ᠲᠡᠷᠡ – ᠪᠠᠪᠤᠤ ᠶ᠋ᠢᠨ ᡀᠬᠠᠪᠠᠰᠥ᠋ᠷᠦᠩ Тэр – Бавуугийн Лхагвасүрэн
ᠲᠡᠷᠡ
ᠲᠠᠷᠢᠭᠠᠳ ᠤᠳᠠᠭ᠎ᠠ ᠦᠭᠡᠢ ᠮᠣᠳᠣᠨ ᠳᠡᠭᠡᠷ᠎ᠡ
ᠰᠢᠪᠠᠭᠤ ᠰᠠᠭᠤᠭᠠᠳ ᠡᠬᠢᠯᠡᠪᠡᠯ᠁
ᠮᠣᠳᠣ ᠪᠣᠯᠵᠤ ᠪᠠᠢᠭ᠎ᠠ ᠨᠢ ᠲᠡᠷᠡ᠁
ᠲᠠᠷᠴᠢᠯᠠᠵᠤ ᠡᠪᠡᠳᠦᠭᠰᠡᠨ ᠡᠮ᠎ᠡ ᠬᠥᠮᠦᠨ
ᠲᠣᠯᠢᠳᠠᠵᠤ ᠡᠩᠭᠡᠰᠬᠡᠳᠡᠭᠡᠳ ᠡᠬᠢᠯᠡᠪᠡᠯ
ᠡᠳᠡᠭᠡᠵᠦ ᠪᠠᠢᠭ᠎ᠠ ᠨᠢ ᠲᠡᠷᠡ᠁
ᠴᠡᠭᠡᠨ ᠡᠭᠦᠯᠡᠰ ᠪᠠᠷᠠᠭᠠᠨᠳᠠᠨ ᠴᠤᠭᠯᠠᠵᠤ
ᠴᠡᠴᠡᠭ ᠬᠠᠷᠠᠯᠳᠤᠭ᠎ᠠ ᠨᠢ ᠭᠠᠩᠬᠤᠭᠠᠳ ᠢᠷᠡᠪᠡᠯ
ᠪᠣᠷᠣᠭᠠᠰᠢᠵᠤ ᠪᠠᠢᠭ᠎ᠠ ᠨᠢ ᠲᠡᠷᠡ᠁
ᠴᠡᠯᠡᠯᠵᠡᠭᠡᠳ ᠢᠷᠡᠭᠰᠡᠨ ᠨᠢᠯᠪᠤᠰᠤ ᠪᠠᠨ ᠪᠤᠴᠠᠭᠠᠨ ᠵᠠᠯᠭᠢᠵᠤ
ᠴᠢ ᠨᠠᠳᠠ ᠠ᠋ᠴᠠ ᠵᠣᠪᠠᠯᠠᠩ ᠢ᠋ᠶ᠋ᠠᠨ ᠬᠠᠷᠠᠮᠨᠠᠭᠠᠳ ᠢᠷᠡᠪᠡᠯ
ᠤᠢᠳᠴᠤ ᠪᠠᠢᠭ᠎ᠠ ᠨᠢ ᠲᠡᠷᠡ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
