ᠪᠠᠶᠠᠡᠦ᠌ᠨᠳᠦᠷ ᠮᠢᠨᠢ- ᠰᠠᠴᠠᠨᠴᠤᠭᠲᠤБаян-Өндөр минь-Сэцнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠡᠦ᠌ᠨᠳᠦᠷ ᠮᠢᠨᠢ- ᠰᠠᠴᠠᠨᠴᠤᠭᠲᠤБаян-Өндөр минь-Сэцнцогт

ᠪᠠᠶᠠᠡᠦ᠌ᠨᠳᠦᠷ ᠮᠢᠨᠢ- ᠰᠠᠴᠠᠨᠴᠤᠭᠲᠤБаян-Өндөр минь-Сэцнцогт

2025-05-23

975

ᠪᠠᠶᠠᠡᠦ᠌ᠨᠳᠦᠷ ᠮᠢᠨᠢ

       ᠰᠠᠴᠠᠨᠴᠤᠭᠲᠤ     

ᠨᠠᠷᠠᠨ ᠮᠠᠨᠳᠤᠬᠤ ᠵᠦᠭ ᠲᠡᠭᠡᠨ ᠬᠠᠬᠢᠷ ᠤ᠋ᠨ ᠵᠥᠭᠡᠯᠡᠨ ᠮᠢᠷᠠᠯᠵᠠᠭ᠎ᠠ ᠲᠠᠢ   
ᠰᠠᠷᠠᠨ ᠲᠡᠷᠭᠡᠯᠡᠬᠦ ᠲᠡᠭᠷᠢ ᠳ᠋ᠡᠭᠡᠨ ᠠᠪᠠᠭ᠎ᠠ ᠶ᠋ᠢᠨ ᠰᠦᠷᠯᠢᠭ ᠪᠠᠷ᠎ᠠ ᠲᠠᠢ     
ᠠᠽᠢᠶ᠎ᠠ ᠶ᠋ᠢᠨ ᠠᠪᠤᠷᠭᠤ ᠶ᠋ᠢ ᠪᠦᠪᠡᠢᠯᠡᠭᠰᠡᠨ ᠡᠷᠲᠡᠨ ᠦ᠌ ᠬᠣᠲᠠ ᠶ᠋ᠢᠨ ᠪᠠᠭᠤᠷᠢ ᠲᠠᠢ   
ᠠᠷᠭᠤᠮᠠᠭ ᠬᠦᠯᠦᠭ ᠢ᠋ ᠰᠢᠯᠭᠠᠭᠰᠠᠨ ᠥᠷᠭᠡᠨ ᠲᠠᠯ᠎ᠠ ᠲᠠᠢ ᠮᠠᠨᠢᠲᠦ ᠮᠢᠨᠢ ᠠ᠋    

ᠰᠦᠮᠡᠢᠬᠦ ᠠᠯᠤᠰ ᠤ᠋ᠨ ᠪᠠᠷ᠎ᠠ ᠳ᠋ᠤ᠌ ᠬᠡᠰᠢᠭᠨᠡᠮᠡᠭᠴᠢ ᠨᠢ  ᠵᠡᠷᠭᠡᠯᠭᠡᠨᠲᠦᠭ᠌ᠰᠡᠨ   
ᠰᠦᠮ᠎ᠡ ᠶ᠋ᠢᠨ ᠠᠭᠤᠳᠠᠮ ᠲᠠᠯ᠎ᠠ ᠨᠢ ᠰᠦᠷᠦᠭ ᠦ᠋ᠨ ᠨᠡᠭᠦᠳᠡᠯ ᠢ᠋ᠶ᠋ᠡᠷ ᠪᠢᠯᠬᠠᠭᠰᠠᠨ  
ᠨᠠᠭᠠᠳᠤᠮ ᠤ᠋ᠨ ᠤᠷᠢᠶ᠎ᠠ ᠳᠠᠭᠤᠷᠢᠰᠤᠭᠰᠠᠨ ᠪᠥᠬᠡ ᠶ᠋ᠢᠨ ᠲᠣᠷᠭᠠᠨ ᠥᠯᠥᠭᠡᠢ ᠲᠡᠢ  
ᠨᠠᠪᠴᠢᠰ ᠤ᠋ᠨ ᠥᠩᠭᠡ ᠪᠡᠷ ᠠᠯᠠᠭᠯᠠᠭᠰᠠᠨ ᠨᠠᠯᠠᠭᠠᠷ ᠳᠡᠨᠵᠢ ᠲᠡᠢ ᠳᠠᠷᠬᠠᠨ ᠮᠢᠨᠢ ᠠ᠋    

ᠪᠤᠯᠠᠭ ᠤ᠋ᠨ ᠤᠷᠤᠰᠬᠠᠯ  ᠭᠤᠷᠴᠢᠭᠢᠨᠠᠭᠰᠠᠨ ᠢᠷᠵᠠᠭᠠᠢ ᠶ᠋ᠢᠨ ᠢᠭᠴᠤ ᠪᠤᠷᠭᠠᠰᠤ ᠲᠠᠢ   
ᠪᠤᠶᠠᠨᠲᠤ ᠬᠡᠰᠢᠭ ᠦ᠋ᠳ ᠪᠥᠮᠪᠥᠯᠵᠡᠭᠰᠡᠨ ᠬᠠᠮᠠᠷ ᠤ᠋ᠨ ᠠᠭᠤᠵᠢᠮ ᠬᠥᠨᠳᠡᠢ ᠲᠡᠢ   
ᠪᠠᠭᠤᠳᠠᠯ ᠨᠡᠭᠦᠳᠡᠯ ᠦ᠋ᠨ ᠠᠶᠠᠯᠠᠯ ᠢ᠋ᠶ᠋ᠠᠷ ᠵᠤᠰᠠᠯᠠᠩ ᠡᠪᠦᠯᠵᠢᠶ᠎ᠡ ᠬᠣᠯᠪᠣᠭᠰᠠᠨ   
ᠪᠠᠬᠠᠷᠤᠯᠲᠣ ᠪᠠᠶᠠᠬᠤᠨᠳᠤᠷ ᠤ᠋ᠨ ᠢ᠋ᠶ᠋ᠠᠨ ᠳᠠᠭᠤᠯᠠᠯ ᠰᠢᠷᠤᠩᠬᠠᠢᠯᠠᠬᠰᠠᠨ ᠰᠢᠷᠠᠪᠣᠲᠠ ᠠ᠋  

ᠪᠤᠭᠤᠷᠤᠯ ᠮᠠᠨᠠᠨ ᠬᠦᠳᠡᠩᠲᠦᠭᠰᠡᠨ ᠬᠠᠷᠠᠳᠤᠭᠴᠢᠨ ᠤ᠋ ᠲᠠᠬᠢᠯᠭ᠎ᠠ ᠲᠠᠢ   
ᠪᠠᠷ᠎ᠠ ᠠᠯᠤᠰ ᠠ᠋ᠴᠠ ᠲᠦᠩᠬᠦᠢᠯᠴᠡᠭᠰᠡᠨ ᠭᠥᠯᠢᠭᠡᠷ ᠬᠠᠨ ᠤ᠋ ᠣᠷᠭᠢᠯ ᠲᠠᠢ   
ᠤᠰᠤᠨ ᠤ᠋ ᠲᠤᠩᠭᠠᠯᠠᠭ ᠮᠢᠷᠠᠯᠵᠠᠭᠰᠠᠨ ᠬᠠᠬᠢᠷ ᠤ᠋ᠨ ᠳᠡᠭᠡᠳᠦ ᠡᠬᠢ ᠲᠡᠢ   
ᠤᠤᠭᠠᠯ ᠰᠠᠭᠤᠭᠠᠯᠢ ᠨᠤᠲᠤᠭ ᠲᠠᠢ ᠠᠷᠢᠭᠤᠨ ᠲᠠᠭᠰᠢᠨ ᠪᠠᠶᠠᠪᠤᠯᠠᠭ ᠠ᠋     

ᠳᠡᠪᠡᠯ ᠦ᠋ᠨ ᠨᠣᠭᠣᠭᠠᠨ ᠲᠡᠷᠯᠢᠭ ᠰᠢᠭ ᠮᠣᠢᠯ ᠂ ᠬᠤᠰᠤᠨ ᠣᠢ ᠨᠤᠭᠤᠳ   
ᠳᠡᠯᠭᠡᠷ ᠵᠤᠨ ᠳ᠋ᠠᠭᠠᠨ ᠪᠣᠯᠵᠣᠭᠠᠨ ᠲᠠᠢ ᠬᠥᠨᠳᠡᠯᠡᠨ ᠂   ᠠᠢᠷᠠᠭᠠᠨᠲᠦ ᠶ᠋ᠢᠨ ᠵᠤᠰᠠᠯᠠᠩ  
ᠳᠡᠭᠡᠳᠦ ᠡᠴᠡ ᠡᠷᠭᠦᠯᠲᠡ ᠲᠠᠬᠢᠯᠭ᠎ᠠ ᠲᠠᠢ ᠬᠣᠰᠣᠲᠠᠢ  ᠴᠠᠭᠠᠨᠥᠨᠳᠥᠷ ᠬᠠᠨ ᠨᠤᠭᠤᠳ   
ᠳᠡᠯᠡᠬᠡᠢ ᠶ᠋ᠢᠨ ᠥᠪ ᠢ᠋ᠶ᠋ᠡᠷ ᠲᠡᠮᠳᠡᠭᠯᠡᠭᠳᠡᠭᠰᠡᠨ ᠨᠡᠭᠦᠳᠡᠯ ᠰᠣᠶᠣᠯ ᠲᠠᠢ ᠲᠠᠯᠢᠨᠬᠤᠸᠠ     

ᠬᠥᠨᠳᠡᠢ ᠬᠥᠨᠳᠡᠢ ᠡᠴᠡ ᠪᠡᠨ ᠪᠤᠯᠠᠭ ᠲᠠᠢ ᠬᠥᠬᠡ ᠤᠰᠤᠨ ᠤ᠋ ᠳᠡᠨᠵᠢ ᠲᠡᠢ   
ᠬᠥᠭᠡᠰᠦᠷᠡᠬᠦ ᠠᠢᠷᠠᠭ ᠤ᠋ᠨ ᠱᠤᠤᠭᠢᠶᠠᠨ ᠰᠢᠭ᠋ ᠰᠦᠵᠢ ᠶ᠋ᠢᠨ ᠥᠷᠭᠡᠨ ᠤᠷᠤᠰᠬᠠᠯ ᠲᠠᠢ   
ᠬᠥᠮᠦᠨ ᠠᠷᠠᠳ ᠢ᠋ᠶ᠋ᠠᠨ ᠪᠠᠶᠠᠰᠬᠠᠭᠰᠠᠨ ᠦᠨᠡᠭᠡᠲᠦ ᠶ᠋ᠢᠨ ᠰᠠᠢᠬᠠᠨ ᠵᠤᠭᠠᠴᠠᠯ ᠲᠠᠢ   
ᠬᠥᠭᠵᠢᠯ ᠵᠢᠷᠭᠠᠯ ᠢ᠋ᠶ᠋ᠠᠨ ᠬᠤᠷᠤᠢᠯᠠᠭᠰᠠᠨ ᠰᠢᠨᠡ ᠪᠠᠶᠠᠨᠴᠠᠭᠠᠨ ᠠᠢᠯ ᠮᠢᠨᠢ ᠠ᠋     

ᠰᠤᠮᠤᠨ ᠬᠤᠷᠳᠤᠴᠠᠲᠤ ᠵᠠᠰᠠᠮᠠᠯ ᠡᠭᠦᠳᠡᠨ ᠡᠴᠡ ᠨᠢ ᠰᠤᠨᠤᠯᠵᠠᠭᠠᠳ   
ᠰᠠᠢᠨ ᠡᠭᠦᠯᠳᠡᠷ ᠦ᠋ᠨ ᠦᠬᠡᠷ ᠥᠷᠭᠡᠨ ᠬᠠᠰᠢᠶ᠎ᠠ ᠶ᠋ᠢ ᠨᠢ ᠳᠦᠭᠦᠷᠭᠡᠭᠰᠡᠨ   
ᠪᠠᠶᠠᠨ ᠰᠦᠷᠦᠭ ᠦ᠋ᠨ ᠵᠤᠰᠠᠯᠠᠩ ᠨᠢ ᠭᠤᠷᠪᠠᠨ ᠳᠠᠪᠠᠭ᠎ᠠ ᠶ᠋ᠢ  ᠥᠭᠰᠥᠵᠦ  
ᠪᠠᠶᠠᠵᠢᠯ ᠪᠠᠬᠠᠳᠤᠯ ᠤ᠋ᠨ ᠬᠠᠷᠭᠤᠢ ᠲᠠᠢ ᠰᠢᠪᠠᠷᠲᠠᠢ ᠥᠨᠢᠷ ᠭᠠᠴᠠᠭ᠎ᠠ ᠮᠢᠨᠢ ᠠ᠋     

ᠮᠢᠷᠠᠯᠵᠠᠬᠤ ᠭᠣᠣᠯ ᠤ᠋ᠨ ᠳᠡᠨᠵᠢ ᠨᠢ ᠬᠥᠭᠵᠢᠮ ᠦ᠋ᠨ ᠠᠶᠠᠰ ᠲᠠᠢ ᠢᠷᠠᠭᠤᠬᠠᠨ  
ᠮᠠᠩᠬᠠᠨ ᠨᠤᠲᠤᠭ ᠤ᠋ᠨ ᠬᠠᠢᠯᠠᠰᠤ ᠨᠢ ᠨᠤᠲᠤᠭ ᠤ᠋ᠨ ᠡᠵᠡᠳ ᠢ᠋ᠶ᠋ᠡᠨ ᠰᠢᠭ ᠰᠦᠷᠯᠢᠭᠬᠡᠨ   
ᠮᠠᠩᠯᠠᠢ ᠢᠳᠡᠲᠡᠨ ᠢ᠋ ᠪᠦᠪᠡᠢᠯᠡᠳᠡᠭ ᠬᠠᠳᠠᠨ ᠲᠡᠭᠡᠭ ᠦ᠋ᠨ ᠥᠯᠥᠭᠡᠢ ᠲᠡᠢ   
ᠮᠢᠩᠭᠠᠨᠴᠣᠭᠲᠤ ᠠᠬ᠎ᠠ ᠶ᠋ᠢᠨ ᠨᠠᠭᠠᠳᠴᠤ ᠥᠰᠦᠭᠰᠡᠨ ᠬᠠᠢᠯᠠᠰᠤᠲᠠᠢ ᠬᠠᠳᠠ‍ᠨ᠋ᠠᠷᠤ  ᠮᠢᠨᠢ ᠠ᠋     

ᠠᠯᠲᠠᠨ ᠤᠯᠤᠰ ᠤ᠋ᠨ ᠤᠨᠠᠭᠤᠯᠢ ᠨᠢ ᠲᠡᠦᠬᠡ ᠶ᠋ᠢ ᠬᠦᠦᠷᠨᠢᠨ ᠲᠤᠭᠤᠯᠵᠤ   
ᠠᠯᠲᠠᠨᠬᠤᠸᠠ ᠶ᠋ᠢᠨ ᠲᠤᠯᠤᠭᠠᠳ ᠪᠠᠶᠠᠵᠢᠯ ᠬᠤᠷᠤᠢᠯᠠᠨ ᠳᠠᠯᠠᠯᠤᠭᠰᠠᠨ 
ᠬᠠᠬᠢᠷ ᠰᠦᠵᠢ ᠶ᠋ᠢᠨ ᠤᠷᠤᠰᠬᠠᠯ ᠣᠯᠣᠮ ᠨᠡᠢᠯᠡᠭᠦᠯᠦᠨ ᠬᠣᠰᠢᠭᠤᠷᠬᠠᠭᠠᠳ  
ᠬᠠᠷᠠᠬᠣᠰᠢᠭᠤ ᠶ᠋ᠢᠨ ᠠᠷᠤ ᠂ ᠳᠣᠮᠣᠭ ᠤ᠋ᠨ ᠰᠠᠢᠬᠠᠨ ᠬᠡᠷᠡᠮ ᠮᠢᠨᠢ ᠠ᠋      

ᠠᠪᠤ ᠶ᠋ᠢᠨ ᠳᠤᠯᠠᠭᠠᠬᠠᠨ ᠡᠩᠭᠡᠷ ᠰᠢᠭ ᠮᠠᠩᠬᠠᠲᠤ ᠶ᠋ᠢᠨ ᠵᠥᠭᠡᠯᠡᠨ ᠨᠥᠮᠥᠷᠢ ᠲᠡᠢ   
ᠠᠯᠤᠰ ᠤ᠋ᠨ ᠵᠡᠷᠭᠡᠯᠭᠡᠨ ᠳ᠋ᠦ᠍ ᠴᠠᠢᠯᠵᠠᠬᠤ ᠤᠷᠤᠰᠬᠠᠯ ᠴᠠᠭᠠᠬᠠᠭᠲᠠ ᠶ᠋ᠢᠨ ᠮᠢᠷᠠᠯᠵᠠᠭᠠᠨ ᠲᠠᠢ   
ᠠᠯᠲᠠ ᠂ ᠣᠭᠣᠷᠴᠣᠭ ᠢ᠋ᠶ᠋ᠠᠨ ᠲᠦᠰᠢᠭᠰᠡᠨ ᠰᠢᠪᠠᠭᠲᠤ ᠶ᠋ᠢᠨ ᠪᠠᠶᠠᠨ ᠠᠢᠯ ᠲᠠᠢ   
ᠠᠳᠤᠭᠤ ᠤᠷᠭᠠᠯᠠᠵᠤ ᠳᠠᠪᠬᠢᠭᠤᠯᠳᠠᠭ ᠬᠥᠪ ᠦ᠋ᠨ ᠰᠠᠢᠬᠠᠨ ᠲᠠᠯ᠎ᠠ ᠲᠠᠢ ᠠᠷᠤ ᠬᠥᠪ ᠮᠢᠨᠢ ᠠ᠋   
                                           2025 .5 .18     

  ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ   
  ᠬᠢᠨᠠᠭᠴᠢ᠄ ᠬᠠᠷᠭᠠᠨ᠎ᠠ᠂ ᠭᠠᠷᠮ᠎ᠠ