ᠡᠷᠡᠮᠰᠢᠯ – ᠱ᠂ ᠭᠦᠷᠦᠪᠠᠽᠠᠷ Эрэмшил - Ш᠂ Гүрбазар
ᠡᠷᠡᠮᠰᠢᠯ
ᠰᠡᠳᠬᠢᠯ ᠡᠮᠵᠡᠭᠯᠡᠨ ᠭᠤᠨᠢᠵᠤ ᠶᠠᠪᠤᠬᠤ ᠦᠶ᠎ᠡ ᠳ᠋ᠡᠭᠡᠨ ᠬᠥᠮᠦᠨ
ᠰᠡᠷᠭᠦᠯᠡᠩ ᠵᠣᠯᠪᠣᠭ᠎ᠠ ᠲᠠᠢ ᠪᠠᠢ ᠭᠡᠵᠦ
ᠥᠪᠡᠷ ᠲᠡᠭᠡᠨ ᠬᠡᠯᠡᠵᠦ ᠴᠢᠳᠠᠳᠠᠭ ᠦᠭᠡᠢ ᠶᠦᠮ ᠪᠢᠯᠡ
ᠡᠢᠮᠦ ᠴᠠᠭ ᠲᠤ ᠰᠠᠢᠨ ᠬᠥᠮᠦᠰ ᠣᠯᠠᠨ ᠯᠠ ᠳᠠ
ᠢᠨᠢᠶᠡᠬᠦ ᠪᠡᠨ ᠮᠠᠷᠲᠠᠭᠰᠠᠨ ᠶᠤᠮ ᠰᠢᠭ᠋ ᠴᠢᠷᠠᠢ ᠳ᠋ᠠᠭᠠᠨ
ᠬᠠᠢᠷ᠎ᠠ ᠡᠪᠦᠷᠯᠡᠭᠰᠡᠨ ᠬᠥᠮᠦᠰ ᠵᠥᠩᠳᠡᠭᠡᠨ ᠯᠡ ᠳᠡ
ᠪᠤᠷᠤᠭᠤ ᠦᠭᠡᠢ ᠦᠭᠡᠨ ᠳ᠋ᠦ᠍ᠨᠢ
ᠪᠣᠳᠣᠯ ᠵᠥᠭᠡᠯᠡᠷᠡᠨ ᠤᠶᠠᠷᠠᠵᠤ ᠰᠠᠭᠤᠯ᠎ᠠ ᠴᠦ᠍
ᠪᠤᠰᠤᠳ ᠤ᠋ᠨ ᠦᠭᠡ ᠪᠡᠷ ᠳᠤᠷᠠᠯᠠᠵᠤ
ᠪᠣᠯᠳᠠᠭ ᠦᠭᠡᠢ ᠰᠢᠭ᠂ ᠬᠡᠴᠡᠭᠦᠦ ᠯᠡ ᠶᠦᠮ ᠪᠢᠯᠡ
ᠰᠢᠯᠲᠠᠭᠠᠨ ᠦᠭᠡᠢ ᠬᠡᠨ ᠨᠢᠭᠡ ᠨᠢ ᠨᠠᠮᠠᠶ᠋ᠢ ᠦᠷᠦ ᠡᠪᠡᠳᠪᠡᠯ
ᠰᠢᠨᠠᠯᠤᠯ ᠮᠢᠨᠢ ᠵᠣᠪᠠᠯᠠᠩ ᠪᠣᠯᠵᠤ ᠬᠥᠨᠳᠡᠭᠦᠷᠯᠡᠨᠡ
ᠦᠷᠦ ᠡᠪᠡᠳᠬᠦᠯᠬᠦ ᠴᠢᠨᠢ ᠠᠷᠭᠠᠳᠠᠭᠤᠯᠬᠤ ᠠ᠋ᠴᠠ ᠴᠦ᠍ ᠬᠡᠴᠡᠭᠦᠦ
ᠥᠪᠡᠷ ᠲᠡᠭᠡᠨ ᠭᠣᠮᠣᠳᠠᠬᠤ ᠮᠢᠨᠢ ᠤᠯᠠᠮ ᠶᠡᠬᠡᠰᠳᠡᠭ ᠶᠦᠮ
ᠵᠢᠷᠦᠬᠡ ᠬᠦᠨᠳᠦᠷᠡᠲᠡᠯᠡ ᠭᠣᠮᠣᠳᠠᠭᠠᠭᠰᠠᠨ ᠬᠡᠨ ᠨᠢᠭᠡ ᠨᠢ ᠬᠠᠷᠢᠨ
ᠵᠥᠷᠢᠭᠡᠳ ᠥᠩᠭᠡᠷᠡᠬᠦ ᠠᠭᠱᠠᠨ ᠢ᠋ᠶ᠋ᠠᠨ ᠴᠦ᠍ ᠪᠣᠯᠪᠠ ᠤᠶᠠᠷᠠᠵᠤ ᠬᠠᠷᠠᠪᠠᠯ
ᠡᠵᠢ ᠪᠡᠨ ᠠᠶᠤᠯᠭᠠᠭᠰᠠᠨ ᠬᠡᠦᠬᠡᠳ ᠰᠢᠭ
ᠳᠣᠲᠣᠷ᠎ᠠ ᠪᠠᠨ ᠵᠢᠭᠠᠬᠠᠨ ᠤᠬᠢᠯᠠᠴᠢᠬᠠᠭᠠᠳ
ᠡᠷᠭᠢᠭᠡᠳ ᠴᠠᠭᠠᠰᠢ ᠠᠯᠬᠤᠬᠤ ᠳ᠋ᠠᠭᠠᠨ
ᠥᠪᠡᠷ ᠢ᠋ ᠪᠡᠨ ᠬᠠᠷᠢᠨ ᠱᠣᠣᠯᠠᠳᠠᠭ ᠯᠠ ᠶᠤᠮ ᠳᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
