ᠲᠠᠭᠠᠯᠠᠯ ᠳᠤ ᠲᠠᠪᠠᠷᠠᠭᠰᠠᠨ ᠡᠬᠢᠨ ᠦ ᠬᠠᠷᠠᠴᠠ᠁ – ᠪᠠᠪᠤᠤ ᠶ᠋ᠢᠨ ᡀᠬᠠᠪᠠᠰᠥ᠋ᠷᠦᠩ Таалалд даварсан эхний харц᠁ – Бавуугийн Лхагвасүрэн
ᠲᠠᠭᠠᠯᠠᠯ ᠳᠤ ᠲᠠᠪᠠᠷᠠᠭᠰᠠᠨ ᠡᠬᠢᠨ ᠦ ᠬᠠᠷᠠᠴᠠ᠁
ᠲᠠᠭᠠᠯᠠᠯ ᠳ᠋ᠤ᠌ ᠲᠠᠪᠠᠷᠠᠭᠰᠠᠨ ᠡᠬᠢᠨ ᠦ᠌ ᠬᠠᠷᠠᠴᠠ
ᠦᠷᠭᠦᠯᠵᠢᠯᠡᠬᠦ ᠮᠣᠷᠳᠠᠯ᠎ᠠ ᠪᠠᠨ《ᠭᠡᠨᠡᠨ》
ᠲᠠᠪᠢᠯᠠᠩ ᠳ᠋ᠤ᠌ ᠥᠷᠲᠥᠭᠰᠡᠨ ᠡᠴᠦᠰ ᠦ᠋ᠨ ᠬᠠᠷᠠᠴᠠ
ᠦᠷᠭᠦᠯᠵᠢᠯᠡᠬᠦ ᠦᠭᠡᠢ ᠮᠣᠷᠳᠠᠯ᠎ᠠ ᠪᠠᠨ《ᠦᠨᠡᠨ》
ᠬᠣᠷᠸ᠎ᠠ ᠶ᠋ᠢᠨ ᠬᠠᠲᠠᠭᠤ ᠳ᠋ᠤ᠌ ᠠᠮᠢ《ᠳᠠᠭᠠᠯᠠᠭᠤᠯᠵᠤ》
ᠬᠣᠨᠳᠣᠨ ᠤ᠋ ᠠᠯᠠᠭᠠᠨ ᠳ᠋ᠤ᠌ ᠠᠲᠤᠷᠢᠬᠤ ᠶ᠋ᠢᠨ ᠴᠠᠭ ᠲᠤ
ᠬᠣᠩ ᠬᠡᠷᠢᠶ᠎ᠡ ᠨᠦ᠍ᠭᠦᠳ ᠪᠤᠴᠠᠨ ᠢᠷᠡᠵᠦ
ᠬᠣᠶᠠᠷ ᠨᠢᠳᠦ ᠶ᠋ᠢ ᠮᠢᠨᠢ ᠪᠤᠯᠢᠶᠠᠴᠠᠯᠳᠤᠨᠠ
ᠨᠢᠭᠦᠯ ᠦᠭᠡᠢ ᠰᠠᠢᠬᠠᠨ ᠴᠢᠮ᠎ᠠ ᠪᠠᠷ ᠮᠢᠨᠢ
ᠨᠢᠳᠦ ᠮᠢᠨᠢ ᠳᠦᠭᠦᠷᠦᠭᠰᠡᠨ ᠪᠠᠢᠭᠰᠠᠨ ᠶᠤᠮ᠁
ᠮᠢᠨᠦ ᠨᠢᠳᠦ ᠪᠡᠷ ᠢ᠋ᠶ᠋ᠡᠨ ᠵᠠᠯᠭᠢᠭᠰᠠᠨ ᠴᠢᠨᠦ ᠵᠢᠷᠤᠭ ᠢ᠋
ᠮᠥᠬᠥᠯ ᠦ᠋ᠨ ᠳᠠᠭᠤᠴᠢ ᠬᠡᠷᠢᠶ᠎ᠡ ᠨᠦ᠍ᠭᠦᠳ ᠤᠷᠠᠨ᠎ᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
