ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 46 Нэгэн ном тавцан үн өдөр үн тэмдэглэлээс – 46 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 46 Нэгэн ном тавцан үн өдөр үн тэмдэглэлээс – 46

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 46 Нэгэн ном тавцан үн өдөр үн тэмдэглэлээс – 46

2025-05-22

169



       ᠨᠢᠭᠡ ᠤᠳᠠᠭᠠᠨ ᠤ᠋ ᠨᠡᠪᠲᠡᠷᠡᠭᠦᠯᠭᠡ ᠳ᠋ᠦ᠍ ᠲᠤᠩ ᠶᠡᠬᠡ ᠠᠮᠵᠢᠯᠲᠠ ᠣᠯᠤᠭᠰᠠᠨ ᠨᠡᠷᠡᠲᠦ ᠠᠵᠤ ᠠᠬᠤᠢᠯᠠᠯᠲᠠᠨ ᠢ᠋ ᠰᠤᠷᠪᠤᠯᠵᠢᠯᠠᠵᠠᠢ᠃ ᠰᠤᠷᠪᠤᠯᠵᠢᠯᠠᠭ᠎ᠠ ᠳᠤᠮᠳᠠ ᠦᠵᠡᠭᠴᠢᠳ ᠲᠡᠷᠡ ᠬᠥᠮᠦᠨ ᠡᠴᠡ᠄《ᠲᠠ ᠥᠪᠡᠷ ᠦ᠋ᠨ ᠢ᠋ᠶ᠋ᠡᠨ ᠪᠠᠶᠠᠵᠢᠭᠰᠠᠨ ᠲᠤᠬᠠᠢ ᠲᠤᠷᠰᠢᠯᠭ᠎ᠠ ᠰᠤᠷᠭᠠᠮᠵᠢ ᠪᠠᠨ ᠬᠤᠪᠢᠶᠠᠯᠴᠠᠨ᠎ᠠ ᠤᠤ? ᠪᠢᠳᠡ ᠲᠠᠨ ᠠ᠋ᠴᠠ ᠳᠠᠭᠠᠨ ᠰᠤᠷᠤᠯᠴᠠᠶ᠎ᠠ》 ᠭᠡᠰᠡᠨ ᠳ᠋ᠦ᠍ ᠲᠡᠷᠡ ᠬᠥᠮᠦᠨ ᠢᠨᠢᠶᠡᠮᠰᠦᠭᠯᠡᠭᠡᠳ᠄《ᠲᠡᠭᠡᠪᠡᠯ ᠪᠢ ᠤᠷᠢᠳᠠᠪᠡᠷ ᠲᠠ ᠨᠠᠷ ᠠ᠋ᠴᠠ ᠨᠢᠭᠡ ᠠᠰᠠᠭᠤᠯᠲᠠ ᠠᠰᠠᠭᠤᠶ᠎ᠠ᠃ ᠨᠢᠭᠡ ᠭᠠᠵᠠᠷ ᠠᠯᠲᠠᠨ ᠤ᠋ ᠠᠭᠤᠷᠬᠠᠢ ᠭᠠᠷᠤᠭᠰᠠᠨ ᠪᠠᠢᠨ᠎ᠠ᠃ ᠭᠡᠲᠡᠯ᠎ᠡ ᠡᠨᠡ ᠠᠭᠤᠷᠬᠠᠢ ᠶ᠋ᠢᠨ ᠡᠮᠦᠨᠡᠭᠦᠷ ᠨᠢᠭᠡ ᠶᠡᠬᠡ ᠭᠣᠣᠯ ᠲᠠᠢ᠃ ᠲᠡᠭᠡᠪᠡᠯ ᠲᠠ ᠨᠠᠷ ᠶᠠᠭᠠᠬᠢᠬᠤ ᠪᠣᠢ?》 ᠭᠡᠵᠦ ᠠᠰᠠᠭᠤᠵᠠᠢ᠃ ᠣᠯᠠᠨ ᠬᠥᠮᠦᠰ ᠶᠠᠭᠠᠬᠢᠵᠤ ᠲᠡᠷᠡ ᠭᠣᠣᠯ ᠢ᠋ ᠭᠡᠲᠦᠯᠵᠦ ᠠᠯᠲᠠ ᠶ᠋ᠢ ᠠᠪᠬᠤ ᠲᠤᠬᠠᠢ ᠶᠠᠷᠢᠯᠳᠤᠵᠠᠢ᠃ ᠬᠥᠮᠦᠰ ᠬᠡᠯᠡᠵᠦ ᠳᠠᠭᠤᠰᠤᠭᠰᠠᠨ ᠤ᠋ ᠳᠠᠷᠠᠭ᠎ᠠ ᠲᠡᠷᠡ ᠬᠥᠮᠦᠨ᠄《ᠲᠠ ᠨᠠᠷ ᠶᠠᠭᠤᠨ ᠳ᠋ᠤ᠌ ᠲᠡᠷᠡ ᠠᠯᠲᠠ ᠶ᠋ᠢ ᠠᠪᠬᠤ ᠲᠤᠬᠠᠢ ᠪᠣᠳᠣᠳᠠᠭ ᠪᠣᠢ? ᠲᠡᠷᠡ ᠭᠣᠣᠯ ᠢ᠋ ᠭᠡᠲᠦᠯᠬᠦ ᠣᠩᠭᠣᠴᠠ ᠬᠢᠭᠡᠳ᠂ ᠠᠯᠲᠠ ᠮᠠᠯᠲᠠᠬᠤ ᠪᠠᠷ ᠨᠠᠭᠠᠰᠢ ᠴᠠᠭᠠᠰᠢ ᠥᠩᠭᠡᠷᠡᠬᠦ ᠬᠥᠮᠦᠰ ᠢ᠋ ᠵᠥᠭᠡᠭᠡᠪᠡᠯ ᠮᠥᠨ ᠠᠳᠠᠯᠢᠬᠠᠨ ᠪᠠᠶᠠᠵᠢᠵᠤ ᠪᠣᠯᠬᠤ ᠪᠢᠰᠢ ᠤᠤ?》 ᠭᠡᠰᠡᠨ ᠭᠡᠨ᠎ᠡ᠃

           ᠦᠰᠦᠭ ᠠᠮᠢᠯᠠᠭᠤᠯᠤᠭᠴᠢ᠄ ᠡᠩᠬᠡᠪᠠᠲᠤ  
                ᠦᠰᠦᠭ ᠬᠢᠨᠠᠭᠴᠢ᠄ ᠪᠠᠶᠠᠷᠴᠡᠴᠡᠭ