ᠨᠠᠰᠤᠨ ᠪᠠᠶᠠᠷ ᠤ᠋ᠨ ᠪᠡᠯᠭᠡᠳᠡᠯ-ᠪᠠᠶᠠᠨ᠌ᠠᠡᠭᠤᠯᠠНасан баярын бэлгэдэл- Баян-уул ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠰᠤᠨ ᠪᠠᠶᠠᠷ ᠤ᠋ᠨ ᠪᠡᠯᠭᠡᠳᠡᠯ-ᠪᠠᠶᠠᠨ᠌ᠠᠡᠭᠤᠯᠠНасан баярын бэлгэдэл- Баян-уул

ᠨᠠᠰᠤᠨ ᠪᠠᠶᠠᠷ ᠤ᠋ᠨ ᠪᠡᠯᠭᠡᠳᠡᠯ-ᠪᠠᠶᠠᠨ᠌ᠠᠡᠭᠤᠯᠠНасан баярын бэлгэдэл- Баян-уул

2025-05-24

1000

ᠨᠠᠰᠤᠨ ᠪᠠᠶᠠᠷ ᠤ᠋ᠨ ᠪᠡᠯᠭᠡᠳᠡᠯ

       ᠪᠠᠶᠠᠨ᠌ᠠᠡᠭᠤᠯᠠ 

ᠵᠠ!
ᠡᠩᠬᠡ ᠰᠠᠢᠨ ᠠᠮᠤᠭᠤᠯᠠᠩ ᠪᠣᠯᠲᠤᠭᠠᠢ 
ᠡᠰᠡᠷᠸ᠎ᠠ ᠲᠩᠷᠢ ᠶ᠋ᠢᠨ ᠥᠷᠥᠰᠢᠶᠡᠯᠲᠦ 
ᠡᠬᠡ ᠳᠡᠯᠡᠬᠡᠢ ᠶ᠋ᠢᠨ ᠢᠪᠡᠭᠡᠯᠲᠦ 

ᠡᠵᠡᠨ ᠪᠣᠭᠳᠠ ᠶ᠋ᠢᠨ ᠵᠠᠷᠯᠢᠭ ᠶᠣᠰᠣᠭᠠᠷ 
ᠡᠷᠬᠢᠮ ᠮᠣᠩᠭᠣᠯ ᠤ᠋ᠨ ᠵᠤᠷᠰᠢᠯ ᠶᠣᠰᠣᠭᠠᠷ 
ᠡᠷᠲᠡᠨ ᠦ᠌ ᠡᠪᠦᠭᠡᠳ ᠦ᠋ᠨ ᠰᠤᠷᠭᠠᠯ ᠶᠣᠰᠣᠭᠠᠷ 
ᠦᠳᠡᠯᠦᠭᠡ ᠪᠤᠭᠤᠷᠤᠯ ᠨᠠᠰᠤᠲᠠᠨ ᠤ᠋ 
ᠥᠨᠳᠥᠷ ᠨᠠᠰᠤᠨ ᠤ᠋ ᠪᠠᠶᠠᠷ 
ᠥᠨᠢᠷ ᠣᠯᠠᠨ ᠤ᠋ ᠬᠤᠷᠠ
ᠦᠷ᠎ᠡ ᠬᠡᠦᠬᠡᠳ ᠦ᠋ᠨ ᠬᠢᠨ ᠴᠤᠭᠯᠠᠭ᠎ᠠ
ᠥᠯᠵᠡᠢᠲᠦ ᠨᠠᠢᠷ  ᠤ᠋ᠨ ᠬᠢᠨᠢ ᠴᠢᠮᠡᠭᠡ ᠪᠡᠷ
ᠬᠣᠯᠠ ᠣᠢᠷ᠎ᠠ ᠶ᠋ᠢᠨ ᠬᠢᠨᠢ ᠴᠤᠭᠯᠠᠭᠰᠠᠨ
ᠬᠣᠲᠠ ᠤᠰᠤᠨ ᠤ᠋ ᠬᠢᠨᠢ ᠬᠤᠷᠠᠭᠰᠠᠨ
ᠬᠣᠪᠣᠩ ᠲᠥᠷᠥᠯ ᠢ᠋ᠶ᠋ᠡᠷ ᠢ᠋ᠶ᠋ᠡᠨ ᠠᠭᠤᠯᠵᠠᠭᠰᠠᠨ
ᠬᠣᠲᠠᠯᠠ ᠪᠦᠭᠦᠳᠡ ᠶ᠋ᠢ ᠪᠠᠶᠠᠰᠬᠠᠭᠴᠢ 
ᠬᠤᠷᠢᠮ ᠨᠠᠢᠷ ᠢ᠋ᠶ᠋ᠠᠨ ᠡᠬᠢᠯᠡᠭᠦᠯᠦᠶ᠎ᠡ!

ᠠᠬ᠎ᠠ ᠳᠡᠭᠦᠦ ᠰᠠᠳᠤᠨ ᠲᠥᠷᠥᠯ ᠨᠢ
ᠠᠢᠯ ᠤᠰᠤᠨ ᠤ᠋ ᠪᠦᠭᠦᠳᠡᠭᠡᠷ ᠢ᠋ᠶ᠋ᠡᠨ
ᠠᠢᠮᠠᠭ ᠲᠥᠷᠥᠯ ᠦ᠋ᠨ ᠣᠯᠠᠭᠤᠯᠠ ᠪᠠᠨ
ᠠᠴᠢ ᠂ ᠵᠢᠴᠢ ᠣᠮᠪᠣᠯᠣ ᠨᠢ
ᠠᠴᠢᠷ ᠦᠷᠡᠰ ᠪᠦᠬᠦᠨ ᠢ᠋ᠶ᠋ᠡᠷ ᠢ᠋ᠶ᠋ᠡᠨ
ᠠᠬᠠᠮᠠᠳ ᠨᠠᠰᠤᠲᠠᠨ ᠲᠠᠨ ᠳ᠋ᠤ᠌ ᠪᠠᠨ
ᠠᠷᠢᠭᠤᠨ ᠴᠠᠭᠠᠨ ᠬᠠᠳᠠᠭ ᠢ᠋ᠶ᠋ᠠᠨ ᠡᠷᠭᠦᠵᠦ
ᠠᠰᠢᠳᠠ ᠶ᠋ᠢᠨ ᠪᠡᠯᠭᠡᠳᠡᠯ ᠢ᠋ᠶ᠋ᠡᠨ ᠳᠡᠪᠰᠢᠭᠦᠯᠦᠶ᠎ᠡ!

ᠥᠩᠭᠡᠲᠦ ᠳᠡᠯᠡᠬᠡᠢ ᠶ᠋ᠢᠨ ᠵᠢᠮ᠎ᠡ ᠶᠣᠰᠣᠭᠠᠷ
ᠥᠷᠯᠥᠭ ᠮᠣᠩᠭᠣᠯ ᠤ᠋ᠨ ᠵᠠᠩᠰᠢᠯ ᠶᠣᠰᠣᠭᠠᠷ
ᠦᠨᠳᠦᠰᠦᠲᠡᠨ ᠶᠠᠰᠤᠲᠠᠨ ᠤ᠋ ᠳᠠᠳᠬᠠᠯ ᠶᠣᠰᠣᠭᠠᠷ

ᠥᠯᠵᠡᠢ ᠬᠤᠲᠤᠭ ᠣᠷᠣᠰᠢᠭᠠᠰᠠᠢ ᠭᠡᠵᠦ
ᠦᠯᠡᠮᠵᠢ ᠬᠠᠢᠷ᠎ᠠ ᠨᠢ ᠲᠣᠭᠲᠠᠭ ᠭᠡᠵᠦ
ᠥᠨᠢ ᠡᠭᠦᠷᠢᠳᠡ ᠵᠢᠷᠭᠠᠰᠠᠢ ᠭᠡᠵᠦ
ᠥᠯᠵᠡᠢ ᠪᠡᠯᠭᠡᠲᠦ ᠦᠭᠡᠰ ᠢ᠋
ᠥᠷᠭᠡᠨ ᠲᠦᠮᠡᠨ ᠦ᠌ ᠪᠡᠨ ᠴᠢᠮᠡᠭ
ᠥᠩᠭᠡᠲᠦ ᠨᠠᠢᠷ ᠤ᠋ᠨ ᠡᠵᠡᠨ
ᠦᠳᠡᠯᠦᠭᠡ ᠨᠠᠰᠤᠲᠠᠨ ᠲᠠᠨ ᠳ᠋ᠠᠭᠠᠨ
ᠡᠷᠭᠦᠨ ᠡᠷᠭᠦᠨ ᠳᠡᠪᠰᠢᠭᠦᠯᠦᠶ᠎ᠡ!

ᠪᠤᠷᠬᠠᠨ ᠬᠠᠯᠳᠤᠨ ᠤ᠋ ᠢᠪᠡᠭᠡᠯ ᠢ᠋ᠶ᠋ᠡᠷ
ᠪᠣᠭᠳᠠ ᠴᠢᠩᠭᠢᠰ ᠦ᠋ᠨ ᠥᠷᠥᠰᠢᠶᠡᠯ ᠢ᠋ᠶ᠋ᠡᠷ
ᠪᠤᠶᠠᠨᠲᠤ ᠳᠡᠭᠡᠳᠦᠰ ᠦ᠋ᠨ ᠢᠷᠦᠭᠡᠯ ᠢ᠋ᠶ᠋ᠡᠷ
ᠪᠤᠢᠷ ᠭᠣᠯᠣᠮᠲᠠ ᠪᠠᠨ ᠬᠥᠭᠵᠢᠭᠡᠭᠰᠡᠨ 
ᠪᠤᠭᠤᠷᠤᠯ ᠨᠠᠰᠤᠲᠠᠨ ᠤ᠋ ᠨᠠᠢᠷ ᠲᠤ᠌
ᠪᠤᠯᠲᠤ ᠣᠯᠠᠨ ᠢ᠋ᠶ᠋ᠠᠨ ᠲᠥᠯᠥᠭᠡᠯᠡᠨ
ᠬᠦᠨᠳᠦᠲᠦ ᠨᠠᠰᠤᠲᠠᠨ ᠤ᠋ ᠨᠠᠢᠷ ᠲᠤ᠌
ᠬᠦᠷᠦᠯᠴᠡᠵᠦ ᠢᠷᠡᠭᠰᠡᠳ ᠢ᠋ᠶ᠋ᠡᠨ ᠲᠥᠯᠥᠭᠡᠯᠡᠨ
ᠡᠩ ᠦ᠋ᠨ ᠨᠢᠭᠡᠨ ᠦᠭᠡ ᠪᠡᠷ
ᠦᠯᠡᠮᠵᠢ ᠶ᠋ᠢᠨ ᠪᠤᠶᠠᠨ ᠢ᠋ ᠬᠤᠷᠤᠢᠯᠠᠵᠤ
ᠵᠢᠷ ᠦ᠋ᠨ ᠨᠢᠭᠡᠨ ᠬᠡᠯᠡᠯᠭᠡ ᠪᠡᠷ
ᠵᠢᠯ ᠦ᠋ᠨ ᠢᠷᠦᠭᠡᠯ ᠢ᠋ ᠳᠡᠪᠰᠢᠭᠦᠯᠦᠶ᠎ᠡ!

ᠠᠯᠲᠠ ᠤᠷᠲᠤ ᠬᠠᠳᠠᠭ
ᠠᠯᠲᠠ ᠮᠥᠩᠭᠥᠨ ᠦ᠌ ᠵᠠᠰᠠᠯ
ᠠᠮᠪᠠᠨ ᠢᠷᠭᠡ ᠶ᠋ᠢᠨ ᠰᠢᠭᠦᠰᠦ
ᠠᠷᠢᠭᠤᠨ ᠴᠠᠭᠠᠨ ᠢᠳᠡᠭᠡ
ᠠᠮᠤ ᠪᠤᠳᠠᠭᠠᠨ ᠤ᠋ ᠣᠬᠢ
ᠠᠮᠲᠠᠲᠤ ᠰᠠᠷᠬᠤᠳ ᠤ᠋ᠨ ᠳᠡᠭᠡᠵᠢ
ᠠᠯᠢᠮ᠎ᠠ ᠵᠢᠮᠢᠰ ᠨᠣᠭᠣᠭ᠎ᠠ
ᠠᠯᠢ ᠪᠦᠬᠦᠨ ᠢ᠋ᠶ᠋ᠡᠨ ᠪᠠᠷᠢᠵᠤ

ᠠᠷᠠᠳ ᠣᠯᠠᠨ ᠳ᠋ᠤ᠌ ᠪᠠᠨ ᠬᠦᠷᠢᠶᠡᠯᠡᠯ ᠲᠡᠢ
ᠠᠴᠢᠷ ᠦᠷᠡᠰ ᠲᠦ᠍ ᠪᠡᠨ ᠬᠦᠨᠳᠦᠳᠬᠡᠯᠲᠡᠢ
ᠠᠢᠮᠠᠭ ᠬᠣᠲᠠᠨ ᠳ᠋ᠤ᠌ ᠪᠠᠨ ᠨᠡᠷᠡᠲᠡᠢ
ᠠᠢᠯ ᠤᠰᠤᠨ ᠳ᠋ᠤ᠌ ᠪᠠᠨ ᠠᠴᠢᠲᠠᠢ
ᠠᠬᠠᠮᠠᠳ ᠪᠤᠭᠤᠷᠤᠯ ᠲᠠᠨ ᠳ᠋ᠠᠭᠠᠨ
ᠠᠰᠢᠳᠠ ᠶ᠋ᠢᠨ ᠪᠡᠯᠭᠡᠳᠡᠯ ᠪᠣᠯᠭᠠᠵᠤ
ᠠᠮᠠᠨ ᠢᠷᠦᠭᠡᠯ ᠡᠷᠭᠦᠵᠦ
ᠠᠮᠤᠷ ᠪᠠᠶᠠᠰᠬᠤᠯᠠᠩ ᠢ᠋ ᠵᠥᠩᠨᠡᠶ᠎ᠡ!

   ᠵᠣᠬᠢᠶᠠᠵᠤ᠂ ᠤᠩᠰᠢᠭᠰᠠᠨ ᠂  ᠦᠰᠦᠭ ᠠᠮᠢᠯᠠᠭᠤᠯᠤᠭᠴᠢ᠄ ᠪᠠᠶᠠᠨ᠌ᠠᠠᠭᠤᠯᠠ
   ᠦᠰᠦᠭ ᠬᠠᠲᠠᠭᠴᠢ᠄ ᠬᠣᠨᠢᠴᠢᠨ ᠪᠦᠰᠡᠭᠦᠢ
   ᠬᠢᠨᠠᠭᠴᠢ᠄ ᠠᠯᠲᠠᠨᠴᠡᠴᠡᠭ