ᠬᠤᠨ ᠰᠢᠪᠠᠭᠤᠨ ᠤ᠋ ᠦᠯᠢᠭᠡᠷ Хун шувууны үлгэр
ᠬᠤᠨ ᠰᠢᠪᠠᠭᠤᠨ ᠤ᠋ ᠦᠯᠢᠭᠡᠷ
ᠡᠷᠲᠡ ᠤᠷᠢᠳᠤ ᠶ᠋ᠢᠨ ᠴᠠᠭ ᠲᠤ᠌ ᠨᠢᠭᠡᠨ ᠬᠣᠨᠢᠴᠢᠨ ᠥᠬᠢᠨ ᠡᠵᠢ ᠶ᠋ᠢᠨ ᠢ᠋ᠶ᠋ᠡᠨ ᠬᠠᠮᠲᠤ ᠶᠠᠳᠠᠭᠤ ᠵᠦᠳᠡᠭᠦᠬᠡᠨ ᠠᠮᠢᠳᠤᠷᠠᠨ ᠰᠠᠭᠤᠳᠠᠭ ᠪᠠᠢᠵᠠᠢ᠃
ᠥᠬᠢᠨ ᠡᠳᠦᠷ ᠪᠦᠷᠢ ᠴᠡᠴᠡᠭᠲᠦ ᠨᠣᠭᠣᠭᠠᠨ ᠲᠠᠯ᠎ᠠ ᠳ᠋ᠤ᠌ ᠬᠣᠨᠢ ᠮᠠᠯ ᠢ᠋ᠶ᠋ᠠᠨ ᠬᠠᠷᠢᠭᠤᠯᠵᠤ᠂ ᠬᠡᠭᠡᠷ᠎ᠡ ᠶ᠋ᠢᠨ ᠨᠤᠭᠤ ᠪᠠᠷ ᠵᠤᠭᠠᠴᠠᠨ ᠨᠠᠭᠠᠳᠳᠠᠭ ᠪᠠᠢᠵᠠᠢ᠃
ᠤᠳᠠᠯ ᠦᠭᠡᠢ ᠨᠠᠮᠤᠷ ᠪᠣᠯᠵᠤ᠂ ᠭᠣᠣᠯ ᠤ᠋ᠨ ᠤᠰᠤ ᠬᠥᠯᠳᠡᠵᠦ᠂ ᠨᠡᠭᠦᠳᠡᠯ ᠦ᠋ᠨ ᠰᠢᠪᠠᠭᠤᠳ ᠠᠯᠤᠰ ᠢ᠋ ᠵᠣᠷᠢᠨ ᠨᠡᠭᠦᠳᠡᠯᠯᠡᠨ ᠨᠢᠰᠴᠦ ᠡᠬᠢᠯᠡᠪᠡ᠃
ᠨᠠᠮᠤᠷ ᠤ᠋ᠨ ᠨᠢᠭᠡᠨ ᠵᠢᠬᠡᠭᠦᠨ ᠡᠳᠦᠷ ᠥᠬᠢᠨ ᠭᠣᠣᠯ ᠤ᠋ᠨ ᠡᠷᠭᠢ ᠪᠡᠷ ᠵᠤᠭᠠᠯᠠᠨ ᠶᠠᠪᠤᠵᠤ ᠪᠠᠢᠲᠠᠯ᠎ᠠ ᠬᠡᠰᠡᠭ ᠮᠣᠳᠣᠨ ᠤ᠋ ᠴᠠᠭᠠᠨ᠎ᠠ ᠡᠴᠡ ᠭᠤᠨᠢᠭᠲᠠᠢᠬᠠᠨ ᠭᠤᠩᠭᠠᠨᠠᠬᠤ ᠳᠠᠭᠤ ᠰᠣᠨᠣᠰᠤᠭᠳᠠᠵᠠᠢ᠃
ᠥᠬᠢᠨ ᠡᠢᠰᠢ ᠲᠡᠢᠰᠢᠣᠴᠢᠵᠤ ᠬᠠᠷᠠᠪᠠᠯ ᠭᠣᠣᠯ ᠤ᠋ᠨ ᠮᠥᠰᠥᠨ ᠳ᠋ᠦ᠍ ᠨᠠᠭᠠᠯᠳᠤᠭᠰᠠᠨ ᠥᠨᠥᠴᠢᠨ ᠬᠤᠨ ᠰᠢᠪᠠᠭᠤ ᠭᠤᠸᠠᠯᠢᠭ ᠬᠦᠵᠦᠭᠦᠦ ᠪᠡᠨ ᠰᠤᠩᠭᠠᠨ ᠭᠤᠨᠢᠭᠲᠠᠢ ᠪᠠᠷ ᠭᠠᠩᠭᠠᠨᠠᠵᠤ ᠪᠠᠢᠬᠤ ᠨᠢ ᠲᠡᠷᠡ ᠠ᠋᠃
ᠥᠬᠢᠨ ᠦᠵᠡᠰᠬᠦᠯᠡᠩᠲᠦ ᠬᠤᠨ ᠰᠢᠪᠠᠭᠤ ᠶ᠋ᠢ ᠶᠡᠬᠡᠳᠡ ᠦᠷᠦ ᠡᠪᠡᠳᠴᠦ᠂ ᠬᠥᠯᠳᠡᠭᠦᠦ ᠮᠥᠰᠥ ᠶ᠋ᠢ ᠴᠠᠷᠢᠯ ᠢ᠋ᠶ᠋ᠠᠷ ᠨᠦᠳᠦᠭᠰᠡᠭᠡᠷ ᠰᠢᠪᠠᠭᠤ ᠶ᠋ᠢ ᠰᠠᠯᠭᠠᠨ ᠠᠪᠴᠤ᠂ ᠳᠠᠭᠠᠭᠠᠵᠤ ᠶᠠᠳᠠᠨ ᠲᠡᠪᠡᠷᠢᠭᠰᠡᠭᠡᠷ ᠭᠡᠷ ᠲᠦ᠍ ᠪᠡᠨ ᠢᠷᠡᠪᠡ᠃
ᠦᠷᠦ ᠵᠥᠭᠡᠯᠡᠨ ᠡᠵᠢ ᠨᠢ ᠥᠬᠢᠨ ᠲᠡᠢ ᠪᠡᠨ ᠬᠠᠮᠲᠤ ᠰᠢᠪᠠᠭᠤ ᠶ᠋ᠢ ᠠᠰᠠᠷᠠᠨ ᠬᠠᠯᠠᠮᠵᠢᠯᠠᠭᠰᠠᠭᠠᠷ ᠡᠪᠦᠯ ᠦ᠋ᠨ ᠤᠷᠲᠤ ᠶ᠋ᠢ ᠳᠣᠭᠣᠯᠵᠠᠢ᠃
ᠲᠡᠳᠡ ᠬᠦᠢᠲᠡᠨ ᠡᠪᠦᠯ ᠢ᠋ ᠬᠠᠯᠠᠭᠤᠨ ᠨᠥᠬᠥᠷᠯᠡᠯ ᠢ᠋ᠶ᠋ᠡᠷ ᠳᠠᠪᠠᠨ ᠲᠤᠭᠤᠯᠬᠤ ᠳ᠋ᠤ᠌ ᠤᠷᠢᠨ ᠳᠤᠯᠠᠭᠠᠨ ᠴᠠᠭ ᠠᠢᠯᠴᠢᠯᠠᠨ ᠢᠷᠡᠪᠡ᠃
ᠬᠠᠪᠤᠷ ᠤ᠋ᠨ ᠨᠢᠭᠡ ᠨᠠᠯᠠᠭᠠᠷ ᠥᠷᠯᠥᠭᠡ ᠬᠤᠨ ᠰᠢᠪᠠᠭᠤ ᠮᠠᠯ ᠢ᠋ᠶ᠋ᠠᠨ ᠪᠡᠯᠴᠢᠭᠡᠵᠦ ᠶᠠᠪᠤᠭ᠎ᠠ ᠥᠬᠢᠨ ᠦ᠌ ᠠᠷᠤ ᠡᠴᠡ ᠳᠠᠭᠤ ᠲᠠᠯᠪᠢᠨ ᠭᠤᠩᠭᠠᠨᠠᠵᠤ ᠭᠡᠨ᠎ᠡ᠃
ᠥᠬᠢᠨ ᠡᠷᠭᠢᠵᠦ ᠬᠠᠷᠠᠪᠠᠯ ᠬᠠᠢᠷ᠎ᠠ ᠲᠠᠢ ᠬᠤᠨ ᠨᠢ ᠲᠣᠮᠣ ᠴᠠᠭᠠᠨ ᠳᠠᠯᠠᠪᠴᠢ ᠪᠠᠨ ᠳᠡᠯᠭᠡᠨ᠂ ᠬᠦᠵᠦᠭᠦᠦ ᠪᠡᠨ ᠰᠤᠩᠭᠠᠨ ᠰᠦᠷᠯᠢᠭ ᠰᠠᠢᠬᠠᠨ ᠲᠠᠪᠢᠯᠲᠠ ᠬᠢᠭᠡᠳ ᠲᠩᠷᠢ ᠥᠭᠡᠳᠡ ᠨᠢᠰᠦᠨ ᠣᠳᠴᠠᠢ᠃
ᠥᠬᠢᠨ ᠰᠢᠪᠠᠭᠤᠨ ᠤ᠋ ᠪᠠᠨ ᠠᠷᠤ ᠡᠴᠡ ᠭᠤᠨᠢᠭᠲᠠᠢᠬᠠᠨ ᠳᠠᠯᠠᠯᠤᠭᠰᠠᠭᠠᠷ ᠦᠯᠡᠳᠡᠪᠡ᠃ ᠲᠡᠷᠡ ᠡᠳᠦᠷ ᠡᠴᠡ ᠬᠣᠢᠰᠢ ᠥᠬᠢᠨ ᠭᠠᠭᠴᠠᠭᠠᠷᠳᠠᠨ ᠭᠤᠨᠢᠭᠯᠠᠬᠤ ᠪᠣᠯᠵᠠᠢ᠃
ᠴᠡᠴᠡᠭᠡᠰ ᠠᠯᠠᠭᠯᠠᠭᠰᠠᠨ ᠵᠤᠨ ᠤ᠋ ᠨᠢᠭᠡᠨ ᠡᠳᠦᠷ ᠥᠬᠢᠨ ᠬᠣᠨᠢᠨ ᠤ᠋ ᠪᠠᠨ ᠵᠠᠬ᠎ᠠ ᠳ᠋ᠤ᠌ ᠵᠡᠭᠦᠷᠮᠡᠭᠯᠡᠵᠦ ᠣᠷᠬᠢᠵᠠᠢ᠃ ᠭᠡᠲᠡᠯ᠎ᠡ ᠲᠡᠭᠦᠨ ᠦ᠌ ᠬᠠᠢᠷᠠᠲᠠᠢ ᠬᠤᠨ ᠰᠢᠪᠠᠭᠤ ᠵᠡᠭᠦᠳᠦᠨ ᠳ᠋ᠦ᠍ ᠨᠢ ᠢᠷᠡᠵᠦ᠂
《ᠴᠢ ᠨᠠᠳᠠ ᠡᠴᠡ ᠪᠢᠲᠡᠭᠡᠢ ᠠᠶᠤᠭᠠᠷᠠᠢ᠃ ᠮᠢᠨᠦ ᠭᠡᠷ ᠡᠨᠡᠭᠦᠬᠡᠨ ᠠᠭᠤᠯᠠ ᠶ᠋ᠢᠨ ᠡᠩᠭᠡᠷ ᠲᠡᠬᠢ ᠠᠭᠤᠢ ᠳ᠋ᠤ᠌ ᠪᠠᠢᠳᠠᠭ ᠶᠤᠮ᠃ ᠡᠵᠢ ᠡᠴᠡ ᠪᠡᠨ ᠵᠥᠪᠰᠢᠶᠡᠷᠡᠯ ᠠᠪᠤᠭᠠᠳ ᠮᠠᠨ ᠤ᠋ ᠳ᠋ᠤ᠌ ᠵᠣᠴᠢᠯᠠᠨ ᠢᠷᠡᠭᠡᠷᠡᠢ》
ᠭᠡᠮᠡᠨ ᠬᠥᠮᠦᠨ ᠦ᠌ ᠬᠡᠯᠡ ᠪᠡᠷ ᠬᠡᠯᠡᠴᠢᠬᠡᠭᠡᠳ ᠨᠢᠰᠦᠭᠡᠳ ᠶᠠᠪᠤᠴᠢᠬᠠᠵᠠᠢ᠃
ᠥᠬᠢᠨ ᠰᠡᠷᠡᠭᠡᠳ ᠪᠣᠯᠤᠭᠰᠠᠨ ᠶᠠᠪᠤᠳᠠᠯ ᠢ᠋ ᠰᠠᠨᠠᠵᠤ᠂ ᠵᠡᠭᠦᠳᠦ ᠪᠡᠨ ᠶᠠᠷᠢᠬᠤ ᠳ᠋ᠤ᠌ ᠡᠵᠢ ᠨᠢ ᠬᠡᠰᠡᠭ ᠪᠣᠳᠣᠯᠬᠢᠯᠠᠵᠤ ᠪᠠᠢᠭᠰᠠᠨ ᠢ᠋ᠶ᠋ᠠᠨ᠄
《ᠠᠯᠠᠬᠤ ᠳᠠᠢᠰᠤᠨ ᠪᠠᠢᠭᠰᠠᠨ ᠪᠣᠯ ᠠᠯᠢ ᠡᠷᠲᠡ ᠰᠠᠨᠠᠭ᠎ᠠ ᠪᠠᠨ ᠭᠦᠢᠴᠡᠯᠳᠦᠭᠦᠯᠬᠦ ᠪᠠᠢᠭᠰᠠᠨ᠃ ᠲᠡᠷᠡ ᠡᠳᠦᠢ ᠬᠦᠷᠲᠡᠯ᠎ᠡ ᠴᠢᠮ᠎ᠠ ᠲᠠᠢ ᠡᠪᠲᠡᠢ ᠨᠠᠢᠷᠲᠠᠢ᠂ ᠰᠠᠢᠬᠠᠨ ᠬᠠᠨᠳᠤᠵᠤ ᠪᠠᠢᠭᠰᠠᠨ ᠢ᠋ ᠪᠣᠳᠣᠬᠤ ᠳ᠋ᠤ᠌ ᠶᠠᠭᠠᠬᠢᠪᠠᠴᠤ ᠮᠠᠭᠤ ᠶᠠᠭᠤᠮ᠎ᠠ ᠬᠢᠬᠦ ᠦᠭᠡᠢ ᠪᠢᠵᠡ᠃》 ᠭᠡᠳ ᠥᠬᠢᠨ ᠢ᠋ᠶ᠋ᠡᠨ ᠶᠠᠪᠤᠬᠤ ᠶ᠋ᠢ ᠵᠥᠪᠰᠢᠶᠡᠷᠡᠵᠡᠢ᠃
ᠥᠬᠢᠨ ᠮᠠᠷᠭᠠᠰᠢ ᠨᠢ ᠬᠤᠨ ᠰᠢᠪᠠᠭᠤᠨ ᠤ᠋ ᠵᠢᠭᠠᠭᠰᠠᠨ ᠠᠭᠤᠢ ᠶ᠋ᠢᠨ ᠠᠮᠠᠨ ᠳᠡᠭᠡᠷ᠎ᠡ ᠬᠦᠷᠴᠦ ᠣᠴᠢᠬᠤ ᠳ᠋ᠤ᠌ 《ᠨᠠᠭᠠᠰᠢ ᠪᠠᠨ ᠣᠷᠣᠭᠠᠳ ᠢᠷ᠎ᠡ》 ᠭᠡᠬᠦ ᠳᠠᠭᠤ ᠳᠤᠤᠭᠠᠷᠪᠠ᠃
ᠥᠬᠢᠨ ᠬᠡᠯᠡᠭᠰᠡᠨ ᠶᠣᠰᠣᠭᠠᠷ ᠨᠢ ᠴᠠᠭᠠᠰᠢ ᠶᠠᠪᠤᠵᠤ ᠣᠷᠣᠪᠠᠯ ᠥᠪ ᠲᠡᠭᠰᠢᠬᠡᠨ ᠬᠤᠪᠴᠠᠰᠤᠯᠠᠭᠰᠠᠨ ᠴᠡᠮᠴᠡᠭᠡᠷ ᠰᠠᠢᠬᠠᠨ ᠵᠠᠯᠠᠭᠤ ᠭᠠᠷᠴᠤ ᠢᠷᠡᠭᠡᠳ ᠭᠠᠷ ᠡᠴᠡ ᠨᠢ ᠬᠥᠲᠥᠯᠦᠨ ᠠᠭᠤᠢ ᠳ᠋ᠤ᠌ ᠣᠷᠣᠪᠠ᠃
ᠠᠭᠤᠢ ᠶ᠋ᠢᠨ ᠭᠦᠨ ᠢ᠋ ᠡᠳᠦᠷ ᠮᠡᠲᠦ ᠭᠣᠶᠣᠮᠰᠣᠭ ᠭᠡᠷᠡᠯ ᠦ᠋ᠳ ᠭᠡᠢᠭᠦᠯᠬᠦ ᠪᠥᠭᠡᠳ ᠨᠣᠮᠢᠨ ᠡᠷᠳᠡᠨᠢ ᠶ᠋ᠢᠨ ᠪᠠᠭᠠᠨ᠎ᠠ᠂ ᠭᠠᠨᠲᠢᠭ ᠴᠠᠭᠠᠨ ᠱᠠᠯᠠ ᠨᠢᠳᠦ ᠭᠢᠯᠪᠠᠭᠤᠯᠬᠤ ᠠᠵᠢ᠃
ᠦᠵᠡᠰᠬᠦᠯᠡᠩᠲᠦ ᠰᠠᠢᠬᠠᠨ ᠵᠠᠯᠠᠭᠤ ᠥᠬᠢᠨ ᠢ᠋ ᠠᠷᠠᠭᠠᠨ ᠤ᠋ ᠰᠢᠯᠦᠰᠦ ᠠᠰᠬᠠᠷᠠᠮ᠎ᠠ ᠲᠠᠩᠰᠤᠭ ᠵᠠᠭᠤᠰᠢ ᠦᠷᠦᠭᠰᠡᠨ ᠰᠢᠷᠡᠭᠡ ᠤᠷᠤᠭᠤ ᠳᠠᠭᠠᠭᠤᠯᠤᠨ ᠣᠴᠢᠭᠠᠳ ᠴᠠᠳᠲᠠᠯ᠎ᠠ ᠨᠢ ᠳᠠᠢᠯᠠᠪᠠ᠃ ᠲᠡᠭᠡᠭᠰᠡᠨ ᠢ᠋ᠶ᠋ᠡᠨ ᠥᠬᠢᠨ ᠳ᠋ᠦ᠍ ᠡᠢᠨ ᠬᠡᠯᠡᠵᠡᠢ᠃
《ᠴᠢ ᠨᠢᠭᠡᠨ ᠤᠳᠠᠭ᠎ᠠ ᠮᠢᠨᠦ ᠠᠮᠢ ᠶ᠋ᠢ ᠠᠪᠤᠷᠠᠭᠰᠠᠨ᠃ ᠶᠠᠳᠠᠭᠤ ᠳᠠᠷᠵᠢᠨ ᠴᠤ᠌ ᠭᠡᠯᠡ ᠪᠣᠷᠣ ᠭᠡᠷ ᠲᠦ᠍ ᠪᠡᠨ ᠪᠠᠢᠭ᠎ᠠ ᠪᠦᠬᠦᠨ ᠢ᠋ᠶ᠋ᠡᠷ ᠢ᠋ᠶ᠋ᠡᠨ ᠨᠠᠮ᠎ᠠ ᠶ᠋ᠢ ᠳᠠᠢᠯᠠᠭᠰᠠᠨ᠃
ᠡᠨᠡ ᠪᠦᠬᠦᠨ ᠢ᠋ ᠬᠢᠬᠦ ᠳ᠋ᠦ᠍ ᠪᠡᠨ ᠴᠢ ᠪᠣᠯᠤᠨ ᠴᠢᠨᠦ ᠡᠵᠢ ᠬᠡᠨ ᠨᠢᠭᠡᠨ ᠡᠴᠡ ᠶᠠᠮᠠᠷ ᠨᠢᠭᠡᠨ ᠵᠦᠢᠯ ᠭᠣᠷᠢᠳᠠᠭᠠ ᠦᠭᠡᠢ ᠠ᠋᠃ ᠴᠢᠨᠦ ᠰᠡᠳᠬᠢᠯ ᠢᠮᠠᠭᠲᠠ ᠡᠨᠡᠷᠢᠩᠭᠦᠢ ᠰᠠᠢᠬᠠᠨ ᠥᠩᠭᠡ ᠪᠡᠷ ᠪᠢᠯᠬᠠᠵᠤ ᠪᠠᠢᠬᠤ ᠶ᠋ᠢ ᠪᠢ ᠬᠠᠷᠠᠵᠤ ᠪᠠᠶᠠᠰᠳᠠᠭ ᠪᠠᠢᠯ᠎ᠠ᠃
ᠲᠡᠢᠮᠦ ᠡᠴᠡ ᠪᠢ ᠴᠢᠮ᠎ᠠ ᠳ᠋ᠤ᠌ ᠬᠠᠢᠷᠠᠲᠠᠢ ᠪᠣᠯᠤᠭᠰᠠᠨ᠃ ᠪᠢ ᠪᠣᠯ ᠴᠢᠨᠦ ᠠᠰᠠᠷᠠᠨ ᠬᠠᠯᠠᠮᠵᠢᠯᠠᠭᠰᠠᠨ ᠲᠡᠷᠡ ᠬᠤᠨ ᠰᠢᠪᠠᠭᠤ ᠪᠢᠯᠡ᠃ ᠠᠪᠤ ᠮᠠᠨᠢ ᠯᠤᠤᠰ ᠤ᠋ᠨ ᠬᠠᠭᠠᠨ ᠶᠤᠮ ᠠ᠋᠃
ᠲᠡᠷᠡ ᠨᠠᠮ᠎ᠠ ᠶ᠋ᠢ ᠡᠨᠡ ᠬᠣᠷᠸ᠎ᠠ ᠶ᠋ᠢᠨ ᠬᠠᠮᠤᠭ ᠤ᠋ᠨ ᠰᠠᠢᠬᠠᠨ ᠰᠡᠳᠬᠢᠯ ᠲᠡᠢ ᠪᠦᠰᠡᠭᠦᠢ ᠳ᠋ᠦ᠍ ᠦᠨᠡᠨ ᠰᠡᠳᠬᠢᠯ ᠡᠴᠡ ᠪᠡᠨ ᠳᠤᠷᠠᠯᠠᠬᠤ ᠬᠦᠷᠲᠡᠯ᠎ᠡ ᠬᠤᠨ ᠰᠢᠪᠠᠭᠤ ᠪᠠᠢᠬᠤ ᠪᠠᠷ ᠶᠢᠯᠸᠢᠳᠡᠭᠰᠡᠨ ᠶᠤᠮ᠃
ᠲᠡᠢᠮᠦ ᠡᠴᠡ ᠯᠡ ᠪᠢ ᠬᠤᠨ ᠪᠣᠯᠤᠭᠰᠠᠨ᠃ ᠦᠵᠡᠰᠬᠦᠯᠡᠩᠲᠦ ᠥᠬᠢᠨ ᠮᠢᠨᠢ᠂ ᠴᠢ ᠮᠢᠨᠦ ᠭᠡᠷᠭᠡᠢ ᠪᠣᠯᠤᠭᠠᠴᠢ》 ᠭᠡᠪᠡ᠃
ᠡᠨᠡ ᠦᠭᠡ ᠶ᠋ᠢ ᠰᠣᠨᠣᠰᠤᠭᠰᠠᠨ ᠥᠬᠢᠨ ᠲᠤᠩ ᠶᠡᠬᠡ ᠭᠠᠢᠬᠠᠭᠰᠠᠨ ᠪᠣᠯᠪᠠᠴᠤ ᠯᠤᠤᠰ ᠤ᠋ᠨ ᠬᠠᠭᠠᠨ ᠤ᠋ ᠬᠦᠦ ᠳ᠋ᠦ᠍ ᠶᠠᠭᠤ ᠭᠡᠵᠦ ᠬᠠᠷᠢᠭᠤᠯᠬᠤ ᠪᠠᠨ ᠮᠡᠳᠡᠬᠦ ᠦᠭᠡᠢ ᠪᠠᠢᠯ᠎ᠠ᠃
ᠵᠠᠯᠠᠭᠤ ᠥᠬᠢᠨ ᠢ᠋ ᠡᠭᠦᠳᠡᠨ ᠳ᠋ᠦ᠍ ᠭᠠᠷᠭᠠᠵᠤ ᠥᠭᠬᠦ ᠪᠡᠷ ᠠᠭᠤᠢ ᠶ᠋ᠢᠨ ᠠᠮᠠᠨ ᠳᠡᠭᠡᠷ᠎ᠡ ᠭᠠᠷᠴᠤ ᠢᠷᠡᠬᠦ ᠳ᠋ᠦ᠍ ᠪᠡᠨ ᠳᠠᠬᠢᠭᠠᠳ ᠯᠠ ᠬᠤᠨ ᠰᠢᠪᠠᠭᠤ ᠪᠣᠯᠤᠨ ᠬᠤᠪᠢᠷᠠᠭᠰᠠᠨ ᠪᠠᠢᠪᠠ᠃
ᠢᠩᠭᠢᠭᠡᠳ ᠥᠬᠢᠨ ᠣᠷᠣᠢ ᠨᠢ ᠭᠡᠷ ᠲᠦ᠍ ᠪᠡᠨ ᠣᠴᠢᠭᠠᠳ ᠡᠵᠢ ᠳ᠋ᠦ᠍ ᠪᠡᠨ ᠡᠨᠡ ᠲᠤᠬᠠᠢ ᠳᠣᠭᠣᠯᠭᠠᠵᠤ ᠭᠡᠨ᠎ᠡ᠃
ᠲᠡᠷᠡ ᠡᠳᠦᠷ ᠡᠴᠡ ᠬᠣᠢᠰᠢ ᠥᠬᠢᠨ ᠡᠳᠦᠷ ᠪᠦᠷᠢ ᠬᠤᠨ ᠰᠢᠪᠠᠭᠤ ᠲᠠᠢ ᠪᠠᠨ ᠬᠡᠭᠡᠷ᠎ᠡ ᠲᠠᠯ᠎ᠠ ᠪᠠᠷ ᠵᠤᠭᠠᠯᠠᠵᠤ᠂ ᠲᠦᠳᠡᠯ ᠦᠭᠡᠢ ᠬᠠᠢᠷ᠎ᠠ ᠰᠡᠳᠬᠢᠯ ᠢ᠋ᠶ᠋ᠡᠨ ᠥᠭᠴᠡᠢ᠃ ᠭᠡᠲᠡᠯ᠎ᠡ ᠨᠤᠲᠤᠭ ᠤ᠋ᠨ ᠬᠥᠮᠦᠰ ᠥᠬᠢᠨ ᠢ᠋ 《ᠬᠤᠨ ᠰᠢᠪᠠᠭᠤ ᠲᠠᠢ ᠨᠥᠬᠥᠴᠡᠭᠰᠡᠨ ᠰᠢᠮᠨᠤ》 ᠭᠡᠮᠡᠨ ᠠᠳᠠ ᠦᠵᠡᠬᠦ ᠪᠣᠯᠪᠠ᠃
ᠥᠬᠢᠨ ᠡᠨᠡ ᠲᠤᠬᠠᠢ ᠪᠠᠨ ᠬᠤᠨ ᠰᠢᠪᠠᠭᠤᠨ ᠳ᠋ᠤ᠌ ᠪᠠᠨ《ᠬᠡᠷᠪᠡ ᠴᠢ ᠬᠥᠮᠦᠨ ᠲᠥᠷᠬᠦ ᠳ᠋ᠦ᠍ ᠪᠡᠨ ᠣᠷᠣᠬᠤ ᠦᠭᠡᠢ ᠪᠣᠯ ᠪᠢ ᠴᠢᠮ᠎ᠠ ᠡᠴᠡ ᠰᠠᠯᠤᠨ᠎ᠠ》 ᠭᠡᠮᠡᠨ ᠤᠬᠢᠯᠠᠨ ᠬᠠᠢᠯᠠᠨ ᠬᠡᠯᠡᠵᠡᠢ᠃
ᠬᠤᠨ ᠡᠨᠡ ᠦᠭᠡ ᠶ᠋ᠢ ᠰᠣᠨᠣᠰᠤᠭᠠᠳ ᠥᠬᠢᠨ ᠡᠴᠡ ᠬᠡᠳᠦ ᠬᠣᠨᠣᠭ ᠬᠦᠯᠢᠶᠡᠬᠦ ᠶ᠋ᠢ ᠭᠤᠶᠤᠪᠠ᠃ ᠲᠡᠷᠡ ᠦᠶ᠎ᠡ ᠪᠡᠷ ᠨᠤᠲᠤᠭ ᠲᠤ᠌ ᠨᠢ ᠶᠡᠬᠡ ᠪᠠᠶᠠᠷ ᠨᠠᠭᠠᠳᠤᠮ ᠪᠣᠯᠵᠤ ᠪᠦᠬᠦ ᠬᠥᠮᠦᠨ ᠲᠠᠢᠰᠢ ᠪᠠᠨ ᠣᠴᠢᠬᠤ ᠪᠠᠷ ᠪᠣᠯᠵᠠᠢ᠃
ᠥᠬᠢᠨ ᠶᠠᠳᠠᠭᠤ ᠮᠠᠭᠤ ᠬᠤᠪᠴᠠᠰᠤ ᠲᠠᠢ ᠲᠤᠯᠠ ᠣᠴᠢᠬᠤ ᠦᠭᠡᠢ ᠭᠡᠵᠦ ᠰᠢᠢᠳᠦᠭᠰᠡᠨ ᠪᠠᠢᠨ᠎ᠠ᠃ ᠭᠡᠲᠡᠯ᠎ᠡ ᠬᠤᠨ ᠰᠢᠪᠠᠭᠤ ᠭᠡᠷ ᠦ᠋ᠨ ᠬᠢᠨᠢ ᠳᠡᠭᠡᠪᠦᠷ ᠳᠡᠭᠡᠷ᠎ᠡ ᠨᠢᠭᠡᠨ ᠪᠣᠭᠣᠳᠠᠯ ᠲᠠᠢ ᠶᠠᠭᠤᠮ᠎ᠠ ᠲᠠᠯᠪᠢᠭᠠᠳ ᠨᠢᠰᠦᠨ ᠣᠳᠪᠠ ᠠ᠋᠃
ᠥᠬᠢᠨ ᠲᠡᠭᠦᠨ ᠢ᠋ ᠠᠪᠴᠤ ᠵᠠᠳᠠᠯᠤᠨ ᠦᠵᠡᠪᠡᠯ ᠨᠢᠳᠦ ᠭᠢᠯᠪᠠᠮ᠎ᠠ ᠰᠠᠢᠬᠠᠨ ᠬᠤᠪᠴᠠᠰᠤ ᠪᠠᠢᠯ᠎ᠠ᠃ ᠳᠣᠭᠳᠣᠯᠤᠨ ᠬᠥᠭᠡᠷᠦᠭᠰᠡᠨ ᠥᠬᠢᠨ ᠬᠤᠪᠴᠠᠰᠤ ᠶ᠋ᠢ ᠡᠮᠦᠰᠦᠭᠡᠳ ᠡᠵᠢ ᠲᠡᠢ ᠪᠡᠨ ᠬᠠᠮᠲᠤ ᠪᠠᠶᠠᠷ ᠲᠤ᠌ ᠶᠠᠪᠤᠪᠠ᠃
ᠪᠠᠶᠠᠷ ᠨᠠᠭᠠᠳᠤᠮ ᠤ᠋ᠨ ᠭᠠᠵᠠᠷ ᠲᠡᠭᠦᠨ ᠰᠢᠭ ᠰᠠᠢᠬᠠᠨ ᠪᠦᠰᠡᠭᠦᠢ ᠪᠠᠢᠭᠰᠠᠨ ᠦᠭᠡᠢ᠃ ᠬᠥᠮᠦᠨ ᠪᠦᠬᠦᠨ ᠯᠡ ᠥᠬᠢᠨ ᠢ᠋ ᠱᠣᠬᠣᠭᠣᠷᠬᠠᠨ ᠬᠠᠷᠠᠵᠤ᠂ ᠵᠠᠯᠠᠭᠤᠰ ᠰᠡᠳᠬᠢᠯ ᠠᠯᠳᠠᠷᠠᠨ ᠪᠠᠢᠯ᠎ᠠ᠃
ᠭᠡᠨᠡᠳᠲᠡ ᠥᠬᠢᠨ ᠦ᠌ ᠡᠮᠦᠨ᠎ᠡ ᠨᠢᠭᠡᠨ ᠰᠠᠢᠬᠠᠨ ᠵᠠᠯᠠᠭᠤ ᠬᠦᠷᠴᠦ ᠢᠷᠡᠭᠡᠳ ᠲᠡᠭᠦᠨ ᠢ᠋ ᠥᠪᠡᠷ ᠲᠡᠢ ᠨᠢ ᠭᠡᠷᠯᠡᠬᠦ ᠶ᠋ᠢ ᠭᠤᠶᠤᠪᠠ᠃
ᠪᠠᠶᠠᠨ ᠰᠤᠷᠪᠤᠯᠵᠢᠲᠤ ᠠᠢᠯ ᠤ᠋ᠨ ᠲᠡᠷᠡ ᠰᠠᠢᠬᠠᠨ ᠵᠠᠯᠠᠭᠤ ᠶ᠋ᠢ ᠬᠠᠷᠠᠭᠠᠳ ᠥᠬᠢᠨ ᠵᠠᠯᠠᠭᠤ ᠬᠥᠮᠦᠨ ᠦ᠌ ᠬᠤᠪᠢ ᠳ᠋ᠤ᠌ ᠰᠡᠳᠬᠢᠯ ᠨᠢ ᠬᠥᠳᠡᠯᠵᠦ ᠪᠠᠢᠭᠰᠠᠨ ᠪᠣᠯᠪᠠᠴᠤ ᠭᠠᠭᠴᠠᠭᠠᠷᠳᠠᠮᠠᠯ ᠬᠤᠨ ᠰᠢᠪᠠᠭᠤ ᠪᠠᠨ ᠰᠡᠳᠬᠢᠯ ᠳ᠋ᠦ᠍ ᠪᠡᠨ ᠪᠣᠳᠣᠭᠠᠳ᠂ ᠵᠠᠯᠠᠭᠤ ᠳ᠋ᠤ᠌ 《ᠦᠭᠡᠢ》 ᠭᠡᠰᠡᠨ ᠬᠠᠷᠢᠭᠤ ᠥᠭᠴᠡᠢ᠃
ᠥᠬᠢᠨ ᠳᠠᠷᠤᠢ ᠪᠠᠶᠠᠷ ᠨᠠᠭᠠᠳᠤᠮ ᠡᠴᠡ ᠪᠤᠴᠠᠨ ᠢᠷᠡᠵᠦ᠂ ᠬᠤᠨ ᠰᠢᠪᠠᠭᠤᠨ ᠤ᠋ ᠪᠠᠨ ᠠᠮᠢᠳᠤᠷᠠᠳᠠᠭ ᠠᠭᠤᠢ ᠳ᠋ᠤ᠌ ᠢᠷᠡᠪᠡ᠃ ᠬᠤᠨ ᠰᠢᠪᠠᠭᠤ ᠡᠨᠡ ᠤᠳᠠᠭ᠎ᠠ ᠳ᠋ᠤ᠌ ᠲᠡᠭᠦᠨ ᠢ᠋ ᠠᠭᠤᠢ ᠶ᠋ᠢᠨ ᠭᠠᠳᠠᠨ᠎ᠠ ᠲᠠᠯ᠎ᠠ ᠳ᠋ᠤ᠌ ᠬᠥᠮᠦᠨ ᠲᠥᠷᠬᠦ ᠲᠡᠢ ᠪᠡᠷ ᠤᠭᠲᠤᠨ ᠠᠪᠤᠯ᠎ᠠ᠃
ᠥᠬᠢᠨ ᠵᠠᠯᠠᠭᠤ ᠳ᠋ᠤ᠌ ᠄《 ᠬᠡᠳᠦᠢᠪᠡᠷ ᠴᠢ ᠮᠢᠨᠢ ᠰᠢᠪᠠᠭᠤ ᠴᠤ᠌ ᠭᠡᠰᠡᠨ ᠪᠢ ᠴᠢᠮ᠎ᠠ ᠲᠠᠢ ᠪᠠᠢᠬᠤ ᠳ᠋ᠤ᠌ ᠰᠠᠢᠬᠠᠨ ᠪᠠᠢᠳᠠᠭ᠃ ᠲᠡᠢᠮᠦ ᠡᠴᠡ ᠣᠳᠣ ᠪᠢ ᠴᠢᠨᠦ ᠳᠡᠷᠭᠡᠳᠡ ᠡᠴᠡ ᠬᠠᠮᠢᠭᠠᠰᠢ ᠪᠠᠨ ᠴᠤ᠌ ᠶᠠᠪᠤᠬᠤ ᠦᠭᠡᠢ》 ᠭᠡᠵᠦ ᠬᠡᠯᠡᠪᠡ᠃
ᠵᠠᠯᠠᠭᠤ᠂ ᠥᠬᠢᠨ ᠦ᠌ ᠡᠨᠡ ᠬᠦ ᠴᠢᠩ ᠰᠡᠳᠬᠢᠯ ᠦ᠋ᠨ ᠦᠭᠡ ᠶ᠋ᠢ ᠰᠣᠨᠣᠰᠤᠭᠠᠳ᠂ ᠬᠢᠵᠠᠭᠠᠷ ᠦᠭᠡᠢ ᠪᠠᠶᠠᠷᠯᠠᠪᠠ᠃
ᠯᠤᠤᠰ ᠤ᠋ᠨ ᠬᠠᠭᠠᠨ ᠤ᠋ ᠬᠦᠦ 《ᠡᠳᠦᠷ ᠪᠠᠶᠠᠷ ᠨᠠᠭᠠᠳᠤᠮ ᠳᠡᠭᠡᠷ᠎ᠡ ᠴᠢᠮ᠎ᠠ ᠲᠠᠢ ᠲᠠᠭᠠᠷᠠᠯᠳᠤᠭᠰᠠᠨ ᠲᠡᠷᠡ ᠵᠠᠯᠠᠭᠤ ᠪᠣᠯ ᠪᠢ ᠪᠠᠢᠭᠰᠠᠨ ᠶᠤᠮ ᠠ᠋᠃》
ᠭᠡᠵᠦ ᠬᠡᠯᠡᠭᠡᠳ ᠬᠤᠨ ᠰᠢᠪᠠᠭᠤᠨ ᠤ᠋ ᠬᠣᠭᠣᠯᠠᠢ ᠪᠠᠷ ᠬᠠᠭᠠᠨ ᠠᠪᠤ ᠶ᠋ᠢ ᠪᠡᠨ ᠭᠤᠩᠭᠠᠨᠠᠨ ᠳᠠᠭᠤᠳᠠᠪᠠ᠃
ᠤᠳᠠᠭᠰᠠᠨ ᠴᠤ᠌ ᠦᠭᠡᠢ ᠯᠤᠤᠰ ᠤ᠋ᠨ ᠬᠠᠭᠠᠨ ᠠᠯᠪᠠᠲᠤ ᠨᠤᠭᠤᠳ ᠤ᠋ᠨ ᠢ᠋ᠶ᠋ᠠᠨ ᠬᠠᠮᠲᠤ ᠬᠦᠷᠦᠯᠴᠡᠨ ᠢᠷᠡᠵᠦ᠂ ᠰᠠᠢᠬᠠᠨ ᠰᠡᠳᠬᠢᠯᠲᠦ ᠦᠵᠡᠰᠬᠦᠯᠡᠩ ᠭᠤᠸ᠎ᠠ ᠬᠣᠨᠢᠴᠢᠨ ᠥᠬᠢᠨ ᠢ᠋ ᠬᠦᠦ ᠲᠡᠢ ᠪᠡᠨ ᠭᠡᠷᠯᠡᠬᠦ ᠶ᠋ᠢ ᠵᠥᠪᠰᠢᠶᠡᠷᠡᠵᠡᠢ᠃
ᠢᠩᠭᠢᠭᠡᠳ ᠰᠠᠢᠬᠠᠨ ᠰᠡᠳᠬᠢᠯᠲᠦ ᠶᠠᠳᠠᠭᠤ ᠥᠬᠢᠨ ᠯᠤᠤᠰ ᠤ᠋ᠨ ᠬᠠᠨ ᠬᠦᠦ ᠲᠡᠢ ᠭᠡᠷᠯᠡᠵᠦ᠂ ᠨᠤᠲᠤᠭ ᠨᠤᠭᠤ ᠪᠠᠨ ᠳᠣᠷᠭᠢᠲᠠᠯ᠎ᠠ ᠨᠠᠢᠷᠯᠠᠵᠤ᠂ ᠨᠤᠭᠤ ᠳᠡᠨᠵᠢ ᠶ᠋ᠢ ᠬᠣᠲᠣᠯᠵᠠᠲᠠᠯᠠ ᠨᠠᠭᠠᠳᠤᠨ᠂ ᠠᠮᠤᠷ ᠰᠠᠢᠬᠠᠨ ᠳ᠋ᠤ᠌ ᠪᠠᠨ ᠵᠢᠷᠭᠠᠵᠠᠢ᠃
ᠯᠤᠤᠰ ᠤ᠋ᠨ ᠬᠠᠨ ᠬᠦᠦ ᠡᠴᠢᠭᠡ ᠶ᠋ᠢᠨ ᠰᠡᠳᠬᠢᠯ ᠢ᠋ ᠪᠡᠶᠡᠯᠡᠭᠦᠯᠦᠭᠰᠡᠨ ᠲᠤᠯᠠ ᠬᠤᠨ ᠰᠢᠪᠠᠭᠤᠨ ᠤ᠋ ᠳᠦᠷᠢ ᠳ᠋ᠦ᠍ ᠳᠠᠬᠢᠨ ᠬᠤᠪᠢᠯᠤᠭᠠ ᠦᠭᠡᠢ ᠶᠤᠮ ᠭᠡᠳᠡᠭ᠃
ᠦᠰᠦᠭ ᠬᠠᠲᠠᠭᠰᠠᠨ ᠨᠢ᠄ ᠭᠠᠸᠠ
ᠬᠢᠨᠠᠭᠴᠢ ᠪᠠᠭᠰᠢ᠄ ᠢᠷᠡᠭᠡᠳᠦᠢ
