ᠲᠣᠨᠢᠯ – ᠪᠠᠪᠤᠤ ᠶ᠋ᠢᠨ ᡀᠬᠠᠪᠠᠰᠥ᠋ᠷᠦᠩ Тонил – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠨᠢᠯ – ᠪᠠᠪᠤᠤ ᠶ᠋ᠢᠨ ᡀᠬᠠᠪᠠᠰᠥ᠋ᠷᠦᠩ Тонил – Бавуугийн Лхагвасүрэн

ᠲᠣᠨᠢᠯ – ᠪᠠᠪᠤᠤ ᠶ᠋ᠢᠨ ᡀᠬᠠᠪᠠᠰᠥ᠋ᠷᠦᠩ Тонил – Бавуугийн Лхагвасүрэн

2025-05-23

193


           — ᠠᠴᠢ ᠬᠦᠦ ᠬᠠᠰᠠᠷ ᠤ᠋ᠨ ᠬᠠᠰᠤᠢ ᠳ᠋ᠤ᠌  
                ᠪᠠᠪᠤᠤ ᠶ᠋ᠢᠨ ᡀᠬᠠᠪᠠᠰᠥ᠋ᠷᠦᠩ  

 — ᠡᠪᠦᠭᠡ ᠨᠠᠮᠠᠶ᠋ᠢ ᠡᠪᠦᠷᠲᠦᠯᠡᠵᠦ ᠤᠨᠲᠠᠭᠰᠠᠨ ᠦᠭᠡᠢ᠁ ᠭᠡᠵᠦ 
 ᠥᠪᠡᠷ ᠡᠴᠡ ᠮᠢᠨᠢ ᠥᠨᠳᠥᠷ ᠠᠮᠢ ᠬᠤᠪᠢᠶᠠᠭᠰᠠᠨ 
 ᠠᠴᠢ ᠬᠦᠦ ᠮᠢᠨᠢ ᠲᠤᠨᠢᠪᠠ᠃ 

 — ᠠ᠋ ᠬᠦᠦ ᠮᠢᠨᠢ!  
 ᠡᠷ᠎ᠡ ᠤᠯᠤᠰ ᠤ᠋ᠨ ᠬᠠᠢᠷ᠎ᠠ 
 ᠨᠢᠯᠠᠭᠤᠨ ᠪᠠᠢᠳᠠᠭ ᠦᠭᠡᠢ ᠶᠦᠮ᠁ 

 ᠡᠷᠡᠴᠦᠦᠯ ᠭᠡᠳᠡᠭ ᠴᠢᠨᠢ 
 ᠠᠭᠤᠯᠠ ᠬᠣᠲᠣᠢᠲᠠᠯ᠎ᠠ ᠪᠢᠲᠡᠭᠦᠦ ᠰᠠᠨᠠᠵᠤ 
 ᠤᠰᠤ ᠰᠢᠷᠭᠢᠲᠡᠯ᠎ᠡ 
 ᠳᠣᠲᠣᠭᠰᠢ ᠪᠠᠨ ᠤᠬᠢᠯᠠᠵᠤ ᠶᠠᠪᠤᠳᠠᠭ ᠶᠤᠮ᠁ 

 ᠡᠪᠦᠭᠡ ᠨᠢ ᠬᠦᠦ ᠳ᠋ᠡᠭᠡᠨ ᠬᠠᠢᠷᠠᠲᠠᠢ ᠪᠠᠢᠯ ᠦᠭᠡᠢ ᠶᠠᠭᠠᠬᠢᠪᠠ! 
 ᠥᠰᠬᠦ ᠲᠣᠭᠠᠯᠠᠩ ᠳ᠋ᠤ᠌ ᠴᠢᠨᠢ ᠥᠪᠡᠷ ᠢ᠋ ᠪᠡᠨ ᠬᠣᠷᠣᠭᠠᠵᠤ ᠬᠠᠢᠷᠠᠯᠠᠳᠠᠭ᠃ 
 ᠬᠠᠵᠠᠭᠤ ᠳ᠋ᠠᠭᠠᠨ ᠲᠡᠪᠡᠷᠢᠭᠡᠳ ᠤᠨᠲᠠᠬᠤ ᠨᠢ ᠪᠢᠲᠡᠭᠡᠢ ᠬᠡᠯᠡ 
 ᠬᠠᠪᠢᠷᠭᠠᠨ ᠴᠠᠭᠠᠨ᠎ᠠ ᠪᠠᠨ ᠲᠡᠭᠡᠭᠡᠵᠦ ᠶᠠᠪᠤᠮᠠᠷ ᠰᠠᠨᠠᠭᠳᠠᠳᠠᠭ᠃ 

 — ᠠ᠋  ᠮᠢᠨᠦ ᠬᠦᠦ! 
 ᠡᠨᠡ ᠡᠷᠢᠶᠡᠨ ᠬᠣᠷᠸ᠎ᠠ ᠳ᠋ᠤ᠌ ᠴᠢᠨᠢ 
 ᠤᠷᠭᠤᠭᠰᠠᠨ ᠮᠣᠳᠣᠨ ᠠ᠋ᠴᠠ ᠪᠠᠨ ᠵᠢᠮᠢᠰ ᠨᠢ ᠭᠣᠶᠣ 
 ᠤᠨᠠᠭᠰᠠᠨ ᠮᠣᠳᠣᠨ ᠠ᠋ᠴᠠ ᠪᠠᠨ ᠦᠯᠡᠳᠡᠭᠡᠰᠡ ᠨᠢ ᠣᠯᠠᠨ ᠪᠠᠢᠳᠠᠭ ᠶᠤᠮ᠃ 
 ᠮᠢᠨᠦ ᠬᠦᠦ!᠁  

        ᠦᠰᠦᠭ ᠠᠮᠢᠯᠠᠭᠤᠯᠤᠭᠴᠢ᠄ ᠡᠩᠬᠡᠪᠠᠲᠤ  
            ᠦᠰᠦᠭ ᠬᠢᠨᠠᠭᠴᠢ᠄ ᠪᠠᠶᠠᠷᠴᠡᠴᠡᠭ