ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 48 Нэгэн ном тавцан үн өдөр үн тэмдэглэлээс – 48
ᠮᠢᠨᠦ ᠨᠢᠭᠡ ᠨᠠᠢᠵᠠ 9000 ᠲᠥᠭᠥᠷᠢᠭ ᠦ᠋ᠨ ᠺᠣᠮᠫᠢᠦ᠋ᠲ᠋ᠧᠷ ᠢ᠋ ᠦᠵᠡᠵᠦ ᠲᠣᠭᠣᠭᠠᠳ ᠠᠪᠤᠶ᠎ᠠ ᠭᠡᠬᠦ ᠳ᠋ᠦ᠍ ᠲᠡᠭᠦᠨ ᠦ᠌ ᠰᠠᠷ᠎ᠠ ᠶ᠋ᠢᠨ ᠴᠠᠯᠢᠩ ᠨᠢ 2000 ᠲᠥᠭᠥᠷᠢᠭ ᠯᠡ ᠪᠠᠢᠳᠠᠭ ᠲᠤᠯᠠ ᠠᠷᠭ᠎ᠠ ᠶᠠᠳᠠᠵᠤ ᠪᠠᠢᠯ᠎ᠠ᠃ ᠡᠬᠡᠨᠡᠷ ᠨᠢ ᠪᠠᠰᠠ᠄《ᠴᠢ ᠰᠣᠯᠢᠶᠠᠷᠠᠴᠢᠬᠠᠵᠤ ᠤᠤ? ᠲᠡᠢᠮᠦ ᠦᠨᠡᠲᠡᠢ ᠶᠠᠭᠤᠮ᠎ᠠ ᠶ᠋ᠢ ᠠᠪᠬᠤ ᠨᠢ᠂ ᠴᠢ ᠲᠡᠭᠦᠨ ᠢ᠋ ᠠᠪᠤᠪᠠᠯ ᠪᠢ ᠪᠠᠰᠠ ᠴᠢᠮ᠎ᠠ ᠲᠠᠢ ᠠᠮᠢᠳᠤᠷᠠᠬᠤ ᠦᠭᠡᠢ᠂ ᠴᠢᠮ᠎ᠠ ᠲᠠᠢ ᠤᠷᠤᠭ ᠰᠠᠯᠤᠨ᠎ᠠ》 ᠭᠡᠵᠡᠢ᠃
ᠪᠢ ᠲᠡᠭᠦᠨ ᠢ᠋᠄《ᠥᠪᠡᠷ ᠦ᠋ᠨ ᠳᠤᠷᠠᠲᠠᠢ ᠶᠠᠭᠤᠮ᠎ᠠ ᠪᠠᠨ ᠬᠥᠭᠡᠭᠡᠴᠡᠯᠳᠦᠵᠦ ᠲᠡᠭᠦᠨ ᠢ᠋ ᠣᠯᠬᠤ ᠶ᠋ᠢᠨ ᠲᠥᠯᠥᠭᠡ ᠴᠢᠷᠮᠠᠢᠬᠤ ᠢᠲᠡᠭᠡᠯ ᠵᠣᠷᠢᠭ ᠴᠦ᠍ ᠪᠠᠢᠬᠤ ᠦᠭᠡᠢ ᠪᠡᠷ ᠬᠣᠵᠢᠮ ᠶᠠᠭᠠᠬᠢᠵᠤ ᠥᠭᠡᠳᠡᠯᠡᠨ ᠲᠠᠪᠰᠢᠵᠤ ᠰᠠᠢᠬᠠᠨ ᠠᠮᠢᠳᠤᠷᠠᠵᠤ ᠴᠢᠳᠠᠬᠤ ᠪᠢᠯᠡ?》 ᠭᠡᠰᠡᠨ ᠳ᠋ᠦ᠍ ᠲᠡᠷᠡ ᠰᠢᠲᠦ ᠪᠡᠨ ᠵᠠᠭᠤᠵᠤ ᠪᠠᠢᠭᠠᠳ ᠲᠡᠷᠡ ᠺᠣᠮᠫᠢᠦ᠋ᠲ᠋ᠧᠷ ᠢ᠋ ᠠᠪᠴᠢᠬᠠᠵᠠᠢ᠃ ᠥᠷᠢ ᠪᠡᠨ ᠲᠥᠯᠥᠬᠦ ᠶ᠋ᠢᠨ ᠲᠥᠯᠥᠭᠡ ᠲᠡᠷᠡ ᠲᠠᠰᠤᠷᠠᠯᠲᠠ ᠦᠭᠡᠢ ᠪᠡᠷ ᠠᠵᠢᠯ ᠬᠠᠪᠰᠤᠷᠭᠠᠵᠤ ᠬᠢᠭᠰᠡᠭᠡᠷ ᠨᠢᠭᠡ ᠰᠠᠷ᠎ᠠ ᠶ᠋ᠢᠨ ᠳᠣᠲᠣᠷ᠎ᠠ ᠥᠷᠢ ᠪᠡᠨ ᠲᠥᠯᠥᠭᠡᠳ ᠪᠠᠷᠠᠴᠢᠬᠠᠵᠠᠢ᠃ ᠡᠬᠡᠨᠡᠷ ᠨᠢ ᠴᠦ᠍ ᠲᠡᠭᠦᠨ ᠡᠴᠡ ᠰᠠᠯᠵᠤ ᠶᠠᠪᠤᠭᠰᠠᠨ ᠦᠭᠡᠢ᠃ ᠨᠢᠭᠡ ᠡᠳᠦᠷ ᠡᠬᠡᠨᠡᠷ ᠨᠢ ᠲᠡᠭᠦᠨ ᠢ᠋ ᠲᠡᠷᠭᠡᠨ ᠵᠠᠬ᠎ᠠ ᠳ᠋ᠤ᠌ ᠳᠠᠭᠠᠭᠤᠯᠵᠤ ᠠᠪᠠᠴᠢᠭᠠᠳ᠄《ᠮᠠᠨᠤᠰ ᠵᠢᠭᠡᠯᠡᠯᠭᠡ ᠪᠡᠷ ᠡᠨᠡ ᠪᠤᠤ ᠮᠠ ᠲᠡᠷᠭᠡ ᠶ᠋ᠢ ᠠᠪᠴᠢᠬᠠᠶ᠎ᠠ》 ᠭᠡᠵᠦ ᠭᠡᠨ᠎ᠡ᠃ ᠲᠡᠷᠡ ᠰᠣᠨᠣᠰᠤᠭᠠᠳ ᠶᠡᠬᠡ ᠰᠣᠴᠢᠵᠤ ᠡᠬᠡᠨᠡᠷ ᠢ᠋ᠶ᠋ᠡᠨ ᠰᠣᠯᠢᠶᠠᠷᠠᠴᠢᠬᠠᠭᠰᠠᠨ ᠶᠤᠮ ᠤᠤ ᠭᠡᠵᠦ ᠪᠣᠳᠣᠭᠰᠠᠨ ᠪᠣᠯᠪᠠᠴᠤ ᠡᠴᠦᠰ ᠲᠦ᠍ ᠪᠡᠨ ᠵᠣᠷᠢᠭ ᠰᠢᠭᠤᠳᠤᠨ ᠲᠡᠷᠡ ᠲᠡᠷᠭᠡ ᠶ᠋ᠢ ᠠᠪᠴᠢᠬᠠᠵᠠᠢ᠃ ᠨᠢᠭᠡ ᠵᠢᠯ ᠦ᠋ᠨ ᠳᠠᠷᠠᠭ᠎ᠠ ᠲᠡᠳᠡ ᠮᠥᠨ ᠴᠦ᠍ ᠲᠡᠷᠭᠡᠨ ᠦ᠌ ᠪᠡᠨ ᠥᠷᠢ ᠶ᠋ᠢ ᠲᠥᠯᠥᠭᠡᠳ ᠳᠡᠢᠯᠦᠴᠢᠬᠡᠵᠠᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
