ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 47 Нэгэн ном тавцан үн өдөр үн тэмдэглэлээс – 47 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 47 Нэгэн ном тавцан үн өдөр үн тэмдэглэлээс – 47

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 47 Нэгэн ном тавцан үн өдөр үн тэмдэглэлээс – 47

2025-05-23

183



       ᠠᠪᠤ ᠨᠢ ᠬᠦᠦ ᠪᠡᠨ ᠳᠠᠭᠠᠭᠤᠯᠵᠤ ᠠᠮᠢᠲᠠᠨ ᠤ᠋ ᠬᠦᠷᠢᠶᠡᠯᠡᠩ ᠳ᠋ᠦ᠍ ᠣᠴᠢᠵᠠᠢ᠃ ᠲᠡᠭᠡᠭᠡᠳ ᠠᠪᠤ ᠨᠢ ᠬᠦᠦ ᠳ᠋ᠡᠭᠡᠨ᠄《ᠴᠢ ᠰᠠᠮᠵᠠ ᠲᠣᠭᠯᠠᠬᠤ ᠶ᠋ᠢ ᠦᠵᠡᠶ᠎ᠡ ᠭᠡᠵᠦ ᠪᠣᠳᠣᠵᠤ ᠪᠠᠢᠨ᠎ᠠ ᠤᠤ?》 ᠭᠡᠵᠦ ᠠᠰᠠᠭᠤᠬᠤ ᠳ᠋ᠤ᠌ ᠬᠦᠦ ᠨᠢ᠄《ᠦᠵᠡᠶ᠎ᠡ ᠭᠡᠵᠦ ᠪᠣᠳᠣᠵᠤ ᠪᠠᠢᠨ᠎ᠠ》 ᠭᠡᠵᠦ ᠬᠠᠷᠢᠭᠤᠯᠵᠠᠢ᠃ ᠲᠡᠭᠡᠬᠦ ᠳ᠋ᠦ᠍ ᠠᠪᠤ ᠨᠢ ᠢᠳᠡᠬᠦ ᠶᠠᠭᠤᠮ᠎ᠠ ᠠ᠋ᠴᠠ ᠪᠠᠨ ᠨᠢᠭᠡ ᠬᠡᠰᠡᠭ ᠠᠪᠴᠤ ᠰᠠᠮᠵᠠ ᠶ᠋ᠢᠨ ᠥᠭᠡᠳᠡ ᠳᠡᠭᠡᠭᠰᠢ ᠰᠢᠳᠡᠵᠦ ᠥᠭᠴᠡᠢ᠃ ᠬᠥᠭᠰᠢᠨ ᠰᠠᠮᠵᠠ ᠦᠰᠦᠷᠦᠨ ᠲᠣᠰᠴᠤ ᠠᠪᠤᠭᠠᠳ ᠢᠳᠡᠵᠦ ᠭᠡᠨ᠎ᠡ᠃ ᠬᠦᠦ ᠨᠢ ᠠᠪᠤ ᠠ᠋ᠴᠠ ᠪᠠᠨ᠄《ᠶᠠᠭᠤᠨ ᠳ᠋ᠤ᠌ ᠵᠠᠪᠠᠯ ᠢᠳᠡᠬᠦ ᠶᠠᠭᠤᠮ᠎ᠠ ᠪᠠᠨ ᠳᠡᠭᠡᠭᠰᠢ ᠰᠢᠳᠡᠵᠦ ᠥᠭᠳᠡᠭ ᠪᠣᠢ? ᠰᠢᠭᠤᠳ ᠭᠠᠵᠠᠷ ᠬᠠᠶᠠᠭᠠᠳ ᠥᠭᠴᠦ ᠪᠣᠯᠬᠤ ᠦᠭᠡᠢ ᠤᠤ? ᠭᠠᠵᠠᠷ ᠳᠡᠭᠡᠷ᠎ᠡ ᠡᠴᠡ ᠲᠡᠭᠦᠵᠦ ᠢᠳᠡᠬᠦ ᠨᠢ ᠦᠨᠡᠨ ᠳ᠋ᠡᠭᠡᠨ ᠶᠠᠮᠠᠷ ᠴᠣ ᠵᠥᠷᠢᠶ᠎ᠡ ᠦᠭᠡᠢ ᠪᠢᠰᠢᠦ?》 ᠭᠡᠬᠦ ᠪᠡᠷ ᠠᠪᠤ ᠨᠢ᠄《ᠲᠡᠨᠡᠭ ᠬᠦᠦ ᠮᠢᠨᠢ ᠠ᠋᠂ ᠬᠡᠷᠪᠡ ᠰᠢᠭᠤᠳ ᠭᠠᠵᠠᠷ ᠬᠠᠶᠠᠵᠤ ᠥᠭᠪᠡᠯ ᠰᠠᠮᠵᠠ ᠪᠠᠰᠠ ᠳᠡᠭᠡᠭᠰᠢ ᠦᠰᠦᠷᠦᠨ᠎ᠡ ᠤᠤ? ᠴᠢ ᠰᠠᠮᠵᠠ ᠶ᠋ᠢᠨ ᠦᠰᠦᠷᠬᠦ ᠨᠢ ᠬᠡᠳᠦᠢ ᠱᠣᠭ ᠲᠠᠢ ᠪᠠᠢᠬᠤ ᠶ᠋ᠢ ᠣᠯᠵᠤ ᠦᠵᠡᠪᠡᠦ? ᠡᠨᠡ ᠪᠣᠯ ᠳᠠᠷᠤᠢ(ᠰᠠᠮᠵᠠ ᠲᠣᠭᠯᠠᠬᠤ) ᠶᠤᠮ》 ᠭᠡᠵᠡᠢ᠃ ᠰᠡᠷᠡᠯᠵᠢᠨ ᠳᠣᠲᠣᠷ᠎ᠠ ᠵᠤᠯᠵᠠᠭ᠎ᠠ ᠰᠠᠮᠵᠠ ᠡᠵᠢ ᠡᠴᠡ ᠪᠡᠨ᠄《ᠡᠵᠢ ᠠ᠋᠂ ᠲᠠ ᠶᠠᠭᠤᠨ ᠳ᠋ᠤ᠌ ᠲᠡᠢᠮᠦ ᠥᠨᠳᠥᠷ ᠦᠰᠦᠷᠴᠦ ᠢᠳᠡᠬᠦ ᠶᠠᠭᠤᠮ᠎ᠠ ᠠᠪᠴᠤ ᠪᠠᠢᠬᠤ ᠪᠣᠢ? ᠭᠠᠵᠠᠷ ᠤᠨᠠᠭᠰᠠᠨ ᠤ᠋ ᠳᠠᠷᠠᠭ᠎ᠠ ᠠᠪᠴᠤ ᠢᠳᠡᠪᠡᠯ ᠠᠳᠠᠯᠢᠬᠠᠨ ᠪᠢᠰᠢᠦ?》 ᠭᠡᠵᠦ ᠠᠰᠠᠭᠤᠬᠤ ᠳ᠋ᠤ᠌ ᠬᠥᠭᠰᠢᠨ ᠰᠠᠮᠵᠠ᠄《ᠲᠡᠨᠡᠭ ᠬᠡᠦᠬᠡᠳ ᠮᠢᠨᠢ ᠠ᠋᠂ ᠬᠡᠷᠪᠡ ᠪᠢ ᠥᠨᠳᠥᠷ ᠦᠰᠦᠷᠴᠦ ᠲᠣᠰᠴᠤ ᠠᠪᠬᠤ ᠦᠭᠡᠢ ᠪᠣᠯ ᠲᠡᠷᠡ ᠳᠠᠬᠢᠵᠤ ᠢᠳᠡᠬᠦ ᠶᠠᠭᠤᠮ᠎ᠠ ᠰᠢᠲᠠᠨ᠎ᠠ ᠤᠤ?᠂ ᠡᠭᠦᠨ ᠢ᠋ ᠳᠠᠷᠤᠢ( ᠬᠥᠮᠦᠨ ᠲᠣᠭᠯᠠᠬᠤ) ᠭᠡᠳᠡᠭ ᠶᠦᠮ》 ᠭᠡᠵᠦ ᠬᠠᠷᠢᠭᠤᠯᠵᠠᠢ᠃  


           ᠦᠰᠦᠭ ᠠᠮᠢᠯᠠᠭᠤᠯᠤᠭᠴᠢ᠄ ᠡᠩᠬᠡᠪᠠᠲᠤ 
              ᠦᠰᠦᠭ ᠬᠢᠨᠠᠭᠴᠢ᠄ ᠪᠠᠶᠠᠷᠴᠡᠴᠡᠭ