ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠤᠭᠰᠠᠨХубилай юан улсыг байгуулсан ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠤᠭᠰᠠᠨХубилай юан улсыг байгуулсан

ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠤᠭᠰᠠᠨХубилай юан улсыг байгуулсан

ᠠᠩᠭᠢᠯᠠᠯ:ᠲᠡᠦᠬᠡ ᠰᠣᠶᠣᠯ
2022-09-10

593

ᠬᠤᠪᠢᠯᠠᠢ ᠬᠠᠭᠠᠨ ᠶᠤᠸᠠᠨ ᠤᠯᠤᠰ ᠢ᠋ ᠪᠠᠢᠭᠤᠯᠤᠭᠰᠠᠨ


ᠲᠤᠯᠤᠢ ᠶ᠋ᠢᠨ ᠬᠦᠦ ᠬᠤᠪᠢᠯᠠᠢ 1215 ᠣᠨ ᠳ᠋ᠤ᠌ ᠰᠣᠷᠬᠠᠭᠲᠠᠨᠢ ᠪᠡᠬᠢ ᠬᠠᠲᠤᠨ ᠠ᠋ᠴᠠ ᠲᠥᠷᠥᠵᠡᠢ᠃ 1232 ᠣᠨ ᠳ᠋ᠤ᠌ ᠲᠤᠯᠤᠢ ᠶ᠋ᠢ ᠨᠠᠰᠤ ᠪᠠᠷᠠᠬᠤ ᠳ᠋ᠤ᠌ ᠲᠡᠭᠦᠨ ᠦ᠌ ᠮᠠᠲᠠᠯ ᠳ᠋ᠤ᠌ ᠪᠠᠢᠭᠰᠠᠨ ᠬᠢᠲᠠᠳ ᠤ᠋ᠨ ᠾᠧᠪᠧᠢ ᠮᠣᠵᠢ ᠶ᠋ᠢᠨ 80 ᠮᠢᠩᠭᠠᠨ ᠡᠷᠦᠬᠡ ᠠᠢᠯ ᠢ᠋ ᠬᠤᠪᠢᠯᠠᠢ ᠥᠪᠡᠷ ᠦ᠋ᠨ ᠳᠤᠷ᠎ᠠ ᠪᠠᠷ ᠵᠠᠬᠢᠷᠤᠨ ᠰᠢᠨᠡᠴᠢᠯᠡᠯ ᠬᠢᠵᠦ ᠲᠠᠲᠠᠪᠤᠷᠢ ᠶ᠋ᠢᠨ ᠬᠠᠤᠯᠢ ᠨᠤᠭᠤᠳ ᠢ᠋ ᠭᠠᠷᠭᠠᠵᠤ ᠡᠬᠢᠯᠡᠭᠰᠡᠨ ᠪᠥᠭᠡᠳ ᠬᠢᠲᠠᠳ ᠤ᠋ᠨ ᠰᠣᠶᠣᠯ ᠤ᠋ᠨ ᠲᠠᠯ᠎ᠠ ᠪᠠᠷ ᠰᠤᠳᠤᠯᠭ᠎ᠠ ᠶᠠᠪᠤᠭᠤᠯᠵᠤ 1242 ᠣᠨ ᠳ᠋ᠤ᠌ ᠬᠠᠶᠤᠨ ᠬᠡᠮᠡᠬᠦ ᠯᠠᠮ᠎ᠠ ᠶ᠋ᠢ ᠤᠷᠢᠵᠤ ᠪᠤᠳ᠋ᠳ᠋ᠬᠠ ᠶ᠋ᠢᠨ ᠹᠢᠯᠣᠰᠣᠹᠢ ᠶ᠋ᠢᠨ ᠲᠠᠯ᠎ᠠ ᠪᠠᠷ ᠠᠰᠠᠭᠤᠵᠤ ᠮᠡᠳᠡᠵᠡᠢ᠃ ᠬᠤᠪᠢᠯᠠᠢ ᠰᠣᠨᠢᠷᠬᠠᠯ ᠤ᠋ᠨ ᠵᠢᠷᠤᠮ ᠢ᠋ᠶ᠋ᠠᠷ ᠳᠡᠷᠭᠡᠳᠡ ᠪᠡᠨ ᠯᠢᠭᠤ ᠬᠡᠮᠡᠬᠦ ᠵᠢᠷᠤᠭᠠᠴᠢ᠂ ᠪᠢᠴᠢᠭᠡᠴᠢ ᠡᠴᠡ ᠡᠬᠢᠯᠡᠭᠡᠳ ᠵᠢᠦ ᠪᠢ ᠬᠡᠮᠡᠬᠦ ᠡᠷᠳᠡᠮᠲᠡᠨ᠂ ᠲᠥᠪᠡᠳ᠂ ᠲᠥᠷᠥᠭ ᠵᠡᠷᠭᠡ ᠤᠯᠤᠰ ᠦᠨᠳᠦᠰᠦᠲᠡᠨ ᠦ᠌ ᠬᠥᠮᠦᠰ ᠢ᠋ ᠤᠷᠢᠵᠤ ᠠᠵᠢᠯᠯᠠᠭᠤᠯᠵᠤ ᠪᠠᠢᠵᠠᠢ᠃ 1251 ᠣᠨ ᠳ᠋ᠤ᠌ ᠮᠥᠩᠬᠡ ᠬᠠᠭᠠᠨ ᠤ᠋ ᠵᠠᠷᠯᠢᠭ ᠢ᠋ᠶ᠋ᠠᠷ ᠬᠣᠢᠲᠤ ᠬᠢᠲᠠᠳ ᠤ᠋ᠨ ᠡᠵᠡᠨ ᠰᠠᠭᠤᠬᠤ ᠪᠠᠷ ᠢᠷᠡᠵᠦ᠂ 1253 ᠣᠨ ᠳ᠋ᠤ᠌ ᠶᠨᠠᠨ ᠢ᠋ ᠡᠷᠬᠡᠨ ᠳ᠋ᠦ᠍ ᠪᠡᠨ ᠣᠷᠣᠭᠤᠯᠵᠤ᠂ 1258 ᠣᠨ ᠳ᠋ᠤ᠌ ᠪᠤᠳ᠋ᠳ᠋ᠾᠠᠢᠰᠮ ᠤ᠋ᠨ ᠤᠳᠤᠷᠢᠳᠤᠭᠴᠢᠳ ᠢ᠋ ᠬᠤᠷᠠᠯᠳᠤᠭᠤᠯᠵᠤ 237 ᠰᠦᠮ᠎ᠡ ᠶ᠋ᠢ  ᠪᠤᠳ᠋ᠳ᠋ᠾᠠ ᠶ᠋ᠢᠨ ᠰᠦᠮ᠎ᠡ ᠪᠣᠯᠭᠠᠨ ᠥᠭᠡᠷᠡᠴᠢᠯᠡᠭᠦᠯᠵᠡᠢ᠃ ᠮᠥᠩᠬᠡ ᠬᠠᠭᠠᠨ ᠮᠣᠩᠭᠣᠯ ᠤ᠋ᠨ ᠵᠡᠭᠦᠨ ᠭᠠᠷ ᠤ᠋ᠨ ᠴᠡᠷᠢᠭ ᠦ᠋ᠨ ᠬᠦᠴᠦ ᠶ᠋ᠢ ᠬᠤᠪᠢᠯᠠᠢ ᠳ᠋ᠤ᠌ ᠥᠭᠴᠦ ᠰᠧᠴᠤᠸᠠᠨ ᠢ᠋ ᠪᠦᠬᠦᠯᠢ ᠳ᠋ᠦ᠍ ᠨᠢ ᠵᠠᠬᠢᠷᠤᠭᠤᠯᠵᠠᠢ᠃

ᠮᠣᠩᠭᠣᠯ ᠤ᠋ᠨ ᠳᠥᠷᠪᠡ ᠳ᠋ᠡᠬᠢ ᠶᠡᠬᠡ ᠬᠠᠭᠠᠨ ᠮᠥᠩᠬᠡ ᠨᠠᠰᠤ ᠪᠠᠷᠠᠬᠤ ᠳ᠋ᠤ᠌ ᠪᠠᠨ ᠬᠥᠪᠡᠭᠦᠨ ᠶᠣᠯᠦᠩᠳᠠᠰᠢ᠂ ᠰᠢᠯᠵᠢ ᠨᠡᠷᠡᠲᠦ ᠠᠷᠢᠭᠪᠦ᠋ᠬᠡ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠲᠤᠬᠠᠢ ᠶ᠋ᠢ ᠪᠡᠨ ᠭᠡᠷᠢᠶᠡᠰᠯᠡᠭᠰᠡᠨ ᠪᠠᠢᠳᠠᠭ᠃ ᠡᠯ᠎ᠡ ᠭᠡᠷᠢᠶᠡᠰᠯᠡᠯ ᠢ᠋ ᠠᠷᠢᠭᠪᠦ᠋ᠬᠡ ᠳᠣᠷᠵᠢ ᠨᠣᠶᠠᠨ ᠢ᠋ᠶ᠋ᠠᠷ ᠠᠬᠠᠯᠠᠭᠤᠯᠤᠭᠰᠠᠨ ᠡᠯᠴᠢ ᠨᠠᠷ ᠢ᠋ ᠬᠤᠪᠢᠯᠠᠢ ᠳ᠋ᠤ᠌ ᠢᠷᠡᠭᠦᠯᠦᠭᠰᠡᠨ ᠡᠴᠡ ᠡᠭᠦᠳᠦᠨ ᠬᠤᠪᠢᠯᠠᠢ ᠬᠠᠭᠠᠨ ᠪᠣᠯᠬᠤ ᠠᠰᠠᠭᠤᠳᠠᠯ ᠢ᠋ᠶ᠋ᠠᠨ ᠲᠦᠷᠭᠡᠪᠴᠢᠯᠡᠵᠦ᠂ ᠠᠬ᠎ᠠ ᠳᠡᠭᠦᠦ ᠬᠣᠶᠠᠷ ᠤ᠋ᠨ ᠳᠤᠮᠳᠠ ᠬᠠᠭᠠᠨ ᠰᠢᠷᠡᠭᠡᠨ ᠦ᠌ ᠲᠥᠯᠦᠭᠡᠬᠢ ᠲᠡᠮᠡᠴᠡᠯ ᠡᠬᠢᠯᠡᠵᠡᠢ᠃ ᠮᠥᠩᠬᠡ ᠬᠠᠭᠠᠨ ᠤ᠋ ᠶᠡᠬᠡ ᠬᠠᠲᠤᠨ ᠰᠣᠷᠬᠠᠭᠲᠠᠨᠢ ᠶᠡᠬᠡ ᠬᠤᠷᠠᠯᠳᠠᠢ ᠶ᠋ᠢ ᠵᠠᠷᠯᠠᠨ ᠬᠤᠷᠠᠯᠳᠤᠭᠤᠯᠵᠤ ᠬᠠᠭᠠᠨ ᠤ᠋ ᠭᠡᠷᠢᠶᠡᠰᠯᠡᠯ ᠶᠣᠰᠣᠭᠠᠷ ᠠᠷᠢᠭᠪᠦ᠋ᠬᠡ ᠶ᠋ᠢ ᠬᠠᠭᠠᠨ ᠪᠣᠯᠭᠠᠭᠰᠠᠨ ᠢ᠋ᠶ᠋ᠠᠷ ᠮᠣᠩᠭᠣᠯ ᠤ᠋ᠨ ᠡᠵᠡᠨᠲᠦ ᠭᠦᠷᠦᠨ ᠬᠣᠶᠠᠷ ᠬᠠᠭᠠᠨ ᠲᠠᠢ ᠪᠣᠯᠵᠤ ᠲᠥᠷᠥ ᠰᠠᠮᠠᠭᠤᠷᠴᠤ ᠡᠬᠢᠯᠡᠭᠰᠡᠨ ᠪᠠᠢᠨ᠎ᠠ᠃ ᠬᠤᠪᠢᠯᠠᠢ ᠶᠡᠬᠡ ᠮᠣᠩᠭᠣᠯ ᠤᠯᠤᠰ ᠤ᠋ᠨ ᠬᠠᠭᠠᠨ ᠰᠢᠷᠡᠭᠡ ᠶ᠋ᠢ ᠡᠵᠡᠯᠡᠬᠦ ᠪᠡᠷ 1260 ᠣᠨ ᠳ᠋ᠤ᠌ ᠬᠠᠷᠠᠬᠣᠷᠣᠮ ᠳ᠋ᠤ᠌ ᠢᠷᠡᠵᠦ ᠥᠪᠡᠷ ᠦ᠋ᠨ ᠳᠡᠭᠦᠦ ᠠᠷᠢᠭᠪᠦ᠋ᠬᠡ ᠲᠡᠢ ᠲᠡᠮᠡᠴᠡᠯᠳᠦᠵᠦ᠂ 1264 ᠣᠨ ᠳ᠋ᠤ᠌ ᠠᠬ᠎ᠠ ᠳᠡᠭᠦᠦ ᠬᠣᠶᠠᠷ ᠬᠠᠭᠠᠨ ᠪᠡᠶ᠎ᠡ ᠪᠠᠶᠠᠨ ᠤ᠋ ᠪᠠᠨ ᠡᠰᠡᠷᠭᠦ ᠴᠡᠷᠢᠭᠯᠡᠨ ᠬᠥᠳᠡᠯᠵᠦ ᠶᠡᠬᠡ ᠭᠣᠪᠢ ᠶ᠋ᠢᠨ ᠡᠮᠦᠨ᠎ᠡ ᠰᠢᠮᠡᠯᠢ ᠳ᠋ᠦ᠍ (ᠭᠠᠩᠭ᠎ᠠ) ᠨᠠᠭᠤᠷ ᠤ᠋ᠨ ᠣᠷᠴᠢᠮ ᠲᠤᠯᠤᠯᠳᠤᠨ ᠠᠷᠢᠭᠪᠦ᠋ᠬᠡ ᠶ᠋ᠢᠨ ᠲᠠᠯ᠎ᠠ ᠢᠯᠠᠭᠳᠠᠯ ᠬᠦᠯᠢᠶᠡᠭᠰᠡᠨ ᠲᠤᠬᠠᠢ ᠲᠡᠮᠳᠡᠭᠯᠡᠭᠳᠡᠨ ᠦᠯᠡᠳᠡᠵᠡᠢ᠃ ᠬᠤᠪᠢᠯᠠᠢ ᠡᠢᠨᠬᠦ ᠮᠣᠩᠭᠣᠯ ᠤ᠋ᠨ ᠡᠵᠡᠨᠲᠦ ᠭᠦᠷᠦᠨ ᠦ᠌ ᠲᠠᠪᠤ ᠳ᠋ᠠᠬᠢ ᠬᠠᠭᠠᠨ ᠪᠣᠯᠵᠠᠢ᠃ ᠬᠤᠪᠢᠯᠠᠢ ᠮᠣᠩᠭᠣᠯ ᠤ᠋ᠨ ᠡᠵᠡᠨᠲᠦ ᠭᠦᠷᠦᠨ ᠦ᠌ ᠨᠢᠭᠡᠳᠦᠯ ᠢ᠋ ᠦᠭᠡᠢ ᠪᠣᠯᠭᠠᠭᠰᠠᠨ ᠬᠡᠳᠦᠢ ᠴᠤ᠌ 1271 ᠣᠨ ᠳ᠋ᠤ᠌ ᠶᠤᠸᠠᠨ ᠭᠦᠷᠦᠨ ᠢ᠋ ᠪᠠᠢᠭᠤᠯᠤᠨ ᠠᠯᠲᠠᠨ ᠣᠷᠳᠣᠨ ᠤ᠋ ᠤᠯᠤᠰ᠂ ᠢᠯ ᠬᠠᠭᠠᠨᠲᠤ ᠤᠯᠤᠰ᠂ ᠴᠠᠭᠠᠲᠠᠢ ᠶ᠋ᠢᠨ ᠤᠯᠤᠰ ᠢ᠋ ᠵᠠᠬᠢᠷᠭᠠᠨ ᠳ᠋ᠤ᠌ ᠪᠠᠨ ᠠᠪᠴᠤ ᠨᠣᠮᠣᠬᠠᠨ ᠳᠠᠯᠠᠢ ᠠ᠋ᠴᠠ ᠤᠷᠠᠯ ᠤ᠋ᠨ ᠨᠢᠷᠤᠭᠤ ᠬᠦᠷᠲᠡᠯ᠎ᠡ ᠰᠢᠪᠧᠷᠢᠶ᠎ᠠ ᠡᠴᠡ ᠠᠹᠭᠠᠨᠢᠰᠲ᠋ᠠᠨ ᠬᠦᠷᠲᠡᠯᠡᠬᠢ ᠳᠡᠯᠡᠬᠡᠢ ᠶ᠋ᠢᠨ ᠬᠠᠭᠤᠷᠠᠢ ᠭᠠᠵᠠᠷ ᠤ᠋ᠨ ᠲᠠᠪᠤᠨ ᠤ᠋ ᠨᠢᠭᠡ ᠶ᠋ᠢ ᠥᠪᠡᠷ ᠦ᠋ᠨ ᠪᠣᠯᠭᠠᠵᠠᠢ᠃ 1263 ᠣᠨ ᠳ᠋ᠤ᠌ ᠥᠪᠡᠷ ᠦ᠋ᠨ ᠬᠡᠰᠢᠭᠲᠡᠨ ᠴᠡᠷᠢᠭ ᠦ᠋ᠨ ᠠᠯᠪᠠ ᠶ᠋ᠢ ᠪᠠᠢᠭᠤᠯᠵᠤ ᠪᠦᠷᠢᠯᠳᠦᠬᠦᠨ ᠳ᠋ᠦ᠍ ᠨᠢ ᠴᠢᠩᠭᠢᠰ ᠬᠠᠭᠠᠨ ᠤ᠋ ᠳᠥᠷᠪᠡᠨ ᠠᠯᠪᠠᠲᠤ ᠪᠣᠯᠬᠤ ᠪᠤᠷᠤᠬᠤᠯ᠂ ᠪᠣᠭᠣᠷᠴᠢ᠂ ᠮᠤᠬᠤᠯᠠᠢ᠂ ᠵᠡᠪᠡ ᠨᠠᠷ ᠤ᠋ᠨ ᠤᠳᠤᠮ ᠤᠭᠰᠠᠭᠠᠨ ᠠ᠋ᠴᠠ ᠪᠦᠷᠢᠳᠦᠭᠦᠯᠵᠦ᠂ ᠳᠠᠪᠠᠭᠤ ᠡᠷᠬᠡ ᠣᠯᠭᠤᠵᠠᠢ᠃ 1264 ᠣᠨ ᠳ᠋ᠤ᠌ ᠬᠤᠪᠢᠯᠠᠢ ᠬᠠᠭᠠᠨ ᠲᠥᠷᠥ ᠶ᠋ᠢᠨ ᠲᠥᠪ ᠢ᠋ ᠪᠡᠭᠡᠵᠢᠩ ᠳ᠋ᠦ᠍ ᠰᠢᠯᠵᠢᠭᠦᠯᠦᠭᠰᠡᠨ ᠢ᠋ᠶ᠋ᠡᠷ ᠬᠠᠷᠠᠬᠣᠷᠣᠮ ᠬᠣᠲᠠ ᠶ᠋ᠢᠨ ᠨᠥᠯᠥᠭᠡ ᠠᠭᠠᠵᠢᠮ ᠢ᠋ᠶ᠋ᠠᠷ ᠰᠤᠯᠠᠷᠠᠭᠰᠠᠨ ᠶᠤᠮ᠃ 1271 ᠣᠨ ᠳ᠋ᠤ᠌ ᠬᠤᠪᠢᠯᠠᠢ ᠬᠠᠭᠠᠨ ᠤᠯᠤᠰ ᠢ᠋ᠶ᠋ᠠᠨ ᠠᠯᠪᠠᠨ ᠶᠣᠰᠣᠭᠠᠷ ᠶᠤᠸᠠᠨ ᠭᠦᠷᠦᠨ ᠭᠡᠵᠦ ᠨᠡᠷᠡᠯᠡᠬᠦ ᠪᠡᠷ ᠪᠣᠯᠵᠤ᠂ ᠪᠤᠳ᠋ᠳ᠋ᠬᠠ ᠶ᠋ᠢᠨ ᠱᠠᠰᠢᠨ ᠢ᠋ ᠲᠥᠷᠥ ᠶ᠋ᠢᠨ ᠱᠠᠰᠢᠨ ᠪᠣᠯᠭᠠᠵᠠᠢ᠃
1272 ᠣᠨ ᠳ᠋ᠤ᠌ ᠰᠣᠯᠣᠩᠭᠣᠰ ᠨᠢ ᠶᠤᠸᠠᠨ ᠤᠯᠤᠰ ᠤ᠋ᠨ ᠮᠠᠲᠠᠯ ᠳ᠋ᠤ᠌ ᠪᠦᠷᠢᠨ ᠣᠷᠣᠵᠤ᠂ 1274-1275 ᠣᠨ ᠳ᠋ᠤ᠌ ᠮᠥᠩᠬᠡ᠂ ᠲᠡᠮᠦᠷ ᠨᠠᠷ ᠤ᠋ᠨ ᠲᠥᠯᠥᠭᠡᠯᠡᠭᠴᠢᠳ ᠢ᠋ ᠲᠣᠮᠢᠯᠠᠨ ᠪᠠᠲᠤ ᠶ᠋ᠢᠨ ᠪᠠᠢᠭᠤᠯᠤᠭᠰᠠᠨ ᠠᠯᠲᠠᠨ ᠣᠷᠳᠣᠨ ᠤ᠋ ᠤᠯᠤᠰ ᠲᠤ᠌ ᠶᠠᠪᠤᠭᠤᠯᠵᠤ ᠲᠣᠭᠠᠯᠠᠯᠭ᠎ᠠ ᠬᠢᠯᠭᠡᠨ ᠥᠪᠡᠷ ᠦ᠋ᠨ ᠨᠥᠯᠥᠭᠡ ᠶ᠋ᠢ ᠪᠠᠲᠤᠵᠢᠭᠤᠯᠬᠤ ᠲᠥᠯᠦᠪᠯᠡᠭᠡᠨ ᠨᠦ᠍ᠭᠦᠳ ᠢ᠋ᠶ᠋ᠡᠨ ᠪᠣᠯᠪᠠᠰᠤᠷᠠᠭᠤᠯᠵᠠᠢ᠃ ᠬᠤᠪᠢᠯᠠᠢ ᠶ᠋ᠢᠨ ᠠᠴᠢ ᠬᠦᠦ ᠢᠭᠢᠬᠠᠨ ᠠᠪᠠᠭᠬᠠ ᠰᠢᠷ ᠦ᠋ᠨ ᠮᠠᠮᠤᠯᠶᠤᠢᠺ ᠪᠣᠯᠤᠨ ᠬᠣᠢᠲᠤ ᠠᠹᠷᠢᠺᠠ ᠶ᠋ᠢᠨ ᠵᠠᠷᠢᠮ ᠤᠯᠤᠰ ᠣᠷᠣᠨ ᠢ᠋ ᠪᠠᠭᠤᠯᠭᠠᠨ ᠠᠪᠴᠤ ᠮᠣᠩᠭᠣᠯ ᠤ᠋ᠨ ᠨᠣᠶᠠᠷᠬᠠᠯ ᠳ᠋ᠤ᠌ ᠨᠢᠭᠡᠳᠬᠡᠵᠡᠢ᠃ ᠬᠤᠪᠢᠯᠠᠢ ᠬᠠᠭᠠᠨ ᠲᠣᠭᠲᠠᠮᠠᠯ ᠬᠤᠷᠠᠯᠳᠠᠢ ᠬᠢᠵᠦ ᠰᠠᠢᠳ ᠨᠠᠷ᠂ ᠭᠠᠳᠠᠭᠠᠳᠤ ᠳᠣᠲᠣᠭᠠᠳᠤ ᠶ᠋ᠢᠨ ᠮᠥᠷᠭᠥᠯᠴᠢᠳ᠂ ᠾᠷᠢᠰᠲ᠋ᠣᠰ ᠤ᠋ᠨ ᠱᠠᠰᠢᠨ ᠤ᠋ ᠲᠠᠯ᠎ᠠ ᠪᠠᠷ ᠠᠰᠠᠭᠤᠳᠠᠯ ᠬᠡᠯᠡᠯᠴᠡᠭᠦᠯᠳᠡᠭ ᠪᠠᠢᠵᠠᠢ᠃
ᠬᠤᠪᠢᠯᠠᠢ ᠬᠠᠭᠠᠨ ᠵᠠᠷᠯᠢᠭ ᠭᠠᠷᠭᠠᠵᠤ 1274 ᠣᠨ ᠤ᠋ ᠨᠠᠮᠤᠷ 900 ᠬᠦᠯᠦᠭ ᠣᠩᠭᠣᠴᠠ᠂ 4000 ᠴᠡᠷᠢᠭ ᠢ᠋ ᠰᠣᠯᠣᠩᠭᠣᠰ ᠠ᠋ᠴᠠ ᠬᠥᠳᠡᠯᠭᠡᠵᠦ ᠶᠠᠫᠣᠨ ᠤᠷᠤᠭᠤ ᠳᠣᠪᠲᠣᠯᠤᠨ ᠴᠢᠰᠢᠮᠠ᠂ ᠢᠺᠢ ᠠᠷᠠᠯ ᠢ᠋ ᠡᠵᠡᠯᠡᠵᠦ ᠺᠶ ᠢᠶᠤᠢ ᠠᠷᠠᠯ ᠤ᠋ᠨ ᠡᠷᠭᠢ ᠳ᠋ᠦ᠍ ᠪᠠᠭᠤᠯᠭᠠᠵᠠᠢ᠃ ᠡᠯ᠎ᠡ ᠠᠷᠠᠯ ᠤ᠋ᠨ ᠬᠠᠺᠠᠲ᠋ᠠ ᠪᠠᠢ ᠳ᠋ᠤ᠌ ᠪᠣᠯᠤᠭᠰᠠᠨ ᠲᠤᠯᠤᠯᠳᠤᠭᠠᠨ ᠤ᠋ ᠳᠠᠷᠠᠭ᠎ᠠ ᠳᠠᠯᠠᠢ ᠶ᠋ᠢᠨ ᠰᠢᠭᠤᠷᠭᠠᠨ ᠢ᠋ᠶ᠋ᠠᠷ ᠮᠣᠩᠭᠣᠯ ᠤ᠋ᠨ 200 ᠬᠦᠯᠦᠭ ᠣᠩᠭᠣᠴᠠ ᠵᠢᠪᠴᠦ᠂ 1300 ᠴᠡᠷᠢᠭ ᠠᠮᠢ ᠦᠷᠡᠭᠳᠡᠵᠡᠢ᠃ ᠳᠠᠷᠠᠭ᠎ᠠ ᠶ᠋ᠢᠨ ᠳᠠᠭᠠᠷᠢᠯᠲᠠ ᠳ᠋ᠤ᠌ ᠪᠡᠯᠡᠳᠬᠡᠵᠦ ᠪᠠᠢᠬᠤ ᠵᠠᠭᠤᠷᠠᠳᠤ ᠪᠠᠨ 1279 ᠣᠨ ᠳ᠋ᠤ᠌ ᠡᠮᠦᠨᠡᠲᠦ ᠰᠥᠩ ᠤᠯᠤᠰ ᠢ᠋ ᠮᠥᠬᠥᠭᠡᠵᠦ ᠬᠢᠲᠠᠳ ᠤ᠋ᠨ ᠭᠠᠵᠠᠷ ᠨᠤᠲᠤᠭ ᠢ᠋ ᠪᠦᠷᠢᠨ ᠡᠵᠡᠯᠡᠭᠰᠡᠨ ᠢ᠋ᠶ᠋ᠡᠷ ᠪᠦᠬᠦ ᠬᠢᠲᠠᠳ ᠢ᠋ ᠵᠠᠬᠢᠷᠤᠨ ᠰᠠᠭᠤᠭᠰᠠᠨ ᠬᠠᠷᠢ ᠤᠯᠤᠰ ᠤ᠋ᠨ ᠠᠩᠬᠠᠨ ᠤ᠋ ᠬᠠᠭᠠᠨ ᠪᠣᠯᠤᠭᠰᠠᠨ ᠶᠤᠮ᠃ 1281 ᠣᠨ ᠤ᠋ 2 ᠳ᠋ᠤᠭᠠᠷ ᠰᠠᠷ᠎ᠠ ᠳ᠋ᠤ᠌ ᠶᠠᠫᠣᠨ ᠤᠷᠤᠭᠤ ᠳᠠᠬᠢᠨ ᠳᠣᠪᠲᠣᠯᠵᠤ 4400 ᠬᠦᠯᠦᠭ ᠣᠩᠭᠣᠴᠠ᠂ 140000 ᠴᠡᠷᠢᠭ ᠡᠴᠡ ᠪᠦᠷᠢᠳᠦᠭᠰᠡᠨ ᠲᠠᠩᠭᠢᠰ ᠤ᠋ᠨ ᠴᠡᠷᠢᠭ ᠦ᠋ᠨ ᠠᠰᠤᠷᠤ ᠶᠡᠬᠡ ᠬᠦᠴᠦ ᠶ᠋ᠢ ᠢᠯᠡᠬᠡᠨ ᠲᠠᠺᠠᠰᠢᠮᠠ ᠠᠷᠠᠯ ᠢ᠋ ᠡᠵᠡᠯᠡᠨ ᠠᠪᠤᠭᠰᠠᠨ ᠪᠣᠯᠪᠠᠴᠤ 8 ᠳ᠋ᠤᠭᠠᠷ ᠰᠠᠷ᠎ᠠ ᠳ᠋ᠤ᠌ ᠨᠢ ᠳᠠᠯᠠᠢ ᠶ᠋ᠢᠨ ᠬᠠᠷ᠎ᠠ ᠰᠢᠭᠤᠷᠭ᠎ᠠ ᠳᠡᠭᠳᠡᠵᠦ 4000 ᠬᠦᠯᠦᠭ ᠣᠩᠭᠣᠴᠠ᠂ 100000 ᠭᠠᠷᠤᠢ ᠴᠡᠷᠢᠭ ᠢ᠋ ᠨᠢ ᠵᠢᠪᠦᠭᠦᠯᠵᠦ᠂ ᠡᠯ᠎ᠡ ᠳᠣᠪᠲᠣᠯᠭ᠎ᠠ ᠪᠦᠲᠦᠭᠰᠡᠨ ᠦᠭᠡᠢ᠃
1284 ᠣᠨ ᠳ᠋ᠤ᠌ ᠸᠢᠶᠧᠲ᠋ᠨᠠᠮ ᠤᠷᠤᠭᠤ ᠳᠣᠪᠲᠣᠯᠤᠭᠰᠠᠨ ᠪᠣᠯᠪᠠᠴᠤ ᠠᠮᠵᠢᠯᠲᠠ ᠦᠭᠡᠢ ᠪᠣᠯᠵᠤ᠂ 1287 ᠣᠨ ᠳ᠋ᠤ᠌ ᠳᠠᠬᠢᠨ ᠳᠠᠪᠰᠢᠵᠤ ᠰᠠᠨᠠᠭᠰᠠᠨ ᠳ᠋ᠤ᠌ ᠪᠠᠨ ᠬᠦᠷᠬᠦ ᠳ᠋ᠦ᠍᠂ 1291 ᠣᠨ ᠳ᠋ᠤ᠌ ᠲᠥᠪᠡᠳ ᠢ᠋ ᠪᠦᠷᠢᠨ ᠡᠷᠬᠡᠰᠢᠶᠡᠯ ᠳ᠋ᠦ᠍ ᠪᠡᠨ ᠣᠷᠣᠭᠤᠯᠵᠤ᠂ 1278-1294 ᠣᠨ ᠤ᠋ ᠬᠣᠭᠣᠷᠣᠨᠳᠣ ᠬᠢᠲᠠᠳ ᠤ᠋ᠨ ᠡᠮᠦᠨᠡᠲᠦ ᠬᠡᠰᠡᠭ ᠲᠦ᠍ ᠣᠷᠣᠰᠢᠬᠤ ᠺᠬᠮᠧᠷ ᠦ᠋ᠨ ᠬᠠᠭᠠᠨᠲᠤ ᠤᠯᠤᠰ᠂ ᠲᠤᠬᠠᠢ ᠶ᠋ᠢᠨ ᠦᠶ᠎ᠡ ᠶ᠋ᠢᠨ ᠡᠨᠡᠳᠬᠡᠭ᠂ ᠬᠢᠲᠠᠳ ᠤ᠋ᠨ ᠬᠣᠢᠭ᠂ ᠣᠢᠷᠠᠯᠴᠠᠭᠠᠬᠢ ᠳᠠᠯᠠᠢ ᠶ᠋ᠢᠨ ᠣᠷᠣᠨ ᠨᠤᠭᠤᠳ ᠬᠤᠪᠢᠯᠠᠢ ᠬᠠᠭᠠᠨ ᠳ᠋ᠤ᠌ ᠨᠢᠭᠡᠳᠦᠨ ᠣᠷᠣᠭᠰᠠᠨ ᠪᠠᠢᠨ᠎ᠠ᠃ ᠡᠨᠡ ᠦᠶ᠎ᠡ ᠳ᠋ᠦ᠍ ᠶᠠᠫᠣᠨ ᠠ᠋ᠴᠠ ᠪᠤᠰᠤᠳ ᠳᠣᠷᠣᠨ᠎ᠠ ᠳ᠋ᠠᠬᠢᠨ ᠤ᠋ ᠤᠯᠤᠰ ᠣᠷᠣᠨ ᠨᠤᠭᠤᠳ ᠪᠠᠷᠤᠭ ᠪᠦᠬᠦᠯᠢ ᠳ᠋ᠦ᠍ ᠪᠡᠨ ᠮᠣᠩᠭᠣᠯ ᠤ᠋ᠨ ᠡᠵᠡᠨᠲᠦ ᠭᠦᠷᠦᠨ ᠦ᠌ ᠡᠷᠬᠡᠰᠢᠶᠡᠯ ᠳ᠋ᠦ᠍ ᠣᠷᠣᠭᠰᠠᠨ ᠶᠤᠮ᠃
ᠴᠠᠭᠠᠰᠤᠨ ᠮᠥᠩᠭᠥ ᠬᠡᠪᠯᠡᠭᠦᠯᠵᠦ ᠬᠤᠳᠠᠯᠳᠤᠭᠠᠨ ᠤ᠋ ᠡᠷᠭᠢᠯᠲᠡᠨ ᠳ᠋ᠦ᠍ ᠣᠷᠣᠭᠤᠯᠵᠤ᠂ ᠲᠠᠲᠠᠪᠤᠷᠢ ᠶ᠋ᠢᠨ ᠪᠣᠳᠣᠯᠭ᠎ᠠ ᠶ᠋ᠢ ᠤᠯᠠᠮ ᠪᠣᠯᠪᠠᠰᠤᠷᠠᠩᠭᠤᠢ ᠪᠣᠯᠭᠠᠨ ᠬᠡᠷᠡᠭᠵᠢᠭᠦᠯᠵᠦ᠂ 1271 ᠣᠨ ᠳ᠋ᠤ᠌ ᠣᠳᠣᠨ ᠣᠷᠣᠨ ᠰᠤᠳᠤᠯᠤᠯ ᠤ᠋ᠨ ᠲᠥᠪ ᠢ᠋ ᠪᠠᠢᠭᠤᠯᠤᠭᠰᠠᠨ ᠪᠠᠢᠨ᠎ᠠ᠃ ᠬᠤᠪᠢᠯᠠᠢ ᠬᠠᠭᠠᠨ ᠪᠤᠷᠬᠠᠨ ᠤ᠋ ᠱᠠᠰᠢᠨ ᠢ᠋ ᠶᠡᠬᠡᠳᠡ ᠮᠠᠨᠳᠤᠭᠤᠯᠤᠨ ᠲᠥᠷᠥ ᠶ᠋ᠢᠨ ᠱᠠᠰᠢᠨ ᠢ᠋ᠶ᠋ᠠᠷ ᠵᠠᠯᠠᠭᠰᠠᠨ ᠲᠡᠳᠦᠢ ᠦᠭᠡᠢ ᠲᠡᠭᠦᠨ ᠦ᠌ ᠵᠠᠰᠠᠭᠯᠠᠯ ᠤ᠋ᠨ ᠦᠶ᠎ᠡ ᠳ᠋ᠦ᠍ ᠳᠣᠷᠣᠨ᠎ᠠ ᠳᠠᠬᠢᠨ ᠤ᠋ ᠰᠣᠶᠣᠯ ᠳ᠋ᠤ᠌ ᠦᠯᠡᠮᠵᠢ ᠬᠤᠪᠢ ᠨᠡᠮᠡᠷᠢ ᠣᠷᠣᠭᠤᠯᠤᠭᠰᠠᠨ ᠣᠯᠠᠨ ᠠᠵᠢᠯ ᠬᠢᠵᠡᠢ᠃《ᠤᠯᠤᠰ ᠤ᠋ᠨ ᠪᠠᠭᠰᠢ》 ᠭᠡᠮᠡᠨ ᠡᠷᠭᠦᠮᠵᠢᠯᠡᠭᠳᠡᠭᠰᠡᠨ ᠫᠠᠭᠪᠠ ᠯᠠᠮᠠ ᠯᠣᠳᠤᠢᠵᠠᠨᠼᠠᠨ ᠳᠥᠷᠪᠡᠯᠵᠢᠨ ᠦᠰᠦᠭ ᠵᠣᠬᠢᠶᠠᠭᠰᠠᠨ ᠨᠢ 1363-1368 ᠣᠨ ᠳ᠋ᠤ᠌ ᠬᠡᠷᠡᠭᠯᠡᠭᠳᠡᠵᠡᠢ᠃ ᠫᠠᠭᠪᠠ ᠯᠠᠮᠠ ᠶ᠋ᠢᠨ ᠤᠳᠤᠷᠢᠳᠤᠯᠭᠠᠨ ᠳᠣᠣᠷ᠎ᠠ ᠲᠥᠪᠡᠳ ᠪᠣᠯᠤᠨ ᠬᠢᠲᠠᠳ ᠯᠠᠮᠠ ᠨᠠᠷ ᠢ᠋ ᠲᠣᠮᠢᠯᠠᠵᠤ ᠳᠡᠭᠡᠳᠦ ᠰᠢᠭᠦᠬᠦ ᠶ᠋ᠢᠨ ᠬᠢᠨᠠᠯᠲᠠ ᠶ᠋ᠢ ᠬᠣᠷᠢᠶ᠎ᠠ ᠶ᠋ᠢ ᠪᠠᠢᠭᠤᠯᠵᠤ᠂ ᠤᠢᠭᠤᠷ ᠪᠠ ᠲᠥᠷᠥᠭ ᠬᠥᠮᠦᠰ ᠢ᠋ ᠬᠢᠲᠠᠳ ᠤ᠋ᠨ ᠳᠦᠭᠦᠷᠭᠡ ᠨᠦ᠍ᠭᠦᠳ ᠲᠦ᠍ ᠬᠣᠷᠢᠶᠠᠨ ᠤ᠋ ᠳᠠᠷᠤᠭ᠎ᠠ ᠪᠠᠷ ᠲᠣᠮᠢᠯᠠᠨ ᠠᠵᠢᠯᠯᠠᠭᠤᠯᠵᠠᠢ᠃
ᠬᠤᠪᠢᠯᠠᠢ ᠬᠠᠭᠠᠨ ᠤ᠋ ᠪᠠᠢᠭᠤᠯᠤᠭᠰᠠᠨ ᠶᠤᠸᠠᠨ ᠭᠦᠷᠦᠨ 200 ᠣᠷᠴᠢᠮ ᠵᠢᠯ ᠣᠷᠣᠰᠢᠨ ᠲᠣᠭᠲᠠᠨᠢᠭᠰᠠᠨ ᠪᠥᠭᠡᠳ ᠣᠳᠣ ᠶ᠋ᠢᠨ ᠬᠢᠲᠠᠳ ᠤ᠋ᠨ ᠮᠥᠩᠭᠥᠨ ᠲᠡᠮᠳᠡᠭᠲᠦ ᠨᠢ ᠡᠯ᠎ᠡ ᠭᠦᠷᠦᠨ ᠦ᠌ ᠨᠡᠷ᠎ᠡ ᠪᠡᠷ ᠨᠡᠷᠡᠯᠡᠭᠳᠡᠵᠦ ᠦᠯᠡᠳᠡᠭᠰᠡᠨ ᠶᠦᠮ᠃ ᠬᠤᠪᠢᠯᠠᠢ ᠲᠥᠷᠥ ᠪᠠᠷᠢᠬᠤ ᠬᠤᠭᠤᠴᠠᠭᠠᠨ ᠳ᠋ᠤ᠌ ᠪᠠᠨ ᠵᠥᠪᠬᠡᠨ ᠣᠳᠣ ᠶ᠋ᠢᠨ ᠬᠢᠲᠠᠳ ᠢ᠋ᠶ᠋ᠠᠷ ᠲᠣᠭᠲᠠᠬᠤ ᠦᠭᠡᠢ ᠲᠥᠪᠡᠳ᠂ ᠸᠢᠶᠧᠲ᠋ᠨᠠᠮ᠂ ᠪᠢᠷᠮ᠂ ᠢᠷᠡᠨ᠂ ᠣᠷᠣᠰ᠂ ᠢᠨᠳᠤᠨᠧᠰᠢᠶ᠎ᠠ ᠭᠡᠬᠦ ᠮᠡᠲᠦ ᠲᠤᠬᠠᠢ ᠶ᠋ᠢᠨ ᠦᠶ᠎ᠡ ᠶ᠋ᠢᠨ ᠤᠯᠤᠰ ᠣᠷᠣᠨ ᠨᠤᠭᠤᠳ ᠤ᠋ᠨ ᠲᠠᠯ᠎ᠠ ᠶ᠋ᠢ ᠨᠢ ᠡᠷᠬᠡᠰᠢᠶᠡᠯ ᠳ᠋ᠦ᠍ ᠪᠡᠨ ᠣᠷᠣᠭᠤᠯᠵᠠᠢ᠃ ᠬᠤᠪᠢᠯᠠᠢ ᠬᠠᠭᠠᠨ 1294 ᠣᠨ ᠤ᠋ 2 ᠳ᠋ᠤᠭᠠᠷ ᠰᠠᠷ᠎ᠠ ᠶ᠋ᠢᠨ  
18 ᠳ᠋ᠤ᠌ 78 ᠨᠠᠰᠤᠨ ᠳ᠋ᠤ᠌ ᠪᠠᠨ ᠲᠠᠭᠠᠯᠠᠯ ᠲᠡᠭᠦᠰᠴᠡᠢ᠃ ᠲᠡᠭᠦᠨ ᠲᠡᠢ ᠢᠲ᠋ᠠᠯᠢ ᠶ᠋ᠢᠨ ᠠᠯᠳᠠᠷᠲᠤ ᠵᠢᠭᠤᠯᠴᠢᠨ ᠮᠠᠷᠺᠣ ᠫᠣᠯᠣ 17 ᠵᠢᠯ ᠬᠠᠮᠲᠤ ᠪᠠᠢᠭᠰᠠᠨ ᠲᠤᠯᠠ ᠬᠤᠪᠢᠯᠠᠢ ᠬᠠᠭᠠᠨ ᠤ᠋ ᠲᠡᠦᠬᠡ ᠨᠡᠯᠢᠶᠡᠳ ᠪᠣᠳᠠᠲᠠᠢ ᠪᠠᠷ ᠬᠣᠢᠴᠢ ᠦᠶ᠎ᠡ ᠳ᠋ᠦ᠍ ᠨᠢ ᠥᠪᠯᠡᠭᠳᠡᠨ ᠦᠯᠡᠳᠡᠭᠰᠡᠨ ᠶᠦᠮ᠃
1368 ᠣᠨ ᠳ᠋ᠤ᠌ ᠬᠢᠲᠠᠳ ᠤ᠋ᠨ ᠭᠠᠵᠠᠷ ᠨᠤᠲᠤᠭ ᠲᠤ᠌ ᠲᠠᠷᠢᠶᠠᠴᠢᠳ ᠤ᠋ᠨ ᠪᠣᠰᠤᠯᠭ᠎ᠠ ᠳᠡᠭᠳᠡᠵᠦ ᠬᠤᠪᠢᠯᠠᠢ ᠬᠠᠭᠠᠨ ᠤ᠋ ᠪᠠᠢᠭᠤᠯᠤᠭᠰᠠᠨ ᠬᠢᠲᠠᠳ ᠲᠥᠪ ᠲᠡᠢ ᠶᠤᠸᠠᠨ ᠭᠦᠷᠦᠨ ᠮᠥᠬᠥᠵᠦ᠂ ᠲᠡᠷᠡ ᠦᠶ᠎ᠡ ᠳ᠋ᠦ᠍ ᠲᠥᠷᠥ ᠪᠠᠷᠢᠵᠤ ᠪᠠᠢᠭᠰᠠᠨ ᠲᠣᠭᠣᠭᠠᠨᠲᠡᠮᠦᠷ  ᠬᠠᠭᠠᠨ ᠰᠢᠬᠠᠭᠳᠠᠨ ᠡᠬᠡ ᠨᠤᠲᠤᠭ ᠲᠤ᠌ ᠪᠠᠨ ᠡᠷᠭᠢᠵᠦ ᠢᠷᠡᠭᠰᠡᠨ ᠢ᠋ᠶ᠋ᠡᠷ ᠮᠣᠩᠭᠣᠯ ᠤ᠋ᠨ ᠨᠣᠶᠠᠷᠬᠠᠯ ᠡᠴᠦᠰ ᠪᠣᠯᠵᠤ᠂ ᠰᠢᠨ᠎ᠡ ᠦᠶ᠎ᠡ ᠡᠬᠢᠯᠡᠭᠰᠡᠨ ᠶᠦᠮ᠃

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах