ᠶᠠᠭᠠᠬᠢᠬᠤ ᠪᠣᠢ – ᠱ᠂ ᠭᠦᠷᠦᠪᠠᠽᠠᠷ Яах вэ - Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠭᠠᠬᠢᠬᠤ ᠪᠣᠢ – ᠱ᠂ ᠭᠦᠷᠦᠪᠠᠽᠠᠷ Яах вэ - Ш᠂ Гүрбазар

ᠶᠠᠭᠠᠬᠢᠬᠤ ᠪᠣᠢ – ᠱ᠂ ᠭᠦᠷᠦᠪᠠᠽᠠᠷ Яах вэ - Ш᠂ Гүрбазар

2025-05-25

271

ᠶᠠᠭᠠᠬᠢᠬᠤ ᠪᠣᠢ


                  ᠱ᠂ ᠭᠦᠷᠦᠪᠠᠽᠠᠷ  

 ᠳᠠᠭᠤᠯᠠᠵᠤ ᠪᠠᠷᠠᠬᠤ ᠦᠭᠡᠢ ᠠᠷᠠᠳ ᠤ᠋ᠨ ᠳᠠᠭᠤᠤ ᠲᠠᠢ ᠠ᠋ᠴᠠ ᠬᠣᠢᠰᠢ 
 ᠤᠶᠠᠬᠠᠨ ᠶᠠᠪᠤᠬᠤ ᠠ᠋ᠴᠠ ᠴᠦ᠍ ᠶᠠᠭᠠᠬᠢᠬᠤ ᠪᠣᠢ 
 ᠳᠤᠲᠠᠭᠤ ᠵᠢᠷᠭᠠᠳᠠᠭ ᠦᠭᠡᠢ ᠨᠠᠷᠠ ᠲᠠᠢ ᠳᠡᠯᠡᠬᠡᠢ ᠳ᠋ᠦ᠍ 
 ᠤᠬᠠᠭᠠᠷᠠᠵᠤ ᠰᠡᠷᠡᠬᠦ ᠡᠴᠡ ᠶᠠᠭᠠᠬᠢᠬᠤ ᠪᠣᠢ  

 ᠡᠭᠦᠷᠴᠦ ᠳᠠᠭᠠᠭᠠᠮ᠎ᠠ ᠦᠭᠡᠢ ᠵᠣᠪᠠᠯᠠᠩ ᠪᠠᠢᠳᠠᠭ ᠢ᠋ ᠪᠣᠳᠣᠬᠤ ᠪᠠᠷ 
 ᠦᠨᠡᠨ ᠳ᠋ᠦ᠍ ᠬᠠᠯᠭᠠᠬᠤ ᠠ᠋ᠴᠠ ᠶᠠᠭᠠᠬᠢᠬᠤ ᠪᠣᠢ 
 ᠦᠦᠷ ᠦ᠋ᠨ ᠭᠡᠭᠡ ᠪᠤᠴᠠᠵᠤ ᠰᠢᠩᠭᠡᠳᠡᠭ ᠦᠭᠡᠢ ᠶ᠋ᠢ ᠪᠣᠳᠣᠬᠤ ᠪᠠᠷ 
 ᠦᠬᠦᠨ ᠦᠬᠦᠲᠡᠯ᠎ᠡ ᠪᠡᠨ ᠵᠢᠷᠭᠠᠯ ᠳ᠋ᠤ᠌ ᠬᠠᠭᠤᠷᠲᠠᠬᠤ ᠠ᠋ᠴᠠ ᠴᠦ᠍ ᠶᠠᠭᠠᠬᠢᠬᠤ ᠪᠣᠢ  

 ᠣᠳᠣᠳ ᠢ᠋ ᠲᠣᠭᠠᠯᠠᠵᠤ᠂ ᠳᠠᠯᠠᠢ ᠶᠡᠭᠦᠯᠡᠬᠦ ᠦᠭᠡᠢ ᠡᠴᠡ ᠬᠣᠢᠰᠢ 
 ᠣᠷᠴᠢᠯᠠᠩ ᠤ᠋ᠨ ᠡᠵᠡᠨ ᠰᠢᠭ ᠠᠮᠢᠳᠤ ᠳ᠋ᠠᠭᠠᠨ ᠬᠠᠩᠬᠠᠯᠵᠠᠭᠠᠳ ᠶᠠᠭᠠᠬᠢᠬᠤ ᠪᠣᠢ 
 ᠥᠳᠥ ᠪᠢᠳᠡ ᠬᠣᠶᠠᠷ 
 ᠥᠪᠡᠷ ᠢ᠋ᠶ᠋ᠡᠨ ᠥᠪᠡᠷ ᠲᠡᠭᠡᠨ ᠯᠡ ᠶᠢᠷᠲᠢᠨᠴᠦ ᠪᠠᠢᠶ᠎ᠠ ᠳᠠ᠃  

         ᠦᠰᠦᠭ ᠠᠮᠢᠯᠠᠭᠤᠯᠤᠭᠴᠢ᠄ ᠡᠩᠬᠡᠪᠠᠲᠤ  
              ᠦᠰᠦᠭ ᠬᠢᠨᠠᠭᠴᠢ᠄ ᠪᠠᠶᠠᠷᠴᠡᠴᠡᠭ