ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 45 Нэгэн ном тавцан үн өдөр үн тэмдэглэлээс – 45
ᠡᠵᠢ ᠨᠢ ᠬᠦᠦ ᠪᠡᠨ ᠮᠠᠰᠢ ᠶᠡᠬᠡ ᠠᠮᠵᠢᠯᠲᠠ ᠳ᠋ᠤ᠌ ᠬᠦᠷᠦᠭᠰᠡᠨ ᠬᠥᠮᠦᠨ ᠪᠣᠯᠭᠠᠬᠤ ᠶ᠋ᠢ ᠡᠳᠦᠷ ᠪᠣᠯᠭᠠᠨ ᠬᠦᠰᠡᠳᠡᠭ ᠪᠠᠢᠯ᠎ᠠ᠃ ᠨᠢᠭᠡ ᠡᠳᠦᠷ ᠲᠠᠪᠤᠨ ᠨᠠᠰᠤᠲᠠᠢ ᠬᠦᠦ ᠪᠡᠨ ᠳᠠᠭᠠᠭᠤᠯᠵᠤ ᠲᠤᠬᠠᠢ ᠶ᠋ᠢᠨ ᠭᠠᠵᠠᠷ ᠤ᠋ᠨ ᠬᠢᠮᠢ ᠰᠤᠳᠤᠯᠵᠤ ᠠᠮᠵᠢᠯᠲᠠ ᠳ᠋ᠤ᠌ ᠬᠦᠷᠦᠭᠰᠡᠨ ᠡᠷᠳᠡᠮᠲᠡᠨ ᠦ᠌ ᠳ᠋ᠦ᠍ ᠳᠠᠭᠠᠭᠤᠯᠤᠨ ᠬᠦᠷᠴᠦ᠄《ᠮᠢᠨᠦ ᠬᠦᠦ ᠳ᠋ᠦ᠍ ᠠᠮᠵᠢᠯᠲᠠ ᠣᠯᠤᠭᠰᠠᠨ ᠡᠷᠳᠡᠮ ᠡᠴᠡ ᠪᠡᠨ ᠵᠢᠭᠠᠵᠤ ᠥᠭᠭᠦᠨ᠎ᠡ ᠤᠤ?》 ᠭᠡᠵᠦ ᠭᠤᠶᠤᠵᠠᠢ᠃ ᠡᠭᠦᠨ ᠢ᠋ ᠰᠣᠨᠣᠰᠤᠭᠰᠠᠨ ᠡᠷᠳᠡᠮᠲᠡᠨ ᠣᠯᠠᠨ ᠠᠷᠪᠢᠨ ᠶᠠᠭᠤᠮ᠎ᠠ ᠳᠤᠤᠭᠠᠷᠤᠭᠰᠠᠨ ᠦᠭᠡᠢ ᠡᠬᠡ ᠬᠦᠦ ᠬᠣᠶᠠᠭᠤᠯᠠ ᠶ᠋ᠢ ᠰᠢᠭᠤᠳ ᠲᠤᠷᠰᠢᠯᠲᠠ ᠶ᠋ᠢᠨ ᠲᠠᠰᠤᠭ ᠲᠤ ᠪᠠᠨ ᠳᠠᠭᠠᠭᠤᠯᠤᠨ ᠣᠷᠣᠵᠤ ᠡᠮᠦᠨᠡᠬᠢ ᠬᠢᠵᠦ ᠪᠠᠢᠭᠰᠠᠨ ᠲᠤᠷᠰᠢᠯᠲᠠ ᠪᠠᠨ ᠦᠷᠭᠦᠯᠵᠢᠯᠡᠭᠦᠯᠵᠡᠢ᠃ ᠡᠢᠮᠦᠷᠬᠦᠦ ᠪᠠᠢᠳᠠᠯ ᠢ᠋ ᠬᠠᠷᠠᠭᠰᠠᠨ ᠡᠬᠡ ᠬᠦᠦ ᠬᠣᠶᠠᠭᠤᠯᠠ ᠤᠬᠠᠭᠠᠨ ᠢ᠋ ᠨᠢ ᠣᠯᠬᠤ ᠦᠭᠡᠢ ᠮᠡᠯᠡᠷᠡᠵᠡᠢ᠃ ᠲᠤᠷᠰᠢᠯᠲᠠ ᠳᠤᠮᠳᠠ ᠰᠠᠪᠠ ᠲᠠᠢ ᠤᠰᠤᠨ ᠳ᠋ᠤ᠌ ᠨᠢᠭᠡ ᠵᠦᠢᠯ ᠦ᠋ᠨ ᠨᠤᠨᠲᠠᠭ ᠢ᠋ ᠬᠣᠯᠢᠭᠰᠠᠨ ᠳ᠋ᠤ᠌ ᠰᠠᠪᠠ ᠲᠠᠢ ᠤᠰᠤᠨ ᠤ᠋ ᠥᠩᠭᠡ ᠨᠢ ᠬᠤᠪᠢᠷᠠᠵᠤ ᠬᠥᠭᠡᠰᠦᠷᠡᠵᠦ ᠡᠬᠢᠯᠡᠵᠡᠢ᠃ ᠡᠭᠦᠨ ᠢ᠋ ᠬᠠᠷᠠᠭᠰᠠᠨ ᠪᠢᠴᠢᠬᠠᠨ ᠬᠦᠦ ᠮᠠᠰᠢ ᠶᠡᠬᠡ ᠰᠣᠨᠢᠭᠤᠴᠢᠯᠠᠵᠤ ᠲᠡᠷᠡ ᠰᠠᠪᠠ ᠶ᠋ᠢ ᠠᠪᠬᠤ ᠭᠡᠵᠦ ᠭᠠᠷ ᠰᠠᠷᠪᠠᠢᠭᠰᠠᠨ ᠳ᠋ᠤ᠌ ᠡᠬᠡ ᠨᠢ᠄《 ᠬᠥᠶᠢ! ᠮᠢᠨᠦ ᠬᠦᠦ᠂ ᠪᠢᠲᠡᠭᠡᠢ ᠤᠷᠤᠯᠳᠤ!》 ᠭᠡᠵᠦ ᠬᠦᠦ ᠪᠡᠨ ᠪᠣᠯᠢᠭᠤᠯᠤᠭᠰᠠᠨ ᠪᠠᠢᠯ᠎ᠠ᠃ ᠡᠭᠦᠨ ᠢ᠋ ᠬᠠᠷᠠᠭᠰᠠᠨ ᠬᠢᠮᠢ ᠶ᠋ᠢᠨ ᠡᠷᠳᠡᠮᠲᠡᠨ ᠵᠢᠭᠠᠯ ᠬᠦᠦ ᠶ᠋ᠢᠨ ᠡᠬᠡ ᠳ᠋ᠦ᠍ ᠬᠠᠨᠳᠤᠵᠤ᠄《 ᠰᠠᠶᠢ ᠶ᠋ᠢᠨ ᠲᠠᠨ ᠤ᠋ ᠵᠠᠩᠳᠤᠷᠴᠤ ᠬᠡᠯᠡᠭᠰᠡᠨ ᠦᠭᠡ ᠴᠢᠨᠢ ᠨᠢᠭᠡᠨ ᠡᠷᠳᠡᠮᠲᠡᠨ ᠢ᠋ ᠠᠯᠠᠵᠤ ᠬᠠᠶᠠᠭᠰᠠᠨ ᠰᠢᠦ᠃ ᠦᠨᠡᠨᠳᠡᠭᠡᠨ ᠰᠠᠶᠢ ᠶ᠋ᠢᠨ ᠲᠡᠷᠡ ᠪᠣᠯ ᠶᠠᠮᠠᠷᠴᠤ ᠬᠣᠣᠷ ᠦᠭᠡᠢ ᠪᠣᠳᠠᠰ ᠰᠢᠦ ᠳᠡ》 ᠭᠡᠵᠡᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
