ᠬᠥᠭᠡᠷᠦᠬᠦᠨ ᠲᠥᠷᠥᠭᠰᠡᠨ ᠴᠢᠮᠠᠶ᠋ᠢ ᠪᠠᠨ – ᠪᠠᠪᠤᠤ ᠶ᠋ᠢᠨ ᡀᠬᠠᠪᠠᠰᠥ᠋ᠷᠦᠩ Хөөрхөн төрсөн чамайгаа – Бавуугийн Лхагвасүрэн
ᠬᠥᠭᠡᠷᠦᠬᠦᠨ ᠲᠥᠷᠥᠭᠰᠡᠨ ᠴᠢᠮᠠᠶ᠋ᠢ ᠪᠠᠨ
ᠬᠥᠭᠡᠷᠦᠬᠦᠨ ᠲᠥᠷᠥᠭᠰᠡᠨ ᠴᠢᠮᠠᠶ᠋ᠢ ᠪᠠᠨ
ᠬᠥᠯ ᠡᠴᠡ ᠴᠢᠨᠢ ᠲᠣᠯᠣᠭᠠᠢ ᠶ᠋ᠢ ᠴᠢᠨᠢ ᠬᠦᠷᠲᠡᠯ᠎ᠡ ᠦᠨᠦᠰᠦᠶ᠎ᠡ ᠭᠡᠵᠦ ᠪᠣᠳᠣᠭᠳᠠᠨ᠎ᠠ᠃
ᠤᠷᠢᠳᠤ ᠨᠢ ᠬᠥᠮᠦᠨ ᠦᠨᠦᠰᠦᠭᠰᠡᠨ ᠬᠡ ᠳᠡᠭᠡᠷ᠎ᠡ
ᠤᠷᠤᠭᠤᠯ ᠤ᠋ᠨ《ᠳᠤᠷᠳᠤᠩ》 ᠢ᠋ᠶ᠋ᠠᠨ ᠰᠡᠮᠡᠯᠴᠢᠬᠡᠬᠦ ᠪᠣᠢ ᠭᠡᠵᠦ ᠬᠠᠷ᠎ᠠ ᠪᠠᠭᠤᠨ᠎ᠠ᠃
ᠰᠡᠷᠳᠡᠬᠦ᠂ ᠬᠠᠢᠷᠠᠯᠠᠬᠤ ᠬᠣᠶᠠᠷ ᠪᠡᠶ᠎ᠡ ᠪᠠᠶᠠᠨ ᠢ᠋ᠶ᠋ᠠᠨ ᠦᠯᠢᠶᠡᠵᠦ
ᠰᠡᠳᠬᠢᠯ ᠳ᠋ᠦ᠍ ᠦᠯᠦ ᠢᠲᠡᠭᠡᠬᠦ ᠶ᠋ᠢᠨ ᠭᠠᠯ ᠳᠦᠷᠡᠯᠵᠡᠨ᠎ᠡ᠁
ᠲᠡᠪᠴᠢᠶᠡᠷᠢ ᠠᠯᠳᠠᠭᠤᠯᠤᠭᠰᠠᠨ ᠴᠢᠨᠦ ᠤᠷᠤᠭᠤᠯ ᠪᠠᠶᠠᠨ ᠳ᠋ᠤ᠌ ᠬᠦᠷᠬᠦ ᠶ᠋ᠢᠨ ᠴᠠᠭ ᠲᠤ
ᠲᠠᠷᠢᠬᠢ ᠰᠣᠭᠲᠣᠨ ᠡᠯᠡᠢᠷᠡᠵᠦ ᠳᠡᠯᠡᠬᠡᠢ ᠶ᠋ᠢ ᠮᠠᠷᠲᠠᠨ᠎ᠠ᠃
2003 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
