋ᠠᠭᠠᠨ ᠾᠧ ᠵᠧᠦ ᠶ᠋ᠢ ᠪᠡᠬᠢᠯᠡᠨ ᠬᠠᠮᠠᠭᠠᠯᠠᠬᠤ ᠪᠠᠷ ᠦᠯᠡᠳᠡᠭᠡᠭᠰᠡᠨ ᠮᠣᠩᠭᠣᠯ ᠴᠡᠷᠢᠭ ᠪᠣᠯᠤᠨ ᠨᠤᠲᠤᠭ ᠤ᠋ᠨ ᠬᠥᠮᠦᠰ ᠦ᠋ᠨ ᠤᠷᠤᠭ ᠲᠥᠷᠥᠯ᠂ ᠬᠠᠷᠢᠴᠠᠭ᠎ᠠ ᠶᠠᠪᠤᠯᠴᠠᠭ᠎ᠠ ᠳᠤᠮᠳᠠ ᠠ᠋ᠴᠠ ᠪᠦᠷᠢᠯᠳᠦᠭᠰᠡᠨ᠂ ᠮᠣᠩᠭᠣᠯ ᠤ᠋ᠨ ᠥᠭᠡᠳᠡᠢ ᠬᠠᠭᠠᠨ ᠤ᠋ ᠦᠶ᠎ᠡ ᠳ᠋ᠦ᠍ ᠬᠡᠰᠡᠭ ᠢᠰᠯᠠᠮ ᠱᠠᠰᠢᠨ ᠰᠢᠲᠦᠳᠡᠭ ᠮᠣᠩᠭᠣᠯ ᠬᠥᠮᠦᠨ᠂ ᠱᠠᠰᠢᠨ ᠪ ᠵᠢᠭᠤᠷᠠᠯᠳᠤᠭᠠᠨ ᠠ᠋ᠴᠠ ᠪᠣᠯᠵᠤ ᠾᠧ ᠵᠧᠦ ᠬᠠᠪᠢ ᠪᠠᠷ ᠨᠡᠭᠦᠳᠡᠯᠯᠡᠨ ᠢᠷᠡᠵᠦ ᠣᠷᠣᠨ ᠨᠤᠲᠤᠭ ᠤ᠋ᠨ ᠬᠥᠮᠦᠰ ᠲᠡᠢ ᠬᠣᠯᠢᠯᠳᠤᠨ ᠪᠦᠷᠢᠯᠳᠦᠭᠰᠡᠨ᠂ ᠳ᠋ᠦᠩᠰᠢᠶᠠᠩ ᠤ᠋ᠨ ᠡᠪᠦᠭᠡ ᠳᠡᠭᠡᠳᠦᠰ ᠪᠣᠯ ᠳᠤᠮᠳᠠᠳᠤ ᠠᠽᠢᠶ᠎ᠠ ᠶ᠋ᠢᠨ ᠰᠡᠷᠳ᠋ ᠬᠥᠮᠦᠰ ᠶᠤᠮ᠃ ᠮᠣᠩᠭᠣᠯ ᠤ᠋ᠨ ᠪᠣᠭᠳᠠ ᠡᠵᠡᠨ ᠴᠢᠩᠭᠢᠰ ᠬᠠᠭᠠᠨ ᠪᠠᠷᠠᠭᠤᠨᠰᠢ ᠳᠠᠢᠯᠠᠭᠠᠳ ᠢᠯᠠᠯᠲᠠ ᠣᠯᠵᠤ ᠪᠤᠴᠠᠨ ᠢᠷᠡᠬᠦ ᠳ᠋ᠡᠭᠡᠨ ᠬᠡᠰᠡᠭ ᠰᠡᠷᠳ᠋ ᠬᠥᠮᠦᠰ ᠢ᠋ ᠳᠠᠭᠠᠭᠤᠯᠤᠨ ᠢᠷᠡᠵᠦ ᠾᠧ ᠵᠧᠦ ᠬᠠᠪᠢ ᠪᠠᠷ ᠦᠯᠡᠳᠡᠭᠡᠭᠰᠡᠨ ᠡᠴᠡ ᠲᠡᠳᠡᠨ ᠦ᠌ ᠬᠣᠢᠴᠢ ᠦᠶ᠎ᠡ ᠨᠢ ᠳ᠋ᠦᠩᠰᠢᠶᠠᠩ ᠦᠨᠳᠦᠰᠦᠲᠡᠨ ᠪᠣᠯᠪᠠ ᠭᠡᠬᠦ ᠮᠡᠲᠦ᠃ ᠡᠳᠡᠭᠡᠷ ᠦᠵᠡᠯᠲᠡ ᠶ᠋ᠢᠨ ᠠᠯᠢ ᠨᠢ ᠵᠥᠪ ᠪᠣᠯᠬᠤ ᠶ᠋ᠢ ᠦᠷᠭᠦᠯᠵᠢᠯᠡᠨ ᠰᠤᠳᠤᠯᠬᠤ ᠴᠢᠬᠤᠯᠠ ᠲᠠᠢ ᠪᠠᠢᠭᠰᠠᠭᠠᠷ᠂ ᠱᠠᠰᠢᠨ ᠤ᠋ ᠲᠠᠯ᠎ᠠ ᠠ᠋ᠴᠠ ᠰᠦᠪᠡᠭᠴᠢᠯᠡᠪᠡᠯ ᠰᠡᠷᠳ᠋ ᠬᠥᠮᠦᠨ ᠡᠴᠡ ᠢᠷᠡᠯᠲᠡᠢ ᠭᠡᠬᠦ ᠨᠢ ᠵᠦᠢᠲᠡᠢ ᠰᠢᠭ ᠪᠥᠭᠡᠳ ᠴᠢᠩᠭᠢᠰ ᠬᠠᠭᠠᠨ ᠪᠠᠷᠠᠭᠤᠨᠰᠢ ᠳᠠᠢᠯᠠᠵᠤ ᠪᠤᠴᠠᠵᠤ ᠢᠷᠡᠬᠦ ᠳ᠋ᠡᠭᠡᠨ ᠦᠨᠡᠬᠡᠷ ᠮᠠᠰᠢ ᠣᠯᠠᠨ ᠭᠠᠷ ᠮᠡᠷᠭᠡᠵᠢᠯ ᠲᠡᠢ ᠰᠠᠷᠲᠠᠭᠤᠯ ᠬᠥᠮᠦᠰ ᠢ᠋ ᠳᠠᠭᠠᠭᠤᠯᠤᠨ ᠢᠷᠡᠭᠰᠡᠨ ᠪᠥᠭᠡᠳ ᠬᠡᠰᠡᠭ ᠢ᠋ ᠨᠢ ᠾᠧ ᠵᠧᠦ ᠬᠠᠪᠢ ᠪᠠᠷ ᠦᠯᠡᠳᠡᠭᠡᠭᠰᠡᠨ ᠪᠣᠯᠬᠤ ᠶ᠋ᠢ ᠬᠣᠯᠪᠣᠭᠳᠠᠯ ᠲᠠᠢ ᠲᠡᠦᠬᠡᠨ ᠮᠠᠲ᠋ᠧᠷᠢᠶᠠᠯ ᠳ᠋ᠤ᠌ ᠲᠡᠮᠳᠡᠭᠯᠡᠯᠲᠡᠢ ᠶᠤᠮ᠃ ᠪᠢᠳᠡᠨ ᠦ᠌ ᠰᠤᠷᠠᠭᠯᠠᠵᠤ ᠣᠢᠯᠠᠭᠠᠭᠰᠠᠨ ᠢ᠋ᠶ᠋ᠠᠷ ᠳ᠋ᠦᠩᠰᠢᠶᠠᠩ ᠤ᠋ᠨ ᠨᠡᠯᠢᠶᠡᠳ ᠰᠡᠭᠡᠭᠡᠲᠡᠳ ᠴᠦ᠍ ᠰᠡᠷᠳ᠋ ᠬᠥᠮᠦᠨ ᠡᠴᠡ ᠢᠷᠡᠯ ᠲᠡᠢ ᠭᠡᠬᠦ ᠦᠵᠡᠯᠲᠡ ᠶ᠋ᠢ ᠵᠥᠪᠰᠢᠶᠡᠷᠡᠵᠦ ᠪᠠᠢᠨ᠎ᠠ᠃ ᠭᠡᠪᠡᠴᠦ ᠳ᠋ᠦᠩᠰᠢᠶᠠᠩ ᠦᠨᠳᠦᠰᠦᠲᠡᠨ ᠦ᠌ ᠤᠤᠯ ᠤ᠋ᠨ ᠦᠭᠡ ᠬᠡᠯᠡᠨ ᠦ᠌᠂ ᠣᠳᠣ ᠳ᠋ᠤ᠌ ᠴᠤ᠌ ᠭᠡᠳ ᠬᠠᠭᠠᠰ ᠢᠯᠡᠭᠦᠦ ᠦᠭᠡ ᠥᠭᠦᠯᠡᠪᠦᠷᠢ ᠨᠢ ᠪᠦᠷ ᠮᠣᠩᠭᠣᠯ ᠦᠭᠡ ᠪᠠᠢᠵᠤ᠂ ᠬᠠᠷᠢᠴᠠᠭᠤᠯᠪᠠᠯ ᠬᠢᠲᠠᠳ ᠲᠦᠷᠺ ᠵᠢᠭᠡᠯᠡᠯᠭᠡ ᠦᠭᠡ ᠡᠴᠡ ᠢᠯᠡᠭᠦᠦ ᠶᠤᠮ᠃ ᠪᠠᠰᠠ ᠳ᠋ᠦᠩᠰᠢᠶᠠᠩ ᠤ᠋ᠨ ᠠᠷᠪᠢᠨ ᠭᠠᠵᠠᠷ ᠤ᠋ᠨ ᠨᠡᠷ᠎ᠡ ᠴᠦ᠍ ᠪᠦᠷ ᠮᠣᠩᠭᠣᠯ ᠨᠡᠷ᠎ᠡ ᠶᠤᠮ᠃ ᠵᠢᠱ᠌ᠢᠶᠡᠯᠡᠪᠡᠯ ᠮᠥᠩᠭᠦᠴᠢ᠂ ᠲᠡᠮᠦᠷᠴᠢ᠂ ᠳᠠᠷᠤᠭᠠᠴᠢ ᠭᠡᠬᠦ ᠮᠡᠲᠦ᠃ ᠡᠭᠦᠨ ᠢ᠋ᠶ᠋ᠡᠷ ᠰᠦᠪᠡᠭᠴᠢᠯᠡᠪᠡᠯ ᠮᠣᠩᠭᠣᠯ ᠠ᠋ᠴᠠ ᠢᠷᠡᠯ ᠲᠡᠢ ᠭᠡᠬᠦ ᠦᠵᠡᠯᠲᠡ ᠶ᠋ᠢ ᠴᠦ᠍ ᠦᠭᠡᠢᠰᠬᠡᠬᠦ ᠳ᠋ᠦ᠍ ᠪᠡᠷᠬᠡ ᠪᠥᠭᠡᠳ ᠮᠣᠩᠭᠣᠯ ᠲᠠᠢ ᠬᠠᠮᠢᠶ᠎ᠠ ᠦᠭᠡᠢ ᠭᠡᠬᠦ ᠶ᠋ᠢᠨ ᠠᠷᠭ᠎ᠠ ᠦᠭᠡᠢ ᠶᠤᠮ᠃ ᠬᠣᠢᠰᠢᠳᠠ ᠶ᠋ᠢᠨ ᠤᠯᠠᠮ ᠭᠦᠨᠵᠡᠭᠡᠢ ᠰᠤᠳᠤᠯᠤᠯ ᠳᠤᠮᠳᠠ ᠲᠣᠳᠣᠷᠬᠠᠢᠯᠠᠭᠳᠠᠬᠤ ᠨᠢ ᠯᠠᠪᠲᠠᠢ ᠶᠤᠮ᠃
ᠳ᠋ᠦᠩᠰᠢᠶᠠᠩ ᠦᠨᠳᠦᠰᠦᠲᠡᠨ ᠳ᠋ᠦ᠍ ᠥᠪᠡᠷ ᠦ᠋ᠨ ᠦᠨᠳᠦᠰᠦᠲᠡᠨ ᠦ᠌ ᠦᠭᠡ ᠬᠡᠯᠡ ᠲᠡᠢ᠂ ᠦᠰᠦᠭ ᠪᠢᠴᠢᠭ ᠦᠭᠡᠢ᠃ ᠳ᠋ᠦᠩᠰᠢᠶᠠᠩ ᠬᠡᠯᠡ ᠪᠣᠯ ᠠᠯᠲᠠᠢ ᠬᠡᠯᠡᠨ ᠦ᠌ ᠰᠢᠰᠲ᠋ᠧᠮ ᠦ᠋ᠨ ᠮᠣᠩᠭᠣᠯ ᠲᠥᠷᠥᠯ ᠬᠡᠯᠡ ᠳ᠋ᠦ᠍ ᠪᠠᠭᠲᠠᠨ᠎ᠠ᠃ ᠳ᠋ᠦᠩᠰᠢᠶᠠᠩ ᠤ᠋ᠨ ᠨᠡᠯᠢᠶᠡᠳ ᠬᠥᠮᠦᠰ ᠪᠦᠷ ᠬᠢᠲᠠᠳ ᠬᠡᠯᠡ ᠦᠰᠦᠭ ᠪᠢᠴᠢᠭ ᠢ᠋ ᠰᠤᠷᠴᠤ ᠡᠵᠡᠮᠰᠢᠨ᠂ ᠵᠠᠷᠢᠮ ᠨᠢ ᠪᠦᠷ ᠬᠢᠲᠠᠳ ᠢ᠋ᠶ᠋ᠠᠷ ᠤᠷᠠᠨ ᠵᠣᠬᠢᠶᠠᠯ ᠪᠢᠴᠢᠵᠦ᠂ ᠳ᠋ᠦᠩᠰᠢᠶᠠᠩ ᠤ᠋ᠨ ᠪᠢᠴᠢᠭ ᠦ᠋ᠨ ᠤᠷᠠᠨ ᠵᠣᠬᠢᠶᠠᠯ ᠢ᠋ ᠪᠦᠷᠢᠯᠳᠦᠭᠦᠯᠦᠭᠰᠡᠨ ᠪᠠᠢᠳᠠᠭ᠃
ᠳ᠋ᠦᠩᠰᠢᠶᠠᠩ ᠦᠨᠳᠦᠰᠦᠲᠡᠨ ᠦ᠌ ᠤᠷᠠᠨ ᠵᠣᠬᠢᠶᠠᠯ ᠳ᠋ᠤ᠌ ᠬᠡᠳᠦᠢᠪᠡᠷ ᠬᠢᠲᠠᠳ ᠢ᠋ᠶ᠋ᠠᠷ ᠪᠢᠴᠢᠭᠰᠡᠨ ᠪᠢᠴᠢᠭ ᠦ᠋ᠨ ᠤᠷᠠᠨ ᠵᠣᠬᠢᠶᠠᠯ ᠪᠣᠢ ᠪᠣᠯᠪᠠᠴᠤ ᠠᠷᠠᠳ ᠤ᠋ᠨ ᠠᠮᠠᠨ ᠵᠣᠬᠢᠶᠠᠯ ᠬᠠᠰᠢᠯᠠ ᠭᠣᠣᠯ ᠴᠢᠬᠤᠯᠠ ᠪᠠᠢᠷᠢ ᠰᠠᠭᠤᠷᠢ ᠶ᠋ᠢ ᠡᠵᠡᠯᠡᠨ᠎ᠡ᠃ ᠳ᠋ᠦᠩᠰᠢᠶᠠᠩ ᠤ᠋ᠨ ᠠᠷᠠᠳ ᠤ᠋ᠨ ᠠᠮᠠᠨ ᠵᠣᠬᠢᠶᠠᠯ ᠳ᠋ᠤ᠌ ᠠᠷᠠᠳ ᠤ᠋ᠨ ᠳᠠᠭᠤᠤ᠂ ᠵᠦᠢᠷ ᠰᠡᠴᠡᠨ ᠦᠭᠡ᠂ ᠬᠦᠦᠷᠨᠢᠯ ᠰᠢᠯᠦᠭ᠂ ᠳᠣᠮᠣᠭ ᠦᠯᠢᠭᠡᠷ᠂ ᠶᠠᠪᠠᠭᠠᠨ ᠦᠯᠢᠭᠡᠷ ᠶᠣᠭᠲᠣ ᠦᠯᠢᠭᠡᠷ ᠵᠡᠷᠭᠡ ᠰᠲ᠋ᠢᠯᠢ ᠬᠡᠯᠪᠡᠷᠢ ᠭᠣᠣᠯ ᠪᠣᠯᠤᠨ᠎ᠠ᠃ ᠡᠳᠡᠭᠡᠷ ᠠᠷᠠᠳ ᠤ᠋ᠨ ᠠᠮᠠᠨ ᠵᠣᠬᠢᠶᠠᠯ ᠠᠳᠠᠯᠢ ᠪᠤᠰᠤ ᠲᠠᠯ᠎ᠠ ᠠ᠋ᠴᠠ ᠳ᠋ᠦᠩᠰᠢᠶᠠᠩ ᠤ᠋ᠨ ᠡᠯ᠎ᠡ ᠲᠡᠦᠬᠡᠲᠦ ᠱᠠᠲᠤ ᠦᠶ᠎ᠡ ᠶ᠋ᠢᠨ ᠨᠡᠢᠭᠡᠮ ᠦᠢᠯᠡᠳᠪᠦᠷᠢᠯᠡᠯ ᠠᠮᠢᠳᠤᠷᠠᠯ ᠪᠣᠯᠤᠨ ᠲᠡᠳᠡᠨ ᠦ᠌ ᠰᠠᠢᠨ ᠰᠠᠢᠬᠠᠨ ᠬᠦᠰᠡᠯ ᠮᠥᠷᠥᠭᠡᠳᠦᠯ ᠢ᠋ ᠲᠤᠰᠬᠠᠪᠠ᠃
ᠳ᠋ᠦᠩᠰᠢᠶᠠᠩ ᠤ᠋ᠨ ᠠᠷᠠᠳ ᠤ᠋ᠨ ᠳᠠᠭᠤᠤ ᠪᠣᠯ《ᠬᠤᠸᠠᠷ》 ᠢ᠋ᠶ᠋ᠠᠷ ᠭᠣᠣᠯᠳᠠᠭᠤᠯᠤᠭᠰᠠᠨ ᠲᠣᠭᠲᠠᠭᠰᠠᠨ ᠬᠡᠯᠪᠡᠷᠢ ᠲᠡᠢ ᠳᠠᠭᠤᠤ ᠨᠤᠭᠤᠳ ᠶᠤᠮ᠃《ᠬᠤᠸᠠᠷ》 ᠢ᠋ ᠳ᠋ᠦᠩᠰᠢᠶᠠᠩ ᠤ᠋ᠳ《ᠳ᠋ᠤᠸᠠᠨ》 ᠭᠡᠳᠡᠭ᠃ ᠨᠢᠭᠡ ᠬᠣᠶᠠᠷ ᠵᠠᠭᠤᠨ ᠵᠢᠯ ᠡᠴᠡ ᠨᠡᠰᠢ《ᠳ᠋ᠤᠸᠠᠨ》 ᠳ᠋ᠦᠩᠰᠢᠶᠠᠩ ᠤ᠋ᠨ ᠠᠬᠤᠢ ᠠᠮᠢᠳᠤᠷᠠᠯ ᠳᠤᠮᠳᠠ ᠴᠢᠬᠤᠯᠠ ᠪᠠᠢᠷᠢ ᠰᠠᠭᠤᠷᠢ ᠶ᠋ᠢ ᠡᠵᠡᠯᠡᠵᠦ ᠢᠷᠡᠪᠡ᠃ ᠪᠠᠷᠠᠭᠤᠨ ᠬᠣᠢᠲᠤ ᠣᠷᠣᠨ ᠤ᠋《ᠬᠤᠸᠠᠷ》 ᠤ᠋ᠨ ᠢᠷᠡᠯᠲᠡ ᠶ᠋ᠢᠨ ᠲᠤᠬᠠᠢ ᠪᠠᠲᠤᠲᠠᠢ ᠴᠠᠭ ᠦᠶ᠎ᠡ ᠶ᠋ᠢ ᠲᠣᠭᠲᠠᠭᠠᠬᠤ ᠳ᠋ᠤ᠌ ᠪᠡᠷᠬᠡ᠃ ᠭᠡᠪᠡᠴᠦ ᠳ᠋ᠦᠩᠰᠢᠶᠠᠩ ᠰᠡᠭᠡᠭᠡᠲᠡᠳ ᠦ᠋ᠨ ᠲᠠᠨᠢᠯᠴᠠᠭᠤᠯᠬᠤ ᠪᠠᠷ1781 ᠣᠨ ᠤ᠋ ᠰᠠᠯᠠᠷ ᠤ᠋ᠨ ᠰᠦ ᠽᠢ ᠱᠢ ᠰᠠᠨ ᠤ᠋ ᠪᠣᠰᠤᠯᠭ᠎ᠠ ᠳ᠋ᠤ᠌ ᠨᠡᠯᠢᠶᠡᠳ ᠳ᠋ᠦᠩᠰᠢᠶᠠᠩ ᠬᠥᠮᠦᠨ ᠣᠷᠣᠯᠴᠠᠭᠰᠠᠨ ᠪᠥᠭᠡᠳ ᠲᠡᠳᠡᠨ ᠦ᠌ ᠳᠤᠮᠳᠠ ᠲᠤᠬᠠᠢ ᠶ᠋ᠢᠨ ᠦᠶ᠎ᠡ ᠶ᠋ᠢᠨ ᠪᠣᠰᠤᠯᠭ᠎ᠠ ᠶ᠋ᠢ ᠳᠤᠰᠬᠠᠭᠰᠠᠨ《ᠬᠤᠸᠠᠷ》 ᠪᠠᠢᠭᠰᠠᠨ ᠠ᠋ᠴᠠ ᠦᠵᠡᠪᠡᠯ《ᠬᠤᠸᠠᠷ》 ᠲᠡᠷᠡ ᠦᠶ᠎ᠡ ᠳ᠋ᠦ᠍ ᠣᠯᠠᠨ ᠲᠦᠮᠡᠨ ᠦ᠌ ᠳᠤᠮᠳᠠ ᠨᠡᠯᠢᠶᠡᠳ ᠥᠷᠭᠡᠨ ᠳᠡᠯᠭᠡᠷ ᠲᠠᠷᠬᠠᠭᠠᠳ ᠪᠠᠢᠭᠰᠠᠨ ᠨᠢ ᠲᠣᠳᠣᠷᠬᠠᠢ᠃《ᠬᠤᠸᠠᠷ》 ᠢ᠋ᠶ᠋ᠠᠷ ᠭᠣᠣᠯᠳᠠᠭᠤᠯᠤᠭᠰᠠᠨ ᠠᠷᠠᠳ ᠤ᠋ᠨ ᠳᠠᠭᠤᠤ ᠶ᠋ᠢ ᠪᠢᠳᠡ ᠠᠭᠤᠯᠭ᠎ᠠ ᠶ᠋ᠢᠨ ᠲᠠᠯ᠎ᠠ ᠪᠠᠷ ᠰᠢᠨᠵᠢᠯᠡᠪᠡᠯ ᠹᠧᠣᠳᠠᠯ ᠤ᠋ᠨ ᠳᠠᠷᠤᠯᠠᠯ ᠮᠥᠯᠵᠢᠯ ᠢ᠋ ᠢᠯᠡᠴᠢᠯᠡᠨ ᠡᠰᠡᠷᠭᠦᠴᠡᠵᠦ᠂ ᠠᠵᠠ ᠵᠢᠷᠭᠠᠯᠲᠠᠢ ᠠᠮᠢᠳᠤᠷᠠᠬᠤ ᠬᠦᠰᠡᠯᠡᠩ ᠢ᠋ᠶ᠋ᠡᠨ ᠢᠯᠡᠳᠬᠡᠭᠰᠡᠨ ᠭᠠᠰᠢᠭᠤᠨ ᠤ᠋ ᠳᠠᠭᠤᠤ ᠲᠣᠭᠠᠨ ᠤ᠋ ᠲᠠᠯ᠎ᠠ ᠪᠠᠷ ᠣᠯᠠᠨ ᠪᠠᠢᠳᠠᠭ᠃ ᠬᠠᠮᠲᠤᠳᠠ ᠡᠷᠬᠡ ᠴᠢᠯᠥᠭᠡᠲᠦ ᠢᠨᠠᠭ ᠳᠤᠷᠠᠯᠠᠯ ᠢ᠋ ᠬᠦᠰᠡᠨ ᠪᠡᠯᠭᠡᠳᠡᠵᠦ᠂ ᠹᠧᠣᠳᠠᠯ ᠤ᠋ᠨ ᠠᠯᠪᠠᠳᠠᠯᠭ᠎ᠠ ᠶ᠋ᠢᠨ ᠤᠷᠤᠭ ᠢ᠋ ᠡᠰᠡᠷᠭᠦᠴᠡᠭᠰᠡᠨ ᠪᠤᠶᠤ ᠭᠠᠳᠠᠭᠰᠢ ᠠᠵᠢᠯ ᠬᠢᠬᠦ ᠪᠡᠷ ᠶᠠᠪᠤᠭᠰᠠᠨ ᠡᠷ᠎ᠡ ᠨᠥᠬᠥᠷ ᠢ᠋ᠶ᠋ᠡᠨ ᠰᠠᠨᠠᠭᠠᠯᠵᠠᠭᠰᠠᠨ ᠢᠨᠠᠭ ᠤ᠋ᠨ ᠳᠠᠭᠤᠤ ᠴᠤ᠌ ᠨᠡᠯᠢᠶᠡᠳ ᠪᠠᠢᠳᠠᠭ᠃ ᠠᠵᠢᠯ ᠬᠥᠳᠡᠯᠮᠦᠷᠢ ᠶ᠋ᠢᠨ ᠲᠤᠬᠠᠢ ᠳᠠᠭᠤᠤ ᠳ᠋ᠤ᠌ ᠣᠯᠠᠨ ᠶᠠᠩᠵᠤ ᠪᠣᠢ᠃《ᠯᠢᠶᠣᠣ ᠯᠢᠶᠣᠸ》 ᠪᠣᠯ ᠵᠤᠨ ᠤ᠋ ᠬᠤᠷᠢᠶᠠᠯᠲᠠ ᠶ᠋ᠢᠨ ᠦᠶ᠎ᠡ ᠳ᠋ᠦ᠍ ᠳᠠᠭᠤᠯᠠᠳᠠᠭ᠂ ᠲᠣᠭᠲᠠᠭᠰᠠᠨ ᠦᠭᠡ ᠠᠶᠠᠯᠭᠤ ᠲᠠᠢ᠂ ᠪᠠᠶᠠᠷᠲᠤ ᠰᠡᠳᠬᠢᠯᠭᠡ ᠪᠡᠨ ᠢᠯᠡᠳᠬᠡᠭᠰᠡᠨ ᠳᠠᠭᠤᠤ ᠶᠤᠮ᠃《ᠯᠦᠸᠧ ᠯᠦᠸᠧ》 ᠪᠣᠯ ᠦᠲᠦᠷᠮ᠎ᠡ ᠠᠪᠬᠤ ᠵᠡᠷᠭᠡ ᠠᠵᠢᠯ ᠤ᠋ᠨ ᠦᠶ᠎ᠡ ᠳ᠋ᠦ᠍ ᠳᠠᠭᠤᠯᠠᠳᠠᠭ ᠲᠡᠳᠦᠢ ᠯᠡ ᠪᠣᠳᠠᠲᠠᠢ ᠠᠭᠤᠯᠭ᠎ᠠ ᠦᠭᠡᠢ ᠳᠠᠭᠤᠤ ᠶᠤᠮ᠃ ᠡᠭᠦᠨ ᠡᠴᠡ ᠥᠭᠡᠷ᠎ᠡ ᠪᠠᠰᠠ ᠶᠠᠩᠵᠤ ᠪᠦᠷᠢ ᠶ᠋ᠢᠨ ᠠᠵᠢᠯ ᠬᠥᠳᠡᠯᠮᠦᠷᠢ ᠳ᠋ᠦ᠍ ᠬᠣᠯᠪᠣᠭᠳᠠᠭᠰᠠᠨ ᠳᠠᠭᠤᠤ ᠨᠤᠭᠤᠳ ᠣᠯᠠᠨ ᠪᠣᠢ᠃ ᠬᠤᠷᠢᠮ ᠤ᠋ᠨ ᠳᠠᠭᠤᠤ ᠶ᠋ᠢ《ᠬᠠᠯᠢ》 ᠭᠡᠵᠦ᠂ ᠭᠠᠷ ᠠᠯᠠᠭᠠᠳᠠᠬᠤ ᠪᠤᠶᠤ ᠪᠥᠵᠢᠭᠯᠡᠬᠦ ᠶ᠋ᠢᠨ ᠳᠠᠭᠠᠤ ᠳᠠᠭᠤᠯᠠᠳᠠᠭ᠃ ᠡᠭᠦᠨ ᠡᠴᠡ ᠭᠠᠳᠠᠨ᠎ᠠ ᠪᠠᠰᠠ ᠡᠳᠦᠢ ᠲᠡᠳᠦᠢ ᠬᠡᠦᠬᠡᠳ ᠦ᠋ᠨ ᠳᠠᠭᠤᠤ ᠪᠣᠢ᠃ ᠴᠢᠯᠥᠭᠡᠯᠡᠭᠳᠡᠭᠰᠡᠨ ᠡᠴᠡ ᠬᠣᠢᠰᠢ ᠪᠠᠰᠠ ᠡᠳᠦᠢ ᠲᠡᠳᠦᠢ ᠰᠢᠨ᠎ᠡ《ᠬᠤᠸᠠᠷ》 ᠵᠣᠬᠢᠶᠠᠭᠳᠠᠵᠤ᠂ ᠰᠢᠨ᠎ᠡ ᠨᠡᠢᠭᠡᠮ ᠰᠢᠨ᠎ᠡ ᠠᠮᠢᠳᠤᠷᠠᠯ ᠢ᠋ᠶ᠋ᠠᠨ ᠮᠠᠭᠲᠠᠨ ᠳᠠᠭᠤᠯᠠᠭᠰᠠᠨ ᠪᠠᠢᠨ᠎ᠠ᠃ ᠵᠢᠱ᠌ᠢᠶᠡᠯᠡᠪᠡᠯ《ᠨᠠᠮ ᠤ᠋ᠨ ᠠᠴᠢ ᠤᠰᠤᠨ ᠠ᠋ᠴᠠ ᠤᠷᠲᠤ》᠂《ᠴᠢᠯᠥᠭᠡᠯᠡᠬᠦ ᠴᠡᠷᠢᠭ ᠪᠣᠯ ᠮᠠᠨ ᠤ᠋ ᠲᠦᠰᠢᠭ》᠂《ᠪᠠᠶᠠᠷᠲᠠᠢ ᠪᠠᠷ ᠨᠠᠮ ᠢ᠋ᠶ᠋ᠠᠨ ᠳᠠᠭᠠᠵᠤ ᠶᠠᠪᠤᠨ᠎ᠠ》 ᠭᠡᠬᠦ ᠮᠡᠲᠦ᠃ ᠳ᠋ᠦᠩᠰᠢᠶᠠᠩ ᠤ᠋ᠨ ᠵᠦᠢᠷ ᠦᠭᠡ ᠴᠦ᠍ ᠬᠠᠪᠤᠯᠢᠭ ᠰᠠᠢᠬᠠᠨ ᠪᠠᠢᠳᠠᠭ᠃ ᠵᠢᠱ᠌ᠢᠶᠡᠯᠡᠪᠡᠯ ᠵᠠᠯᠢᠲᠤ ᠡᠯᠵᠢᠭᠡ ᠶ᠋ᠢᠨ ᠨᠢᠷᠤᠭᠤ ᠨᠢ ᠤᠷᠢᠳᠠᠪᠡᠷ ᠬᠤᠭᠤᠷᠠᠭ᠎ᠠ᠂ ᠵᠠᠯᠢᠬᠠᠢ ᠬᠥᠮᠦᠨ ᠦ᠌ ᠤᠪ ᠮᠡᠬᠡ ᠤᠷᠢᠳᠠᠪᠡᠷ ᠢᠯᠡᠷᠡᠨ᠎ᠡ; ᠪᠤᠯᠠᠭ ᠤ᠋ᠨ ᠤᠰᠤ ᠬᠠᠲᠠᠬᠤ ᠦᠭᠡᠢ᠂ ᠪᠣᠳᠣᠯᠭ᠎ᠠ ᠤᠬᠠᠭᠠᠨ ᠪᠠᠷᠠᠭᠳᠠᠬᠤ ᠦᠭᠡᠢ᠃
ᠠᠲᠠᠨ ᠲᠡᠮᠡᠭᠡᠨ ᠦ᠌ ᠢᠳᠡᠭᠰᠡᠨ ᠳᠠᠪᠤᠰᠤ ᠣᠯᠠᠨ᠂ ᠡᠨᠳᠠᠢ ᠪᠠᠭᠤᠷᠠᠢ ᠬᠥᠮᠦᠨ ᠦ᠌ ᠠᠰᠬᠠᠷᠠᠭᠰᠠᠨ ᠨᠢᠯᠪᠤᠰᠤ ᠣᠯᠠᠨ ᠭᠡᠬᠦ ᠮᠡᠲᠦ᠃ ᠵᠦᠢᠷᠯᠡᠯ ᠠᠳᠠᠯᠢᠳᠬᠠᠯ ᠪᠠ ᠬᠠᠷᠢᠴᠠᠭᠤᠯᠤᠯ ᠨᠢ ᠨᠢᠭᠡ ᠲᠤᠩ ᠡᠪ ᠬᠠᠪᠤᠯᠢᠭ ᠪᠠᠢᠳᠠᠭ᠃
ᠳ᠋ᠦᠩᠰᠢᠶᠠᠩ ᠦᠨᠳᠦᠰᠦᠲᠡᠨ ᠦ᠌ ᠬᠦᠦᠷᠨᠢᠯ ᠰᠢᠯᠦᠭ ᠲᠦ᠍《ᠮᠢ᠍ᠯᠠᠭᠠᡁᠸᠢ》᠂《ᠵᠠᠨ ᠾᠧ ᠨᠠ ᠮᠦ᠍》᠂《ᠱᠢ ᠽᠠᠢ ᠨᠢ ᠪᠢ》᠂《ᠾᠧ ᠵᠦᠢ ᠵᠧ ᠠ ᠬᠦ᠌ 》᠂《ᠫᠣ ᠲᠤᠤ ᠠ᠋ ᠡᠯ》 ᠵᠡᠷᠭᠡ ᠪᠣᠢ᠃ ᠡᠳᠡᠭᠡᠷ ᠦ᠋ᠨ ᠳᠣᠲᠣᠷ᠎ᠠ ᠠ᠋ᠴᠠ《ᠮᠢ᠍ᠯᠠᠭᠠᠾᠸᠢ》 ᠪᠣᠯ ᠬᠡᠳᠦᠨ ᠵᠠᠭᠤᠨ ᠵᠢᠯ ᠦ᠋ᠨ ᠲᠤᠷᠰᠢ ᠤᠯᠠᠮᠵᠢᠯᠠᠭᠳᠠᠵᠤ ᠢᠷᠡᠭᠰᠡᠨ ᠶᠡᠬᠡᠬᠡᠨ ᠨᠥᠯᠥᠭᠡ ᠲᠡᠢ ᠰᠢᠯᠦᠭ ᠶᠦ᠍ᠮ᠃ ᠮᠢ᠍ᠯᠠᠭᠠᠾᠸᠢ ᠪᠣᠯ ᠪᠠᠭᠠᠲᠤᠷ ᠭᠡᠬᠦ ᠤᠳᠬ᠎ᠠ ᠲᠠᠢ ᠦᠭᠡ ᠪᠢᠯᠡ᠃ ᠰᠢᠯᠦᠭ ᠲᠦ᠍ ᠥᠭᠦᠯᠡᠭᠰᠡᠨ ᠨᠢ ᠮᠢ᠍ᠯᠠᠭᠠᠾᠸᠢ ᠶᠠᠭ ᠬᠠᠢ ᠳᠢ ᠶᠠ( ᠵᠠᠷᠢᠮ ᠡᠬᠡ ᠳ᠋ᠦ᠍ ᠮᠠ᠋ ᡁᠢ ᠯᠦ᠍ ᠪᠤᠶᠤ ᠠᠳᠢᠶ᠎ᠠ ᠭᠡᠵᠦ ᠪᠠᠢᠨ᠎ᠠ) ᠭᠡᠬᠦ ᠭᠠᠩᠭᠠᠩ ᠬᠡᠦᠬᠡᠨ ᠲᠡᠢ ᠢᠨᠠᠭᠯᠠᠵᠤ ᠪᠠᠢᠲᠠᠯ᠎ᠠ ᠬᠠᠷᠢ ᠬᠥᠮᠦᠨ ᠨᠤᠲᠤᠭ ᠤᠰᠤ ᠶ᠋ᠢ ᠨᠢ ᠳᠣᠪᠲᠣᠯᠤᠨ ᠣᠷᠣᠵᠤ ᠢᠷᠡᠪᠡ᠃ ᠮᠢ᠍ᠯᠠᠭᠠᠾᠸᠢ ᠬᠠᠷᠢ ᠶ᠋ᠢᠨ ᠳᠣᠪᠲᠣᠯᠤᠯ ᠢ᠋ ᠡᠰᠡᠷᠭᠦᠴᠡᠬᠦ ᠪᠡᠷ ᠬᠠᠢ ᠳᠢ ᠶᠠ ᠠ᠋ᠴᠠ ᠪᠠᠨ ᠰᠠᠯᠵᠤ ᠲᠡᠢᠨ ᠳ᠋ᠦ᠍ ᠮᠣᠷᠳᠠᠵᠠᠢ᠃ ᠬᠡᠳᠦᠨ ᠵᠢᠯ ᠦ᠋ᠨ ᠬᠣᠢᠨ᠎ᠠ ᠲᠡᠢᠨ ᠢᠯᠠᠯᠲᠠ ᠲᠠᠢ ᠳᠠᠭᠤᠰᠴᠤ ᠮᠢ᠍ᠯᠠᠭᠠᠾᠸᠢ ᠶ᠋ᠢ ᠪᠤᠴᠠᠨ ᠢᠷᠡᠬᠦ ᠳ᠋ᠦ᠍ ᠲᠡᠭᠦᠨ ᠦ᠌ ᠰᠡᠳᠬᠢᠯ ᠦ᠋ᠨ ᠬᠠᠢᠷᠠᠲᠤ ᠬᠣᠩᠭᠣᠷ ᠬᠡᠦᠬᠡᠨ ᠢ᠋ ᠨᠢ ᠪᠦᠯᠢᠶᠡᠨ ᠶᠠᠪᠤᠬᠤ ᠪᠠᠷ ᠬᠡᠰᠡᠭ ᠮᠠᠭᠤ ᠬᠥᠮᠦᠨ ᠢᠷᠡᠭᠡᠳ ᠪᠠᠢᠵᠠᠢ᠃ ᠮᠢ᠍ᠯᠠᠭᠠᡁᠸᠢ ᠤᠷᠠᠨ ᠠᠷᠭ᠎ᠠ ᠪᠠᠷ ᠰᠡᠳᠬᠢᠯ ᠦ᠋ᠨ ᠬᠠᠢᠷᠠᠲᠤ ᠬᠠᠢ ᠳᠢ ᠶᠠ ᠲᠠᠢ ᠪᠠᠨ ᠴᠠᠭᠠᠨ ᠮᠣᠷᠢᠨ ᠳ᠋ᠠᠭᠠᠨ ᠮᠣᠷᠳᠠᠨ ᠳᠤᠲᠠᠭᠠᠬᠤ ᠳ᠋ᠤ᠌ ᠮᠠᠭᠤ ᠬᠥᠮᠦᠨ ᠠᠷᠤ ᠠ᠋ᠴᠠ ᠨᠢ ᠨᠡᠬᠡᠮᠵᠢᠯᠡᠨ ᠬᠠᠷᠪᠤᠪᠠ᠃ ᠡᠨᠡ ᠦᠶ᠎ᠡ ᠳ᠋ᠦ᠍ ᠬᠠᠢ ᠳᠢ ᠶᠠ ᠵᠡᠭᠦᠨ ᠭᠠᠷ ᠳᠠᠬᠢ ᠴᠠᠭᠠᠨ ᠪᠤᠷᠴᠠᠭ ᠢ᠋ᠶ᠋ᠠᠨ ᠰᠠᠴᠤᠩᠭᠤᠲᠠ ᠲᠡᠷᠡ ᠨᠢ ᠮᠥᠨᠳᠥᠷ ᠬᠤᠪᠢᠯᠵᠤ ᠮᠠᠭᠤ ᠬᠥᠮᠦᠨ ᠢ᠋ ᠨᠢᠴᠠ ᠪᠢᠴᠠ ᠴᠣᠬᠢᠪᠠ᠃ ᠳᠠᠬᠢᠨ ᠪᠠᠷᠠᠭᠤᠨ ᠭᠠᠷ ᠳᠠᠬᠢ ᠰᠠᠪᠠᠭ᠎ᠠ ᠪᠠᠨ ᠰᠢᠳᠡᠩᠭᠦᠲᠡ ᠲᠡᠷᠡ ᠨᠢ ᠪᠠᠯᠠᠷᠠᠭᠰᠠᠨ ᠣᠢ ᠰᠢᠭᠤᠢ ᠬᠤᠪᠢᠷᠠᠵᠤ ᠮᠠᠭᠤ ᠬᠥᠮᠦᠨ ᠦ᠌ ᠵᠠᠮ ᠢ᠋ ᠬᠠᠯᠬᠠᠠᠯᠠᠴᠢ᠍ᠪᠡ᠃ ᠲᠡᠭᠡᠭᠡᠳ ᠬᠣᠶᠠᠷ ᠵᠠᠯᠠᠭᠤ ᠬᠣᠯᠠ ᠣᠳᠴᠤ ᠪᠠᠶᠠᠷ ᠵᠢᠷᠭᠠᠯᠲᠠᠢ ᠠᠮᠢᠳᠤᠷᠠᠪᠠ ᠭᠡᠰᠡᠨ ᠪᠠᠢᠨ᠎ᠠ᠃ ᠪᠤᠰᠤᠳ ᠬᠦᠦᠷᠨᠢᠯ ᠰᠢᠯᠦᠭ ᠦ᠋ᠨ ᠠᠭᠤᠯᠭ᠎ᠠ ᠬᠡᠳᠦᠢᠪᠡᠷ ᠲᠤᠰ ᠲᠤᠰ ᠠᠳᠠᠯᠢ ᠦᠭᠡᠢ ᠪᠣᠯᠪᠠᠴᠤ ᠶᠠᠭᠡᠪᠴᠢ ᠳ᠋ᠡᠭᠡᠨ ᠪᠦᠷ《ᠮᠢ᠍ᠯᠠᠭᠠᡁᠸᠢ》 ᠲᠠᠢ ᠠᠳᠠᠯᠢ ᠪᠠᠷ ᠠᠷᠠᠳ ᠲᠦᠮᠡᠨ ᠦ᠌ ᠲᠥᠯᠥᠭᠡᠯᠡᠭᠴᠢ ᠳᠦᠷᠢ ᠨᠥᠬᠥᠳ ᠢᠯᠠᠯᠲᠠ ᠣᠯᠵᠤ᠂ ᠮᠠᠭᠤ ᠬᠥᠮᠦᠨ᠂ ᠬᠠᠷᠢ ᠶ᠋ᠢᠨ ᠳᠣᠪᠲᠣᠯᠤᠭᠴᠢ᠂ ᠳᠡᠭᠡᠷᠡᠮ᠂ ᠤᠪ ᠮᠡᠬᠡᠳᠡᠨ᠂ ᠵᠠᠯᠢᠲᠤ ᠬᠥᠮᠦᠰ ᠢᠯᠠᠭᠳᠠᠵᠤ ᠪᠠᠢᠳᠠᠭ ᠲᠤᠯᠠ ᠠᠷᠠᠳᠴᠢ ᠴᠢᠨᠠᠷ ᠢ᠋ᠶ᠋ᠠᠷ ᠮᠠᠰᠢ ᠴᠢᠩᠭ᠎ᠠ ᠪᠠᠢᠵᠤ᠂ ᠠᠷᠠᠳ ᠲᠦᠮᠡᠨ ᠦ᠌ ᠬᠠᠢᠷ᠎ᠠ ᠪᠠᠬᠠᠳᠤᠯ ᠢ᠋ ᠬᠦᠷᠲᠡᠭᠰᠡᠨ ᠪᠢᠯᠡ᠃
ᠳ᠋ᠦᠩᠰᠢᠶᠠᠩ ᠦᠨᠳᠦᠰᠦᠲᠡᠨ ᠦ᠌ ᠳᠣᠮᠣᠭ ᠦᠯᠢᠭᠡᠷ ᠲᠦ᠍《ᠬᠠᠮᠣᠽᠸ ᠠᠪᠤ ᠶ᠋ᠢᠨ ᠳᠣᠮᠣᠭ》 ᠭᠡᠵᠦ ᠪᠠᠢᠳᠠᠭ᠃ ᠲᠤᠰ ᠳᠣᠮᠣᠭ ᠲᠤ᠌ ᠥᠭᠦᠯᠡᠭᠰᠡᠨ ᠨᠢ ᠡᠷᠲᠡ ᠳ᠋ᠦ᠍ ᠬᠠᠮᠣᠽᠸ ᠠᠪᠤ ᠳᠥᠴᠢᠨ ᠱᠠᠪᠢ ᠪᠣᠯᠤᠨ ᠨᠠᠢ᠍ᠮᠠᠨ ᠰᠠᠢᠳ ᠢ᠋ᠶ᠋ᠠᠨ ᠳᠠᠭᠠᠭᠤᠯᠤᠨ ᠰᠡᠷᠳ᠋ ᠡᠴᠡ ᠾᠧ ᠶ᠋ᠢᠨ ᠵᠡᠭᠦᠨᠲᠡᠢ ᠠᠭᠤᠯᠠᠨ ᠳ᠋ᠤ᠌ ᠢᠷᠡᠵᠦ ᠰᠦᠮ᠎ᠡ ᠪᠠᠢᠭᠤᠯᠪᠠ᠃ ᠭᠡᠪᠡᠴᠦ ᠡᠨᠡ ᠨᠢ ᠾᠧ ᠵᠧᠦ ᠶ᠋ᠢᠨ ᠨᠣᠶᠠᠨ ᠤ᠋ ᠡᠰᠡᠷᠭᠦᠴᠡᠯ ᠢ᠋ ᠣᠯᠤᠭᠰᠠᠨ ᠲᠤᠯᠠ ᠬᠡᠰᠡᠭ ᠲᠡᠮᠡᠴᠡᠯ ᠪᠣᠯᠵᠤ ᠡᠴᠦᠰ ᠲᠦ᠍ ᠲᠡᠳᠡ ᠰᠦᠮ᠎ᠡ ᠪᠡᠨ ᠪᠠᠢᠭᠤᠯᠵᠤ ᠴᠢᠳᠠᠭᠰᠠᠨ ᠪᠥᠭᠡᠳ ᠳᠥᠴᠢᠨ ᠱᠠᠪᠢ ᠨᠢ ᠦᠯᠡᠳᠡᠵᠦ ᠠᠢᠯ ᠭᠡᠷ ᠪᠣᠯᠵᠤ᠂ ᠬᠠᠮᠦᠽᠸ ᠠᠪᠤ ᠨᠠᠰᠤ ᠪᠣᠯᠬᠤ ᠳ᠋ᠤ᠌ ᠲᠡᠨᠳᠡ ᠪᠤᠯᠠᠰᠢᠯᠠᠭᠰᠠᠨ ᠠ᠋ᠴᠠ ᠲᠡᠷᠡᠬᠦ ᠠᠭᠤᠯᠠ ᠶ᠋ᠢ ᠨᠢ ᠬᠠᠮᠦᠽᠸ ᠳᠠᠪᠠᠭ᠎ᠠ ᠭᠡᠬᠦ ᠪᠣᠯᠤᠭᠰᠠᠨ ᠭᠡᠪᠡ᠃ ᠪᠠᠰᠠ《ᡂᠢ ᠽᠢ ᠯᠡ ᠡᠦ》 ᠭᠡᠬᠦ ᠮᠡᠲᠦ ᠡᠷᠡᠭᠲᠡᠢ ᠡᠮᠡᠭᠲᠡᠢ ᠶ᠋ᠢᠨ ᠢᠨᠠᠭ ᠳᠤᠷᠠᠯᠠᠯ ᠢ᠋ ᠮᠠᠭᠲᠠᠨ ᠳᠠᠭᠤᠯᠠᠵᠤ᠂ ᠭᠠᠵᠢᠭᠤ ᠬᠦᠴᠦᠨ ᠯᠦᠭᠡ ᠬᠢᠭᠰᠡᠨ ᠲᠡᠮᠡᠴᠡᠯ ᠢ᠋ ᠵᠥᠪᠲᠦᠭᠡᠭᠰᠡᠨ ᠳᠣᠮᠣᠭ ᠴᠤ᠌ ᠪᠣᠢ᠃
ᠶᠠᠪᠠᠭᠠᠨ ᠦᠯᠢᠭᠡᠷ ᠳ᠋ᠦᠩᠰᠢᠶᠠᠩ ᠤ᠋ᠨ ᠠᠷᠠᠳ ᠤ᠋ᠨ ᠠᠮᠠᠨ ᠵᠣᠬᠢᠶᠠᠯ ᠳᠣᠲᠣᠷ᠎ᠠ ᠬᠠᠮᠤᠭ ᠤ᠋ᠨ ᠣᠯᠠᠨ᠂ ᠪᠠᠷᠤᠭ ᠤ᠋ᠨ ᠦᠢᠯᠡᠳᠪᠦᠷᠢᠯᠡᠯ ᠪᠣᠯᠤᠨ ᠠᠮᠢᠳᠤᠷᠠᠯ ᠤ᠋ᠨ ᠲᠠᠯ᠎ᠠ ᠪᠦᠬᠦᠨ ᠳ᠋ᠦ᠍ ᠬᠣᠯᠪᠣᠭᠳᠠᠵᠤ ᠪᠠᠢᠮᠠᠷ ᠶᠤᠮ᠃ ᠳᠠᠷᠤᠯᠠᠭᠳᠠᠭᠴᠢ ᠠᠷᠠᠳ ᠲᠦᠮᠡᠨ ᠦ᠌ ᠪᠠᠶᠠᠨ ᠨᠣᠶᠠᠨ ᠲᠠᠢ ᠬᠢᠭᠰᠡᠨ ᠲᠡᠮᠡᠴᠡᠯ ᠢ᠋ ᠬᠠᠷᠠᠭᠤᠯᠤᠭᠰᠠᠨ ᠦᠯᠢᠭᠡᠷ ᠲᠦ᠍《ᠥᠨᠥᠴᠢᠨ ᠬᠦᠦ ᠪᠣᠯᠤᠨ ᠬᠣᠢᠲᠤ ᠡᠬᠡ》᠂《ᠭᠤᠷᠪᠠᠨ ᠰᠢᠶᠠᠨ ᠤ᠋ ᠠᠯᠪᠠᠲᠠᠨ》᠂《ᠠᠩᠪᠠᠽᠢ》᠂《ᠰᠢᠨ᠎ᠡ ᠪᠡᠷᠢ ᠴᠢᠳᠬᠥᠷ ᠬᠥᠭᠡᠭᠰᠡᠨ ᠨᠢ》《ᠪᠢᠴᠢᠬᠠᠨ ᠣᠮᠪᠣᠯ》᠂《ᠠᠪᠤᠲᠤ ᠶ᠋ᠢᠨ ᠤᠷᠠᠨ ᠠᠷᠭ᠎ᠠ》 ᠭᠡᠬᠦ ᠮᠡᠲᠦ ᠪᠠᠢᠵᠤ᠂ ᠢᠨᠠᠭ ᠳᠤᠷᠠᠯᠠᠯ ᠤ᠋ᠨ ᠰᠡᠳᠦᠪᠲᠦ ᠶᠠᠪᠠᠭᠠᠨ ᠦᠯᠢᠭᠡᠷ ᠲᠦ᠍《ᠬᠣᠣᠰ ᠬᠣᠣᠰ ᠠᠯᠲᠠᠨ ᠰᠢᠪᠠᠭᠤ》᠂《ᠨᠢᠰᠴᠦ ᠴᠢᠳᠠᠳᠠᠭ ᠴᠠᠭᠠᠨ ᠥᠳᠥᠨ ᠳᠡᠪᠡᠯ》᠂《ᠱᠠᠯᠠᠩ ᠠᠬ᠎ᠠ》᠂《ᠬᠣᠨᠢᠴᠢᠨ ᠬᠦᠦ ᠪᠣᠯᠤᠨ ᠮᠠᠨᠳᠠᠷᠠᠸ᠎ᠠ ᠴᠡᠴᠡᠭ》᠂《ᠵᠢᠶᠣᠤ ᠵᠢᠶᠣᠤ ᠨᠢᠦᠢ》 ᠵᠡᠷᠭᠡ ᠪᠠᠢᠳᠠᠭ᠃ ᠡᠳᠡᠭᠡᠷ ᠦᠯᠢᠭᠡᠷ ᠲᠦ ᠬᠠᠷᠠᠭᠤᠯᠤᠭᠰᠠᠨ ᠣᠯᠠᠨ ᠵᠦᠢᠯ ᠦ᠋ᠨ ᠵᠥᠷᠢᠴᠡᠯ ᠮᠥᠷᠭᠥᠯᠳᠦᠭᠡᠨ ᠨᠢ ᠠᠬᠤᠢ ᠠᠮᠢᠳᠤᠷᠠᠯ ᠢ᠋ ᠡᠯ᠎ᠡ ᠲᠠᠯ᠎ᠠ ᠠ᠋ᠴᠠ ᠬᠠᠷᠠᠭᠤᠯᠤᠨ᠂ ᠠᠮᠢᠳᠤᠷᠠᠯ ᠤ᠋ᠨ ᠮᠥᠨ ᠴᠢᠨᠠᠷ ᠢ᠋ ᠢᠯᠡᠷᠡᠭᠦᠯᠵᠦ᠂ ᠠᠷᠠᠳ ᠲᠦᠮᠡᠨ ᠦ᠌ ᠬᠦᠰᠡᠯ ᠮᠥᠷᠥᠭᠡᠳᠦᠯ ᠢ᠋ ᠢᠯᠡᠳᠬᠡᠪᠡ᠃《ᠭᠤᠷᠪᠠᠨ ᠰᠢᠶᠠᠨ ᠤ᠋ ᠠᠯᠪᠠᠲᠠᠨ》 ᠳ᠋ᠤ᠌ ᠭᠤᠷᠪᠠᠨ ᠰᠢᠶᠠᠨ ᠤ᠋ ᠠᠭᠤᠯᠵᠠᠷ ᠭᠠᠵᠠᠷ ᠠᠬ᠎ᠠ ᠳᠡᠭᠦᠦ ᠭᠤᠷᠪᠠᠭᠤᠯᠠ ᠰᠠᠭᠤᠳᠠᠭ ᠪᠥᠭᠡᠳ ᠨᠢᠭᠡ ᠨᠢ ᠨᠢᠭᠡ ᠰᠢᠶᠠᠨ ᠳ᠋ᠤ᠌ ᠠᠯᠪᠠ ᠭᠤᠪᠴᠢᠭᠤᠷ ᠲᠤᠰᠢᠶᠠᠳᠠᠭ ᠪᠠᠢᠪᠠ᠃ ᠨᠢᠭᠡ ᠡᠳᠦᠷ ᠭᠤᠷᠪᠠᠨ ᠰᠢᠶᠠᠨ ᠤ᠋ ᠠᠯᠪᠠᠲᠠᠨ ᠵᠡᠷᠭᠡ ᠪᠡᠷ ᠢᠷᠡᠵᠦ ᠠᠯᠪᠠ ᠭᠠᠢᠯᠢ ᠲᠤᠰᠢᠶᠠᠯᠭᠠᠬᠤ ᠭᠡᠬᠦ ᠳ᠋ᠦ᠍ ᠶᠡᠬᠡ ᠠᠬ᠎ᠠ ᠨᠢ ᠲᠤᠰᠢᠶᠠᠵᠤ ᠳᠡᠢᠯᠬᠦ ᠦᠭᠡᠢ ᠬᠣᠶᠠᠳᠤᠭᠠᠷ ᠳᠡᠭᠦᠦ ᠶ᠋ᠢᠨ ᠳ᠋ᠡᠭᠡᠨ ᠵᠢᠭᠤᠲᠠᠨ ᠣᠴᠢᠬᠤ ᠳ᠋ᠤ᠌᠂ ᠬᠣᠶᠠᠳᠤᠭᠠᠷ ᠳᠡᠭᠦᠦ ᠨᠢ ᠪᠠᠰᠠ ᠲᠤᠰᠢᠶᠠᠵᠤ ᠳᠡᠢᠯᠬᠦ ᠦᠭᠡᠢ ᠭᠤᠷᠪᠠᠳᠤᠭᠠᠷ ᠳᠡᠭᠦᠦ ᠶ᠋ᠢᠨ ᠳ᠋ᠡᠭᠡᠨ ᠵᠢᠭᠤᠲᠠᠨ ᠣᠴᠢᠪᠠ᠃ ᠭᠤᠷᠪᠠᠳᠤᠭᠠᠷ ᠳᠡᠭᠦᠦ ᠨᠢ ᠠᠳᠠᠯᠢ ᠶᠣᠰᠣ ᠪᠠᠷ ᠶᠡᠬᠡ ᠠᠬ᠎ᠠ ᠶ᠋ᠢᠨ ᠳ᠋ᠡᠭᠡᠨ ᠣᠴᠢᠴᠢᠪᠠ᠃ ᠠᠯᠪᠠᠲᠠᠳ ᠥᠪᠡᠷ ᠥᠪᠡᠷ ᠦ᠋ᠨ ᠠᠯᠪᠠ ᠭᠠᠢᠯᠢ ᠠᠪᠳᠠᠭ ᠬᠥᠮᠦᠨ ᠢ᠋ᠶ᠋ᠡᠨ ᠣᠯᠬᠤ ᠦᠭᠡᠢ ᠪᠣᠯᠬᠤ ᠳ᠋ᠠᠭᠠᠨ ᠬᠣᠭᠣᠷᠣᠨᠳᠣ ᠪᠠᠨ ᠰᠡᠵᠢᠭᠯᠡᠵᠦ ᠴᠣᠬᠢᠯᠳᠤᠭᠰᠠᠨ ᠦᠢᠯᠡ ᠶᠠᠪᠤᠳᠠᠯ ᠢ᠋ ᠥᠭᠦᠯᠡᠵᠦ᠂ ᠠᠷᠠᠳ ᠲᠦᠮᠡᠨ ᠪᠣᠯᠤᠨ ᠨᠣᠶᠠᠳ ᠤ᠋ᠨ ᠵᠥᠷᠢᠴᠡᠯ ᠢ᠋ ᠬᠤᠷᠴᠠ ᠪᠠᠷ ᠳᠤᠰᠬᠠᠨ ᠢᠯᠡᠷᠡᠭᠦᠯᠪᠡ᠃ ᠡᠭᠦᠨ ᠯᠦᠭᠡ ᠠᠳᠠᠯᠢᠪᠠᠲᠤᠷ ᠰᠠᠨᠠᠭ᠎ᠠ ᠠᠬᠤᠢ ᠲᠠᠢ ᠦᠯᠢᠭᠡᠷ ᠲᠦ᠍《ᠰᠢᠨ᠎ᠡ ᠪᠡᠷᠢ ᠴᠢᠳᠬᠥᠷ ᠬᠥᠭᠡᠭᠰᠡᠨ ᠨᠢ》 ᠭᠡᠬᠦ ᠦᠯᠢᠭᠡᠷ ᠪᠣᠢ᠃ ᠦᠯᠢᠭᠡᠷ ᠲᠦ᠍ ᠨᠢᠭᠡ ᠨᠠᠷᠢᠨ ᠬᠠᠷᠠᠮᠴᠢ᠂ ᠬᠣᠣᠷ ᠶᠣᠷ ᠲᠠᠢ ᠪᠠᠶᠠᠨ ᠪᠠᠢᠵᠠᠢ᠃ ᠲᠡᠷᠡ ᠪᠡᠷᠢ ᠪᠡᠨ ᠪᠠᠭ᠎ᠠ ᠠᠪᠠᠭᠠᠢ ᠪᠣᠯᠭᠠᠨ ᠠᠪᠬᠤ ᠶ᠋ᠢᠨ ᠲᠤᠯᠠ ᠡᠪᠦᠭᠡᠨ ᠨᠢᠭᠡ ᠲᠤᠰᠠᠭᠠᠷ ᠬᠦᠷᠢᠶ᠎ᠡ ᠬᠠᠰᠢᠶ᠎ᠠ ᠪᠡᠯᠡᠳᠬᠡᠪᠡ᠃ ᠭᠡᠪᠡᠴᠦ ᠪᠠᠷᠢᠯᠭᠠᠴᠢᠨ ᠤ᠋ ᠬᠥᠯᠥᠰᠥᠨ ᠮᠥᠩᠭᠥ ᠶ᠋ᠢ ᠨᠢ ᠥᠭᠬᠦ ᠦᠭᠡᠢ ᠮᠡᠬᠡᠯᠡᠬᠦ ᠳ᠋ᠦ᠍ ᠰᠡᠴᠡᠨ ᠰᠡᠷᠭᠦᠯᠡᠩ ᠪᠡᠷᠢ ᠨᠢ ᠠᠷᠭ᠎ᠠ ᠣᠯᠵᠤ᠂ ᠴᠢᠳᠬᠥᠷ ᠢ᠋ᠶ᠋ᠡᠷ ᠣᠪᠯᠠᠨ ᠪᠠᠶᠠᠨ ᠤ᠋ ᠠᠪᠠᠭᠠᠢ ᠶ᠋ᠢ ᠠᠶᠤᠯᠭᠠᠨ ᠡᠪᠡᠳᠦᠭᠦᠯᠵᠡᠢ᠃ ᠡᠪᠡᠳᠴᠢᠨ ᠵᠠᠰᠠᠬᠤ ᠭᠡᠵᠦ ᠵᠣᠭᠣᠰ ᠮᠥᠩᠭᠥ ᠵᠠᠷᠤᠨ᠎ᠠ᠂ ᠮᠡᠬᠡᠯᠡᠭᠰᠡᠨ ᠰᠦᠢᠳᠬᠡᠯ ᠢ᠋ᠶ᠋ᠠᠨ ᠴᠤ᠌ ᠥᠭᠬᠦ ᠬᠡᠷᠡᠭᠲᠡᠢ ᠪᠣᠯᠪᠠ᠃ ᠪᠠᠶᠠᠨ ᠡᠪᠦᠭᠡᠨ ᠤᠴᠢᠷ ᠦᠭᠡᠢ ᠶᠡᠬᠡ ᠠᠯᠳᠠᠵᠤ ᠬᠣᠱᠣᠩᠨᠠᠭᠳᠠᠵᠤ ᠳᠦᠭᠦᠷᠦᠭᠰᠡᠨ ᠢ᠋ᠶ᠋ᠡᠷ ᠦᠯᠢᠭᠡᠷ ᠲᠡᠭᠦᠰᠪᠡ᠃ ᠳ᠋ᠦᠩᠰᠢᠶᠠᠩ ᠦᠨᠳᠦᠰᠦᠲᠡᠨ ᠦ᠌ ᠳᠤᠮᠳᠠ ᠪᠠᠰᠠ ᠤᠢᠭᠤᠷ ᠤ᠋ᠨ ᠠᠹᠠᠨᠲ᠂ ᠮᠣᠩᠭᠣᠯ ᠤ᠋ᠨ ᠪᠠᠯᠭᠠᠰᠠᠩ ᠰᠢᠭ᠋ ᠢᠦᠢ ᠽᠢ ᠬᠠ ᠭᠡᠭᠴᠢ ᠰᠡᠴᠡᠨ ᠤᠬᠠᠭᠠᠲᠤ ᠬᠥᠮᠦᠨ ᠪᠣᠢ᠃ ᠲᠡᠭᠦᠨ ᠦ᠌ ᠬᠢᠯᠬᠢᠶᠠ ᠦᠯᠢᠭᠡᠷ ᠲᠦ᠍ ᠠᠷᠠᠳ ᠲᠦᠮᠡᠨ ᠦ᠌ ᠣᠶᠤᠨ ᠤᠬᠠᠭᠠᠨ ᠤ᠋ ᠬᠤᠷᠴᠠ ᠰᠣᠷᠭᠣᠭ᠂ ᠡᠷᠡᠯᠬᠡᠭ ᠵᠣᠷᠢᠭᠲᠠᠢ ᠪᠠ ᠦᠨᠡᠨᠴᠢ ᠴᠠᠭᠠᠪᠤᠷᠢ ᠶ᠋ᠢ ᠢᠯᠡᠷᠡᠭᠦᠯᠵᠦ ᠨᠣᠶᠠᠷᠠᠬᠠᠨᠴᠢ ᠠᠩᠭᠢ ᠶ᠋ᠢᠨ ᠬᠤᠳᠠᠯᠴᠢ ᠬᠠᠭᠤᠷᠮᠠᠭ᠂ ᠬᠣᠪᠳᠣᠭ ᠵᠠᠯᠢᠬᠠᠢ᠂ ᠮᠤᠩᠬᠠᠭ ᠪᠢᠳᠠᠭᠤ ᠮᠥᠨ ᠴᠢᠨᠠᠷ ᠢ᠋ ᠬᠠᠢᠷ᠎ᠠ ᠨᠠᠢᠷ ᠦᠭᠡᠢ ᠢᠯᠡᠴᠢᠯᠡᠨ ᠳᠡᠯᠭᠡᠪᠡ᠃《ᠵᠣᠪᠠᠯ》 ᠭᠡᠭᠴᠢ ᠴᠦ᠍ ᠬᠣᠱᠣᠩ ᠶᠦᠮᠦᠷ ᠦᠯᠢᠭᠡᠷ ᠶᠤᠮ᠃ ᠢᠦᠢ ᠽᠢ ᠬᠠ ᠪᠣᠯᠤᠨ ᠱᠠᠭᠠᠢᠴᠢᠨ ᠬᠣᠶᠠᠭᠤᠯᠠ ᠮᠠᠷᠭᠤᠯᠳᠤᠵᠤ᠂ ᠢᠦᠢ ᠽᠢ ᠬᠠ ᠵᠣᠭᠣᠰ ᠲᠠᠢ ᠬᠥᠮᠦᠨ ᠦ᠌ ᠵᠣᠪᠠᠯ ᠶᠡᠬᠡ ᠭᠡᠬᠦ ᠳ᠋ᠦ᠍ ᠱᠠᠭᠠᠢᠴᠢᠨ ᠶᠠᠳᠠᠭᠤ ᠬᠥᠮᠦᠨ ᠦ᠌ ᠵᠣᠪᠠᠯ ᠶᠡᠬᠡ ᠭᠡᠪᠡ᠃ ᠬᠡᠰᠡᠭ ᠮᠠᠷᠭᠤᠯᠳᠤᠵᠤ ᠬᠡᠨ ᠬᠡᠨ ᠢ᠋ᠶ᠋ᠠᠨ ᠳᠡᠢᠯᠬᠦ ᠦᠭᠡᠢ ᠲᠤᠯᠠ ᠬᠣᠢᠨ᠎ᠠ ᠨᠢ ᠢᠦᠢ ᠽᠢ ᠬᠠ ᠵᠣᠷᠢᠭᠤᠳᠠ ᠪᠠᠷ ᠱᠠᠭᠠᠢᠴᠢᠨ ᠳ᠋ᠤ᠌ ᠨᠢᠭᠡ ᠠᠯᠲᠠᠨ ᠪᠠᠭᠤᠪᠴᠢ ᠣᠯᠬᠤ ᠲᠣᠬᠢᠶᠠᠯ ᠣᠯᠭᠣᠪᠠ᠃ ᠱᠠᠭᠠᠢᠴᠢᠨ ᠠᠯᠲᠠᠨ ᠪᠠᠭᠤᠪᠴᠢ ᠣᠯᠤᠭᠰᠠᠨ ᠠ᠋ᠴᠠ ᠬᠣᠢᠰᠢ ᠰᠡᠳᠬᠢᠯ ᠠᠮᠤᠷ ᠦᠭᠡᠢ ᠪᠣᠯᠵᠤ ᠡᠯᠳᠡᠪ ᠢ᠋ᠶ᠋ᠠᠷ ᠵᠣᠪᠠᠭᠰᠠᠨ ᠠ᠋ᠴᠠ ᠢᠦᠢ ᠽᠢ ᠬᠠ ᠶ᠋ᠢᠨ ᠵᠣᠭᠣᠰ ᠲᠠᠢ ᠬᠥᠮᠦᠨ ᠦ᠌ ᠵᠣᠪᠠᠯ ᠶᠡᠬᠡ ᠭᠡᠰᠡᠨ ᠦᠵᠡᠯᠲᠡ ᠶ᠋ᠢ ᠨᠤᠲᠠᠯᠠᠵᠤ ᠦᠯᠢᠭᠡᠷ ᠦ᠋ᠨ ᠲᠡᠭᠦᠰᠬᠡᠯ ᠪᠣᠯᠭᠠᠪᠠ᠃
ᠳ᠋ᠦᠩᠰᠢᠶᠠᠩ ᠦᠨᠳᠦᠰᠦᠲᠡᠨ ᠳ᠋ᠦ᠍ ᠪᠠᠰᠠ ᠵᠣᠬᠢᠬᠤ ᠶᠣᠭᠲᠤ ᠦᠯᠢᠭᠡᠷ ᠲᠡᠢ᠃ ᠡᠳᠡᠭᠡᠷ ᠶᠣᠭᠲᠤ ᠦᠯᠢᠭᠡᠷ ᠦ᠋ᠳ ᠣᠬᠣᠷ ᠠᠪᠰᠠᠷᠬᠠᠨ ᠦᠢᠯᠡ ᠶᠠᠪᠤᠳᠠᠯ ᠢ᠋ᠶ᠋ᠠᠷ ᠳᠠᠮᠵᠢᠭᠤᠯᠵᠤ ᠭᠦᠨ ᠭᠦᠨᠵᠡᠭᠡᠢ ᠤᠳᠬ᠎ᠠ ᠰᠠᠨᠠᠭ᠎ᠠ ᠶ᠋ᠢ ᠬᠠᠷᠠᠭᠤᠯᠤᠭᠰᠠᠨ ᠪᠠᠢᠳᠠᠭ᠃ ᠵᠢᠱ᠌ᠢᠶᠡᠯᠡᠪᠡᠯ《ᠨᠡᠷᠡᠯᠭᠦᠦ ᠱᠠᠭᠠᠵᠠᠭᠠᠢ》 ᠳ᠋ᠤ᠌᠂ ᠨᠡᠷᠡᠯᠭᠦᠦ ᠱᠠᠭᠠᠵᠠᠭᠠᠢ ᠶ᠋ᠢᠨ ᠭᠣᠶᠣ ᠠᠯᠬᠤᠭ᠎ᠠ ᠰᠤᠷᠬᠤ ᠶᠤᠮ ᠭᠡᠳ ᠰᠤᠷᠴᠤ ᠴᠢᠳᠠᠭᠰᠠᠨ ᠦᠭᠡᠢ ᠳᠡᠭᠡᠷ᠎ᠡ ᠪᠡᠨ ᠤᠤᠯ ᠤ᠋ᠨ ᠠᠯᠬᠤᠭ᠎ᠠ ᠪᠠᠨ ᠴᠤ᠌ ᠮᠠᠷᠲᠠᠵᠤ ᠥᠭᠡᠬᠦ ᠴᠦ᠍ ᠪᠢᠰᠢ ᠪᠤᠯᠴᠢᠷᠬᠠᠢ ᠴᠤ᠌ ᠪᠢᠰᠢ ᠪᠣᠯᠤᠭᠰᠠᠨ ᠢ᠋ᠶ᠋ᠠᠷ ᠳᠠᠮᠵᠢᠭᠤᠯᠵᠤ᠂ ᠨᠡᠷᠡᠯᠭᠦᠦ ᠠᠲᠠᠭᠠᠷᠬᠠᠭ ᠬᠥᠮᠦᠨ ᠢ᠋ ᠶᠣᠭᠲᠤᠯᠤᠨ ᠶᠥᠭᠡᠳᠡᠪᠡ᠃ ᠡᠢᠮᠦ ᠦᠯᠢᠭᠡᠷ ᠦ᠋ᠳ ᠲᠦ᠍ ᠪᠠᠰᠠ《ᠬᠡᠷᠴᠡᠭᠡᠢ ᠨᠣᠬᠠᠢ》《ᠰᠡᠷᠭᠦᠯᠡᠩ〈ᠳᠢ ᠳᠡ ᠳᠡ〉》《ᠮᠣᠷᠢ ᠪᠣᠯᠤᠨ ᠨᠣᠬᠠᠢ ᠶ᠋ᠢᠨ ᠡᠷᠲᠡ ᠡᠳᠦᠭᠡ》 ᠵᠡᠷᠭᠡ ᠠᠯᠢ ᠣᠯᠠᠨ ᠪᠣᠢ᠃
ᠳ᠋ᠦᠩᠰᠢᠶᠠᠩ ᠦᠨᠳᠦᠰᠦᠲᠡᠨ ᠦ᠌ ᠪᠢᠴᠢᠭ ᠦ᠋ᠨ ᠤᠷᠠᠨ ᠵᠣᠬᠢᠶᠠᠯ ᠳ᠋ᠤ᠌ ᠭᠠᠨᠰᠦ ᠮᠣᠵᠢ ᠶ᠋ᠢᠨ ᠠᠯᠳᠠᠷᠲᠤ ᠰᠢᠯᠦᠭᠴᠢ ᠸᠠᠩ ᠢᠦᠢ ᠯᠢᠶᠠᠩ(1933一) ᠤ᠋《ᠡᠵᠢ ᠮᠢᠨᠢ》《ᠮᠠ᠋ ᠦ ᠭᠧ ᠪᠣᠯᠤᠨ ᠭᠠ ᠳ᠋ᠧᠦ ᠮᠧᠢ》 ᠮᠡᠲᠦ ᠬᠡᠳᠦᠨ ᠵᠠᠭᠤᠨ ᠰᠢᠯᠦᠭ ᠪᠠ《ᠸᠠᠩ ᠢᠦᠢ ᠯᠢᠶᠠᠩ ᠤ᠋ᠨ ᠰᠢᠤᠭ᠌ ᠡᠮᠬᠢᠳᠬᠡᠯ》 ᠭᠣᠣᠯ ᠪᠣᠯᠤᠨ᠎ᠠ᠃ ᠰᠢᠨ᠎ᠡ ᠡᠷᠢᠨ ᠡᠴᠡ ᠨᠡᠰᠢ ᠸᠠᠩ ᠢᠦᠢ ᠯᠢᠶᠠᠩ ᠪᠠᠰᠠ ᠡᠳᠦᠢ ᠲᠡᠳᠦᠢ ᠤᠷᠠᠨ ᠵᠣᠬᠢᠶᠠᠯ ᠤ᠋ᠨ ᠰᠢᠭᠦᠮᠵᠢ ᠥᠭᠦᠯᠡᠯ᠂ ᠶᠠᠷᠢᠶ᠎ᠠ ᠳ᠋ᠦᠩᠨᠡᠯᠲᠡ ᠨᠡᠢᠲᠡᠯᠵᠤ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠳ᠋ᠤ᠌ ᠵᠢᠯᠣᠭᠣᠳᠬᠤ ᠦᠢᠯᠡᠳᠦᠯ ᠦᠵᠡᠭᠦᠯᠪᠡ᠃ ᠣᠢᠷ᠎ᠠ ᠶ᠋ᠢᠨ ᠵᠢᠯ ᠡᠴᠡ ᠨᠠᠰᠢ ᠪᠠᠰᠠ ᠸᠠᠩ ᠢᠦᠢ ᠰᠢᠶᠠᠩ᠂ ᠮᠠ᠋ ᠷᠸ᠋ ᠵᠢᠢ᠂ ᠮᠠ᠋ ᠽᠢ ᠰᠢᠶᠠᠩ᠂ ᠮᠠ ᠰᠢᠶᠣᠸ ᠡᠦ᠂ ᠮᠠ ᠺᠧ ᠰᠢᠶᠦ᠋ᠨ ᠮᠡᠲᠦ ᠠᠷᠪᠠᠭᠠᠳ ᠬᠢᠲᠠᠳ ᠢ᠋ᠶ᠋ᠠᠷ ᠰᠢᠯᠦᠭ ᠥᠭᠦᠯᠡᠯᠭᠡ ᠪᠢᠴᠢᠳᠡᠭ ᠵᠣᠬᠢᠶᠠᠯᠴᠢ ᠴᠣᠯᠭᠣᠷᠠᠨ ᠭᠠᠷᠤᠭᠰᠠᠨ ᠪᠥᠭᠡᠳ ᠲᠡᠳᠡ ᠤᠷᠠᠨ ᠵᠣᠬᠢᠶᠠᠯ ᠠ᠋ᠴᠠ ᠭᠠᠳᠠᠨ᠎ᠠ ᠳ᠋ᠦᠩᠰᠢᠶᠠᠩ ᠳ᠋ᠤ᠌ ᠬᠣᠯᠪᠣᠭᠳᠠᠭᠰᠠᠨ ᠪᠠᠶᠠᠯᠢᠭ ᠠᠭᠤᠯᠭ᠎ᠠ ᠲᠠᠢ ᠨᠣᠮ ᠵᠣᠬᠢᠶᠠᠯ ᠬᠡᠪᠯᠡᠨ ᠨᠡᠢᠲᠡᠯᠡᠵᠦ᠂ ᠪᠦᠬᠦ ᠤᠯᠤᠰ ᠤ᠋ᠨ ᠤᠩᠰᠢᠭᠴᠢᠳ ᠲᠤ᠌ ᠢᠳᠡᠪᠬᠢᠲᠡᠢ ᠲᠠᠨᠢᠯᠴᠠᠭᠤᠯᠵᠤ᠂ ᠲᠤᠰ ᠦᠨᠳᠦᠰᠦᠲᠡᠨ ᠦ᠌ ᠨᠥᠯᠥᠭᠡ ᠲᠤᠰᠬᠠᠯ ᠢ᠋ ᠶᠡᠬᠡᠪᠡᠷ ᠭᠦᠨᠵᠡᠭᠡᠢᠷᠡᠭᠦᠯᠪᠡ᠃ ᠢᠯᠠᠩᠭᠤᠶ᠎ᠠ ᠥᠭᠦᠯᠡᠯᠭᠡ ᠶ᠋ᠢᠨ ᠵᠣᠬᠢᠶᠠᠯ ᠣᠢᠷ᠎ᠠ ᠠ᠋ᠴᠠ ᠨᠠᠰᠢ ᠣᠨᠴᠠ ᠬᠥᠭᠵᠢᠯᠲᠡ ᠲᠡᠢ᠃ ᠮᠠ ᠽᠢ ᠰᠢᠶᠠᠩ ᠤᠤᠯ ᠨᠢ ᠰᠢᠯᠦᠭ ᠪᠢᠴᠢᠵᠦ ᠪᠠᠢᠭᠰᠠᠨ ᠢ᠋ᠶ᠋ᠠᠨ ᠣᠷᠴᠢᠮ ᠤ᠋ᠨ ᠤ᠋ ᠵᠢᠯ ᠡᠴᠡ ᠨᠡᠰᠢ ᠪᠠᠰᠠ《ᠴᠢ ᠨᠠᠳᠠ ᠠ᠋ᠴᠠ ᠰᠠᠢᠨ ᠠᠮᠢᠳᠤᠷᠠᠳᠠᠭ ᠯᠠ ᠶᠤᠮ ᠪᠣᠯ》 ᠮᠡᠲᠦ ᠥᠭᠦᠯᠡᠯᠭᠡ ᠨᠠᠢᠷᠠᠭᠤᠯᠤᠯ ᠪᠣᠯᠤᠨ《ᠠᠭᠤᠯᠠ ᠶ᠋ᠢᠨ ᠬᠠᠢᠷ᠎ᠠ》 ᠮᠡᠲᠦ ᠥᠭᠦᠯᠡᠯᠭᠡ ᠶ᠋ᠢᠨ ᠲᠡᠭᠦᠪᠦᠷᠢ᠂《ᠳ᠋ᠦᠩᠰᠢᠶᠠᠩ ᠦᠨᠳᠦᠰᠦᠲᠡᠨ》《ᠳ᠋ᠦᠩᠰᠢᠶᠠᠩ ᠢ᠋ ᠥᠭᠦᠯᠡᠬᠦ ᠨᠢ》 ᠮᠡᠲᠦ ᠨᠣᠮ ᠬᠡᠪᠯᠡᠭᠦᠯᠵᠦ ᠦᠯᠡᠮᠵᠢᠬᠡᠨ ᠠᠮᠵᠢᠯᠲᠠ ᠣᠯᠪᠠ᠃
ᠦᠰᠦᠭ ᠠᠮᠢᠯᠠᠭᠤᠯᠤᠭᠴᠢ ᠄ ᠲᠣᠭᠲᠠᠭᠤᠨ᠂ ᠮᠢᠬᠤᠸᠠᠷ᠂ ᠣᠳᠬᠠᠨᠴᠡᠴᠡᠭ ᠂ ᠪᠥᠷᠢᠠᠴᠠᠴᠡᠭ᠂ ᠣᠶᠤᠨᠴᠢᠮᠡᠭ᠂ ᠨᠠᠷᠠᠨᠲᠣᠭᠣᠰ᠂ ᠠ᠊· ᠴᠠᠭᠠᠨ
ᠬᠢᠨᠠᠭᠴᠢ ᠪᠠᠭᠰᠢ᠄ ᠣᠳᠬᠠᠨᠰᠣ᠎ᠠ᠂ ᠲᠣᠳᠣᠭᠡᠷᠡᠯ᠂ ᠣᠳᠬᠠᠨᠴᠡᠴᠡᠭ᠂ ᠲᠣᠭᠲᠠᠭᠤᠨ᠂ ᠮᠢᠬᠤᠸᠠᠷ
