ᠴᠠᠷᠠᠰᠤᠨ ᠦᠷ᠎ᠡЦарсан үрTsarsan ür ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠷᠠᠰᠤᠨ ᠦᠷ᠎ᠡЦарсан үрTsarsan ür

ᠴᠠᠷᠠᠰᠤᠨ ᠦᠷ᠎ᠡЦарсан үрTsarsan ür

2025-05-27

199

ᠴᠠᠷᠠᠰᠤᠨ ᠦᠷ᠎ᠡ

   ᠲᠤᠰ ᠡᠮ ᠪᠣᠯ ᠴᠠᠷᠠᠰᠤᠨ ᠤ᠋ ᠢᠵᠠᠭᠤᠷ ᠤ᠋ᠨ ᠤᠷᠭᠤᠮᠠᠯ ᠪᠣᠯᠬᠤ ᠮᠣᠩᠭᠣᠯ ᠴᠠᠷᠠᠰᠤ᠂ ᠱᠠᠭᠠᠷᠣᠭ ᠴᠠᠷᠠᠰᠤ ᠶ᠋ᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠪᠠᠰᠠ ᠮᠤᠨᠴᠠᠷ᠎ᠠ ᠭᠡᠳᠡᠭ᠃
   [ ᠤᠤᠯ ᠤᠷᠭᠤᠮᠠᠯ] 1 ᠮᠣᠩᠭᠣᠯ ᠴᠠᠷᠠᠰᠤ ᠨᠠᠪᠴᠢ ᠵᠤᠯᠭᠠᠷᠠᠬᠤ ᠲᠤᠷᠤᠭ ᠮᠣᠳᠣ᠃30m ᠢᠯᠡᠭᠦᠦ ᠥᠨᠳᠥᠷ᠂ ᠬᠣᠯᠲᠣᠰᠣ ᠨᠢ ᠪᠦᠳᠡᠭᠢ ᠴᠠᠢᠪᠤᠷ ᠥᠩᠭᠡ ᠲᠡᠢ᠂ ᠭᠤᠯᠳᠤ ᠭᠦᠨ ᠠᠩ ᠲᠠᠢ᠃ ᠨᠢᠯᠬ᠎ᠠ ᠮᠥᠴᠢᠷ ᠨᠢ ᠭᠥᠯᠢᠭᠡᠷ ᠮᠥᠷᠲᠡᠭᠡᠨ ᠢᠷᠮᠡᠭ ᠲᠡᠢ᠂ ᠪᠣᠷᠣ ᠬᠦᠷᠡᠩ ᠥᠩᠭᠡ ᠲᠡᠢ᠃ ᠳᠠᠩ ᠨᠠᠪᠴᠢ ᠨᠢ ᠴᠤᠪᠤᠷᠠᠨ ᠤᠷᠭᠤᠬᠤ ᠪᠥᠭᠡᠳ ᠣᠯᠠᠩᠬᠢ ᠳ᠋ᠠᠭᠠᠨ ᠵᠢᠵᠢᠭ ᠮᠥᠴᠢᠷ ᠦ᠋ᠨ ᠣᠷᠣᠢ ᠳ᠋ᠤ᠌ ᠪᠥᠭᠡᠮᠨᠡᠷᠡᠨ᠎ᠡ᠂ ᠨᠠᠪᠴᠢᠨ ᠢᠯᠲᠠᠰᠤ ᠨᠢ ᠲᠣᠩᠭᠣᠷᠤᠤ ᠥᠨᠳᠡᠭᠡᠯᠵᠢᠨ ᠡᠴᠡ ᠤᠷᠲᠤᠯᠵᠢᠨ ᠵᠤᠤᠪᠠᠩᠯᠢᠭ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂7~17cm ᠤᠷᠲᠤ᠂4~10cm ᠥᠷᠭᠡᠨ᠂ ᠮᠤᠬᠤᠷ ᠪᠤᠶᠤ ᠱᠣᠪᠣᠭᠣᠷ ᠦᠵᠦᠭᠦᠷ ᠲᠡᠢ᠂ ᠤᠨᠵᠢᠭᠢᠷ ᠤᠭ ᠲᠠᠢ᠂ ᠳᠣᠯᠭᠢᠶᠠᠯᠢᠭ ᠮᠤᠬᠤᠷ ᠠᠷᠠᠭᠠᠲᠤ ᠬᠥᠪᠡᠭᠡ ᠲᠡᠢ ᠪᠥᠭᠡᠳ ᠶᠡᠷᠦ ᠳ᠋ᠡᠭᠡᠨ8~9 ᠬᠣᠣᠰ ᠪᠣᠢ᠃ ᠨᠢᠯᠬ᠎ᠠ ᠨᠠᠪᠴᠢᠨ ᠰᠤᠳᠠᠯ ᠳᠡᠭᠡᠷ᠎ᠡ ᠨᠢ ᠦᠰᠦ ᠲᠡᠢ᠂7~11 ᠬᠣᠣᠰ ᠬᠠᠵᠠᠭᠤ ᠰᠤᠳᠠᠯ ᠲᠠᠢ᠃ ᠨᠠᠪᠴᠢᠨ ᠪᠠᠷᠢᠭᠤᠯ ᠨᠢ2~5mm ᠤᠷᠲᠤ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷᠲᠡᠢ᠃ ᠡᠷ᠎ᠡ ᠪᠠᠭ ᠴᠡᠴᠡᠭ ᠨᠢ ᠲᠦᠷᠦᠭᠦᠦ ᠬᠡᠯᠪᠡᠷᠢ ᠲᠡᠢ᠂ ᠰᠢᠨ᠎ᠡ ᠮᠥᠴᠢᠷ ᠦ᠋ᠨ ᠨᠠᠪᠴᠢᠨ ᠰᠤᠭᠤ ᠳ᠋ᠤ᠌ ᠤᠨᠵᠢᠢᠵᠤ ᠤᠷᠭᠤᠨ᠎ᠠ᠃ ᠡᠷ᠎ᠡ ᠴᠡᠴᠡᠭ ᠦ᠋ᠨ ᠰᠢᠳᠠᠷ ᠨᠢ6~7 ᠰᠡᠵᠢᠭᠦᠷ ᠢᠯᠲᠠᠰᠤ ᠲᠠᠢ᠂ ᠶᠡᠷᠦ ᠳ᠋ᠡᠭᠡᠨ8 ᠡᠷ᠎ᠡ ᠲᠣᠭᠣᠷᠴᠣᠭ ᠲᠠᠢ᠃ ᠡᠮ᠎ᠡ ᠴᠡᠴᠡᠭ ᠦ᠋ᠨ ᠰᠢᠳᠠᠷ ᠨᠢ6 ᠭᠦᠢᠬᠡᠨ ᠣᠨᠢ ᠲᠠᠢ᠂ ᠬᠠᠲᠠᠭᠤ ᠬᠠᠯᠢᠰᠤ ᠨᠢ ᠴᠠᠭᠠᠷᠢᠭ ᠬᠡᠯᠪᠡᠷᠢ ᠲᠡᠢ᠂ ᠬᠠᠲᠠᠭᠤ ᠵᠢᠮᠢᠰ ᠦ᠋ᠨ ᠢ᠋ᠶ᠋ᠡᠨ1/3~1/2 ᠶ᠋ᠢ ᠪᠠᠭᠯᠠᠵᠤ ᠪᠣᠢ᠂ ᠳ᠋ᠢᠶᠠᠮᠧᠲ᠋ᠷ ᠨᠢ1.5~2cm᠂ ᠥᠨᠳᠥᠷ ᠨᠢ0.8~1.5cm᠂ ᠵᠤᠵᠠᠭᠠᠨ ᠬᠠᠨ᠎ᠠ ᠲᠠᠢ᠃ ᠪᠠᠭᠯᠠᠭᠴᠢ ᠢᠯᠲᠠᠰᠤ ᠨᠢ ᠵᠢᠵᠢᠭ᠂ ᠭᠤᠷᠪᠠᠯᠵᠢᠨ ᠬᠡᠯᠪᠡᠷᠢ ᠲᠡᠢ᠃ ᠬᠠᠲᠠᠭᠤ ᠵᠢᠮᠢᠰ ᠨᠢ ᠥᠨᠳᠡᠭᠡᠯᠵᠢᠨ ᠡᠴᠡ ᠤᠷᠲᠤ ᠥᠨᠳᠡᠭᠡᠯᠵᠢᠨ ᠬᠡᠯᠪᠡᠷᠢ ᠲᠡᠢ᠂ ᠳ᠋ᠢᠶᠠᠮᠧᠲ᠋ᠷ ᠨᠢ1.3~1.8cm᠂ ᠤᠷᠲᠤ ᠨᠢ2~2.3cm᠂ ᠦᠰᠦ ᠦᠭᠡᠢ᠃5~6 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
2. ᠱᠠᠭᠠᠷᠣᠭ ᠴᠠᠷᠠᠰᠤ   ᠲᠤᠰ ᠬᠤᠪᠢᠷᠠᠮᠠᠯ ᠳᠦᠷᠰᠦ ᠨᠢ ᠳᠡᠭᠡᠷᠡᠬᠢ ᠲᠡᠢ ᠮᠠᠰᠢ ᠲᠥᠰᠦᠭᠡᠲᠡᠢ᠂ ᠭᠣᠣᠯ ᠪᠣᠯᠬᠤ ᠢᠯᠭᠠᠯ ᠭᠡᠪᠡᠯ ᠨᠠᠪᠴᠢᠨ ᠬᠥᠪᠡᠭᠡ ᠨᠢ5~7 ᠬᠣᠣᠰ ᠳᠣᠯᠭᠢᠶᠠᠯᠢᠭ ᠰᠡᠵᠢᠭᠦᠷ ᠢᠯᠲᠠᠰᠤ ᠲᠠᠢ᠃ ᠬᠠᠲᠠᠭᠤ ᠬᠠᠯᠢᠰᠤ ᠶ᠋ᠢᠨ ᠬᠠᠢᠷᠰᠤᠯᠢᠭ ᠢᠯᠲᠠᠰᠤ ᠨᠢ ᠬᠠᠪᠲᠠᠭᠠᠢ ᠪᠠᠢᠳᠠᠭ᠃
   [ ᠤᠷᠭᠤᠬᠤ ᠣᠷᠴᠢᠨ ᠬᠢᠭᠡᠳ ᠲᠠᠷᠬᠠᠴᠠ] ᠬᠠᠭᠤᠷᠠᠢ ᠠᠭᠤᠯᠠᠨ ᠬᠠᠵᠠᠭᠤ ᠳ᠋ᠤ᠌ ᠨᠠᠷᠠᠰᠤ᠂ ᠬᠤᠰᠤ᠂ ᠮᠣᠩᠭᠣᠯ ᠲᠣᠮᠣ ᠵᠡᠷᠭᠡ ᠲᠡᠢ ᠬᠣᠯᠢᠯᠳᠤᠨ ᠤᠷᠭᠤᠳᠠᠭ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠨᠢᠩᠰᠢᠶᠠ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠨᠠᠮᠤᠷ᠂ ᠵᠢᠮᠢᠰ ᠨᠢ ᠪᠣᠯᠪᠠᠰᠤᠷᠠᠬᠤ ᠦᠶ᠎ᠡ ᠳ᠋ᠦ᠍ ᠲᠡᠭᠦᠵᠦ ᠬᠠᠲᠠᠭᠤ ᠬᠠᠯᠢᠰᠤ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ᠂ ᠲᠡᠭᠰᠢ ᠴᠢᠨᠠᠷ ᠲᠠᠢ᠂ ᠬᠥᠩᠭᠡᠨ᠂ ᠰᠢᠷᠦᠭᠦᠨ᠂ ᠮᠣᠬᠣᠳᠠᠭ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠰᠠᠭᠤᠯᠭᠠᠬᠤ ᠶ᠋ᠢ ᠵᠣᠭᠰᠣᠭᠠᠬᠤ᠂ ᠴᠢᠰᠤ ᠶ᠋ᠢ ᠵᠣᠭᠰᠣᠭᠠᠬᠤ᠂ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠬᠠᠯᠠᠭᠤᠨ ᠬᠦᠢᠲᠡᠨ ᠢ᠋ᠶ᠋ᠡᠷ ᠰᠠᠭᠤᠯᠭᠠᠬᠤ᠂ ᠬᠣᠰᠬᠢᠨᠠᠭ ᠤ᠋ᠨ ᠭᠦᠪᠳᠦᠷᠦᠦ᠂ ᠴᠠᠭᠠᠨ ᠬᠤᠶᠠᠩ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄橡子 (蒙古栎) (辽东栋)
   ᠠᠩᠭ᠌ᠯᠢ ᠨᠡᠷ᠎ᠡ᠄Quereus mongolica Fisch ex Turcz.(Quercus monglicn uar. liaotungensis) (Koidz.) Nakai

   ᠦᠰᠦᠭ ᠠᠮᠢᠯᠠᠭᠤᠯᠤᠭᠴᠢ᠄ ᠤᠷᠠᠨᠴᠢᠮᠡᠭ