ᠰᠠᠷᠠᠨ᠎ᠠ ᠪᠠᠭᠰᠢ ᠮᠢᠨᠢ -ᠪᠠᠶᠠᠨ᠌ᠠᠡᠭᠤᠯᠠСараана багш минь- Баян-уул ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ᠎ᠠ ᠪᠠᠭᠰᠢ ᠮᠢᠨᠢ -ᠪᠠᠶᠠᠨ᠌ᠠᠡᠭᠤᠯᠠСараана багш минь- Баян-уул

ᠰᠠᠷᠠᠨ᠎ᠠ ᠪᠠᠭᠰᠢ ᠮᠢᠨᠢ -ᠪᠠᠶᠠᠨ᠌ᠠᠡᠭᠤᠯᠠСараана багш минь- Баян-уул

2025-05-22

8919

ᠰᠠᠷᠠᠨ᠎ᠠ ᠪᠠᠭᠰᠢ ᠮᠢᠨᠢ

        ᠵᠣᠬᠢᠶᠠᠭᠴᠢ᠄ ᠪᠠᠶᠠᠨ᠌ᠠᠠᠭᠤᠯᠠ 
        ᠤᠶᠠᠩᠭᠠᠯᠠᠭᠴᠢ᠄ ᠰᠠᠢᠬᠠᠨᠳᠠᠯᠠᠢ 

ᠪᠣᠭᠳᠠ ᠴᠢᠩᠭᠢᠰ ᠦ᠋ᠨ ᠬᠣᠢᠴᠢᠰ 
ᠪᠤᠶᠠᠨᠲᠤ ᠮᠣᠩᠭᠣᠯ ᠤ᠋ᠨ ᠦᠷᠡᠰ 
ᠪᠣᠷᠵᠢᠭᠢᠨ ᠶᠠᠰᠤᠲᠠᠨ ᠤ᠋ ᠬᠡᠯᠲᠡᠷᠬᠡᠢ 
ᠪᠣᠰᠤᠭ᠎ᠠ ᠰᠣᠶᠣᠯ ᠤ᠋ᠨ ᠨᠡᠪᠲᠡᠷᠬᠡᠢ 

ᠬᠠᠭᠠᠨ ᠴᠢᠩᠭᠢᠰ ᠦ᠋ᠨ ᠳᠡᠭᠦᠦ 
ᠬᠠᠰᠠᠷ ᠪᠣᠭᠳᠠ ᠶ᠋ᠢᠨ ᠬᠠᠷᠢᠶᠠᠲᠤ 
ᠬᠣᠷᠴᠢᠨ ᠨᠤᠲᠤᠭ ᠤ᠋ᠨ ᠳᠡᠮᠴᠢ 
ᠬᠣᠯᠢᠮᠠᠭ ᠬᠡᠯᠡᠨ ᠦ᠌ ᠳᠣᠮᠴᠢ 

ᠨᠠᠷᠠ ᠲᠠᠢ ᠬᠤᠷ᠎ᠠ ᠲᠠᠢ ᠨᠤᠲᠤᠭ 
ᠨᠠᠢ᠍ᠮᠠᠨ ᠬᠣᠰᠢᠭᠤ ᠶ᠋ᠢ ᠨᠢ ᠲᠠᠨᠢᠯᠴᠠᠭᠤᠯᠤᠶ᠎ᠠ!
ᠨᠠᠰᠤᠲᠠᠢ ᠨᠢᠯᠬ᠎ᠠ ᠭᠡᠵᠦ ᠢᠯᠭᠠᠯ ᠦᠭᠡᠢ
ᠨᠠᠨᠳᠢᠨ ᠵᠢᠳᠬᠦᠯ ᠢ᠋ ᠨᠢ ᠮᠠᠭᠲᠠᠶ᠎ᠠ!

ᠯᠤᠤᠬ᠎ᠠ ᠶ᠋ᠢᠨ ᠭᠣᠣᠯ ᠂ ᠲᠠᠷᠭᠤᠨ ᠨᠠᠭᠤᠷ᠂ 
ᠭᠤᠷᠪᠠᠨ ᠰᠠᠢᠬᠠᠨ ᠭᠡᠵᠦ 
ᠨᠤᠲᠤᠭ ᠲᠠᠷᠠᠤᠬᠠᠨ ᠰᠡᠳᠬᠢᠯ ᠰᠠᠷᠠᠭᠤᠯᠬᠠᠨ
ᠰᠠᠷᠠᠨ᠎ᠠ ᠪᠠᠭᠰᠢ ᠶ᠋ᠢᠨ ᠮᠢᠨᠢ ᠦᠢᠯᠡᠰ ᠨᠢ ᠠᠷᠤᠤᠬᠠᠨ ᠠ᠋!

ᠵᠥᠪ ᠪᠢᠴᠢᠯᠭᠡ ᠶ᠋ᠢᠨ ᠬᠣᠯᠪᠣᠭᠠᠨ ᠳ᠋ᠤ᠌ ᠪᠠᠨ
ᠵᠢᠷᠦᠬᠡᠨ ᠲᠠᠮᠢᠷ ᠶ᠋ᠢᠡᠨ ᠰᠢᠪᠬᠠᠭᠰᠠᠨ
ᠵᠦᠭ ᠪᠦᠷᠢ ᠶ᠋ᠢᠨ ᠮᠣᠩᠭᠣᠯᠴᠤᠳ ᠢ᠋
ᠵᠢᠷᠭᠢᠭᠡ ᠬᠣᠯᠪᠣᠭ᠎ᠠ ᠪᠠᠷ ᠳᠠᠢᠴᠢᠯᠠᠭᠰᠠᠨ

ᠥᠷᠯᠥᠭ ᠮᠣᠩᠭᠣᠯ ᠤ᠋ᠨ ᠰᠣᠶᠣᠯ ᠶ᠋ᠢᠡᠨ
ᠥᠭᠡᠳᠡ ᠪᠡᠨ ᠲᠠᠲᠠᠬᠤ ᠴᠢᠬᠤᠯᠠ ᠲᠠᠢ ᠭᠡᠵᠦ
ᠥᠪᠥᠷ ᠳᠥᠴᠢ ᠶᠢᠰᠦᠨ ᠬᠣᠰᠢᠭᠤ ᠶ᠋ᠢ
ᠥᠨᠴᠥᠭ ᠪᠤᠯᠤᠩ ᠦᠭᠡᠢ ᠤᠷᠢᠶᠠᠯᠠᠭᠰᠠᠨ

ᠨᠠᠷᠮᠠᠢ ᠮᠣᠩᠭᠣᠯ ᠰᠣᠶᠣᠯ ᠮᠢᠨᠢ
ᠨᠠᠢᠭᠤᠵᠤ ᠭᠤᠢᠪᠢᠵᠤ ᠪᠣᠯᠬᠤ ᠦᠭᠡᠢ ᠭᠡᠵᠦ
ᠨᠠᠢᠳᠠᠵᠤ ᠬᠡᠨ ᠢ᠋ ᠴᠦ᠍ ᠬᠠᠷᠠᠭᠰᠠᠨ ᠦᠭᠡᠢ
ᠨᠠᠢ᠍ᠮᠠᠳᠤᠭᠠᠷ ᠬᠣᠯᠪᠣᠭ᠎ᠠ ᠭᠡᠵᠦ ᠪᠠᠢᠭᠤᠯᠤᠭᠰᠠᠨ

ᠲᠥᠯ ᠦ᠋ᠨ ᠳᠠᠭᠤᠨ ᠲᠠᠢ ᠲᠠᠯ᠎ᠠ ᠡᠴᠡ ᠪᠠᠨ
ᠲᠥᠷᠥᠯᠬᠢ ᠬᠡᠯᠡ ᠪᠡᠨ ᠴᠤᠤᠷᠢᠶᠠᠲᠤᠭᠤᠯᠤᠭᠰᠠᠨ
ᠲᠦᠮᠡ ᠪᠤᠮᠠᠨ ᠮᠣᠩᠭᠣᠯᠴᠤᠳ ᠲᠤ᠌
ᠲᠡᠦᠬᠡ ᠰᠣᠶᠣᠯ ᠶ᠋ᠢᠡᠨ ᠤᠯᠠᠮᠵᠢᠯᠠᠭᠰᠠᠨ

ᠦᠰᠦᠭ ᠪᠢᠴᠢᠭ ᠦ᠋ᠨ ᠬᠥᠭᠵᠢᠯᠲᠡ
ᠥᠨᠢᠷ ᠮᠣᠩᠭᠣᠯ ᠤ᠋ᠨ ᠰᠣᠶᠣᠯ
ᠦᠰᠦᠨ ᠪᠢᠷ ᠦ᠋ᠨ ᠤᠷᠠᠯᠢᠭ
ᠥᠨᠳᠥᠷ ᠠᠮᠵᠢᠯᠲᠠ ᠶ᠋ᠢᠨ ᠡᠵᠡᠨ

ᠠᠭᠤᠯᠠᠨ ᠤ᠋ ᠤᠯᠠᠭᠠᠨ ᠰᠠᠷᠠᠯᠠᠩ
ᠤᠷᠠᠨ ᠠᠪᠢᠶᠠᠰᠯᠢᠭ ᠰᠠᠷᠠᠨ᠎ᠠ
ᠣᠶᠤᠨ ᠢ᠋ ᠭᠡᠢᠭᠦᠯᠦᠭᠴᠢ ᠪᠠᠭᠰᠢ
ᠤᠬᠠᠭᠠᠨ ᠤ᠋ ᠰᠣᠳᠣᠨ ᠪᠦᠰᠡᠭᠦᠢ

ᠬᠡᠷᠦᠯᠦᠨ ᠦ᠌ ᠳᠥᠯᠭᠡᠨ ᠤᠷᠤᠰᠬᠠᠯ ᠰᠢᠭ᠋
ᠬᠡᠨᠲᠡᠢ ᠶ᠋ᠢᠨ ᠬᠡᠰᠡᠭ ᠴᠢᠯᠠᠭᠤ ᠰᠢᠭ᠋
ᠤᠨᠤᠨ ᠤ᠋ ᠲᠤᠩᠭᠠᠯᠠᠭ ᠤᠰᠤᠨ ᠰᠢᠭ᠋
ᠣᠯᠠᠨ ᠤ᠋ ᠬᠦᠨᠳᠦᠳᠬᠡᠯᠲᠡᠢ ᠪᠠᠭᠰᠢ ᠮᠢᠨᠢ!

ᠮᠠᠬᠢᠷ ᠰᠡᠯᠡᠮ᠎ᠡ ᠭᠢᠯᠠᠯᠵᠠᠭᠤᠯᠤᠭ᠎ᠠ ᠦᠭᠡᠢ ᠴᠦ᠍
ᠮᠣᠩᠭᠣᠯ ᠰᠣᠶᠣᠯ ᠶ᠋ᠢᠡᠨ ᠳᠦᠷᠡᠯᠵᠡᠭᠦᠯᠦᠭᠰᠡᠨ
ᠮᠢᠩᠭᠠᠲᠤ ᠶ᠋ᠢᠨ ᠣᠷᠣᠨ ᠳ᠋ᠤ᠌ ᠭᠢᠯᠠᠷᠠᠭ᠎ᠠ ᠦᠭᠡᠢ ᠴᠦ᠍
ᠮᠠᠩᠬᠠᠨ ᠨᠤᠲᠤᠭ ᠲᠤ᠌ ᠪᠠᠨ ᠭᠢᠯᠠᠯᠵᠠᠭᠰᠠᠨ

ᠴᠠᠬᠢᠮ ᠬᠠᠭᠤᠳᠠᠰᠤᠨ ᠤ᠋ ᠪᠢᠴᠢᠯᠭᠡ ᠳ᠋ᠦ᠍
ᠴᠢᠷᠮᠠᠢᠯᠭ᠎ᠠ ᠭᠠᠷᠭᠠᠭᠰᠠᠨ ᠲᠠ ᠪᠢᠯᠡ
ᠴᠠᠭᠠᠰᠤᠨ ᠳ᠋ᠤ᠌ ᠮᠥᠷ ᠲᠡᠢ ᠰᠤᠳᠤᠷ ᠤ᠋ᠨ
ᠴᠠᠷᠠᠭ᠎ᠠ ᠶ᠋ᠢ ᠨᠢ ᠴᠠᠭᠠᠱᠢ ᠪᠠᠨ ᠲᠡᠯᠡᠵᠦ ᠪᠢᠯᠡ!

ᠠᠴᠢᠲᠤ ᠪᠠᠭᠰᠢ ᠲᠠᠨ ᠳ᠋ᠤ᠌ ᠪᠠᠨ
ᠠᠯᠤᠰ ᠤ᠋ᠨ ᠠᠯᠤᠰ ᠨᠤᠲᠤᠭ ᠡᠴᠡ
ᠠᠴᠤᠭ ᠰᠢᠯᠪᠢ ᠬᠣᠯᠪᠣᠵᠤ
ᠠᠶᠠᠯᠭᠤ ᠨᠠᠢᠷᠠᠭ ᠶ᠋ᠢᠡᠨ ᠡᠷᠭᠦᠶ᠎ᠡ!

ᠪᠣᠷᠣ ᠰᠢᠯᠦᠭ ᠬᠡᠳᠦᠨ ᠪᠠᠳᠠᠭ ᠶ᠋ᠢᠡᠨ 
ᠪᠤᠶᠠᠨᠰᠠᠭ ᠪᠠᠭᠰᠢ ᠳ᠋ᠤ᠌ ᠪᠠᠨ ᠪᠠᠷᠢᠶ᠎ᠠ
ᠪᠤᠷᠠᠮ ᠶ᠋ᠢᠨᠷ ᠪᠢᠰᠢ ᠤᠷᠮ᠎ᠠ ᠪᠠᠷ ᠭᠡᠵᠦ
ᠪᠤᠭᠤᠷᠤᠯ ᠡᠪᠦᠭᠡᠳ ᠦ᠋ᠨ ᠰᠤᠷᠭᠠᠯ ᠪᠣᠢ ᠊ᠶ᠎ᠠ

  ᠦᠰᠦᠭ ᠠᠮᠢᠯᠠᠭᠤᠯᠤᠭᠴᠢ᠄  ᠪᠣᠷᠵᠢᠭᠢᠨ ᠠᠵᠠᠵᠠᠶᠠᠭ᠎ᠠ
  ᠵᠢᠷᠤᠭ ᠤᠷᠠᠯᠠᠭᠴᠢ᠄ ᠬᠣᠨᠢᠴᠢᠨ ᠪᠦᠰᠡᠭᠦᠢ 
  ᠦᠰᠦᠭ ᠬᠠᠲᠠᠭᠴᠢ᠄   ᠦᠨᠢᠮᠦ᠋ᠩᠬᠡ 
  ᠬᠢᠨᠠᠭᠴᠢ᠄ ᠳᠤᠷᠠᠰᠬᠠᠯᠳᠤ᠂ ᠣᠳᠬᠠᠨᠰᠣ᠎ᠠ