ᠳᠠᠨᠠᠪᠠᠯДанавалDanaval-ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠨᠠᠪᠠᠯДанавалDanaval-ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ

ᠳᠠᠨᠠᠪᠠᠯДанавалDanaval-ᠤᠮᠠᠷᠠᠲᠤ ᠶ᠋ᠢᠨ ᠴᠥᠭᠡᠨ ᠲᠣᠭᠠᠲᠤ ᠦᠨᠳᠦᠰᠦᠲᠡᠨ ᠦ᠌ ᠤᠷᠠᠨ ᠵᠣᠬᠢᠶᠠᠯ

2025-05-21

647

ᠳᠠᠨᠠᠪᠠᠯ

ᠲᠥᠷᠥᠭᠰᠡᠨ ᠭᠠᠵᠠᠷ ᠨᠤᠲᠤᠭ ᠢ᠋ ᠴᠢᠨᠢ
ᠬᠡᠯᠡᠳᠡᠭ ᠪᠣᠯᠪᠠᠯ ᠳᠠᠨᠠᠪᠠᠯ ᠠ᠋
ᠪᠣᠳᠣᠯᠭᠠᠲᠤ ᠶ᠋ᠢᠨ ᠬᠣᠰᠢᠭᠤ
ᠵᠢᠯᠲᠦ ᠶ᠋ᠢᠨ ᠠᠢᠯ ᠠ᠋
ᠲᠦᠪᠡᠭᠳᠡᠵᠦ ᠠᠯᠪᠠ ᠬᠢᠭᠰᠡᠨ
ᠭᠠᠵᠠᠷ ᠢ᠋ ᠴᠢᠨᠢ ᠬᠡᠯᠡᠪᠡᠯ  ᠳᠠ
ᠠ ᠬᠠ ᠬᠦ
ᠥᠨᠳᠥᠷ ᠬᠤᠰᠤᠨ ᠠᠢᠯ ᠤ᠋ᠨ
ᠡᠷᠳᠡᠨᠢᠪᠢᠯᠢᠭ* ᠦ᠋ᠨ ᠴᠡᠷᠢᠭ ᠳᠡᠭᠡᠷ᠎ᠡ ᠠ᠋᠃

ᠤᠤᠭᠤᠭᠳᠠᠭᠰᠠᠨ ᠤᠰᠤ ᠶ᠋ᠢ ᠴᠢᠨᠢ
ᠬᠡᠯᠡᠳᠡᠭ ᠪᠣᠯᠪᠠᠯ ᠲᠠᠨᠠᠪᠠᠯ ᠠ᠋
ᠤᠷᠳᠤᠭᠤᠷ ᠨᠢ ᠤᠷᠤᠰᠴᠤ ᠪᠠᠢᠬᠤ
ᠶᠣᠣ ᠶ᠋ᠢᠨ ᠭᠣᠣᠯ ᠠ᠋
ᠤᠴᠠᠷᠠᠵᠤ ᠠᠯᠪᠠ ᠬᠢᠭᠰᠡᠨ
ᠭᠠᠵᠠᠷ ᠢ᠋ ᠴᠢᠨᠢ ᠬᠡᠯᠡᠪᠡᠯ ᠳᠡ
ᠠ ᠬᠠ ᠬᠦ
ᠥᠨᠳᠥᠷ ᠬᠤᠰᠤᠨ ᠠᠢᠯ ᠤ᠋ᠨ
ᠡᠷᠳᠡᠨᠢᠪᠢᠯᠢᠭ ᠦ᠋ᠨ ᠴᠡᠷᠢᠭ ᠳᠡᠭᠡᠷ᠎ᠡ᠃
ᠪᠣᠳᠣᠯᠭᠠᠲᠤ ᠶ᠋ᠢᠨ ᠬᠣᠰᠢᠭᠤ ᠵᠢᠯᠲᠦ ᠶ᠋ᠢᠨ ᠠᠢᠯ ᠤ᠋ᠨ ᠠᠯᠳᠠᠷᠲᠤ ᠡᠮᠴᠢ ᠮᠡᠩᠭᠦᠢ ᠡᠴᠡ ᠭᠠᠭᠴᠠᠬᠠᠨ ᠬᠦᠦ ᠲᠡᠢ ᠶᠤᠮᠰᠠᠨ᠂ ᠨᠡᠷ᠎ᠡ ᠨᠢ ᠳᠠᠨᠠᠪᠠᠯ ᠭᠡᠳᠡᠭ᠂ ᠡᠨᠡ ᠵᠢᠯ ᠨᠢᠭᠡᠨᠲᠡ ᠠᠷᠪᠠᠨ ᠨᠠᠢ᠍ᠮᠠᠨ ᠨᠠᠰᠤᠯᠠᠪᠠ᠃ ᠳᠠᠨᠠᠪᠠᠯ ᠦᠷᠭᠦᠯᠵᠢ ᠠᠪᠤ ᠪᠠᠨ ᠳᠠᠭᠠᠵᠤ ᠠᠪᠠ ᠬᠦᠷᠦᠭᠡ ᠬᠢᠬᠦ ᠪᠡᠷ ᠭᠠᠷᠬᠤ ᠲᠤᠯᠠ᠂ ᠮᠣᠷᠢ ᠫᠤᠤ ᠳ᠋ᠠᠭᠠᠨ ᠶᠡᠬᠡᠯ᠎ᠡ ᠰᠢᠯᠭᠠᠷᠠᠨ ᠮᠡᠷᠭᠡᠵᠢᠵᠦ᠂ ᠣᠢᠷ᠎ᠠ ᠣᠷᠴᠢᠮ ᠤ᠋ᠨ ᠮᠡᠷᠭᠡᠨ ᠫᠤᠤᠴᠢ ᠭᠡᠵᠦ ᠠᠯᠳᠠᠷᠰᠢᠭᠰᠠᠨ ᠪᠢᠯᠡ᠃
ᠲᠤᠰ ᠠᠢᠯ ᠤ᠋ᠨ ᠨᠢᠭᠡᠨ ᠶᠠᠳᠠᠭᠤ ᠲᠠᠷᠢᠶᠠᠴᠢᠨ ᠤ᠋ ᠭᠡᠷ ᠲᠦ᠍ ᠵᠢᠨᠰᠢᠶᠠᠩ ᠭᠡᠳᠡᠭ ᠠᠷᠪᠠᠨ ᠳᠣᠯᠣᠭᠠᠨ ᠨᠠᠰᠤ ᠲᠠᠢ ᠥᠬᠢᠨ ᠪᠠᠢᠵᠠᠢ᠃ ᠳᠠᠨᠠᠪᠠᠯ ᠵᠢᠨᠰᠢᠶᠠᠩ ᠬᠣᠶᠠᠭᠤᠯᠠ ᠬᠠᠷᠠᠬᠠᠨ ᠪᠠᠭ᠎ᠠ ᠠ᠋ᠴᠠ ᠪᠠᠨ ᠬᠠᠮᠲᠤ ᠨᠠᠭᠠᠳᠤᠨ ᠥᠰᠴᠦ᠂ ᠥᠭᠡᠯᠡᠢ ᠥᠨᠳᠥᠷ ᠪᠣᠯᠤᠭᠰᠠᠨ ᠤ᠋ ᠳᠠᠷᠠᠭ᠎ᠠ ᠬᠠᠷᠢᠯᠴᠠᠨ ᠢᠨᠠᠭ ᠳᠤᠷᠠᠯᠠᠯ ᠤ᠋ᠨ ᠰᠡᠳᠬᠢᠯ ᠡᠭᠦᠰᠴᠦ ᠮᠠᠰᠢ ᠳᠣᠲᠣᠨᠣ ᠶᠠᠪᠤᠯᠴᠠᠳᠠᠭ ᠪᠢᠯᠡ᠃
ᠨᠢᠭᠡ ᠡᠳᠦᠷ᠂ ᠡᠷᠳᠡᠨᠢᠪᠢᠯᠢᠭ ᠨᠣᠶᠠᠨ ᠬᠤᠰᠢᠭᠤᠨ ᠴᠡᠷᠢᠭ ᠢ᠋ᠶ᠋ᠡᠨ ᠳᠠᠢᠴᠢᠯᠠᠵᠤ ᠵᠢᠯᠲᠦ ᠶ᠋ᠢᠨ ᠠᠢᠯ ᠳ᠋ᠤ᠌ ᠪᠠᠭᠤᠭᠰᠠᠨ ᠳ᠋ᠤ᠌ ᠳᠠᠨᠠᠪᠠᠯ ᠦᠵᠡᠭᠡᠳ ᠳᠣᠲᠣᠷ᠎ᠠ ᠪᠠᠨ ᠶᠡᠬᠡᠯ᠎ᠡ ᠪᠠᠬᠠᠷᠠᠵᠤ ᠴᠡᠷᠢᠭ ᠲᠦ᠍ ᠣᠷᠣᠬᠤ ᠰᠠᠨᠠᠭ᠎ᠠ ᠡᠭᠦᠰᠦᠭᠰᠡᠨ ᠪᠠᠢᠨ᠎ᠠ᠃
ᠵᠢᠵᠢᠭᠢᠨᠠᠨ ᠳᠤᠤᠭᠠᠷᠬᠤ
ᠵᠢᠦ ᠶᠢᠨ ᠬᠣᠣ ᠶ᠋ᠢ ᠨᠢ ᠰᠣᠨᠣᠰᠤᠭᠠᠳ
ᠵᠢᠷᠦᠬᠡ ᠴᠡᠭᠡᠵᠢᠨ ᠦ᠌ ᠳᠣᠲᠣᠷ᠎ᠠ ᠨᠢ
ᠬᠥᠪᠦᠯᠵᠡᠨ᠎ᠡ ᠰᠢᠦ ᠳᠠᠨᠠᠪᠠᠯ ᠠ᠋
ᠵᠡᠷᠭᠡᠴᠡ ᠵᠣᠭᠰᠣᠭᠠᠳ
ᠫᠤᠤ ᠡᠭᠦᠷᠦᠭᠰᠡᠨ ᠢ᠋ ᠨᠢ ᠦᠵᠡᠭᠡᠳ
ᠠ ᠬᠠ ᠬᠦ
ᠵᠢᠭᠰᠠᠭᠠᠯ ᠳ᠋ᠤᠨᠢ ᠣᠷᠣᠭᠠᠳ
ᠳᠠᠭᠠᠵᠤ ᠶᠠᠪᠤᠮᠠᠷ ᠰᠠᠨᠠᠭᠳᠠᠨ᠎ᠠ᠃
ᠦᠨᠳᠡᠪᠡᠯᠵᠡᠨ ᠳᠤᠤᠭᠠᠷᠬᠤ
ᠡᠦ ᠶᠢᠩ ᠬᠣᠣ ᠶ᠋ᠢ ᠨᠢ ᠰᠣᠨᠣᠰᠤᠭᠠᠳ
ᠡᠪᠴᠢᠭᠦᠦ ᠴᠡᠭᠡᠵᠡᠨ ᠳᠣᠲᠣᠷ᠎ᠠ ᠨᠢ
ᠬᠥᠪᠦᠯᠵᠡᠨ᠎ᠡ ᠰᠢᠦ ᠳᠠᠨᠠᠪᠠᠯ
ᠥᠩᠭᠡᠲᠦ ᠲᠤᠭ ᠢ᠋ᠶ᠋ᠠᠨ ᠮᠠᠨᠳᠤᠭᠤᠯᠵᠤ
ᠮᠣᠷᠳᠠᠭᠠᠳ ᠭᠠᠷᠬᠤ ᠶ᠋ᠢ ᠨᠢ ᠦᠵᠡᠭᠡᠳ
ᠠ ᠬᠠ ᠬᠦ
ᠦᠷᠢᠶ᠎ᠡ ᠮᠣᠷᠢ ᠪᠠᠨ ᠤᠨᠤᠭᠠᠳ
ᠳᠠᠭᠠᠵᠤ ᠶᠠᠪᠤᠮᠠᠷ ᠰᠠᠨᠠᠭᠳᠠᠨ᠎ᠠ᠃
ᠳᠠᠨᠠᠪᠠᠯ᠂ ᠬᠤᠰᠢᠭᠤᠨ ᠤ᠋ ᠴᠡᠷᠢᠭ ᠲᠦ᠍ ᠣᠷᠣᠬᠤ ᠶ᠋ᠢ ᠬᠦᠰᠡᠵᠦ ᠠᠪᠤ ᠳ᠋ᠠᠭᠠᠨ ᠬᠡᠴᠢᠨᠡᠨ ᠤᠳᠠᠭ᠎ᠠ ᠬᠡᠯᠡᠭᠰᠡᠨ ᠴᠦ᠍ ᠠᠪᠤ ᠨᠢ ᠬᠠᠷᠢᠨ ᠵᠥᠪᠰᠢᠶᠡᠷᠡᠭᠰᠡᠨ ᠦᠭᠡᠢ ᠶᠦ᠍ᠮ᠃ ᠡᠢᠮᠦ ᠡᠴᠡ ᠳᠠᠨᠠᠪᠠᠯ ᠠᠷᠭ᠎ᠠ ᠶᠠᠳᠠᠬᠤ ᠳ᠋ᠠᠭᠠᠨ ᠭᠡᠷ ᠡᠴᠡ ᠪᠡᠨ ᠤᠷᠭᠤᠵᠤ ᠭᠠᠷᠴᠤ ᠴᠡᠷᠢᠭ ᠲᠦ᠍ ᠮᠣᠷᠳᠠᠬᠤ ᠪᠠᠷ ᠰᠢᠢᠳᠪᠡ᠃
ᠠᠭᠲᠠ ᠬᠦᠯᠦᠭ ᠣᠭᠣᠨᠣᠨ ᠬᠤᠸᠠ ᠪᠠᠨ
ᠠᠳᠤᠭᠤᠨ ᠠ᠋ᠴᠠ ᠪᠠᠨ ᠪᠠᠷᠢᠴᠢᠬᠠᠯ᠎ᠠ
ᠠᠷᠪᠠ ᠳᠤᠤᠭᠠᠷᠬᠤ ᠽᠢᠯᠠᠢᠳᠠᠢ ᠪᠠᠨ
ᠠᠷᠤ ᠳ᠋ᠠᠭᠠᠨ ᠠᠪᠤᠭᠠᠳ ᠵᠡᠭᠦᠴᠢᠬᠡᠯ᠎ᠡ
ᠠᠯᠪᠠᠨ ᠴᠡᠷᠢᠭ ᠲᠦ᠍ ᠣᠷᠣᠬᠤ ᠭᠡᠵᠦ
ᠠᠳᠠᠯ ᠭᠡᠷ ᠡᠴᠡ ᠪᠡᠨ ᠤᠷᠭᠤᠬᠤᠯᠠᠷ
ᠠ ᠬᠠ ᠬᠦ
ᠠᠮᠠᠷᠠᠭ ᠪᠠᠭ᠎ᠠ ᠵᠢᠨᠰᠢᠶᠠᠩ ᠨᠢ
ᠠᠶᠤᠤᠯᠢᠬᠠᠢ ᠴᠡᠭᠡᠵᠢᠨ ᠳ᠋ᠦ᠍ᠨᠢ ᠪᠣᠳᠣᠭᠳᠠᠨ᠎ᠠ᠃
ᠦᠷᠢᠶ᠎ᠡ ᠬᠦᠯᠦᠭ ᠣᠭᠣᠨᠣᠨ ᠬᠤᠸᠠ ᠪᠠᠨ
ᠠᠳᠤᠭᠤᠨ ᠠ᠋ᠴᠠ ᠪᠠᠨ ᠪᠠᠷᠢᠴᠢᠬᠠᠯ᠎ᠠ
ᠥᠨᠳᠥᠷ ᠫᠤᠤ ᠤᠶᠢᠨᠴᠢᠶᠠᠩ ᠢ᠋ᠶ᠋ᠠᠨ
ᠡᠷᠭᠦᠨ ᠠᠪᠤᠭᠠᠳ ᠡᠭᠦᠷᠴᠢᠬᠡᠯ᠎ᠡ
ᠡᠵᠡᠨ ᠦ᠌ ᠴᠡᠷᠢᠭ ᠲᠦ᠍ ᠣᠷᠣᠬᠤ ᠭᠡᠵᠦ
ᠡᠷᠦᠬᠡ ᠭᠡᠷ ᠡᠴᠡ ᠪᠡᠨ ᠤᠷᠭᠤᠬᠤᠯᠠᠷ
ᠠ ᠬᠠ ᠬᠦ
ᠦᠶ᠎ᠡ ᠶ᠋ᠢᠨ ᠠᠮᠠᠷᠠᠭ ᠵᠢᠨᠰᠢᠶᠠᠩ ᠨᠢ
ᠡᠪᠴᠢᠭᠦᠦ ᠴᠡᠭᠡᠵᠢᠨ ᠳ᠋ᠦ᠍ᠨᠢ ᠰᠠᠨᠠᠭᠳᠠᠨ᠎ᠠ᠃
ᠪᠦᠭᠴᠢᠮ ᠬᠠᠯᠠᠭᠤᠨ ᠵᠤᠨ ᠤ᠋ ᠴᠠᠭ᠂ ᠪᠦᠬᠦ ᠠᠢᠯ ᠤ᠋ᠨ ᠡᠷᠡᠭᠲᠡᠢᠴᠦᠳ ᠴᠥᠮ ᠲᠠᠷᠢᠶᠠᠨ ᠠᠵᠢᠯ ᠳ᠋ᠤ᠌ ᠶᠠᠭᠠᠷᠠᠯᠳᠤᠨ ᠦᠳᠡ ᠶ᠋ᠢᠨ ᠠᠮᠠᠷᠠᠯᠲᠠ ᠬᠣᠭᠣᠯᠠᠨ ᠤ᠋ ᠴᠠᠭ ᠪᠣᠯᠬᠤ ᠳ᠋ᠤ᠌ ᠠᠢᠯ ᠤ᠋ᠨ ᠡᠮᠡᠭᠲᠡᠢᠴᠦᠳ ᠠᠵᠢᠯ ᠤ᠋ᠨ ᠬᠥᠮᠦᠰ ᠲᠡᠭᠡᠨ ᠬᠦᠨᠡᠰᠦ ᠬᠣᠭᠣᠯᠠ ᠬᠦᠷᠭᠡᠬᠦ ᠭᠡᠵᠦ᠂ ᠠᠢᠷᠠᠭ᠂ ᠪᠤᠳᠠᠭ᠎ᠠ ᠪᠠᠨ ᠸᠠᠭᠠᠷ ᠰᠠᠪᠠ ᠳ᠋ᠤ᠌ ᠬᠢᠵᠦ ᠳᠠᠮᠨᠠᠭᠠᠳ᠂ ᠬᠣᠢᠨ᠎ᠠ ᠬᠣᠢᠨ᠎ᠠ ᠠ᠋ᠴᠠ ᠪᠠᠨ ᠳᠠᠭᠠᠯᠳᠤᠵᠤ ᠬᠠᠩᠭᠢᠨᠠᠲᠠᠯ᠎ᠠ ᠳᠠᠭᠤᠯᠠᠵᠤ ᠶᠠᠪᠤᠳᠠᠭ ᠶᠤᠮᠰᠠᠨ᠃ ᠡᠨᠡ ᠡᠳᠦᠷ ᠵᠢᠨᠰᠢᠶᠠᠩ ᠤ᠋ᠨ ᠡᠵᠢ ᠨᠢ ᠴᠦ᠍ ᠮᠥᠨ ᠬᠦᠨᠡᠰᠦ ᠳᠠᠮᠨᠠᠵᠤ ᠬᠥᠳᠡᠭᠡ ᠳ᠋ᠦ᠍ ᠭᠠᠷᠤᠭᠰᠠᠨ ᠠ᠋ᠴᠠ ᠵᠢᠨᠰᠢᠶᠠᠩ ᠭᠠᠭᠴᠠᠭᠠᠷ ᠦᠯᠡᠳᠡᠵᠦ ᠭᠡᠷ ᠢ᠋ᠶ᠋ᠡᠨ ᠰᠠᠬᠢᠨ ᠣᠶᠣᠳᠠᠯ ᠣᠶᠣᠵᠤ ᠰᠠᠭᠤᠬᠤ ᠶ᠋ᠢ ᠳᠠᠯᠢᠮᠳᠠᠭᠤᠯᠵᠤ ᠳᠠᠨᠠᠪᠠᠯ ᠲᠡᠭᠦᠨ ᠢ᠋ ᠡᠷᠢᠵᠦ ᠢᠷᠡᠬᠦ ᠳ᠋ᠦ᠍ ᠵᠢᠨᠰᠢᠶᠠᠩ ᠰᠣᠴᠢᠰᠬᠢᠵᠦ ᠣᠶᠣᠵᠤ ᠪᠠᠢᠭᠰᠠᠨ ᠶᠠᠭᠤᠮ᠎ᠠ ᠪᠠᠨ ᠰᠠᠨᠳᠤᠷᠤᠨ ᠨᠢᠭᠤᠵᠤ᠂ ᠪᠣᠰᠴᠤ ᠯᠠᠪᠯᠠᠨ ᠦᠵᠡᠬᠦ ᠳ᠋ᠦ᠍ ᠬᠠᠷᠢᠨ ᠳᠠᠨᠠᠪᠠᠯ ᠢᠷᠡᠭᠰᠡᠨ ᠪᠠᠢᠨ᠎ᠠ᠃
ᠴᠢᠩᠭᠢᠭᠡᠳ ᠵᠢᠨᠰᠢᠶᠠᠩ᠄
ᠠᠯᠲᠠ ᠤᠷᠲᠤ ᠭᠡᠵᠢᠭᠡ ᠪᠡᠨ
ᠠᠷᠤ ᠥᠭᠡᠳᠡ ᠪᠡᠨ ᠰᠠᠵᠢᠴᠢᠬᠠᠯ᠎ᠠ
ᠠᠯᠠᠭ ᠬᠣᠶᠠᠷ ᠨᠢᠳᠦ ᠪᠡᠨ
ᠠᠮᠠᠷᠠᠭ ᠤ᠋ᠨ ᠢ᠋ᠶ᠋ᠠᠨ ᠵᠦᠭ ᠲᠤᠨᠤᠷᠠᠭᠤᠯᠤᠯ᠎ᠠ
ᠠᠪᠤ ᠡᠵᠢ ᠬᠣᠶᠠᠷ ᠠ᠋ᠴᠠ ᠪᠠᠨ
ᠨᠢᠭᠤᠵᠤ ᠣᠶᠣᠭᠰᠠᠨ ᠠᠯᠴᠢᠭᠤᠷ ᠰᠢᠦ
ᠠᠮᠠᠷᠠᠭ ᠬᠣᠩᠭᠣᠷ ᠠᠬ᠎ᠠ ᠴᠢᠮ᠎ᠠ ᠳ᠋ᠠᠭᠠᠨ
ᠪᠡᠯᠡᠭ ᠪᠣᠯᠭᠠᠵᠤ ᠬᠢᠭᠰᠡᠨ ᠶᠦᠮ ᠠ᠋᠃
ᠮᠣᠢᠯ ᠬᠠᠷ᠎ᠠ ᠭᠡᠵᠢᠭᠡ ᠪᠡᠨ
ᠮᠥᠷᠥ ᠤᠷᠤᠭᠤ ᠪᠠᠨ ᠰᠠᠵᠢᠴᠢᠬᠠᠯ᠎ᠠ
ᠮᠥᠰᠥᠨ ᠴᠠᠭᠠᠨ ᠰᠢᠲᠦ ᠨᠢ
ᠤᠷᠤᠭᠤᠯ ᠢ᠋ᠶ᠋ᠠᠨ ᠳᠠᠭᠠᠭᠠᠳ ᠴᠠᠢᠯᠵᠠᠨ᠎ᠠ
ᠮᠥᠮᠥ ᠠᠪᠤ ᠬᠣᠶᠠᠷ ᠠ᠋ᠴᠠ ᠪᠠᠨ
ᠨᠢᠭᠤᠵᠤ ᠣᠶᠣᠭᠰᠠᠨ ᠠᠯᠴᠢᠭᠤᠷ ᠰᠢᠦ
ᠮᠥᠩᠬᠡ ᠶ᠋ᠢᠨ ᠰᠠᠨᠠᠭᠰᠠᠨ ᠬᠣᠩᠭᠣᠷ ᠴᠢᠮ᠎ᠠ ᠳ᠋ᠠᠭᠠᠨ
ᠪᠡᠯᠡᠭ ᠪᠣᠯᠭᠠᠵᠤ ᠬᠢᠭᠰᠡᠨ ᠶᠦᠮ ᠠ᠋᠃
ᠭᠡᠬᠦ ᠳ᠋ᠦ᠍᠂ ᠳᠠᠨᠠᠪᠠᠯ ᠬᠤᠰᠢᠭᠤᠨ ᠤ᠋ ᠴᠡᠷᠢᠭ ᠲᠦ᠍ ᠮᠣᠷᠳᠠᠬᠤ ᠪᠠᠷ ᠭᠡᠷ ᠡᠴᠡ ᠪᠡᠨ ᠤᠷᠭᠤᠵᠤ ᠶᠠᠪᠤᠬᠤ ᠭᠡᠰᠡᠨ ᠤᠴᠢᠷ ᠢ᠋ᠶ᠋ᠠᠨ ᠵᠢᠨᠰᠢᠶᠠᠩ ᠳ᠋ᠤ᠌ ᠬᠡᠯᠡᠵᠦ ᠪᠠᠢᠨ᠎ᠠ᠃ ᠭᠡᠲᠡᠯ᠎ᠡ ᠵᠢᠨᠰᠢᠶᠠᠩ᠂ ᠳᠠᠨᠠᠪᠠᠯ ᠢ᠋ᠶ᠋ᠠᠨ ᠴᠡᠷᠢᠭ ᠲᠦ᠍ ᠶᠠᠪᠤᠭᠤᠯᠬᠤ ᠳᠤᠷ᠎ᠠ ᠦᠭᠡᠢ ᠲᠤᠯᠠ ᠨᠢᠳᠦᠨ ᠨᠢᠯᠪᠤᠰᠤ ᠤᠨᠠᠭᠠᠨ᠎ᠠ᠃ ᠳᠠᠨᠠᠪᠠᠯ ᠡᠭᠦᠨ ᠢ ᠦᠵᠡᠵᠦ ᠵᠢᠨᠰᠢᠶᠠᠩ ᠳ᠋ᠠᠭᠠᠨ ᠬᠡᠯᠡᠵᠦ ᠪᠠᠢᠬᠤ ᠨᠢ᠄
ᠠᠭᠲᠠ ᠬᠦᠯᠦᠭ ᠣᠨᠣᠭᠣᠨ ᠬᠤᠸᠠ ᠶ᠋ᠢᠨ
ᠠᠯᠬᠤᠭ᠎ᠠ ᠭᠢᠰᠬᠢᠭᠡ ᠶ᠋ᠢ ᠨᠢ ᠣᠯᠤᠭᠠᠳᠤᠢ ᠰᠢᠦ
ᠠᠷᠤ ᠳ᠋ᠠᠭᠠᠨ ᠡᠭᠦᠷᠦᠭᠰᠡᠨ ᠥᠨᠳᠥᠷ ᠫᠤᠤ ᠶ᠋ᠢᠨ
ᠣᠨᠣᠯᠲᠠ ᠲᠤᠰᠤᠯᠲᠠ ᠶ᠋ᠢ ᠨᠢ ᠮᠡᠳᠡᠭᠡᠳᠦᠢ ᠰᠢᠦ
ᠠᠳᠠᠯ ᠭᠡᠷ ᠲᠡᠭᠡᠨ ᠰᠠᠭᠤᠵᠤ ᠪᠠᠢᠭᠠᠳ
ᠡᠨᠡ ᠨᠠᠰᠤ ᠶ᠋ᠢ ᠪᠠᠷᠠᠬᠤ ᠪᠠᠷ
ᠠ ᠬᠠ ᠬᠦ
ᠠᠯᠪᠠᠨ ᠴᠡᠷᠢᠭ ᠲᠦ᠍ ᠮᠥᠷᠳᠡᠵᠦ ᠪᠠᠢᠭᠠᠳ
ᠠᠯᠲᠠᠨ ᠳᠡᠯᠡᠬᠡᠢ ᠪᠡᠷ ᠡᠷᠭᠢᠭᠦᠯᠳᠡᠶ᠎ᠡ᠃
ᠦᠷᠢᠶ᠎ᠡ ᠬᠦᠯᠦᠭ ᠣᠨᠣᠭᠣᠨ ᠬᠤᠸᠠ ᠶ᠋ᠢᠨ
ᠥᠷᠭᠥᠭᠡ ᠠᠳᠬᠤᠭ᠎ᠠ ᠶ᠋ᠢ ᠨᠢ ᠣᠯᠤᠭᠠᠳᠤᠢ
ᠥᠨᠳᠥᠷ ᠫᠤᠤ ᠤᠶᠢᠨᠴᠢᠶᠠᠩ ᠤ᠋ᠨ ᠢ᠋ᠶ᠋ᠠᠨ
ᠣᠨᠣᠯᠲᠠ ᠲᠤᠰᠤᠯᠲᠠ ᠶ᠋ᠢ ᠨᠢ ᠮᠡᠳᠡᠭᠡᠳᠦᠢ
ᠡᠷᠦᠬᠡ ᠭᠡᠷ ᠲᠡᠭᠡᠨ ᠰᠠᠭᠤᠵᠤ ᠪᠠᠢᠭᠠᠳ
ᠡᠨᠡ ᠨᠠᠰᠤ ᠶ᠋ᠢ ᠪᠠᠷᠠᠬᠤ ᠪᠠᠷ
ᠠ ᠬᠠ ᠬᠦ
ᠡᠷᠳᠡᠨᠢᠪᠢᠯᠢᠭ ᠢ ᠳᠠᠭᠠᠵᠤ ᠪᠠᠢᠭᠠᠳ
ᠶᠢᠷᠲᠢᠨᠴᠦ ᠳᠡᠯᠡᠬᠡᠢ ᠪᠡᠷ ᠲᠣᠭᠣᠷᠢᠶ᠎ᠠ
ᠵᠢᠨᠰᠢᠶᠠᠩ ᠡᠭᠦᠨ ᠢ ᠰᠣᠨᠣᠰᠤᠭᠠᠳ ᠬᠡᠯᠡᠵᠦ ᠪᠠᠢᠨ᠎ᠠ᠄
ᠡᠦ ᠲᠦᠩᠱᠦ ᠮᠣᠳᠣ ᠴᠢᠨᠢ
ᠢᠯᠵᠢᠷᠡᠭᠡᠳ ᠤᠨᠠᠬᠤ ᠳ᠋ᠤ᠌ ᠭᠠᠢᠭᠤᠢ ᠳᠠ ᠬᠦ
ᠥᠲᠥᠨ ᠵᠢᠭᠦᠷ ᠲᠡᠢ ᠢᠩᠭᠡᠷ ᠰᠢᠪᠠᠭᠤ ᠴᠢᠨᠢ
ᠬᠠᠮᠢᠭ᠎ᠠ ᠪᠠᠨ ᠰᠠᠭᠤᠵᠤ ᠳᠣᠩᠭᠣᠳᠤᠶ᠎ᠠ ᠳᠠ
ᠦᠶᠡᠷᠬᠡᠵᠦ ᠨᠠᠠᠭᠠᠳᠣᠭᠰᠠᠨ ᠳᠠᠨᠠᠪᠠᠯ ᠠᠬ᠎ᠠ ᠮᠢᠨᠢ
ᠡᠵᠡᠨ ᠦ᠌ ᠴᠡᠷᠢᠭ ᠲᠦ᠍ ᠮᠣᠷᠳᠠᠪᠠᠯ ᠳᠠ
ᠠ ᠬᠠ ᠬᠦ
ᠦᠯᠡᠳᠡᠵᠦ ᠬᠣᠴᠣᠷᠠᠭᠰᠠᠨ ᠶᠢᠨᠰᠢᠶᠠᠩ ᠴᠢᠨᠢ
ᠬᠡᠨ ᠢ᠋ᠶ᠋ᠡᠨ ᠬᠠᠷᠠᠵᠤ ᠰᠠᠭᠤᠶ᠎ᠠ ᠳᠠ
ᠬᠠᠢᠯᠠᠰᠤ ᠮᠠᠢᠯᠠᠰᠤᠨ ᠮᠣᠳᠣ ᠴᠢᠨᠢ
ᠬᠠᠢᠪᠠᠢᠭᠠᠳ ᠯᠠ ᠤᠨᠠᠪᠠᠯ
ᠬᠠᠢᠴᠢᠨ ᠵᠢᠭᠦᠷ ᠲᠡᠢ ᠢᠩᠭᠡᠷ ᠰᠢᠪᠠᠭᠤ ᠴᠢᠨᠢ
ᠬᠠᠮᠢᠭ᠎ᠠ ᠨᠢ ᠰᠠᠭᠤᠵᠤ ᠳᠣᠩᠭᠣᠳᠤᠶ᠎ᠠ ᠳᠠ
ᠬᠠᠢᠷᠠᠯᠠᠵᠤ ᠰᠠᠨᠠᠭᠰᠠᠨ ᠳᠠᠨᠠᠪᠠᠯ ᠠᠬ᠎ᠠ ᠮᠢᠨᠢ
ᠬᠠᠭᠠᠨ ᠤ᠋ ᠴᠡᠷᠢᠭ ᠲᠦ᠍ ᠮᠣᠷᠳᠠᠪᠠᠯ
ᠠ ᠬᠠ ᠬᠦ
ᠬᠣᠴᠣᠷᠤᠭᠠᠳ ᠦᠯᠡᠳᠡᠭᠰᠡᠨ ᠵᠢᠨᠰᠢᠶᠠᠩ ᠴᠢᠨᠢ
ᠬᠡᠨ ᠢ᠋ᠶ᠋ᠡᠨ ᠬᠠᠷᠠᠵᠤ ᠰᠠᠭᠤᠶ᠎ᠠ ᠳᠠ᠃
ᠳᠠᠨᠠᠪᠠᠯ ᠵᠢᠨᠰᠢᠶᠠᠩ ᠢ᠋ᠶ᠋ᠠᠨ ᠢᠳᠬᠠᠵᠤ ᠬᠡᠯᠡᠵᠦ ᠪᠠᠢᠬᠤ ᠨᠢ᠄
ᠡᠦ ᠲᠦᠩᠱᠦ ᠮᠣᠳᠣ ᠴᠢᠨᠢ
ᠢᠯᠵᠢᠷᠡᠭᠡᠳ ᠤᠨᠠᠪᠠᠯ ᠳᠠ ᠬᠦ
ᠥᠲᠥᠨ ᠵᠢᠭᠦᠷ ᠲᠡᠢ ᠢᠩᠭᠡᠷ ᠰᠢᠪᠠᠭᠤ ᠴᠢᠨᠢ
ᠥᠨᠳᠥᠷ ᠠᠭᠤᠯᠠᠨ ᠳ᠋ᠠᠭᠠᠨ ᠳᠣᠩᠭᠣᠳᠬᠤ ᠦᠭᠡᠢ ᠤᠤ ᠳᠠ
ᠦᠶᠡᠷᠬᠡᠵᠦ ᠨᠠᠭᠠᠳᠤᠭᠰᠠᠨ ᠳᠠᠨᠠᠪᠠᠯ ᠠᠬ᠎ᠠ ᠴᠢᠨᠢ
ᠡᠵᠡᠨ ᠦ᠌ ᠴᠡᠷᠢᠭ ᠲᠦ᠍ ᠮᠣᠷᠳᠠᠪᠠᠴᠤ
ᠠ ᠬᠠ ᠬᠦ
ᠡᠷᠭᠢᠬᠦ ᠵᠢᠯ ᠦ᠋ᠨ ᠭᠤᠷᠪᠠᠨ ᠰᠠᠷ᠎ᠠ ᠳ᠋ᠠᠭᠠᠨ
ᠴᠢᠯᠥᠭᠡ ᠭᠤᠶᠤᠵᠤ ᠢᠷᠡᠬᠦ ᠦᠭᠡᠢ ᠤᠤ ᠳᠠ᠃
ᠬᠠᠢᠯᠠᠰᠤ ᠮᠠᠢᠯᠠᠰᠤ ᠮᠣᠳᠣ ᠴᠢᠨᠢ
ᠬᠠᠢᠪᠠᠢᠭᠠᠳ ᠤᠨᠠᠪᠠᠯ
ᠬᠠᠢᠴᠢᠨ ᠵᠢᠭᠦᠷ ᠲᠡᠢ ᠢᠩᠭᠡᠷ ᠰᠢᠪᠠᠭᠤ
ᠬᠠᠳᠠᠨ ᠤ᠋ ᠳᠡᠭᠡᠷ᠎ᠡ ᠪᠡᠨ ᠳᠣᠩᠭᠣᠳᠬᠤ ᠦᠭᠡᠢ ᠤᠤ ᠳᠠ
ᠬᠠᠢᠷᠠᠯᠠᠵᠤ ᠰᠠᠨᠠᠭᠰᠠᠨ ᠳᠠᠨᠠᠪᠠᠯ ᠠᠬ᠎ᠠ ᠴᠢᠨᠢ
ᠬᠠᠭᠠᠨ ᠤ᠋ ᠴᠡᠷᠢᠭ ᠲᠦ᠍ ᠮᠣᠷᠳᠠᠪᠠᠴᠤ
ᠠ ᠬᠠ ᠬᠦ
ᠬᠣᠢᠲᠤ ᠶ᠋ᠢᠨ ᠵᠢᠯ ᠦ᠋ᠨ ᠭᠤᠷᠪᠠᠨ ᠰᠠᠷ᠎ᠠ ᠳ᠋ᠠᠭᠠᠨ
ᠴᠢᠯᠥᠭᠡ ᠭᠤᠶᠤᠵᠤ ᠢᠷᠡᠬᠦ ᠦᠭᠡᠢ ᠤᠤ ᠳᠠ᠃
ᠵᠢᠨᠰᠢᠶᠠᠩ᠂ ᠳᠠᠨᠠᠪᠠᠯ ᠤ᠋ᠨ ᠬᠡᠵᠢᠶ᠎ᠡ ᠶᠠᠪᠤᠬᠤ ᠶ᠋ᠢ ᠯᠠᠪᠯᠠᠭᠰᠠᠨ ᠳ᠋ᠤ᠌ ᠳᠠᠨᠠᠪᠠᠯ᠄《 ᠡᠨᠡ ᠰᠥᠨᠢ ᠬᠦᠵᠢ ᠶ᠋ᠢᠨ ᠭᠠᠯ ᠤᠨᠲᠠᠷᠠᠵᠤ᠂ ᠬᠥᠮᠦᠨ ᠦ᠌ ᠬᠥᠯ ᠬᠤᠷᠢᠶᠠᠬᠤ ᠴᠠᠭ ᠲᠤ᠌ ᠮᠣᠷᠳᠠᠨ᠎ᠠ》 ᠭᠡᠴᠦ ᠬᠡᠯᠡᠪᠡ ᠃ ᠵᠢᠨᠰᠢᠶᠠᠩ᠄ 《 ᠲᠡᠢᠮᠦ ᠪᠣᠯ ᠪᠢ ᠴᠢᠮ᠎ᠠ ᠶ᠋ᠢ ᠬᠦᠷᠭᠡᠶ᠎ᠡ ᠂ ᠠᠬ᠎ᠠ ᠮᠢᠨᠢ ᠴᠢ ᠨᠠᠮ᠎ᠠ ᠶ᠋ᠢ ᠴᠤᠪᠤᠭ᠎ᠠ ᠵᠠᠮ ᠤ᠋ᠨ ᠬᠠᠵᠠᠭᠤ ᠳ᠋ᠤ᠌ ᠬᠠᠢᠯᠠᠰᠤᠨ ᠮᠣᠳᠣᠨ ᠤ᠋ ᠳᠣᠣᠷ᠎ᠠ ᠠᠩᠬᠠᠷᠴᠤ ᠪᠠᠢᠭᠠᠷᠠᠢ》 ᠭᠡᠵᠦ ᠪᠣᠯᠵᠣᠭ᠎ᠠ ᠲᠣᠭᠲᠠᠭᠰᠠᠨ ᠪᠠᠢᠨ᠎ᠠ ᠃ 
ᠰᠠᠷᠠᠭᠤᠯ ᠰᠥᠨᠢ ᠂ ᠳᠠᠨᠠᠪᠠᠯ ᠮᠣᠷᠢ ᠪᠠᠨ ᠬᠥᠲᠥᠯᠵᠦ ᠂ ᠪᠣᠯᠵᠣᠭᠰᠠᠨ ᠶᠣᠰᠣ ᠪᠠᠷ ᠬᠦᠷᠴᠦ ᠢᠷᠡᠭᠰᠡᠨ ᠳ᠋ᠦ᠍ ᠵᠢᠨᠰᠢᠶᠠᠩ ᠬᠠᠷᠢᠨ ᠬᠡᠳᠦᠢᠨᠡᠢ ᠬᠦᠯᠢᠶᠡᠵᠦ ᠪᠠᠢᠵᠠᠢ᠃ ᠴᠢᠩᠭᠢᠭᠡᠳ ᠬᠣᠶᠠᠭᠤᠯᠠ ᠬᠠᠢᠯᠠᠰᠤᠨ ᠮᠣᠳᠣᠨ ᠳᠣᠣᠷ᠎ᠠ ᠵᠡᠷᠭᠡᠴᠡᠨ ᠰᠠᠭᠤᠵᠤ ᠰᠠᠯᠬᠤ ᠶ᠋ᠢᠨ ᠦᠭᠡ ᠪᠡᠨ ᠰᠠᠢᠲᠤᠷ ᠶᠠᠷᠢᠯᠴᠠᠵᠤ ᠵᠢᠨᠰᠢᠶᠠᠩ ᠂ ᠡᠪᠦᠷ ᠡᠴᠡ ᠪᠡᠨ ᠨᠢᠭᠡᠨ ᠪᠠᠭᠯᠠᠭ᠎ᠠ ᠵᠠᠭᠤᠮ᠎ᠠ ᠭᠠᠷᠭᠠᠵᠤ ᠳᠠᠨᠠᠪᠠᠯ ᠳ᠋ᠠᠭᠠᠨ ᠳᠤᠷᠠᠰᠬᠠᠯ ᠪᠣᠯᠭᠠᠵᠤ ᠦᠭᠭᠦᠭᠰᠡᠨ ᠳ᠋ᠦ᠍ ᠳᠠᠨᠠᠪᠠᠯ ᠲᠡᠭᠦᠨ ᠢ᠋ ᠠᠯᠳᠠᠷᠠᠭᠠᠵᠤ ᠦᠵᠡᠭᠰᠡᠨ ᠴᠢᠨᠢ ᠄
ᠡᠷᠪᠡᠬᠡᠢ ᠪᠣᠯᠤᠨ ᠴᠢᠩᠴᠤᠬᠡᠢ ᠪᠡᠨ
ᠡᠷᠭᠢᠭᠦᠯᠵᠦ ᠣᠶᠣᠭᠰᠠᠨ ᠠᠯᠴᠢᠭᠤᠷ ᠠ᠋
ᠸᠧᠢ ᠳᠠᠩ ᠯᠢᠩᠬᠤ᠎ᠠ ᠴᠡᠴᠡᠭ ᠬᠤᠸᠠᠷ ᠢ᠋ᠶ᠋ᠠᠨ
ᠳᠡᠯᠭᠡᠷᠡᠭᠦᠯᠵᠦ ᠣᠶᠣᠭᠰᠠᠨ ᠠᠯᠴᠢᠭᠤᠷ ᠠ᠋
ᠦᠨᠡᠨ ᠰᠡᠳᠬᠢᠯ ᠤᠬᠠᠭᠠᠨ ᠰᠠᠭᠠᠭ᠎ᠠ ᠪᠠᠨ
ᠰᠢᠩᠭᠡᠭᠡᠵᠦ ᠣᠶᠣᠭᠰᠠᠨ ᠠᠯᠴᠢᠭᠤᠷ ᠠ᠋
ᠠ ᠬᠠ ᠺᠣᠨ
ᠦᠶ᠎ᠡ ᠶ᠋ᠢᠨ ᠬᠣᠩᠭᠣᠷ ᠠᠬ᠎ᠠ ᠴᠢᠮ᠎ᠠ ᠳ᠋ᠠᠭᠠᠨ
ᠪᠡᠯᠡᠭ ᠪᠣᠯᠭᠠᠭᠰᠠᠨ ᠠᠯᠴᠢᠭᠤᠷ ᠠ᠋᠃
ᠬᠠᠨ ᠭᠠᠷᠤᠳᠢ ᠰᠢᠪᠠᠭᠤ ᠪᠠᠨ
ᠳᠣᠩᠭᠣᠳᠤᠭᠤᠯᠵᠤ ᠣᠶᠣᠭᠰᠠᠨ ᠠᠯᠴᠢᠭᠤᠷ ᠠ᠋
ᠬᠠᠢᠲᠠᠩ ᠯᠢᠩᠬᠤ᠎ᠠ ᠴᠡᠴᠡᠭ ᠢ᠋ᠶ᠋ᠡᠨ

ᠬᠠᠷᠠᠭᠤᠯᠵᠤ ᠣᠶᠣᠭᠰᠠᠨ ᠠᠯᠴᠢᠭᠤᠷ ᠠ᠋
ᠬᠠᠢᠷ᠎ᠠ ᠶ᠋ᠢᠨ ᠰᠡᠳᠬᠢᠯ ᠬᠠᠯᠠᠭᠤᠨ ᠰᠠᠨᠠᠭ᠎ᠠ ᠪᠠᠨ
ᠰᠢᠩᠭᠡᠭᠡᠵᠦ ᠣᠶᠣᠭᠰᠠᠨ ᠠᠯᠴᠢᠭᠤᠷ ᠠ᠋
ᠠ ᠬᠠ ᠬᠦ
ᠬᠠᠢᠷᠠᠲᠤ ᠠᠮᠠᠷᠠᠭ ᠠᠬ᠎ᠠ ᠴᠢᠮ᠎ᠠ ᠳ᠋ᠠᠭᠠᠨ
ᠪᠡᠯᠡᠭ ᠪᠣᠯᠭᠠᠭᠰᠠᠨ ᠠᠯᠴᠢᠭᠤᠷ ᠠ᠋᠃
ᠳᠠᠨᠠᠪᠯ ᠠᠯᠴᠢᠭᠤᠷ ᠢ᠋ ᠲᠣᠰᠴᠤ ᠠᠪᠤᠭᠠᠳ ᠰᠡᠳᠬᠢᠯ ᠬᠥᠳᠡᠯᠦᠭᠰᠡᠨ ᠳ᠋ᠡᠭᠡᠨ ᠢᠩᠭᠢᠵᠦ ᠬᠡᠯᠡᠵᠦ ᠪᠠᠢᠨ᠎ᠠ᠄
ᠬᠥᠬᠡ ᠲᠣᠷᠭᠠᠨ ᠠᠯᠴᠢᠭᠤᠷ ᠢ᠋ ᠴᠢᠨᠢ
ᠬᠥᠪᠡᠭᠡ ᠶ᠋ᠢ ᠨᠢ ᠪᠠᠷᠠᠭᠳᠠᠲᠠᠯ᠎ᠠ ᠬᠠᠳᠠᠭᠠᠯᠠᠶ᠎ᠠ
ᠬᠥᠭᠡᠷᠦᠬᠦᠨ ᠪᠠᠭ᠎ᠠ ᠵᠢᠨᠰᠢᠶᠠᠩ ᠴᠢᠮ᠎ᠠ ᠪᠠᠨ
ᠬᠥᠨᠳᠡᠢ ᠴᠡᠭᠡᠵᠢᠨ ᠳ᠋ᠡᠭᠡᠨ ᠪᠣᠳᠣᠵᠤ ᠶᠠᠪᠤᠶ᠎ᠠ
ᠵᠢᠨᠰᠢᠶᠠᠩ ᠬᠡᠯᠡᠭᠰᠡᠨ ᠨᠢ᠄
ᠪᠣᠷᠣ ᠲᠣᠷᠭᠠᠨ ᠠᠯᠴᠢᠭᠤᠷ ᠢ᠋ ᠮᠢᠨᠢ
ᠪᠣᠳᠣᠭ ᠢ᠋ ᠨᠢ ᠤᠨᠠᠲᠠᠯ᠎ᠠ ᠬᠠᠳᠠᠭᠠᠯᠠᠭᠠᠷᠠᠢ ᠳᠠ
ᠠ ᠬᠠ ᠬᠦ
ᠪᠣᠯᠪᠠᠷᠬᠠᠨ ᠲᠥᠷᠥᠭᠰᠡᠨ ᠵᠢᠨᠰᠢᠶᠠᠩ ᠴᠢᠨᠢ
ᠪᠤᠭᠤᠷᠤᠯ ᠪᠣᠯᠲᠠᠯ᠎ᠠ ᠪᠠᠨ ᠬᠦᠯᠢᠶᠡᠶ᠎ᠡ ᠳᠠ᠃
ᠳᠠᠨᠠᠪᠠᠯ ᠮᠣᠷᠢᠨ ᠳ᠋ᠠᠭᠠᠨ ᠮᠣᠷᠳᠠᠭᠠᠳ ᠵᠢᠨᠰᠢᠶᠠᠩ ᠠ᠋ᠴᠠ ᠪᠠᠨ ᠰᠠᠯᠵᠤ ᠶᠠᠪᠤᠯ᠎ᠠ᠂ ᠵᠢᠨᠰᠢᠶᠠᠩ ᠭᠠᠭᠴᠠᠭᠠᠷ ᠬᠣᠴᠣᠷᠴᠤ ᠠᠮᠠᠷᠠᠭ ᠤ᠋ᠨ ᠢ᠋ᠶ᠋ᠠᠨ ᠬᠣᠢᠨ᠎ᠠ ᠠ᠋ᠴᠠ ᠳᠠᠯᠠᠯᠵᠤ
ᠵᠣᠭᠰᠣᠨ᠎ᠠ᠃
ᠠᠷᠤ ᠶ᠋ᠢᠨ ᠰᠠᠢᠬᠠᠨ ᠭᠡᠵᠢᠭᠡ ᠶ᠋ᠢ ᠪᠡᠨ
ᠠᠶ᠎ᠠ ᠲᠠᠢ ᠬᠣᠯᠪᠣᠭᠰᠠᠨ ᠴᠤ᠌ ᠪᠣᠯᠤᠶ᠎ᠠ ᠳᠠ
ᠠᠳᠠᠯ ᠭᠡᠷ ᠲᠦ᠍ ᠪᠡᠨ ᠰᠠᠭᠤᠵᠤ ᠪᠠᠢᠮᠠᠨᠵᠢᠨ
ᠠᠬ᠎ᠠ ᠴᠢᠮ᠎ᠠ ᠪᠠᠨ ᠬᠦᠯᠢᠶᠡᠬᠦ ᠦᠭᠡᠢ ᠤᠤ ᠳᠠ
ᠠᠯᠠᠭ ᠬᠣᠶᠠᠷ ᠨᠢᠳᠦ ᠪᠡᠷ ᠢ᠋ᠶ᠋ᠡᠨ
ᠠᠮᠠᠷᠠᠭᠯᠠᠵᠤ ᠳᠠᠰᠤᠯᠴᠠᠭᠰᠠᠨ ᠲᠤᠯᠠᠳᠠ
ᠠ ᠬᠠ ᠬᠦ
ᠠᠮᠠᠷᠠᠭ ᠬᠣᠩᠭᠣᠷ ᠤ᠋ᠨ ᠢ᠋ᠶ᠋ᠠᠨ ᠬᠣᠢᠨ᠎ᠠ ᠠ᠋ᠴᠠ
ᠠᠰᠬᠠᠷᠠᠭᠤᠯᠵᠤ ᠪᠠᠢᠨ᠎ᠠ ᠵᠢᠨᠰᠢᠶᠠᠩ ᠴᠢᠨᠢ ᠠ᠋᠃
ᠥᠨᠳᠥᠷ ᠰᠠᠢᠬᠠᠨ ᠭᠡᠵᠢᠭᠡ ᠶ᠋ᠢ ᠪᠡᠨ
ᠡᠪᠬᠡᠵᠦ ᠬᠣᠯᠪᠣᠭᠰᠠᠨ ᠴᠤ᠌ ᠪᠣᠯᠤᠶ᠎ᠠ ᠳᠠ
ᠡᠷᠦᠬᠡ ᠭᠡᠷ ᠲᠦ᠍ ᠴᠢᠨᠢ ᠰᠠᠭᠤᠵᠤ ᠪᠠᠢᠭᠠᠳ
ᠠᠬ᠎ᠠ ᠴᠢᠮ᠎ᠠ ᠪᠠᠨ ᠬᠦᠯᠢᠶᠡᠬᠦ ᠦᠭᠡᠢ ᠤᠤ ᠳᠠ
ᠡᠷᠢᠶᠡᠨ ᠠᠯᠠᠭ ᠨᠢᠳᠦ ᠪᠡᠷ ᠢ᠋ᠶ᠋ᠡᠨ
ᠡᠶᠡᠰᠡᠵᠦ ᠳᠠᠰᠤᠯᠴᠠᠭᠰᠠᠨ ᠲᠤᠯᠠᠳᠠ
ᠠ ᠬᠠ ᠬᠦ
ᠦᠶ᠎ᠡ ᠶ᠋ᠢᠨ ᠬᠣᠩᠭᠣᠷ ᠤ᠋ᠨ ᠢ᠋ᠶ᠋ᠠᠨ ᠬᠣᠢᠨ᠎ᠠ ᠠ᠋ᠴᠠ
ᠡᠪᠬᠡᠷᠡᠭᠦᠯᠵᠦ ᠪᠠᠢᠨ᠎ᠠ ᠵᠢᠨᠰᠢᠶᠠᠩ ᠴᠢᠨᠢ ᠠ᠋᠃
ᠬᠠᠪᠤᠷ ᠤ᠋ᠨ ᠨᠠᠷᠠᠨ ᠤ᠋
ᠬᠠᠯᠠᠭᠤᠨ ᠨᠢ ᠰᠠᠢᠬᠠᠨ ᠠ᠋
ᠬᠠᠭᠳᠠ ᠨᠣᠭᠣᠭ᠎ᠠ ᠶ᠋ᠢᠨ
ᠬᠥᠬᠡᠷᠡᠵᠦ ᠴᠡᠯᠭᠡᠷᠡᠭᠰᠡᠨ ᠨᠢ ᠰᠠᠢᠬᠠᠨ ᠠ᠋
ᠬᠠᠢᠷᠬᠠᠨ ᠲᠥᠷᠥᠭᠰᠡᠨ ᠵᠢᠨᠰᠢᠶᠠᠩ ᠢ᠋ᠶ᠋ᠠᠨ
ᠪᠣᠳᠣᠵᠤ ᠰᠠᠨᠠᠭᠠᠳ ᠢᠷᠡᠪᠡᠯ ᠳᠠ
ᠠ ᠬᠠ ᠬᠦ
ᠬᠠᠷᠠᠬᠤ ᠨᠢᠳᠦᠨ ᠦ᠌ ᠬᠠᠯᠠᠭᠤᠨ ᠨᠢᠯᠪᠤᠰᠤ
ᠬᠠᠮᠠᠷ ᠤᠷᠤᠭᠤ ᠤᠷᠤᠰᠤᠨ᠎ᠠ ᠃
ᠡᠳᠦᠷ ᠦ᠋ᠨ ᠨᠠᠷᠠᠨ ᠤ᠋
ᠢᠯᠴᠢ ᠲᠡᠢ ᠨᠢ ᠰᠠᠢᠬᠠᠨ ᠠ᠋
ᠥᠩᠭᠡ ᠪᠦᠷᠢ ᠶ᠋ᠢᠨ ᠴᠡᠴᠡᠭ ᠬᠤᠸᠠᠷ ᠤ᠋ᠨ
ᠳᠡᠯᠭᠡᠷᠡᠬᠦ ᠨᠢ ᠰᠠᠢᠬᠠᠨ ᠠ᠋
ᠦᠶ᠎ᠡ ᠶ᠋ᠢᠨ ᠠᠮᠠᠷᠠᠭ ᠠᠮᠠᠷᠠᠭ ᠵᠢᠨᠰᠢᠶᠠᠩ ᠢ᠋ᠶ᠋ᠠᠨ
ᠪᠣᠳᠣᠵᠤ ᠰᠠᠨᠠᠭᠠᠳ ᠢᠷᠡᠪᠡᠯ ᠳᠠ
ᠠ ᠬᠠ ᠬᠦ
ᠦᠵᠡᠬᠦ ᠨᠢᠳᠦᠨ ᠦ᠌ ᠬᠠᠯᠠᠭᠤᠨ ᠨᠢᠯᠪᠤᠰᠤ
ᠡᠩᠭᠡᠷ ᠤᠷᠤᠭᠤ ᠪᠥᠮᠪᠥᠷᠢᠨ᠎ᠡ᠃
ᠬᠠᠪᠤᠷ ᠤ᠋ᠨ ᠴᠠᠭ᠂ ᠨᠢᠭᠡᠨ ᠲᠤᠩᠭᠠᠯᠠᠭ ᠰᠠᠢᠬᠠᠨ ᠡᠳᠦᠷ ᠳᠠᠨᠠᠪᠠᠯ᠂ ᠬᠥᠳᠡᠭᠡ ᠲᠠᠯ᠎ᠠ ᠪᠠᠷ ᠶᠠᠪᠤᠬᠤ ᠳ᠋ᠤ᠌ ᠬᠠᠯᠠᠭᠤᠨ ᠨᠠᠷᠠᠨ ᠤ᠋ ᠢᠯᠴᠢᠨ ᠳ᠋ᠦ᠍ ᠬᠠᠮᠤᠭ ᠪᠣᠳᠠᠰ ᠤ᠋ᠨ ᠠᠮᠢᠯᠠᠨ ᠰᠡᠷᠭᠦᠬᠦ ᠪᠠᠢᠳᠠᠯ ᠢ᠋ ᠦᠵᠡᠵᠦ᠂ ᠠᠮᠠᠷᠠᠭ ᠵᠢᠨᠰᠢᠶᠠᠩ ᠨᠢ ᠰᠠᠨᠠᠭᠳᠠᠬᠤ ᠳ᠋ᠤ᠌ ᠰᠡᠳᠬᠢᠯ ᠵᠢᠷᠦᠬᠡ ᠨᠢ ᠤᠶᠠᠷᠠᠨ᠎ᠠ᠃
ᠳᠠᠨᠠᠪᠠᠯ ᠬᠤᠰᠢᠭᠤᠨ ᠴᠡᠷᠢᠭ ᠲᠦ᠍ ᠣᠷᠣᠭᠠᠳ ᠤᠳᠠᠯ ᠦᠭᠡᠢ ᠭᠤᠷᠪᠠᠨ ᠵᠢᠯ ᠥᠩᠭᠡᠷᠡᠭᠰᠡᠨ ᠪᠠᠢᠨ᠎ᠠ᠂ ᠡᠨᠡ ᠬᠣᠭᠣᠷᠣᠨᠳᠣ ᠳᠠᠨᠠᠪᠠᠯ ᠬᠠᠷᠭᠢᠰ ᠨᠣᠶᠠᠨ ᠡᠷᠳᠡᠨᠢᠪᠢᠯᠢᠭ ᠦ᠋ᠨ ᠠᠷᠠᠳ ᠢ᠋ ᠳᠠᠷᠤᠯᠠᠵᠤ᠂ ᠴᠡᠷᠢᠭ ᠦ᠋ᠳ ᠢ᠋ ᠵᠣᠪᠠᠭᠠᠬᠤ ᠪᠠᠢᠳᠠᠯ ᠢ᠋ ᠦᠵᠡᠭᠰᠡᠭᠡᠷ ᠨᠢᠭᠡᠨᠲᠡ ᠤᠷᠮ᠎ᠠ ᠬᠤᠭᠤᠷᠠᠵᠤ ᠠᠭᠤᠷ ᠬᠥᠳᠡᠯᠦᠭᠰᠡᠨ ᠲᠤᠯᠠ᠂ ᠬᠤᠰᠢᠭᠤᠨ ᠴᠡᠷᠢᠭ ᠦ᠋ᠨ ᠬᠣᠷᠢᠶᠠᠨ ᠳ᠋ᠤ᠌ ᠳᠠᠬᠢᠵᠤ ᠰᠠᠭᠤᠬᠤ ᠰᠠᠨᠠᠭ᠎ᠠ ᠣᠭᠲᠣ ᠦᠭᠡᠢ ᠪᠣᠯᠤᠭᠰᠠᠨ ᠪᠠᠢᠨ᠎ᠠ᠃
ᠬᠡᠭᠡᠷ᠎ᠡ ᠲᠠᠯ᠎ᠠ ᠪᠠᠷ ᠲᠣᠭᠣᠷᠢᠨ ᠤᠢᠳᠬᠠᠷ ᠰᠡᠷᠭᠦᠭᠡᠵᠦ ᠭᠣᠣᠯ ᠭᠣᠷᠣᠬ᠎ᠠ ᠬᠠᠷᠴᠢᠭᠢᠨᠠᠨ ᠤᠷᠤᠰᠴᠤ ᠪᠠᠢᠬᠤ ᠶ᠋ᠢ ᠦᠵᠡᠭᠡᠳ ᠳᠠᠨᠠᠪᠠᠯ᠂ ᠥᠪᠡᠷ ᠦ᠋ᠨ ᠥᠰᠴᠦ ᠲᠥᠷᠥᠭᠰᠡᠨ ᠨᠤᠲᠤᠭ ᠣᠷᠣᠨ ᠢ᠋ᠶ᠋ᠠᠨ ᠰᠠᠨᠠᠬᠤ ᠳ᠋ᠠᠭᠠᠨ ᠪᠠᠰᠠ ᠢᠩᠭᠢᠵᠦ ᠳᠠᠭᠤᠯᠠᠨ᠎ᠠ᠄
ᠵᠢᠷᠪᠢᠰ ᠵᠢᠷᠪᠢᠰ ᠤᠷᠤᠰᠤᠭᠠᠳ ᠪᠠᠢᠬᠤ ᠨᠢ
ᠵᠡᠭᠦᠨ ᠪᠤᠯᠠᠭ ᠤ᠋ᠨ ᠤᠰᠤ ᠶᠤᠮ ᠪᠠ
ᠵᠦᠢᠯ ᠦ᠋ᠨ ᠬᠣᠶᠠᠷ ᠢ᠋ᠶ᠋ᠠᠷ ᠳᠣᠩᠭᠣᠳᠤᠭᠠᠳ ᠪᠠᠢᠬᠤ ᠨᠢ
ᠵᠢᠭᠦᠷ ᠨᠢ ᠠᠯᠠᠭ ᠰᠢᠪᠠᠭᠤᠳ ᠪᠠ
ᠵᠦᠢᠲᠡᠢ ᠲᠥᠷᠥᠭᠰᠡᠨ ᠵᠢᠨᠰᠢᠶᠠᠩ ᠢ᠋ᠶ᠋ᠠᠨ
ᠪᠣᠳᠣᠵᠤ ᠰᠠᠨᠠᠭᠠᠳ ᠢᠷᠡᠪᠡᠯ ᠳᠠ
ᠠ ᠬᠠ ᠬᠦ
ᠵᠢᠷᠦᠬᠡ ᠭᠣᠣᠯ ᠬᠣᠶᠠᠷ ᠢ᠋ ᠮᠢᠨᠢ
ᠵᠣᠷᠭᠣᠵᠤ ᠪᠠᠢᠮᠠᠷ ᠡᠪᠡᠳᠦᠨ᠎ᠡ ᠰᠢᠦ᠃
ᠤᠷᠪᠠᠰ ᠤᠷᠪᠠᠰ ᠤᠷᠤᠰᠤᠭᠠᠳ ᠪᠠᠢᠬᠤ ᠨᠢ
ᠤᠷᠲᠤ ᠭᠣᠷᠣᠬ᠎ᠠ ᠶ᠋ᠢᠨ ᠤᠰᠤ ᠶᠤᠮ ᠪᠠ
ᠤᠷᠠᠯᠠᠭᠤᠯᠵᠤ ᠢᠷᠡᠭᠡᠳ ᠳᠣᠩᠭᠣᠳᠤᠭᠠᠳ ᠪᠠᠢᠬᠤ ᠨᠢ
ᠤᠩᠭᠤᠯᠠᠢ ᠨᠢ ᠠᠯᠠᠭ ᠰᠢᠪᠠᠭᠤᠳ ᠪᠠ
ᠤᠷᠢᠬᠠᠨ ᠪᠠᠭ᠎ᠠ ᠵᠢᠨᠰᠢᠶᠠᠩ ᠢ᠋ᠶ᠋ᠠᠨ
ᠪᠣᠳᠣᠵᠤ ᠰᠠᠨᠠᠭᠠᠳ ᠢᠷᠡᠪᠡᠯ ᠳᠠ

ᠠ ᠬᠠ ᠬᠦ
ᠠᠭᠤᠰᠬᠢ ᠵᠢᠷᠦᠬᠡ ᠬᠣᠶᠠᠷ ᠢ᠋ ᠮᠢᠨᠢ
ᠣᠭᠲᠣᠯᠵᠤ ᠪᠠᠢᠮᠠᠷ ᠡᠪᠡᠳᠦᠨ᠎ᠡ ᠰᠢᠦ᠃
ᠡᠨᠡ ᠮᠡᠲᠦ ᠨᠢᠭᠡᠨ ᠵᠡᠷᠭᠡ ᠤᠶᠠᠷᠠᠨ ᠳᠠᠭᠤᠯᠠᠭᠰᠠᠨ ᠤ᠋ ᠳᠠᠷᠠᠭ᠎ᠠ ᠳᠠᠨᠠᠪᠠᠯ᠂ ᠥᠪᠡᠷ ᠦ᠋ᠨ ᠨᠤᠲᠤᠭ ᠲᠠᠭᠠᠨ ᠪᠤᠴᠠᠵᠤ ᠠᠪᠤ ᠡᠵᠢ ᠪᠡᠨ ᠦᠵᠡᠵᠦ ᠠᠮᠠᠷᠠᠭ ᠵᠢᠨᠰᠢᠶᠠᠩ ᠲᠠᠢ ᠪᠠᠨ ᠠᠭᠤᠯᠵᠠᠬᠤ ᠪᠠᠷ ᠰᠢᠢᠳᠪᠡ᠄

ᠠᠯᠪᠠᠨ ᠴᠡᠷᠢᠭ ᠦ᠋ᠨ ᠬᠣᠷᠢᠶᠠᠨ ᠳ᠋ᠠᠭᠠᠨ
ᠡᠷᠭᠢᠭᠡᠳ ᠪᠤᠴᠠᠯ᠎ᠠ ᠳᠠᠨᠠᠪᠠᠯ ᠠ᠋
ᠠᠬᠠᠮᠠᠳ ᠨᠣᠶᠠᠨ ᠡᠷᠳᠡᠨᠢᠪᠢᠯᠢᠭ ᠢ᠋ᠶ᠋ᠡᠨ
ᠡᠷᠢᠭᠡᠳ ᠢᠷᠡᠯ᠎ᠡ ᠳᠠᠨᠠᠪᠠᠯ ᠠ᠋
ᠠᠭᠰᠢᠷᠠᠭ᠎ᠠ ᠪᠣᠯᠤᠭᠰᠠᠨ ᠠᠪᠤ ᠡᠵᠢ
ᠪᠡᠶ᠎ᠡ ᠮᠠᠭᠤ ᠭᠡᠰᠡᠨ ᠴᠢᠮᠡᠭᠡ ᠲᠡᠢ
ᠠ ᠬᠠ ᠬᠦ
ᠠᠳᠠᠯ ᠭᠡᠷ ᠲᠡᠭᠡᠨ ᠬᠠᠷᠢᠵᠤ ᠦᠵᠡᠬᠦ ᠪᠡᠷ
ᠴᠢᠯᠥᠭᠡ ᠭᠤᠶᠤᠴᠢᠯᠠᠵᠠᠢ ᠳᠠᠨᠠᠪᠠᠯ ᠠ᠋ ᠃
ᠡᠵᠡᠨ ᠦ᠌ ᠴᠡᠷᠢᠭ ᠦ᠋ᠨ ᠬᠣᠷᠢᠶᠠᠨ ᠳ᠋ᠠᠭᠠᠨ
ᠡᠷᠭᠢᠭᠡᠳ ᠪᠤᠴᠠᠯ᠎ᠠ ᠳᠠᠨᠠᠪᠠᠯ ᠠ᠋
ᠡᠷᠳᠡᠨᠢᠪᠢᠯᠢᠭ ᠲᠦᠩᠯᠢᠩ ᠨᠣᠶᠠᠨ ᠳ᠋ᠠᠭᠠᠨ
ᠡᠦ ᠵᠤᠸᠠᠩ ᠤ᠋ᠨ ᠶᠣᠰᠣ ᠪᠠᠷ ᠮᠡᠳᠡᠭᠦᠯᠵᠡᠢ
ᠦᠳᠡᠯᠦᠭᠡ ᠪᠣᠯᠤᠭᠰᠠᠨ ᠠᠪᠤ ᠶ᠋ᠢ ᠪᠡᠨ
ᠡᠪᠡᠳᠦᠯ᠎ᠡ ᠭᠡᠮᠡᠨ ᠰᠣᠨᠣᠰᠴᠠᠢ
ᠠ ᠬᠡᠨ ᠬᠦ
ᠡᠷᠦᠬᠡ ᠭᠡᠷ ᠲᠡᠭᠡᠨ ᠬᠠᠷᠢᠵᠤ ᠦᠵᠡᠬᠦ ᠪᠡᠷ
ᠴᠢᠯᠥᠭᠡ ᠭᠤᠶᠤᠴᠢᠯᠠᠵᠠᠢ ᠳᠠᠨᠠᠪᠠᠯ ᠠ᠋᠃
ᠢᠷᠪᠢᠯᠢᠭ ᠲᠦᠩᠯᠢᠩ᠂ ᠳᠠᠨᠠᠪᠠᠯ ᠤ᠋ᠨ ᠴᠢᠯᠥᠭᠡ ᠭᠤᠶᠤᠬᠤ ᠶ᠋ᠢ ᠰᠣᠨᠣᠰᠤᠮᠠᠭᠴᠠ ᠳᠤᠷ᠎ᠠ ᠦᠭᠡᠢᠴᠡᠵᠦ ᠴᠢᠷᠠᠢ ᠪᠠᠷᠤᠢᠯᠭᠠᠨ ᠬᠡᠯᠡᠵᠦ ᠪᠠᠢᠨ᠎ᠠ᠄
ᠠᠯᠲᠠ ᠪᠣᠯᠤᠨ ᠮᠥᠩᠭᠥ ᠬᠣᠶᠠᠷ ᠢ᠋
ᠠᠪᠴᠤ ᠵᠠᠷᠤᠬᠤ ᠳ᠋ᠤ᠌ ᠲᠠᠨᠠᠪᠠᠯ ᠠ᠋
ᠠᠷᠪᠠᠨ ᠠᠬ᠎ᠠ ᠶᠢᠰᠦᠨ ᠳᠡᠭᠦᠦ ᠡᠴᠡ
ᠠᠯᠢ ᠨᠢᠭᠡ ᠡᠴᠡ ᠨᠢ ᠳᠤᠲᠠᠭᠤ ᠪᠣᠢ
ᠠᠲᠠᠭᠠᠲᠠᠨ ᠳᠠᠢᠰᠤᠨ ᠠᠷᠪᠢᠳᠴᠤ
ᠠᠷᠤ ᠥᠪᠥᠷ ᠢ᠋ᠶ᠋ᠡᠷ ᠰᠠᠮᠠᠭᠤᠷᠠᠵᠤ ᠪᠠᠢᠬᠤ ᠳ᠋ᠤ᠌
ᠠ ᠬᠠ ᠬᠦ
ᠠᠳᠠᠯ ᠭᠡᠷ ᠲᠡᠭᠡᠨ ᠪᠤᠴᠠᠨ᠎ᠠ ᠭᠡᠳᠡᠭ ᠨᠢ
ᠡᠨᠡ ᠴᠢᠨᠢ ᠶᠠᠮᠠᠷ ᠰᠠᠨᠠᠭ᠎ᠠ ᠪᠣᠢ᠃
ᠡᠳ᠋ ᠮᠥᠩᠭᠥ ᠬᠣᠶᠠᠷ ᠠ᠋ᠴᠠ
ᠡᠳ᠋ᠯᠠᠡᠵᠦ ᠵᠠᠷᠤᠬᠤ ᠳ᠋ᠤ᠌ ᠳᠠᠨᠠᠪᠠᠯ ᠠ᠋
ᠶᠢᠰᠦᠨ ᠠᠬ᠎ᠠ ᠠᠷᠪᠠᠨ ᠳᠡᠭᠦᠦ ᠡᠴᠡ
ᠠᠯᠢ ᠨᠢᠭᠡ ᠡᠴᠡ ᠨᠢ ᠳᠤᠲᠠᠭᠤ ᠪᠣᠢ
ᠥᠰᠢᠶᠡᠲᠡᠨ ᠳᠠᠢᠰᠤᠨ ᠠᠷᠪᠢᠳᠴᠤ
ᠥᠪᠥᠷ ᠠᠷᠤ ᠪᠠᠷ ᠰᠠᠮᠠᠭᠤᠷᠠᠵᠤ ᠪᠠᠢᠬᠤ ᠳ᠋ᠤ᠌
ᠠ ᠬᠠ ᠬᠦ
ᠡᠷᠦᠬᠡ ᠭᠡᠷ ᠲᠡᠭᠡᠨ ᠪᠤᠴᠠᠨ᠎ᠠ ᠭᠡᠳᠡᠭ ᠨᠢ
ᠡᠨᠡ ᠴᠢᠨᠢ ᠶᠠᠮᠠᠷ ᠰᠠᠨᠠᠭ᠎ᠠ ᠪᠣᠢ᠃ ᠳᠠᠨᠠᠪᠠᠯ ᠴᠤ᠌ ᠠᠭᠤᠷᠯᠠᠵᠤ ᠡᠷᠳᠡᠨᠢᠪᠢᠯᠢᠭ ᠲᠦᠩᠯᠢᠩ ᠦ᠋ᠨ ᠵᠦᠭ ᠢᠩᠭᠢᠵᠦ ᠬᠠᠷᠢᠭᠤᠯᠤᠭᠰᠠᠨ ᠪᠠᠢᠨ᠎ᠠ᠄
ᠠᠯᠪᠠᠨ ᠴᠡᠷᠢᠭ ᠦ᠋ᠨ ᠬᠣᠷᠢᠶᠠᠨ ᠳ᠋ᠤ᠌ ᠴᠢᠨᠢ
ᠢᠷᠡᠬᠦ ᠶ᠋ᠢᠨ ᠦᠶ᠎ᠡ ᠳ᠋ᠦ᠍ ᠲᠦᠩᠯᠢᠩ ᠠ᠋
ᠠᠪᠤ ᠶ᠋ᠢᠨ ᠪᠤᠶᠠᠨ ᠮᠣᠷᠢ ᠫᠤᠤ ᠲᠠᠢ
ᠠᠰ ᠤ᠋ᠨ ᠰᠠᠢᠨ ᠳᠤᠷ᠎ᠠ ᠪᠠᠷ ᠢᠷᠡᠯ᠎ᠡ ᠰᠢᠦ
ᠠᠭᠰᠢᠷᠠᠭ᠎ᠠ ᠪᠣᠯᠤᠭᠰᠠᠨ ᠠᠪᠤ ᠮᠢᠨᠢ ᠡᠪᠡᠳᠬᠦ ᠳ᠋ᠦ᠍
ᠠᠳᠠᠯ ᠭᠡᠷ ᠲᠦ᠍ ᠮᠢᠨᠢ ᠪᠤᠴᠠᠭᠤᠯᠬᠤ ᠦᠭᠡᠢ ᠪᠣᠯ
ᠠ ᠬᠠ ᠬᠦ
ᠠᠩᠬᠠᠨ ᠤ᠋ ᠢᠷᠡᠭᠰᠡᠨ ᠶᠠᠩᠵᠤ ᠪᠠᠷ ᠢ᠋ᠶ᠋ᠠᠨ
ᠡᠷᠭᠢᠵᠦ ᠪᠤᠴᠠᠨ᠎ᠠ ᠪᠡᠶ᠎ᠡ ᠮᠢᠨᠢ ᠠ᠋᠃
ᠡᠵᠡᠨ ᠦ᠌ ᠴᠡᠷᠢᠭ ᠦ᠋ᠨ ᠬᠣᠷᠢᠶᠠᠨ ᠳ᠋ᠤ᠌ ᠴᠢᠨᠢ
ᠢᠷᠡᠬᠦ ᠶ᠋ᠢᠨ ᠦᠶᠡᠰ ᠲᠦ᠍ ᠲᠦᠩᠯᠢᠶᠩ ᠠ᠋
ᠡᠴᠢᠭᠡ ᠶ᠋ᠢᠨ ᠪᠤᠶᠠᠨ ᠮᠣᠷᠢ ᠫᠤᠤ ᠲᠠᠢ ᠪᠠᠨ
ᠥᠪᠡᠷ ᠦ᠋ᠨ ᠰᠠᠢᠨ ᠳᠤᠷ᠎ᠠ ᠪᠠᠷ ᠢᠷᠡᠯ᠎ᠡ ᠰᠢᠦ
ᠦᠳᠡᠯᠦᠭᠡ ᠪᠣᠯᠤᠭᠰᠠᠨ ᠠᠪᠤ ᠮᠢᠨᠢ ᠡᠪᠡᠳᠬᠦ ᠳ᠋ᠦ᠍
ᠡᠷᠦᠬᠡ ᠭᠡᠷ ᠲᠦ᠍ ᠮᠢᠨᠢ ᠬᠠᠷᠢᠭᠤᠯᠬᠤ ᠦᠭᠡᠢ ᠪᠣᠯ
ᠠ ᠬᠠ ᠬᠦ
ᠡᠷᠲᠡ ᠶ᠋ᠢᠨ ᠢᠷᠡᠭᠰᠡᠨ ᠶᠠᠩᠵᠤ ᠪᠠᠷ ᠢ᠋ᠶ᠋ᠠᠨ
ᠡᠷᠭᠢᠵᠦ ᠪᠤᠴᠠᠨ᠎ᠠ ᠪᠡᠶ᠎ᠡ ᠮᠢᠨᠢ ᠠ᠋᠃
ᠬᠡᠳᠦᠨ ᠡᠳᠦᠷ ᠦ᠋ᠨ ᠳᠠᠷᠠᠭ᠎ᠠ ᠳᠠᠨᠠᠪᠠᠯ ᠰᠥᠨᠢ ᠳᠦᠯᠢ ᠪᠡᠷ ᠰᠡᠮᠡᠭᠡᠷᠬᠡᠨ ᠪᠣᠰᠴᠤ ᠴᠡᠷᠢᠭ ᠦ᠋ᠨ ᠬᠤᠪᠴᠠᠰᠤ ᠪᠠᠨ ᠬᠠᠯᠠᠭᠠᠳ᠂ ᠫᠤᠤ ᠡᠭᠦᠷᠦᠨ ᠮᠣᠷᠢᠨ ᠳ᠋ᠠᠭᠠᠨ ᠮᠣᠷᠳᠠᠵᠤ ᠴᠡᠷᠢᠭ ᠦ᠋ᠨ ᠬᠣᠷᠢᠶᠠᠨ ᠠ᠋ᠴᠠ ᠤᠷᠭᠤᠨ ᠭᠠᠷᠪᠠ᠃
ᠡᠷᠳᠡᠨᠢᠪᠢᠯᠢᠭ ᠲᠦᠩᠯᠢᠩ᠂ ᠳᠠᠨᠠᠪᠠᠯ ᠤ᠋ᠨ ᠤᠷᠭᠤᠭᠰᠠᠨ ᠢ᠋ ᠮᠡᠳᠡᠵᠦ ᠲᠡᠰᠬᠡᠯ ᠦᠭᠡᠢ ᠠᠭᠤᠷᠯᠠᠨ᠂ ᠪᠡᠶ᠎ᠡ ᠪᠡᠷ ᠢ᠋ᠶ᠋ᠡᠨ ᠴᠡᠷᠢᠭ ᠳᠠᠭᠠᠭᠤᠯᠵᠤ ᠪᠠᠷᠢᠬᠤ ᠪᠠᠷ ᠨᠡᠬᠡᠵᠦ ᠭᠠᠷᠤᠭᠰᠠᠨ ᠪᠠᠢᠨ᠎ᠠ᠃
ᠳᠠᠨᠠᠪᠠᠯ ᠴᠤ᠌ ᠴᠡᠷᠢᠭ ᠦ᠋ᠳ ᠨᠢᠭᠡᠨᠲᠡ ᠬᠣᠢᠨ᠎ᠠ ᠠ᠋ᠴᠠ ᠨᠢ ᠨᠡᠬᠡᠵᠦ ᠢᠷᠡᠭᠰᠡᠨ ᠢ᠋ ᠮᠡᠳᠡᠭᠡᠳ ᠳᠠᠭᠤᠯᠠᠵᠤ ᠪᠠᠢᠬᠤ ᠨᠢ᠄
ᠠᠷᠪᠠ ᠲᠠᠪᠤᠨ ᠠᠬ᠎ᠠ ᠳᠡᠭᠦᠦ ᠨᠠᠷ ᠮᠢᠨᠢ
ᠨᠡᠬᠡᠭᠡᠳ ᠬᠦᠷᠦᠭᠡᠳ ᠢᠷᠡᠪᠡᠯ ᠳᠠ
ᠠᠶᠤᠤᠯᠢᠬᠠᠢ ᠴᠡᠭᠡᠵᠢᠨ ᠦ᠌ ᠬᠡᠳᠦᠨ ᠦᠭᠡ ᠪᠡᠨ
ᠬᠡᠯᠡᠵᠦ ᠪᠠᠢᠭᠠᠳ ᠡᠷᠭᠢᠭᠦᠯᠦᠶ᠎ᠡ
ᠠᠯᠪᠠᠨ ᠨᠣᠶᠠᠨ ᠡᠷᠳᠡᠨᠢᠪᠢᠯᠢᠭ
ᠪᠡᠶ᠎ᠡ ᠪᠡᠷ ᠢ᠋ᠶ᠋ᠡᠨ ᠬᠦᠷᠦᠭᠡᠳ ᠢᠷᠡᠪᠡᠯ
ᠳᠠ ᠠ ᠬᠠ ᠬᠦ
ᠠᠷᠤ ᠳ᠋ᠠᠭᠠᠨ ᠡᠭᠦᠷᠦᠭᠰᠡᠨ ᠫᠤᠤ ᠪᠠᠷ ᠢ᠋ᠶ᠋ᠠᠨ
ᠫᠤᠤᠳᠠᠵᠤ ᠪᠠᠢᠭᠠᠳ ᠡᠷᠭᠢᠭᠦᠯᠦᠶ᠎ᠡ᠃
ᠶᠢᠰᠦ ᠠᠷᠪᠠᠨ ᠠᠬ᠎ᠠ ᠳᠡᠭᠦᠦ ᠨᠠᠷ ᠮᠢᠨᠢ
ᠡᠷᠭᠢᠭᠡᠳ ᠨᠡᠬᠡᠭᠡᠳ ᠢᠷᠡᠪᠡᠯ ᠳᠠ
ᠦᠷᠢᠶ᠎ᠡ ᠬᠦᠯᠦᠭ ᠤᠨᠤᠭᠠᠨ ᠬᠤᠸᠠ ᠶ᠋ᠢᠨ
ᠭᠦᠶᠦᠳᠡᠯ ᠨᠢ ᠮᠡᠳᠡᠭ ᠠ᠋
ᠡᠷᠳᠡᠨᠢᠪᠢᠯᠢᠭ ᠲᠦᠩᠯᠢᠩ ᠨᠣᠶᠠᠨ
ᠥᠪᠡᠷ ᠢ᠋ᠶ᠋ᠡᠨ ᠨᠡᠬᠡᠭᠡᠳ ᠢᠷᠡᠪᠡᠯ ᠳᠠ
ᠠ ᠬᠠ ᠬᠦ
ᠥᠨᠳᠥᠷ ᠫᠤᠤ ᠥᠢᠨᠴᠢᠶᠠᠩ ᠤ᠋ᠨ ᠮᠢᠨᠢ
ᠣᠨᠣᠯᠲᠠ ᠶ᠋ᠢ ᠮᠡᠳᠡᠭ ᠠ᠋᠃
ᠳᠠᠨᠠᠪᠠᠯ ᠂ ᠡᠷᠳᠡᠨᠢᠪᠢᠯᠢᠭ ᠦ᠋ᠨ ᠴᠡᠷᠢᠭ ᠳᠠᠭᠠᠭᠤᠯᠵᠤ ᠨᠡᠬᠡᠵᠦ ᠣᠢᠷᠠᠲᠤᠭᠰᠠᠨ ᠢ᠋ ᠦᠵᠡᠮᠡᠭᠴᠡ ᠳᠠᠷᠤᠢ ᠫᠤᠤ ᠪᠠᠨ ᠠᠪᠴᠤ ᠭᠡᠳᠡᠷᠭᠦ ᠬᠠᠨᠳᠤᠵᠤ ᠨᠢᠭᠡ ᠫᠤᠤᠳᠠᠭᠰᠠᠨ ᠳ᠋ᠤ᠌᠂ ᠡᠷᠳᠡᠨᠢᠪᠢᠯᠢᠭ ᠲᠦᠩᠯᠢᠩ ᠦ᠋ᠨ ᠮᠠᠯᠠᠭᠠᠢ ᠨᠢ ᠣᠨᠣᠭᠳᠠᠵᠤ ᠳᠡᠭᠡᠷ᠎ᠡ ᠦᠰᠦᠷᠴᠦ ᠭᠠᠵᠠᠷ ᠲᠤ᠌ ᠤᠨᠠᠪᠠ᠃ ᠡᠭᠦᠨ ᠳ᠋ᠦ᠍ ᠡᠷᠳᠡᠨᠢᠪᠢᠯᠢᠭ ᠲᠦᠩᠯᠢᠩ ᠥᠩᠭᠦᠯᠴᠢᠭ ᠢ᠋ᠶ᠋ᠡᠨ ᠬᠠᠭᠠᠷᠠᠲᠠᠯ᠎ᠠ ᠠᠶᠤᠵᠤ ᠴᠡᠷᠢᠭ ᠢ᠋ᠶ᠋ᠡᠨ ᠬᠤᠷᠢᠶᠠᠵᠤ ᠪᠣᠷᠣ ᠮᠥᠷ ᠢ᠋ᠶ᠋ᠡᠷ ᠢ᠋ᠶ᠋ᠡᠨ ᠪᠤᠴᠠᠭᠰᠠᠨ ᠲᠤᠯᠠ᠂ ᠳᠠᠨᠠᠪᠠᠯ ᠴᠤ᠌ ᠡᠷᠳᠡᠨᠢᠪᠢᠯᠢᠭ ᠦ᠋ᠨ ᠭᠠᠷ ᠠ᠋ᠴᠠ ᠮᠤᠯᠲᠤᠷᠠᠨ ᠭᠠᠷᠪᠠ᠃
ᠳᠠᠨᠠᠪᠠᠯ ᠨᠢ ᠴᠡᠷᠢᠭ ᠲᠦ᠍ ᠮᠣᠷᠳᠠᠭᠰᠠᠨ ᠠ᠋ᠴᠠ ᠬᠣᠢᠰᠢ᠂ ᠵᠢᠨᠰᠢᠶᠠᠩ ᠤ᠋ᠨ ᠭᠡᠷ ᠲᠦ᠍ ᠡᠳᠦᠷ ᠪᠦᠷᠢ ᠤᠷᠤᠭ ᠬᠡᠯᠡᠯᠴᠡᠬᠦ ᠬᠥᠮᠦᠨ ᠲᠠᠰᠤᠷᠠᠯ ᠦᠭᠡᠢ ᠢᠷᠡᠳᠡᠭ ᠪᠣᠯᠪᠠᠴᠤ ᠡᠵᠢ ᠨᠢ ᠥᠬᠢᠨ ᠦ᠌ ᠪᠡᠨ ᠳᠠᠨᠠᠪᠠᠯ ᠢ᠋ ᠨᠢᠭᠡᠨ ᠰᠡᠳᠬᠢᠯ ᠢ᠋ᠶ᠋ᠡᠷ ᠬᠦᠯᠢᠶᠡᠵᠦ ᠪᠠᠢᠬᠤ ᠶ᠋ᠢ ᠮᠡᠳᠡᠬᠦ ᠲᠤᠯᠠ᠂ ᠠᠯᠢ ᠶ᠋ᠢ ᠨᠢ ᠴᠦ᠍ ᠵᠥᠪᠰᠢᠶᠡᠷᠡᠬᠦ ᠦᠭᠡᠢ ᠪᠠᠢᠯ᠎ᠠ᠃
ᠳᠠᠨᠠᠪᠠᠯ ᠭᠠᠳᠠᠭᠰᠢ ᠶᠠᠪᠤᠭᠠᠳ ᠭᠤᠷᠪᠠᠨ ᠵᠢᠯ ᠪᠣᠯᠲᠠᠯ᠎ᠠ ᠨᠢᠭᠡ ᠴᠦ᠍ ᠤᠳᠠᠭ᠎ᠠ ᠬᠠᠷᠢᠵᠤ ᠢᠷᠡᠭᠰᠡᠨ ᠦᠭᠡᠢ ᠮᠥᠷᠲᠡᠭᠡᠨ ᠪᠠᠰᠠ ᠴᠢᠮᠡᠭᠡ ᠰᠤᠷᠠᠭ ᠲᠠᠰᠤᠷᠠᠭᠰᠠᠨ ᠠ᠋ᠴᠠ ᠴᠡᠷᠢᠭ ᠲᠦ᠍ ᠮᠣᠷᠳᠠᠭᠰᠠᠨ ᠬᠥᠮᠦᠨ ᠦ᠌ ᠠᠮᠢᠳᠤ ᠡᠰᠡᠬᠦ ᠶ᠋ᠢ ᠪᠠᠲᠤᠯᠠᠬᠤ ᠶ᠋ᠢᠨ ᠠᠷᠭ᠎ᠠ ᠦᠭᠡᠢ ᠪᠣᠯᠵᠤ᠂ ᠵᠢᠨᠰᠢᠶᠠᠩ ᠤ᠋ᠨ ᠠᠪᠤ ᠨᠢ ᠡᠷᠬᠡ ᠮᠡᠳᠡᠵᠦ ᠥᠬᠢᠨ ᠢ᠋ᠶ᠋ᠡᠨ ᠮᠠᠩᠬᠠᠨ ᠠᠢᠯ ᠤ᠋ᠨ ᠵᠢᠨᠰᠡᠷᠮ᠎ᠠ ᠡᠮᠡᠭᠡᠨ ᠦ᠌ ᠣᠮᠪᠣᠯᠣ ᠬᠦᠦ ᠪᠠᠯᠳᠠᠨᠫᠠᠷᠡᠡᠩᠯᠡᠢ ᠳ᠋ᠦ᠍ ᠥᠭᠬᠦ ᠪᠡᠷ ᠬᠡᠯᠡᠯᠴᠡᠨ ᠲᠣᠭᠲᠠᠭᠰᠠᠨ ᠪᠢᠯᠡ᠃ ᠵᠢᠨᠰᠢᠶᠠᠩ ᠳᠤᠷ᠎ᠠ ᠦᠭᠡᠢ ᠲᠤᠯᠠ ᠡᠳᠦᠷ ᠪᠣᠯᠭᠠᠨ ᠡᠰᠡᠷᠭᠦᠴᠡᠨ ᠤᠬᠢᠯᠠᠭᠰᠠᠨ ᠴᠤ᠌ ᠠᠪᠤ ᠶ᠋ᠢᠨ ᠰᠡᠳᠬᠢᠯ ᠢ᠋ ᠤᠶᠠᠷᠠᠭᠤᠯᠤᠨ ᠴᠢᠳᠠᠭᠰᠠᠨ ᠦᠭᠡᠢ ᠂ ᠲᠤᠰ ᠵᠢᠯ ᠦ᠋ᠨ ᠬᠠᠪᠤᠷ ᠵᠢᠨᠰᠢᠶᠠᠩ ᠢ᠋ ᠪᠠᠯᠳᠠᠨᠫᠡᠷᠡᠩᠯᠡᠢ ᠳ᠋ᠦ᠍ ᠮᠥᠷᠭᠥᠯᠡᠪᠡ᠃
ᠵᠢᠨᠰᠢᠶᠠᠩ ᠪᠠᠯᠳᠠᠨᠫᠡᠷᠡᠩᠯᠡᠢ ᠲᠡᠢ ᠤᠷᠤᠭᠯᠠᠵᠤ ᠠᠩᠬᠠᠨ ᠠᠢᠯ ᠳ᠋ᠤ᠌ ᠢᠷᠡᠭᠰᠡᠨ ᠪᠣᠯᠪᠠᠴᠤ ᠤᠭ ᠤ᠋ᠨ ᠠᠮᠠᠷᠠᠭ ᠳᠠᠨᠠᠪᠠᠯ ᠠᠬ᠎ᠠ ᠪᠠᠨ ᠡᠭᠦᠷᠢᠳᠡ ᠰᠠᠨᠠᠵᠤ ᠪᠣᠳᠣᠬᠤ ᠲᠤᠯᠠ ᠡᠳᠦᠷ ᠪᠦᠷᠢ ᠰᠠᠨᠠᠭ᠎ᠠ ᠵᠣᠪᠠᠨᠢᠵᠤ ᠪᠠᠶᠠᠷ ᠬᠥᠷ ᠦᠭᠡᠢ ᠠᠮᠢᠳᠤᠷᠠᠳᠠᠭ ᠪᠠᠢᠵᠠᠢ ᠃
ᠵᠢᠷᠭᠤᠭᠠᠨ ᠲᠠᠯ᠎ᠠ ᠲᠠᠢ ᠳᠡᠷ᠎ᠡ ᠶ᠋ᠢ ᠪᠡᠨ
ᠳᠡᠷᠡᠯᠡᠵᠦ ᠬᠡᠪᠲᠡᠪᠡᠴᠦ ᠵᠢᠨᠰᠢᠶᠠᠩ ᠠ᠋
ᠵᠦᠢᠯ ᠦ᠋ᠨ ᠬᠣᠶᠠᠷ ᠢ ᠪᠣᠳᠣᠭᠠᠳ
ᠤᠷᠪᠠᠵᠤ ᠬᠥᠷᠪᠡᠨ᠎ᠡ ᠵᠢᠨᠰᠢᠶᠠᠩ ᠠ᠋
ᠵᠢᠷᠦᠬᠡᠨ ᠦ᠌ ᠠᠮᠠᠷᠠᠭ ᠳᠠᠨᠠᠪᠠᠯ ᠠᠬ᠎ᠠ ᠪᠠᠨ
ᠪᠣᠳᠣᠵᠤ ᠰᠠᠨᠠᠭᠰᠠᠭᠠᠷ ᠵᠡᠭᠦᠳᠦᠯᠡᠯ᠎ᠡ
ᠠ ᠬᠠ ᠬᠦ
ᠵᠡᠭᠦᠨ ᠭᠠᠷ ᠢ᠋ᠶ᠋ᠠᠷ ᠢ᠋ᠶ᠋ᠠᠨ ᠲᠡᠮᠲᠡᠷᠢᠭᠡᠳ
ᠭᠣᠮᠣᠳᠠᠵᠤ ᠪᠠᠢᠨ᠎ᠠ ᠵᠢᠨᠰᠢᠶᠠᠩ ᠠ᠋᠃

ᠪᠠᠳᠮ᠎ᠠ ᠬᠤᠸᠠᠷ ᠲᠠᠢ ᠳᠡᠷ᠎ᠡ ᠶ᠋ᠢ ᠪᠡᠨ
ᠳᠡᠷᠡᠯᠡᠵᠦ ᠬᠡᠪᠲᠡᠪᠡᠴᠦ ᠵᠢᠨᠰᠢᠶᠠᠩ ᠠ᠋
ᠪᠠᠢᠭᠰᠠᠨ ᠬᠣᠶᠠᠷ ᠢ᠋ ᠪᠣᠳᠣᠭᠠᠳ
ᠤᠷᠪᠠᠵᠤ ᠬᠥᠷᠪᠡᠨ᠎ᠡ ᠵᠢᠨᠰᠰᠢᠶᠠᠩ ᠠ᠋
ᠪᠠᠭ᠎ᠠ ᠶ᠋ᠢᠨ ᠠᠮᠠᠷᠠᠭ ᠳᠠᠨᠠᠪᠠᠯ ᠠᠬ᠎ᠠ ᠪᠠᠨ
ᠪᠣᠳᠣᠵᠤ ᠰᠠᠨᠠᠭᠰᠠᠭᠠᠷ ᠵᠡᠭᠦᠳᠦᠯᠡᠯ᠎ᠡ
ᠠ ᠬᠠ ᠬᠦ
ᠪᠠᠷᠠᠭᠤᠨ ᠭᠠᠷ ᠢ᠋ᠶ᠋ᠠᠷ ᠢ᠋ᠶ᠋ᠠᠨ ᠲᠡᠮᠲᠡᠷᠢᠭᠡᠳ
ᠭᠤᠲᠤᠷᠠᠵᠤ ᠪᠠᠢᠨ᠎ᠠ ᠵᠢᠨᠰᠢᠶᠠᠩ ᠠ᠋᠃
ᠵᠢᠨᠰᠢᠶᠠᠩ᠂ ᠵᠡᠭᠦᠳᠦ ᠪᠡᠷ ᠢ᠋ᠶ᠋ᠡᠨ ᠬᠠᠵᠠᠭᠤ ᠲᠠᠯ᠎ᠠ ᠳ᠋ᠠᠭᠠᠨ ᠬᠡᠪᠲᠡᠵᠦ ᠪᠠᠢᠭ᠎ᠠ ᠵᠢᠨᠰᠡᠷᠮ᠎ᠠ ᠨᠠᠢᠨᠠᠢ ᠪᠠᠨ ᠢᠰᠬᠦᠯᠵᠦ ᠰᠡᠷᠭᠦᠭᠡᠭᠰᠡᠨ ᠳ᠋ᠦ᠍ ᠨᠠᠢᠨᠠᠢ ᠨᠢ ᠠᠭᠤᠷᠯᠠᠵᠤ ᠵᠢᠨᠰᠢᠶᠠᠩ ᠢ᠋ ᠬᠠᠷᠢᠶᠠᠵᠤ ᠪᠠᠢᠬᠤ ᠨᠢ᠄
ᠳᠠᠭᠤᠤᠷᠢᠯᠢᠭ ᠳᠠᠭᠠᠷᠢᠭᠰᠠᠨ ᠬᠥᠮᠦᠨ ᠦ᠌ ᠥᠬᠢᠨ ᠴᠢᠨᠢ
ᠳᠠᠢᠰᠤᠨ ᠪᠣᠯᠵᠠᠢ ᠮᠠᠨ ᠳ᠋ᠠᠭᠠᠨ ᠠ᠋
ᠲᠡᠢᠨ ᠳ᠋ᠦ᠍ ᠶᠠᠪᠤᠭᠰᠠᠨ ᠳᠠᠨᠠᠪᠠᠯ
ᠳ᠋ᠠᠶᠧ ᠠᠪᠤ ᠴᠢᠨᠢ ᠪᠣᠯᠤᠨ᠎ᠠ ᠤᠤ ᠳᠠ
ᠳᠠᠨᠠᠪᠠᠯ ᠳ᠋ᠠᠶᠧ ᠠᠪᠤ ᠪᠠᠨ
ᠵᠡᠭᠦᠳᠦᠯᠡᠬᠦ ᠪᠡᠷ ᠢ᠋ᠶ᠋ᠡᠨ ᠵᠡᠭᠦᠳᠦᠯᠡᠭᠡᠷᠡᠢ ᠳᠠ
ᠠ ᠬᠠ ᠬᠦ
ᠳᠠᠯᠠ ᠬᠦᠷᠦᠭᠰᠡᠨ ᠨᠠᠢᠨᠠᠢ ᠨᠠᠮᠠᠢ ᠪᠠᠨ
ᠳᠠᠬᠢᠨ ᠳᠠᠬᠢᠨ ᠢᠰᠬᠦᠯᠦᠭᠡᠳ ᠶᠠᠭᠤ ᠬᠢᠨ᠎ᠡ ᠳᠡ᠃
ᠦᠬᠦᠯ ᠳᠠᠭᠠᠷᠢᠭᠰᠠᠨ ᠬᠥᠮᠦᠨ ᠦ᠌ ᠥᠬᠢᠨ ᠴᠢᠨᠢ
ᠡᠪᠡᠳᠴᠢᠨ ᠪᠣᠯᠵᠤ ᠮᠠᠨ ᠳ᠋ᠠᠭᠠᠨ ᠠ᠋
ᠡᠵᠡᠨ ᠦ᠌ ᠴᠡᠷᠢᠭ ᠦ᠋ᠨ ᠳᠠᠨᠠᠪᠠᠯ
ᠡᠪᠦᠭᠡ ᠠᠪᠤ ᠴᠢᠨᠢ ᠪᠣᠯᠤᠨ᠎ᠠ ᠤᠤ ᠳᠠ
ᠥᠰᠢᠶᠡᠲᠡᠨ ᠬᠤᠯᠠᠭᠠᠢ ᠳᠠᠨᠠᠪᠠᠯ ᠢ᠋ᠶ᠋ᠠᠨ
ᠵᠡᠭᠦᠳᠦᠯᠡᠬᠦ ᠪᠡᠷ ᠢ᠋ᠶ᠋ᠡᠨ ᠵᠡᠭᠦᠳᠦᠯᠡᠭᠡᠷᠡᠢ ᠳᠠ
ᠠ ᠬᠠ ᠬᠦ
ᠦᠳᠡᠯᠦᠭᠡ ᠪᠣᠯᠤᠭᠰᠠᠨ ᠨᠠᠢᠨᠠᠢ ᠨᠠᠮᠠᠢ ᠪᠠᠨ
ᠡᠷᠭᠢᠨ ᠡᠷᠭᠢᠨ ᠢᠰᠬᠦᠯᠬᠦ ᠨᠢ ᠶᠠᠭᠤ ᠶᠤᠮ ᠪᠣᠢ᠃
ᠵᠢᠨᠰᠢᠶᠠᠩ ᠪᠠᠰᠠ ᠵᠡᠭᠦᠳᠦ ᠪᠡᠨ ᠨᠠᠢᠨᠠᠢ ᠳ᠋ᠠᠭᠠᠨ ᠬᠡᠯᠡᠵᠦ ᠪᠠᠢᠨ᠎ᠠ᠄
ᠥᠨᠳᠥᠷ ᠳᠡᠭᠡᠷ᠎ᠡ ᠪᠡᠨ ᠤᠷᠭᠤᠭᠰᠠᠨ
ᠸᠧᠢ ᠳᠠᠩ ᠯᠢᠩᠬᠤ᠎ᠠ ᠬᠤᠸᠠᠷ ᠢ᠋
ᠦᠲᠦᠷᠮ᠎ᠡ ᠶ᠋ᠢᠨ ᠥᠨᠴᠥᠭ ᠲᠦ᠍
ᠳᠡᠯᠭᠡᠷᠡᠯ᠎ᠡ ᠭᠡᠮᠡᠨ ᠵᠡᠭᠦᠳᠦᠯᠡᠵᠡᠢ
ᠡᠵᠡᠨ ᠦ᠌ ᠴᠡᠷᠢᠭ ᠲᠦ᠍ ᠮᠣᠷᠳᠠᠭᠰᠠᠨ
ᠳᠠᠨᠠᠪᠠᠯ ᠠᠬ᠎ᠠ ᠶ᠋ᠢ
ᠠ ᠬᠠ ᠬᠦ
ᠡᠷᠬᠡ ᠭᠡᠷ ᠲᠦ᠍ ᠮᠢᠨᠢ
ᠦᠳᠡᠯᠡᠯ᠎ᠡ ᠭᠡᠮᠡᠨ ᠵᠡᠭᠦᠳᠦᠯᠡᠵᠡᠢ᠃
ᠬᠠᠳᠠᠨ ᠳᠡᠭᠡᠷ᠎ᠡ ᠨᠢ ᠤᠷᠭᠤᠭᠰᠠᠨ
ᠬᠠᠢᠲᠠᠩ ᠯᠢᠩᠬᠤ᠎ᠠ ᠬᠤᠸᠠᠷ ᠢ᠋
ᠬᠠᠰᠢᠶᠠᠨ ᠤ᠋ ᠮᠢᠨᠢ ᠳᠤᠮᠳᠠ
ᠳᠡᠯᠭᠡᠷᠡᠯ᠎ᠡ ᠭᠡᠮᠡᠨ ᠵᠡᠭᠦᠳᠦᠯᠡᠵᠡᠢ
ᠬᠠᠭᠠᠨ ᠤ᠋ ᠴᠡᠷᠢᠭ ᠲᠦ᠍ ᠮᠣᠷᠳᠠᠭᠰᠠᠨ
ᠳᠠᠨᠠᠪᠠᠯ ᠠᠬ᠎ᠠ ᠶ᠋ᠢ
ᠠ ᠬᠠ ᠬᠦ
ᠬᠠᠷᠢ ᠶ᠋ᠢᠨ ᠭᠠᠵᠠᠷ ᠲᠤ᠌ ᠮᠢᠨᠢ
ᠪᠠᠭᠤᠳᠠᠯᠯᠠᠯ᠎ᠠ ᠭᠡᠮᠡᠨ ᠵᠡᠭᠦᠳᠦᠯᠡᠵᠡᠢ᠃ ᠵᠢᠨᠰᠡᠷᠮ᠎ᠡ ᠨᠠᠢᠨᠠᠢ᠂ ᠵᠢᠨᠰᠢᠶᠠᠩ ᠤ᠋ᠨ ᠵᠡᠭᠦᠳᠦ ᠶ᠋ᠢ ᠰᠣᠨᠣᠰᠤᠮᠠᠭᠴᠠ ᠢᠨᠢᠶᠡᠭᠡᠳ᠄《 ᠠᠢ ᠳᠠ ᠬᠥᠭᠡᠷᠦᠬᠦᠢ᠂ ᠨᠠᠢᠨᠠᠢ ᠴᠢᠨᠢ ᠪᠢ ᠪᠠᠰᠠ ᠨᠢᠭᠡᠨ ᠰᠣᠨᠢᠨ ᠵᠡᠭᠦᠳᠦ ᠵᠡᠭᠦᠳᠦᠯᠡᠭᠰᠡᠨ ᠶᠦ᠍ᠮ 》ᠭᠡᠳ᠄
ᠥᠨᠳᠥᠷ ᠳᠡᠭᠡᠷ᠎ᠡ ᠨᠢ ᠤᠷᠭᠤᠭᠰᠠᠨ
ᠸᠧᠢ ᠳᠠᠩ ᠯᠢᠩᠬᠤ᠎ᠠ ᠬᠤᠸᠠᠷ ᠢ᠋
ᠡᠪᠦᠯ ᠦ᠋ᠨ ᠴᠠᠭ ᠤ᠋ᠨ ᠬᠦᠢᠲᠡᠨ ᠳ᠋ᠡᠭᠡᠨ
ᠬᠥᠯᠲᠡᠯ᠎ᠡ ᠭᠡᠮᠡᠨ ᠵᠡᠭᠦᠳᠦᠯᠡᠵᠡᠢ
ᠡᠵᠡᠨ ᠦ᠌ ᠴᠡᠷᠢᠭ ᠲᠦ᠍ ᠮᠣᠷᠳᠠᠭᠰᠠᠨ
ᠳᠠᠨᠠᠪᠠᠯ ᠲᠡᠷᠡ ᠠᠮᠢᠲᠠᠨ ᠢ᠋
ᠠ ᠬᠠ ᠬᠦ
ᠥᠰᠢᠶᠡᠲᠡᠨ ᠳᠠᠢᠰᠤᠨ ᠤ᠋ ᠫᠤᠤ ᠳ᠋ᠤ᠌
ᠠᠪᠲᠠᠭᠳᠠᠯ᠎ᠠ ᠭᠡᠮᠡᠨ ᠵᠡᠭᠦᠳᠦᠯᠡᠵᠡᠢ᠃

ᠦᠰᠦᠭ ᠠᠮᠢᠯᠠᠭᠤᠯᠤᠭᠴᠢ᠄ ᠬᠥᠭᠵᠢᠯᠴᠡᠴᠡᠭ
ᠬᠢᠨᠠᠭᠴᠢ ᠪᠠᠭᠰᠢ᠄ ᠲᠣᠳᠣᠭᠡᠷᠡᠯ᠂ ᠣᠳᠬᠠᠨᠰᠣ᠎ᠠ71
ᠬᠠᠳᠠᠨ ᠳᠡᠭᠡᠷ᠎ᠡ ᠨᠢ ᠤᠷᠭᠤᠭᠰᠠᠨ
ᠬᠠᠢᠲᠠᠩ ᠯᠢᠩᠬᠤ᠎ᠠ ᠬᠤᠸᠠᠷ ᠢ᠋
ᠬᠠᠬᠢᠷ ᠡᠪᠦᠯ ᠦ᠋ᠨ ᠬᠦᠢᠲᠡᠨ ᠳ᠋ᠦ᠍
ᠬᠥᠯᠲᠡᠯ᠎ᠡ ᠭᠡᠮᠡᠨ ᠵᠡᠭᠦᠳᠦᠯᠡᠵᠡᠢ
ᠬᠠᠭᠠᠨ ᠤ᠋ ᠴᠡᠷᠢᠭ ᠲᠦ᠍ ᠮᠣᠷᠳᠠᠭᠰᠠᠨ
ᠳᠠᠨᠠᠪᠠᠯ ᠲᠡᠷᠡ ᠠᠮᠢᠲᠠᠨ ᠢ᠋
ᠠ ᠬᠠ ᠬᠦ
ᠬᠠᠷᠭᠢᠰ ᠳᠠᠢᠰᠤᠨ ᠤ᠋ ᠫᠤᠤ ᠶ᠋ᠢᠨ ᠰᠤᠮᠤ ᠳ᠋ᠤ᠌
ᠳᠠᠭᠠᠷᠢᠭᠳᠠᠯ᠎ᠠ ᠭᠡᠮᠡᠨ ᠵᠡᠭᠦᠳᠦᠯᠡᠵᠡᠢ᠃
ᠵᠢᠨᠰᠢᠶᠠᠩ ᠡᠷᠲᠡ ᠥᠷᠯᠥᠭᠡ ᠪᠣᠰᠴᠤ ᠦᠨᠢᠶ᠎ᠡ ᠪᠡᠨ ᠰᠠᠭᠠᠵᠤ ᠪᠠᠢᠭᠠᠳ᠂ ᠳᠠᠮᠵᠢᠭᠤᠷ ᠢ᠋ᠶ᠋ᠠᠨ ᠳᠠᠮᠨᠠᠵᠤ ᠬᠤᠳᠳᠤᠭ ᠵᠦᠭ ᠶᠠᠪᠤᠯ᠎ᠠ᠃
*** *** *** *** ***
ᠦᠳᠡ ᠪᠣᠯᠬᠤ ᠶ᠋ᠢᠨ ᠬᠢᠷᠢ ᠳ᠋ᠦ᠍ ᠳᠠᠨᠠᠪᠠᠯ ᠳᠠᠪᠬᠢᠭᠤᠯᠤᠭᠰᠠᠭᠠᠷ ᠮᠠᠩᠬᠠᠨ ᠠᠢᠯ ᠳ᠋ᠤ᠌ ᠬᠦᠷᠴᠦ ᠢᠷᠡᠭᠡᠳ ᠮᠣᠷᠢᠨ ᠠ᠋ᠴᠠ ᠪᠠᠨ ᠪᠠᠭᠤᠵᠤ ᠠᠢᠯ ᠤ᠋ᠨ ᠭᠠᠳᠠᠨᠠᠬᠢ ᠮᠣᠳᠣᠨ ᠰᠡᠭᠦᠳᠡᠷ ᠲᠦ᠍ ᠨᠢᠭᠡᠨ ᠵᠡᠷᠭᠡ ᠠᠮᠤᠰᠬᠢᠭᠡᠳ᠂ ᠮᠣᠷᠢ ᠪᠠᠨ ᠤᠰᠤᠯᠠᠬᠤ ᠪᠠᠷ ᠬᠤᠳᠳᠤᠭ ᠵᠦᠭ ᠢᠷᠡᠬᠦ ᠳ᠋ᠦ᠍ ᠨᠢᠭᠡᠨ ᠵᠠᠯᠠᠭᠤ ᠪᠡᠷᠢ ᠳᠠᠮᠵᠢᠭᠤᠷ ᠳᠠᠮᠨᠠᠵᠤ ᠤᠰᠤ ᠠᠪᠬᠤ ᠪᠠᠷ ᠬᠤᠳᠳᠤᠭ ᠵᠦᠭ ᠠᠢᠰᠤᠢ ᠪᠠᠢᠯ᠎ᠠ᠂ ᠳᠠᠨᠠᠪᠠᠯ ᠲᠡᠷᠡ ᠵᠠᠯᠠᠭᠤ ᠪᠡᠷᠢ ᠡᠴᠡ ᠰᠠᠭᠤᠯᠠᠭ᠎ᠠ ᠵᠢᠭᠡᠯᠡᠨ ᠮᠣᠷᠢ ᠪᠠᠨ ᠤᠰᠤᠯᠠᠰᠤᠭᠠᠢ ᠭᠡᠵᠦ ᠪᠣᠳᠣᠭᠠᠳ ᠥᠭᠡᠳᠡ ᠡᠴᠡ ᠨᠢ ᠠᠩᠬᠠᠷᠤᠭᠰᠠᠨ ᠳ᠋ᠤ᠌ ᠵᠠᠯᠠᠭᠤ ᠪᠡᠷᠢ ᠲᠡᠭᠦᠨ ᠦ᠌ ᠨᠢᠳᠦᠨ ᠳ᠋ᠦ᠍ ᠲᠤᠩ ᠬᠠᠯᠠᠭᠤᠨ ᠬᠠᠷᠠᠭᠳᠠᠭᠰᠠᠨ ᠪᠠᠢᠨ᠎ᠠ᠃
ᠳᠠᠮᠵᠢᠭᠤᠷ ᠰᠠᠭᠤᠯᠠᠭ᠎ᠠ ᠪᠠᠨ ᠳᠠᠮᠨᠠᠭᠠᠳ
ᠳᠠᠩᠬᠢᠯᠵᠠᠭᠤᠯᠵᠤ ᠢᠷᠡᠬᠦ ᠲᠡᠷᠡ ᠡᠭᠡᠴᠢ ᠳᠡᠭᠦᠦ
ᠳᠠᠪᠬᠤᠷ ᠠᠯᠠᠭ ᠨᠢᠳᠦᠨ ᠳ᠋ᠦ᠍ ᠮᠢᠨᠢ
ᠳᠠᠩᠴᠤ ᠬᠠᠯᠠᠭᠤᠨ ᠬᠠᠷᠠᠭᠳᠠᠨ᠎ᠠ
ᠳᠠᠷᠤᠵᠤ ᠵᠡᠭᠦᠭᠰᠡᠨ ᠳᠠᠪᠠᠭ᠎ᠠ ᠬᠠᠳᠬᠤᠤᠷ
ᠲᠠᠢᠯᠠᠩ ᠰᠦᠬᠡ ᠦᠭᠡᠢ ᠪᠣᠯ
ᠠ ᠬᠠ ᠬᠦ
ᠳᠠᠪᠠᠭᠤᠬᠠᠨ ᠲᠥᠷᠥᠭᠰᠡᠨ ᠵᠢᠨᠰᠢᠶᠠᠩ ᠲᠠᠢ ᠮᠢᠨᠢ
ᠠᠪ ᠠᠳᠠᠯᠢᠬᠠᠨ ᠪᠢᠰᠢᠦ ᠳᠠ᠃
ᠥᠨᠥ ᠵᠠᠯᠠᠭᠤ ᠪᠡᠷᠢ ᠴᠦ᠍ ᠮᠣᠷᠢ ᠬᠥᠲᠥᠯᠵᠦ ᠵᠣᠭᠰᠣᠵᠤ ᠪᠠᠢᠭ᠎ᠠ ᠬᠥᠮᠦᠨ ᠢ᠋ ᠠᠵᠢᠭᠯᠠᠭᠠᠳ ᠳᠣᠲᠣᠷ᠎ᠠ ᠪᠠᠨ ᠢᠩᠭᠢᠵᠦ ᠪᠣᠳᠣᠵᠠᠢ᠃
ᠠᠭᠲᠠ ᠮᠣᠷᠢ ᠪᠠᠨ ᠬᠥᠲᠥᠯᠵᠦ
ᠵᠣᠭᠰᠣᠵᠤ ᠪᠠᠢᠬᠤ ᠲᠡᠷᠡ ᠬᠥᠮᠦᠨ
ᠠᠯᠠᠭ ᠬᠣᠶᠠᠷ ᠨᠢᠳᠦᠨ ᠳ᠋ᠦ᠍ ᠮᠢᠨᠢ
ᠠᠰᠤᠷᠤ ᠴᠤ᠌ ᠬᠠᠯᠠᠭᠤᠨ ᠬᠠᠷᠠᠭᠳᠠᠨ᠎ᠠ
ᠠᠯᠪᠠᠨ ᠴᠡᠷᠢᠭ ᠦ᠋ᠨ ᠬᠤᠪᠴᠠᠰᠤ ᠪᠠᠨ
ᠡᠮᠦᠰᠦᠭᠰᠡᠨ ᠪᠣᠯᠪᠠᠯ ᠳᠠ
ᠠ ᠬᠠ ᠬᠦ
ᠠᠩᠬᠠᠨ ᠤ᠋ ᠰᠠᠨᠠᠭᠰᠠᠨ ᠳᠠᠨᠠᠪᠠᠯ ᠲᠠᠢ ᠮᠢᠨᠢ
ᠠᠪ ᠠᠳᠠᠯᠢᠬᠠᠨ ᠪᠢᠰᠢᠦ ᠳᠠ᠃
ᠵᠠᠯᠠᠭᠤ ᠪᠡᠷᠢ ᠬᠤᠳᠳᠤᠭ ᠤ᠋ᠨ ᠠᠮᠠᠰᠠᠷ ᠲᠤ᠌ ᠬᠦᠷᠴᠦ ᠢᠷᠡᠭᠰᠡᠨ ᠳ᠋ᠦ᠍ ᠳᠠᠨᠠᠪᠠᠯ ᠲᠡᠭᠦᠨ ᠦ᠌ ᠵᠦᠭ ᠢᠩᠭᠢᠵᠦ ᠬᠡᠯᠡᠵᠦ ᠪᠠᠢᠨ᠎ᠠ᠄
ᠬᠤᠷᠮᠤᠰᠲᠠ ᠲᠩᠷᠢ ᠶ᠋ᠢᠨ ᠤᠯᠠᠭᠠᠨ ᠨᠠᠷᠠ

ᠬᠠᠯᠠᠭᠤᠨ ᠪᠠᠢᠨ᠎ᠠ ᠰᠢᠦ ᠡᠭᠡᠴᠢ ᠳᠡᠭᠦᠦ ᠠ᠋
ᠬᠣᠯᠠ ᠵᠠᠮ ᠬᠥᠭᠡᠭᠡᠭᠰᠡᠨ ᠪᠡᠶ᠎ᠡ ᠮᠢᠨᠢ
ᠬᠠᠷᠠᠲᠠᠢ ᠴᠤ᠌ ᠤᠮᠳᠠᠭᠠᠰᠴᠠᠢ ᠡᠭᠡᠴᠢ ᠳᠡᠭᠦᠦ ᠠ᠋
ᠬᠤᠳᠳᠤᠭ ᠤ᠋ᠨ ᠤᠰᠤ ᠶ᠋ᠢ ᠴᠢᠨᠢ
ᠬᠠᠨᠲᠠᠯ᠎ᠠ ᠪᠠᠨ ᠤᠤᠭᠤᠶ᠎ᠠ ᠳᠠ
ᠠ ᠬᠠ ᠬᠦ
ᠬᠠᠷᠢᠨ ᠴᠢᠨᠦ ᠰᠠᠭᠤᠯᠠᠭ᠎ᠠ ᠶ᠋ᠢ
ᠵᠢᠭᠡᠯᠡᠵᠦ ᠵᠠᠷᠤᠶ᠎ᠠ ᠪᠣᠯᠤᠨ᠎ᠠ ᠤᠤ?
ᠣᠭᠲᠠᠷᠭᠤᠢ ᠶ᠋ᠢᠨ ᠤᠯᠠᠭᠠᠨ ᠨᠠᠷᠠ
ᠣᠨᠴᠣᠭᠣᠢ ᠬᠠᠯᠠᠭᠤᠨ ᠪᠠᠢᠨ᠎ᠠ ᠡᠭᠡᠴᠢ ᠳᠡᠭᠦᠦ ᠠ᠋
ᠤᠳᠠᠭᠠᠨ ᠶᠠᠪᠤᠭᠰᠠᠨ ᠬᠦᠯᠦᠭ ᠮᠣᠷᠢ ᠮᠢᠨᠢ
ᠤᠨᠲᠠᠭᠠᠰᠤᠭᠰᠠᠨ ᠭᠡᠵᠦ ᠳᠠ ᠡᠭᠡᠴᠢ ᠳᠡᠭᠦᠦ ᠠ᠋
ᠤᠨᠤᠭᠰᠠᠨ ᠮᠣᠷᠢ ᠣᠨᠣᠭᠣᠨ ᠬᠤᠸᠠ ᠪᠠᠨ
ᠤᠰᠤᠯᠠᠭᠠᠳ ᠭᠠᠷᠬᠤ ᠶ᠋ᠢᠨ ᠲᠥᠯᠥᠭᠡ
ᠠ ᠬᠠ ᠬᠦ
ᠤᠰᠤᠨ ᠰᠠᠭᠤᠯᠠᠭ᠎ᠠ ᠶ᠋ᠢ ᠴᠢᠨᠢ
ᠵᠢᠭᠡᠯᠡᠭᠡᠳ ᠵᠠᠷᠤᠶ᠎ᠠ ᠪᠣᠯᠤᠨ᠎ᠠ ᠤᠤ?

ᠵᠠᠯᠠᠭᠤ ᠪᠡᠷᠢ᠂ ᠰᠠᠭᠤᠯᠠᠭ᠎ᠠ ᠳᠠᠮᠵᠢᠭᠤᠷ ᠢ᠋ᠶ᠋ᠠᠨ ᠲᠠᠯᠪᠢᠵᠤ ᠳᠠᠨᠠᠪᠠᠯ ᠵᠦᠭ᠄《 ᠰᠠᠭᠤᠯᠠᠭ᠎ᠠ ᠵᠢᠭᠡᠯᠡᠬᠦ ᠳ᠋ᠦ᠍ ᠤᠴᠢᠷ ᠲᠠᠢ᠂ ᠰᠤᠷᠠᠭᠯᠠᠵᠤ ᠠᠰᠠᠭᠤᠬᠤ ᠬᠡᠳᠦᠨ ᠦᠭᠡ ᠪᠠᠢᠨ᠎ᠠ 》 ᠭᠡᠳ ᠠᠰᠠᠭᠤᠵᠤ ᠪᠠᠢᠨ᠎ᠠ᠄
ᠠᠪᠤ ᠳᠡᠭᠡᠳᠦ ᠶ᠋ᠢᠨ ᠬᠣᠰᠢᠭᠤ ᠨᠤᠲᠤᠭ ᠴᠢᠨᠢ
ᠠᠯᠢ ᠪᠣᠯᠤᠨ᠎ᠠ ᠪᠣᠢ
ᠠᠵᠤ ᠰᠠᠭᠤᠭᠰᠠᠨ ᠠᠢᠯ ᠭᠡᠷ ᠴᠢᠨᠢ
ᠬᠠᠮᠢᠭ᠎ᠠ ᠪᠣᠯᠤᠨ᠎ᠠ ᠪᠣᠢ
ᠠᠭᠰᠢᠷᠠᠭ᠎ᠠ ᠪᠣᠯᠤᠭᠰᠠᠨ ᠠᠪᠤ ᠶ᠋ᠢᠨ ᠠᠯᠳᠠᠷ
ᠬᠡᠨ ᠪᠣᠯᠤᠨ᠎ᠠ ᠪᠣᠢ
ᠠ ᠬᠠ ᠬᠦ
ᠠᠰ ᠤ᠋ᠨ ᠪᠡᠶ᠎ᠡ ᠶ᠋ᠢᠨ ᠳᠠᠭᠤᠳᠠᠬᠤ ᠨᠡᠷ᠎ᠡ ᠴᠢᠨᠢ
ᠬᠡᠨ ᠪᠣᠯᠤᠨ᠎ᠠ ᠪᠣᠢ ᠠᠬ᠎ᠠ ᠮᠢᠨᠢ ᠠ᠋᠃

ᠡᠪᠦᠭᠡ ᠳᠡᠭᠡᠳᠦ ᠶ᠋ᠢᠨ ᠬᠣᠰᠢᠭᠤ ᠨᠤᠲᠤᠭ ᠴᠢᠨᠢ
ᠠᠯᠢ ᠪᠣᠯᠤᠨ᠎ᠠ ᠪᠣᠢ
ᠥᠰᠴᠦ ᠲᠥᠷᠥᠭᠰᠡᠨ ᠠᠢᠯ ᠭᠡᠷ ᠴᠢᠨᠢ
ᠬᠠᠮᠢᠭ᠎ᠠ ᠪᠣᠯᠤᠨ᠎ᠠ ᠪᠣᠢ
ᠦᠳᠡᠯᠦᠭᠡ ᠪᠣᠯᠤᠭᠰᠠᠨ ᠠᠪᠤ ᠶ᠋ᠢᠨ ᠠᠯᠳᠠᠷ
ᠬᠡᠨ ᠪᠣᠯᠤᠨ᠎ᠠ ᠪᠣᠢ
ᠠ ᠬᠠ ᠬᠦ
ᠥᠪᠡᠷ ᠦ᠋ᠨ ᠪᠡᠶ᠎ᠡ ᠶ᠋ᠢᠨ ᠳᠠᠭᠤᠳᠠᠬᠤ ᠨᠡᠷ᠎ᠡ ᠴᠢᠨᠢ
ᠬᠡᠨ ᠪᠣᠯᠤᠨ᠎ᠠ ᠪᠣᠢ ᠠᠬ᠎ᠠ ᠮᠢᠨᠢ ᠠ᠋ ᠃
ᠳᠠᠨᠠᠪᠠᠯ ᠬᠠᠷᠢᠭᠤᠯᠵᠤ ᠪᠠᠢᠬᠤ ᠨᠢ ᠄
ᠠᠪᠤ ᠳᠡᠭᠡᠳᠦ ᠶ᠋ᠢᠨ ᠬᠣᠰᠢᠭᠤ ᠨᠤᠲᠤᠭ
ᠪᠣᠳᠣᠯᠭᠠᠲᠤ ᠳᠡᠭᠡᠷ᠎ᠡ ᠪᠡᠨ ᠬᠣᠰᠢᠭᠤ ᠲᠠᠢ
ᠠᠵᠤ ᠰᠠᠭᠤᠭᠰᠠᠨ ᠠᠢᠯ ᠭᠡᠷ ᠮᠢᠨᠢ

ᠵᠢᠯᠲᠦ ᠳᠡᠭᠡᠷ᠎ᠡ ᠪᠡᠨ ᠠᠢᠯ ᠲᠠᠢ
ᠠᠭᠰᠢᠷᠠᠭ᠎ᠠ ᠪᠣᠯᠤᠭᠰᠠᠨ ᠠᠪᠤ ᠶ᠋ᠢᠨ ᠮᠢᠨᠢ ᠠᠯᠳᠠᠷ

ᠮᠡᠩᠭᠦᠢ ᠳᠡᠭᠡᠷ᠎ᠡ ᠪᠡᠨ ᠡᠮᠴᠢ ᠲᠡᠢ
ᠠ ᠬᠠ ᠬᠦ
ᠠᠰ ᠤ᠋ᠨ ᠪᠡᠶ᠎ᠡ ᠶ᠋ᠢᠨ ᠳᠠᠭᠤᠳᠠᠬᠤ ᠨᠡᠷ᠎ᠡ
ᠲᠡᠨᠡ ᠳᠡᠭᠡᠷ᠎ᠡ ᠪᠡᠨ ᠪᠠᠯ ᠲᠠᠢ ᠰᠢᠦ᠃

ᠡᠪᠦᠭᠡ ᠳᠡᠭᠡᠳᠦ ᠶ᠋ᠢᠨ ᠬᠣᠰᠢᠭᠤ ᠨᠤᠲᠤᠭ
ᠪᠣᠳᠣᠯᠭᠠᠲᠤ ᠳᠡᠭᠡᠷ᠎ᠡ ᠪᠡᠨ ᠬᠣᠰᠢᠭᠤ ᠲᠠᠢ
ᠥᠰᠴᠦ ᠲᠥᠷᠥᠭᠰᠡᠨ ᠠᠢᠯ ᠭᠡᠷ ᠮᠢᠨᠢ

ᠵᠢᠯᠲᠦ ᠳᠡᠭᠡᠷ᠎ᠡ ᠪᠡᠨ ᠠᠢᠯ ᠲᠠᠢ
ᠦᠳᠡᠯᠦᠭᠡ ᠪᠣᠯᠤᠭᠰᠠᠨ ᠠᠪᠤ ᠶ᠋ᠢᠨ ᠠᠯᠳᠠᠷ
ᠮᠡᠩᠭᠦᠢ ᠳᠡᠭᠡᠷ᠎ᠡ ᠪᠡᠨ ᠡᠮᠴᠢ ᠲᠡᠢ
ᠠ ᠬᠠ ᠬᠦ
ᠥᠪᠡᠷ ᠦ᠋ᠨ ᠪᠡᠶ᠎ᠡ ᠶ᠋ᠢᠨ ᠳᠠᠭᠤᠳᠠᠬᠤ ᠨᠡᠷ᠎ᠡ
ᠲᠡᠨᠡ ᠳᠡᠭᠡᠷ᠎ᠡ ᠪᠡᠨ ᠪᠠᠯ ᠲᠠᠢ ᠰᠢᠦ᠃
ᠵᠢᠨᠰᠢᠶᠠᠩ᠄
ᠰᠤᠷᠠᠭᠯᠠᠭᠰᠠᠨ ᠢ᠋ᠶ᠋ᠠᠨ ᠰᠣᠨᠣᠰᠤᠮᠠᠭᠴᠠ
ᠰᠤᠯᠠᠷᠠᠴᠢᠬᠠᠯ᠎ᠠ ᠰᠢᠦ ᠵᠢᠨᠰᠢᠶᠠᠩ ᠠ᠋
ᠰᠠᠭᠤᠯᠠᠭ᠎ᠠ ᠳᠠᠮᠵᠢᠭᠤᠷ ᠢ᠋ᠶ᠋ᠠᠨ ᠲᠠᠯᠪᠢᠭᠠᠳ
ᠮᠡᠯᠡᠷᠡᠴᠢᠬᠡᠯ᠎ᠡ ᠰᠢᠦ ᠵᠢᠨᠰᠢᠶᠠᠩ ᠠ᠋
ᠰᠤᠪᠤᠳ ᠤ᠋ᠨ ᠬᠡᠯᠬᠢᠶ᠎ᠡ ᠲᠠᠰᠤᠷᠠᠭᠰᠠᠨ ᠮᠡᠲᠦ
ᠨᠢᠳᠦᠨ ᠨᠢᠯᠪᠤᠰᠤ ᠨᠢ ᠪᠥᠮᠪᠥᠷᠢᠭᠰᠡᠭᠡᠷ
ᠠ ᠬᠠ ᠬᠦ
ᠰᠤᠮᠤᠨ ᠴᠠᠭᠠᠨ ᠠᠯᠴᠢᠭᠤᠷ ᠢ᠋ᠶ᠋ᠠᠨ
ᠱᠠᠯ ᠨᠣᠢᠲᠠᠨ ᠪᠣᠯᠭᠠᠯ᠎ᠠ ᠰᠢᠦ᠃
ᠳᠠᠨᠠᠪᠠᠯ ᠢ᠋ᠶ᠋ᠠᠨ ᠭᠡᠵᠦ ᠮᠡᠳᠡᠮᠡᠭᠴᠡ

ᠬᠠᠷᠠᠯᠠᠴᠢᠬᠠᠯ᠎ᠠ ᠰᠢᠦ ᠵᠢᠨᠰᠢᠶᠩ ᠠ᠋
ᠳᠠᠮᠵᠢᠭᠤᠷ ᠰᠠᠭᠤᠯᠠᠭ᠎ᠠ ᠪᠠᠨ ᠲᠠᠯᠪᠢᠭᠠᠳ
ᠮᠡᠯᠡᠷᠡᠴᠢᠬᠡᠯ᠎ᠡ ᠰᠢᠦ ᠵᠢᠨᠰᠢᠶᠠᠩ ᠠ᠋
ᠳᠠᠪᠬᠤᠷ ᠠᠯᠠᠭ ᠨᠢᠳᠦᠨ ᠦ᠌ ᠨᠢᠯᠪᠤᠰᠤ ᠨᠢ
ᠲᠠᠪᠠᠯᠠᠨ ᠳᠠᠪᠠᠯᠠᠨ ᠤᠷᠤᠰᠤᠭᠰᠠᠭᠠᠷ
ᠠ ᠬᠠ ᠬᠦ
ᠳᠠᠪᠤᠤ ᠪᠥᠰ ᠦ᠋ᠨ ᠬᠣᠷᠮᠣᠢᠪᠴᠢ ᠪᠠᠨ
ᠱᠠᠯ ᠨᠣᠢᠲᠠᠨ ᠪᠣᠯᠭᠠᠯ᠎ᠠ ᠰᠢᠦ᠃
ᠳᠠᠨᠠᠪᠠᠯ ᠵᠢᠨᠰᠢᠶᠠᠩ ᠬᠣᠶᠠᠭᠤᠯᠠ ᠡᠨᠡ ᠮᠡᠲᠦ ᠪᠡᠷ ᠲᠠᠨᠢᠯᠴᠠᠵᠤ ᠮᠠᠩᠬᠠᠨ ᠠᠢᠯ ᠤ᠋ᠨ ᠬᠤᠳᠳᠤᠭ ᠳᠡᠭᠡᠷ᠎ᠡ ᠵᠣᠭᠰᠣᠭᠠᠳ ᠵᠢᠨᠰᠢᠶᠠᠩ᠂ ᠠᠪᠤ ᠡᠵᠢ ᠶ᠋ᠢᠨ ᠢ᠋ᠶ᠋ᠡᠨ ᠠᠯᠪᠠᠳᠠᠯᠭ᠎ᠠ ᠪᠠᠷ ᠠᠷᠭ᠎ᠠ ᠪᠤᠰᠤ ᠪᠠᠯᠳᠠᠨᠫᠡᠷᠡᠩᠯᠡᠢ ᠲᠡᠢ ᠬᠤᠷᠢᠮᠯᠠᠭᠰᠠᠨ ᠭᠤᠨᠢᠭᠲᠤ ᠤᠴᠢᠷ ᠢ᠋ᠶ᠋ᠠᠨ ᠬᠡᠯᠡᠵᠦ ᠤᠯᠠᠮ ᠴᠤ᠌ ᠲᠡᠰᠬᠡᠯ ᠦᠭᠡᠢ ᠭᠤᠳᠤᠷᠠᠨ ᠤᠬᠢᠯᠠᠪᠠ᠃
ᠳᠠᠨᠠᠪᠠᠯ ᠰᠠᠨᠠᠮᠰᠠᠷ ᠦᠭᠡᠢ ᠡᠨᠡᠬᠦ ᠬᠦᠨᠳᠦ ᠴᠣᠬᠢᠯᠲᠠ ᠳ᠋ᠤ᠌ ᠰᠡᠳᠬᠢᠯ ᠰᠠᠨᠠᠭ᠎ᠠ ᠵᠣᠪᠠᠵᠤ ᠵᠢᠷᠦᠬᠡ ᠭᠣᠣᠯ ᠨᠢ ᠰᠢᠮᠰᠢᠷᠡᠭᠡᠳ ᠠᠭᠠᠵᠢᠮ ᠢ᠋ᠶ᠋ᠠᠷ ᠡᠪᠦᠷ ᠡᠴᠡ ᠪᠡᠨ ᠪᠠᠭᠯᠠᠭ᠎ᠠ ᠲᠠᠢ ᠠᠯᠴᠢᠭᠤᠷ ᠢ᠋ᠶ᠋ᠠᠨ ᠭᠠᠷᠭᠠᠵᠤ ᠬᠡᠯᠡᠵᠦ ᠪᠠᠢᠬᠤ ᠨᠢ᠄
ᠬᠥᠬᠡ ᠲᠣᠷᠭᠠᠨ ᠠᠯᠴᠢᠭᠤᠷ ᠴᠢᠨᠢ
ᠬᠥᠪᠡᠭᠡ ᠨᠢ ᠪᠠᠷᠠᠭᠳᠠᠪᠠ ᠤᠤ ᠠ᠋
ᠬᠥᠭᠡᠷᠦᠬᠦᠨ ᠪᠠᠭ᠎ᠠ ᠶ᠋ᠢᠨ ᠪᠡᠶ᠎ᠡ ᠴᠢᠨᠢ
ᠬᠥᠭᠰᠢᠷᠡᠴᠢᠬᠡᠪᠡ ᠤᠤ ᠵᠢᠨᠰᠢᠶᠠᠩ ᠠ᠋
ᠬᠦᠰᠡᠵᠦ ᠰᠠᠨᠠᠭᠰᠠᠨ ᠰᠡᠳᠬᠢᠯ ᠳ᠋ᠡᠭᠡᠨ
ᠤᠷᠭᠤᠵᠤ ᠳᠤᠲᠠᠭᠠᠵᠤ ᠢᠷᠡᠬᠦᠯᠡᠷ
ᠠ ᠬᠠ ᠬᠦ
ᠬᠥᠳᠡᠭᠡ ᠠᠢᠯ ᠤ᠋ᠨ ᠬᠤᠳᠳᠤᠭ ᠤ᠋ᠨ ᠠᠮᠠᠰᠠᠷ
ᠤᠴᠠᠷᠠᠨ᠎ᠠ ᠭᠡᠵᠦ ᠰᠠᠨᠠᠪᠠ ᠤᠤ ᠳᠠ᠃
ᠪᠣᠷᠣ ᠲᠣᠷᠭᠠᠨ ᠠᠯᠴᠢᠭᠤᠷ ᠴᠢᠨᠢ
ᠪᠣᠳᠣᠭ ᠨᠢ ᠤᠨᠠᠪᠠ ᠤᠤ ᠵᠢᠨᠰᠢᠶᠠᠩ
ᠪᠣᠯᠪᠠᠷᠬᠠᠨ ᠲᠥᠷᠥᠭᠰᠡᠨ ᠪᠡᠶ᠎ᠡ ᠴᠢᠨᠢ
ᠪᠤᠭᠤᠷᠤᠯ ᠪᠣᠯᠪᠠᠴᠤ ᠵᠢᠨᠰᠢᠶᠠᠩ ᠠ᠋
ᠪᠣᠳᠣᠵᠤ ᠰᠠᠨᠠᠭᠰᠠᠨ ᠰᠡᠳᠬᠢᠯ ᠳ᠋ᠡᠭᠡᠨ
ᠪᠤᠷᠤᠭᠤᠯᠠᠵᠤ ᠳᠤᠲᠠᠭᠠᠵᠤ ᠢᠷᠡᠬᠦᠯᠡᠷ
ᠠ᠋ ᠬᠠ ᠬᠦ
ᠪᠠᠯᠳᠠᠨᠫᠡᠷᠡᠩᠯᠡᠢ ᠲᠡᠢ ᠤᠷᠤᠭᠯᠠᠨ᠎ᠠ ᠭᠡᠵᠦ
ᠬᠡᠨ ᠰᠠᠨᠠᠪᠠ ᠳᠠ ᠵᠢᠨᠰᠢᠶᠠᠩ ᠠ᠋᠃
ᠵᠢᠨᠰᠢᠶᠠᠩ᠄
ᠤᠷᠲᠤ ᠡᠰᠢ ᠲᠡᠢ ᠰᠦᠬᠡ ᠪᠡᠷ ᠨᠢ
ᠣᠭᠲᠣᠴᠢᠭᠠᠳ ᠯᠠ ᠪᠠᠢᠪᠠᠯ ᠳᠠ
ᠤᠯᠠᠪᠢᠷ ᠽᠠᠨᠳᠠᠨ ᠮᠣᠳᠣ ᠪᠣᠯᠪᠠᠴᠤ
ᠤᠨᠠᠬᠤ ᠦᠭᠡᠢ ᠪᠠᠢᠵᠤ ᠲᠡᠰᠦᠨ᠎ᠡ ᠤᠤ ᠳᠠ᠃
ᠤᠷᠰᠢᠭ ᠲᠠᠲᠠᠭᠰᠠᠨ ᠠᠪᠤ ᠮᠢᠨᠢ
ᠡᠷᠬᠡ ᠮᠡᠳᠡᠵᠦ ᠥᠭᠭᠦᠭᠰᠡᠨ ᠰᠢᠦ
ᠤᠷᠢᠬᠠᠨ ᠪᠠᠭ᠎ᠠ ᠵᠢᠨᠰᠢᠶᠠᠩ ᠴᠢᠨᠢ
ᠶᠠᠮᠠᠷ ᠠᠷᠭ᠎ᠠ ᠪᠠᠢᠨ᠎ᠠ ᠳᠠ᠃
ᠬᠦᠨᠳᠦ ᠢᠷ ᠲᠡᠢ ᠰᠦᠬᠡ ᠪᠡᠷ ᠨᠢ
ᠴᠠᠪᠴᠢᠭᠠᠳ ᠯᠠ ᠪᠠᠢᠪᠠᠯ ᠳᠠ
ᠬᠥᠬᠡ ᠽᠠᠨᠳᠠᠨ ᠮᠣᠳᠣ ᠪᠣᠯᠪᠠᠴᠤ
ᠬᠥᠨᠳᠡᠯᠢᠰᠴᠦ ᠤᠨᠠᠬᠤ ᠦᠭᠡᠢ ᠭᠡᠵᠦ ᠪᠠᠢᠨ᠎ᠠ ᠤᠤ ᠳᠠ
ᠬᠥᠭᠰᠢᠷᠡᠭᠡ ᠪᠣᠯᠤᠭᠰᠠᠨ ᠠᠪᠤ ᠮᠢᠨᠢ
ᠬᠥᠰᠢᠵᠦ ᠪᠠᠢᠭᠠᠳ ᠦᠭᠭᠦᠭᠰᠡᠨ ᠰᠢᠦ
ᠬᠥᠭᠡᠷᠦᠬᠦᠨ ᠪᠠᠭ᠎ᠠ ᠵᠢᠨᠰᠢᠶᠠᠩ ᠴᠢᠨᠢ
ᠶᠠᠮᠠᠷ ᠠᠷᠭ᠎ᠠ ᠪᠠᠢᠨ᠎ᠠ ᠤᠤ ᠳᠠ᠃
ᠳᠠᠨᠠᠪᠠᠯ᠄
ᠪᠣᠯᠭᠠᠴᠢᠬᠠᠭᠰᠠᠨ ᠰᠦ ᠶ᠋ᠢ ᠪᠡᠨ
ᠪᠤᠯᠠᠭ ᠤ᠋ᠨ ᠤᠰᠤᠨ ᠳ᠋ᠤ᠌ ᠴᠢᠳᠬᠤᠶ᠎ᠠ
ᠪᠣᠳᠣᠵᠤ ᠰᠠᠨᠠᠭᠰᠠᠨ ᠰᠡᠳᠬᠢᠯ ᠢ᠋ᠶ᠋ᠡᠨ
ᠪᠥᠭᠲᠥᠷ ᠮᠣᠳᠣᠨ ᠳ᠋ᠤ᠌ ᠡᠯᠭᠦᠶ᠎ᠡ

ᠬᠥᠭᠡᠷᠦᠭᠦᠯᠦᠭᠰᠡᠨ ᠰᠦ ᠶ᠋ᠢ ᠪᠡᠨ
ᠬᠤᠳᠳᠤᠭ ᠤ᠋ᠨ ᠤᠰᠤᠨ ᠳ᠋ᠤ᠌ ᠴᠢᠳᠬᠤᠶ᠎ᠠ
ᠠ ᠬᠠ ᠬᠦ
ᠬᠦᠰᠡᠵᠦ ᠰᠠᠨᠠᠭᠰᠠᠨ ᠰᠡᠳᠬᠢᠯ ᠢ᠋ᠶ᠋ᠡᠨ
ᠬᠥᠨᠳᠡᠢ ᠮᠣᠳᠣᠨ ᠳ᠋ᠤ᠌ ᠡᠯᠭᠦᠶ᠎ᠡ᠃
ᠳᠠᠨᠠᠪᠠᠯ᠂ ᠮᠣᠷᠢ ᠪᠠᠨ ᠤᠰᠤᠯᠠᠵᠤ ᠪᠠᠷᠠᠭᠠᠳ ᠶᠠᠪᠤᠰᠤᠭᠠᠢ ᠭᠡᠬᠦ ᠳ᠋ᠦ᠍ ᠵᠢᠨᠰᠢᠶᠠᠩ᠂ ᠳᠠᠨᠠᠪᠠᠯ ᠳ᠋ᠠᠭᠠᠨ ᠭᠤᠶᠤᠵᠤ ᠬᠡᠯᠡᠭᠰᠡᠨ ᠨᠢ᠄
ᠬᠠᠨ ᠭᠠᠷᠤᠳᠢ ᠰᠢᠪᠠᠭᠤ ᠴᠢᠨᠢ
ᠬᠠᠮᠤᠭ ᠠ᠋ᠴᠠ ᠳᠡᠭᠡᠭᠦᠷ ᠨᠢᠰᠪᠡᠴᠦ
ᠬᠠᠳᠠᠨ ᠪᠣᠯᠤᠨ ᠠᠭᠤᠯᠠᠨ ᠣᠷᠭᠢᠯ ᠳ᠋ᠤ᠌
ᠰᠠᠭᠤᠳᠠᠭ ᠪᠢᠰᠢᠦ ᠳᠡ ᠠᠬ᠎ᠠ ᠮᠢᠨᠢ ᠠ᠋᠃
ᠬᠠᠢᠷ᠎ᠠ ᠶ᠋ᠢᠨ ᠰᠡᠳᠬᠢᠯ ᠬᠠᠯᠠᠭᠤᠨ ᠰᠠᠨᠠᠭ᠎ᠠ ᠪᠠᠨ
ᠬᠥᠨᠳᠡᠢ ᠮᠣᠳᠣᠨ ᠳ᠋ᠤ᠌ ᠡᠯᠭᠦᠪᠡᠴᠦ
ᠠ ᠬᠠ ᠬᠦ
ᠬᠠᠷᠠᠬᠠᠨ ᠪᠠᠭ᠎ᠠ ᠶ᠋ᠢᠨ ᠲᠠᠨᠢᠯ ᠤ᠋ᠨ ᠬᠤᠪᠢ ᠪᠠᠷ
ᠭᠡᠷ ᠲᠡᠭᠡᠨ ᠵᠠᠯᠠᠵᠤ ᠪᠠᠢᠨ᠎ᠠ ᠵᠢᠨᠰᠢᠶᠠᠩ ᠴᠢᠨᠢ ᠠ᠋᠃
ᠡᠷ᠎ᠡ ᠬᠠᠷᠴᠠᠭᠠᠢ ᠰᠢᠪᠠᠭᠤ ᠴᠢᠨᠢ
ᠡᠭᠦᠯᠡᠨ ᠳᠡᠭᠡᠭᠦᠷ ᠨᠢᠰᠪᠡᠴᠦ
ᠥᠨᠳᠥᠷ ᠠᠭᠤᠯᠠᠨ ᠤ᠋ ᠣᠷᠭᠢᠯ ᠳᠡᠭᠡᠷ᠎ᠡ
ᠰᠠᠭᠤᠳᠠᠭ ᠪᠢᠰᠢ ᠤᠤ ᠠᠬ᠎ᠠ ᠮᠢᠨᠢ ᠠ᠋
ᠦᠶᠡᠷᠬᠡᠵᠦ ᠰᠠᠨᠠᠭᠰᠠᠨ ᠰᠡᠳᠬᠢᠯ ᠢ᠋ᠶ᠋ᠡᠨ
ᠤᠷᠭᠤᠭ᠎ᠠ ᠮᠣᠳᠣᠨ ᠳ᠋ᠤ᠌ ᠡᠯᠭᠦᠪᠡᠴᠦ
ᠠ ᠬᠠ ᠬᠦ
ᠦᠶ᠎ᠡ ᠲᠠᠨᠢᠯ ᠤ᠋ᠨ ᠶᠣᠰᠣ ᠪᠠᠷ
ᠡᠷᠦᠬᠡ ᠭᠡᠷ ᠲᠡᠭᠡᠨ ᠵᠠᠯᠠᠵᠤ ᠪᠠᠢᠨ᠎ᠠ ᠵᠢᠨᠰᠢᠶᠠᠩ ᠴᠢᠨᠢ ᠠ᠋᠃
ᠳᠠᠨᠠᠪᠠᠯ᠂ ᠵᠢᠨᠰᠢᠶᠠᠩ ᠤ᠋ᠨ ᠵᠠᠯᠠᠯᠭ᠎ᠠ ᠪᠠᠷ ᠭᠡᠷ ᠲᠦ᠋ᠨᠢ ᠪᠠᠭᠤᠭᠰᠠᠨ ᠳ᠋ᠤ᠌ ᠵᠢᠨᠰᠡᠷᠮ᠎ᠠ ᠨᠠᠢᠨᠠᠢ ᠨᠢ ᠬᠦᠦ ᠪᠡᠷᠢ ᠪᠣᠯᠤᠨ ᠳᠠᠭᠠᠵᠤ ᠢᠷᠡᠭᠰᠡᠨ ᠵᠠᠯᠠᠭᠤ ᠶ᠋ᠢᠨ ᠴᠢᠷᠠᠢ ᠶ᠋ᠢ ᠠᠵᠢᠭᠯᠠᠭᠠᠳ ᠳᠣᠲᠣᠷ᠎ᠠ ᠪᠠᠨ ᠰᠡᠵᠢᠭ ᠲᠥᠷᠥᠵᠦ ᠢᠩᠭᠢᠵᠦ ᠬᠡᠯᠡᠵᠦ ᠪᠠᠢᠨ᠎ᠠ᠄
ᠠᠯᠬᠤᠵᠤ ᠭᠢᠰᠬᠢᠬᠦ ᠪᠠᠢᠳᠠᠯ ᠢ ᠴᠢᠨᠢ
ᠠᠪᠤᠭᠠᠳ ᠦᠵᠡᠬᠦᠯᠡᠷ
ᠠᠯᠪᠠᠨ ᠴᠡᠷᠢᠭ ᠦ᠋ᠨ ᠬᠣᠷᠢᠶᠠᠨ ᠳ᠋ᠤ᠌
ᠰᠤᠷᠭᠠᠯ ᠬᠢᠭᠰᠡᠨ ᠮᠠᠶᠢᠭ ᠲᠠᠢ
ᠠᠯᠠᠭ ᠬᠣᠶᠠᠷ ᠨᠢᠳᠦᠨ ᠦ᠌ ᠴᠢᠨᠢ
ᠬᠠᠷᠠᠴᠠ ᠪᠠᠷ ᠨᠢ ᠦᠵᠡᠬᠦᠯᠡᠷ
ᠠ ᠬᠠ ᠬᠦ
ᠠᠩᠭ᠎ᠠ ᠪᠠᠭ᠎ᠠ ᠵᠢᠨᠰᠢᠶᠠᠩ ᠲᠠᠢ ᠮᠢᠨᠢ
ᠠᠩᠬᠠᠨ ᠠ᠋ᠴᠠ ᠪᠠᠨ ᠲᠠᠨᠢᠯᠴᠠᠬᠤ ᠪᠠᠢᠳᠠᠯ ᠲᠠᠢ᠃
ᠥᠨᠳᠥᠷ ᠫᠤᠤ ᠦᠶᠢᠨᠴᠢᠶᠠᠩ ᠢ᠋ᠶ᠋ᠠᠨ
ᠡᠭᠦᠷᠦᠭᠰᠡᠨ ᠢ᠋ᠶ᠋ᠡᠷ ᠴᠢᠨᠢ ᠦᠵᠡᠬᠦᠯᠡᠷ
ᠡᠵᠡᠨ ᠦ᠌ ᠴᠡᠷᠢᠭ ᠦ᠋ᠨ ᠬᠣᠷᠢᠶᠠᠨ ᠳ᠋ᠤ᠌
ᠠᠯᠪᠠ ᠬᠢᠭᠰᠡᠨ ᠪᠠᠢᠳᠠᠯ ᠲᠠᠢ
ᠡᠷᠢᠶᠡᠨ ᠠᠯᠠᠭ ᠨᠢᠳᠦ ᠶ᠋ᠢᠨ ᠴᠢᠨᠢ
ᠬᠠᠷᠠᠴᠠ ᠪᠠᠷ ᠨᠢ ᠦᠵᠡᠬᠦᠯᠡᠷ
ᠠ ᠬᠠ ᠬᠦ
ᠥᠪᠡᠷ ᠦ᠋ᠨ ᠪᠡᠷᠢ ᠵᠢᠨᠰᠢᠶᠠᠩ ᠲᠠᠢ ᠮᠢᠨᠢ
ᠡᠷᠲᠡᠨ ᠡᠴᠡ ᠲᠠᠨᠢᠯᠴᠠᠬᠤ ᠪᠠᠢᠳᠠᠯ ᠲᠠᠢ᠃
ᠳᠠᠨᠠᠪᠠᠯ ᠵᠢᠨᠰᠢᠶᠠᠩ ᠤ᠋ᠨ ᠭᠡᠷ ᠲᠦ᠍ ᠴᠠᠢ ᠤᠰᠤ ᠤᠤᠭᠤᠵᠤ ᠪᠠᠬᠠᠨ ᠠᠮᠤᠰᠬᠢᠵᠦ ᠵᠠᠮ ᠢ᠋ᠶ᠋ᠠᠨ ᠬᠥᠭᠡᠭᠡᠬᠦ ᠪᠡᠷ ᠭᠠᠷᠤᠭᠰᠠᠨ ᠳ᠋ᠤ᠌ ᠵᠢᠨᠰᠢᠶᠠᠩ ᠳᠠᠨᠠᠪᠠᠯ ᠢ᠋ ᠠᠢᠯ ᠤ᠋ᠨ ᠭᠠᠳᠠᠨ᠎ᠠ ᠭᠠᠷᠲᠠᠯ᠎ᠠ ᠮᠣᠷᠳᠠᠭᠤᠯᠬᠤ ᠳ᠋ᠤ᠌ ᠳᠠᠨᠠᠪᠠᠯ ᠪᠣᠭᠴᠣᠨ᠎ᠠ᠋ᠴᠠ ᠪᠠᠨ ᠨᠢᠭᠡᠨ ᠵᠠᠬ᠎ᠠ ᠲᠣᠷᠭᠠᠨ ᠴᠠᠮᠴᠠ ᠭᠠᠷᠭᠠᠵᠤ ᠳᠤᠷᠠᠰᠬᠠᠯ ᠪᠣᠯᠭᠠᠨ ᠥᠭᠭᠦᠭᠰᠡᠨ ᠪᠢᠯᠡ᠃
ᠬᠠᠢ ᠩᠠᠩ ᠭᠠᠵᠠᠷ᠎ᠠ᠋ᠴᠠ ᠭᠠᠷᠤᠭᠰᠠᠨ
ᠬᠠᠯᠠ ᠲᠣᠷᠭᠠᠨ ᠴᠠᠮᠴᠠ ᠶᠤᠮ ᠠ᠋
ᠬᠠᠳᠠᠭ ᠲᠠᠯᠪᠢᠬᠤ ᠬᠤᠷᠢᠮ ᠳᠡᠭᠡᠷ᠎ᠡ ᠪᠡᠨ
ᠪᠡᠯᠡᠭ ᠪᠣᠯᠭᠠᠬᠤ ᠪᠠᠷ ᠠᠪᠤᠭᠰᠠᠨ ᠶᠤᠮ ᠠ᠋
ᠬᠠᠷᠢ ᠤᠷᠤᠭ ᠤ᠋ᠨ ᠭᠠᠵᠠᠷ ᠲᠤ᠌ ᠴᠢᠨᠢ
ᠬᠣᠶᠠᠭᠤᠯᠠ ᠤᠴᠠᠷᠠᠭᠰᠠᠨ ᠲᠤᠯᠠᠳᠠ
ᠠ ᠬᠠ ᠬᠦ
ᠬᠠᠢᠷᠠᠬᠠᠨ ᠪᠠᠭ᠎ᠠ ᠵᠢᠨᠰᠢᠶᠠᠩ ᠴᠢᠮ᠎ᠠ ᠳ᠋ᠤ᠌
ᠳᠤᠷᠠᠰᠬᠠᠯ ᠪᠣᠯᠭᠠᠵᠤ ᠦᠯᠡᠳᠡᠭᠡᠶ᠎ᠡ᠃

ᠬᠤᠨᠠᠨ ᠭᠠᠵᠠᠷ ᠠ᠋ᠴᠠ ᠭᠠᠷᠤᠭᠰᠠᠨ
ᠬᠣᠢᠰᠤᠩ ᠲᠣᠷᠭᠠᠨ ᠴᠠᠮᠴᠠ ᠶᠤᠮ ᠠ᠋
ᠬᠤᠷᠮᠤᠰᠲᠠ ᠲᠩᠷᠢ ᠳ᠋ᠦ᠍ ᠮᠥᠷᠭᠥᠬᠦ ᠶ᠋ᠢᠨ ᠦᠶ᠎ᠡ ᠳ᠋ᠦ᠍
ᠬᠣᠪᠴᠠᠯᠠᠭᠤᠯᠤᠶ᠎ᠠ ᠭᠡᠵᠦ ᠠᠪᠤᠭᠰᠠᠨ ᠶᠤᠮ ᠠ᠋
ᠬᠣᠲᠠ ᠬᠦᠷᠢᠶᠡᠨ ᠳ᠋ᠦ᠍ ᠴᠢᠨᠢ ᠪᠠᠭᠤᠳᠠᠯᠯᠠᠭᠠᠳ
ᠬᠣᠶᠠᠭᠤᠯᠠ ᠤᠴᠠᠷᠠᠭᠰᠠᠨ ᠲᠤᠯᠠᠳᠠ
ᠠ ᠬᠠ ᠬᠦ
ᠬᠣᠪᠢᠨ ᠤ᠋ ᠰᠠᠨᠠᠭᠰᠠᠨ ᠵᠢᠨᠰᠢᠶᠠᠩ ᠴᠢᠮ᠎ᠠ ᠳ᠋ᠤ᠌
ᠳᠤᠷᠠᠰᠬᠠᠯ ᠪᠣᠯᠭᠠᠵᠤ ᠥᠭᠭᠦᠶ᠎ᠡ᠃

ᠠᠯᠪᠠᠨ ᠴᠡᠷᠢᠭ ᠦ᠋ᠨ ᠬᠣᠷᠢᠶᠠᠨ ᠠ᠋ᠴᠠ
ᠤᠷᠭᠤᠵᠤ ᠳᠤᠲᠠᠭᠠᠭᠠᠳ ᠭᠠᠷᠴᠢᠬᠠᠯ᠎ᠠ
ᠠᠪᠤ ᠶ᠋ᠢᠨ ᠨᠤᠲᠤᠭ ᠵᠢᠯᠲᠦ ᠶ᠋ᠢᠨ ᠠᠢᠯ ᠳ᠋ᠠᠭᠠᠨ
ᠤᠳᠠᠯ ᠦᠭᠡᠢ ᠪᠤᠴᠠᠭᠠᠳ ᠢᠷᠡᠯ᠎ᠡ ᠳᠠ
ᠠᠭᠰᠢᠷᠠᠭ᠎ᠠ ᠪᠣᠯᠤᠭᠰᠠᠨ ᠠᠪᠤ ᠡᠵᠢ ᠨᠢ
ᠠᠩᠭ᠎ᠠ ᠪᠠᠨ ᠦᠵᠡᠭᠡᠳ ᠤᠬᠢᠯᠠᠴᠢᠬᠠᠯ᠎ᠠ ᠰᠢᠦ
ᠠ ᠬᠠ ᠬᠦ
ᠠᠶᠤᠤᠯᠢᠬᠠᠢ ᠴᠡᠭᠡᠵᠢᠨ ᠳᠣᠲᠣᠷ᠎ᠠ ᠪᠠᠨ
ᠦᠨᠡᠬᠡᠷ ᠴᠦ᠍ ᠪᠠᠶᠠᠷᠯᠠᠯ᠎ᠠ ᠳᠠ᠃
ᠡᠵᠡᠨ ᠦ᠌ ᠴᠡᠷᠢᠭ ᠦ᠋ᠨ ᠬᠣᠷᠢᠶᠠᠨ᠎ᠠ᠋ᠴᠠ
ᠤᠷᠪᠠᠵᠤ ᠳᠤᠲᠠᠭᠠᠭᠠᠳ ᠭᠠᠷᠴᠢᠬᠠᠯ᠎ᠠ
ᠡᠴᠢᠭᠡ ᠶ᠋ᠢᠨ ᠨᠤᠲᠤᠭ ᠵᠢᠯᠲᠦ ᠶ᠋ᠢᠨ ᠠᠢᠯ ᠳ᠋ᠠᠭᠠᠨ
ᠡᠷᠭᠢᠵᠦ ᠪᠤᠴᠠᠭᠠᠳ ᠢᠷᠡᠯ᠎ᠡ ᠳᠠ
ᠦᠳᠡᠯᠦᠭᠡ ᠪᠣᠯᠤᠭᠰᠠᠨ ᠡᠵᠢ ᠠᠪᠤ ᠨᠢ
ᠦᠷ᠎ᠡ ᠬᠦᠦ ᠪᠡᠨ ᠦᠵᠡᠭᠡᠳ ᠤᠬᠢᠯᠠᠴᠢᠬᠠᠯ᠎ᠠ ᠰᠢᠦ
ᠠ ᠬᠠ ᠬᠦ
ᠡᠪᠴᠢᠭᠦᠦ ᠴᠡᠭᠡᠵᠢᠨ ᠳᠣᠲᠣᠷ᠎ᠠ ᠪᠠᠨ
ᠦᠨᠡᠬᠡᠷ ᠴᠦ᠍ ᠰᠦᠷᠡᠬᠡᠢ ᠪᠠᠶᠠᠷᠯᠠᠯ᠎ᠠ ᠳᠠ᠃
ᠳᠠᠨᠠᠪᠠᠯ ᠨᠤᠲᠤᠭ ᠲᠠᠭᠠᠨ ᠪᠤᠴᠠᠵᠤ ᠢᠷᠡᠭᠡᠳ ᠤᠳᠠᠭᠰᠠᠨ ᠴᠤ᠌ ᠦᠭᠡᠢ ᠬᠣᠶᠠᠷ ᠰᠠᠷ᠎ᠠ ᠰᠢᠬᠠᠮ ᠪᠣᠯᠪᠠ᠃ ᠨᠢᠭᠡ ᠤᠳᠠᠭ᠎ᠠ ᠠᠢᠯ ᠤ᠋ᠨ ᠬᠤᠷᠢᠮ ᠳᠡᠭᠡᠷ᠎ᠡ ᠳᠠᠨᠠᠪᠠᠯ ᠤ᠋ᠨ ᠠᠪᠤ ᠶ᠋ᠢ ᠲᠦᠷᠦᠭᠦᠦ ᠬᠣᠲᠠ ᠪᠠᠷ ᠵᠠᠯᠠᠭᠰᠠᠨ ᠪᠠᠢᠨ᠎ᠠ᠃ ᠮᠡᠩᠭᠦᠢ ᠡᠮᠴᠢ ᠬᠦᠦ ᠶ᠋ᠢᠨ ᠢ᠋ᠶ᠋ᠡᠨ ᠵᠢᠨᠰᠢᠶᠠᠩ ᠤ᠋ᠨ ᠬᠣᠢᠨ᠎ᠠ᠎ᠠ᠋ᠴᠠ ᠰᠡᠳᠬᠢᠯ ᠵᠣᠪᠠᠵᠤ ᠪᠠᠢᠬᠤ ᠶ᠋ᠢ ᠮᠡᠳᠡᠬᠦ ᠲᠤᠯᠠ᠂ ᠬᠦᠦ ᠪᠡᠨ ᠪᠠᠶᠠᠷ ᠬᠥᠷ ᠲᠡᠢ ᠬᠤᠷᠢᠮ ᠨᠠᠢᠷ ᠲᠤ᠌ ᠣᠷᠣᠯᠴᠠᠭᠤᠯᠵᠤ᠂ ᠤᠢᠳᠬᠠᠷ ᠢ ᠨᠢ ᠰᠡᠷᠭᠦᠭᠡᠵᠦ ᠰᠡᠳᠬᠢᠯ ᠢ ᠨᠢ ᠠᠭᠤᠵᠢᠷᠠᠭᠤᠯᠬᠤ ᠶ᠋ᠢ ᠪᠣᠳᠣᠵᠤ᠂ ᠥᠪᠡᠷ ᠢ᠋ᠶ᠋ᠡᠨ ᠣᠴᠢᠭᠰᠠᠨ ᠦᠭᠡᠢ᠂ ᠳᠠᠨᠠᠪᠠᠯ ᠢ᠋ᠶ᠋ᠠᠨ ᠶᠠᠪᠤᠭᠤᠯᠬᠤ ᠪᠠᠷ ᠪᠣᠯᠪᠠ᠃ ᠡᠢᠮᠦ ᠡᠴᠡ ᠳᠠᠨᠠᠪᠠᠯ ᠮᠣᠷᠢ ᠪᠠᠨ ᠤᠨᠤᠵᠤ ᠫᠤᠤ ᠪᠠᠨ ᠡᠭᠦᠷᠦᠭᠡᠳ ᠬᠤᠷᠢᠮ ᠤ᠋ᠨ ᠭᠠᠵᠠᠷ ᠬᠦᠷᠴᠦ ᠣᠴᠢᠭᠰᠠᠨ ᠪᠢᠯᠡ᠃
ᠬᠤᠷᠢᠮ ᠤ᠋ᠨ ᠭᠠᠵᠠᠷ ᠵᠠᠯᠠᠭᠳᠠᠭᠰᠠᠨ ᠪᠣᠯᠪᠠᠴᠤ
ᠬᠥᠷ ᠨᠠᠢᠷ ᠭᠡᠵᠦ ᠪᠠᠢᠨ᠎ᠠ ᠤᠤ ᠳᠠ
ᠬᠣᠲᠠ ᠨᠣᠶᠠᠨ ᠪᠣᠯᠤᠭᠰᠠᠨ ᠪᠣᠯᠪᠠᠴᠤ
ᠤᠷᠮ᠎ᠠ ᠪᠠᠬ᠎ᠠ ᠭᠡᠵᠦ ᠪᠠᠢᠨ᠎ᠠ ᠤᠤ ᠳᠠ
ᠬᠣᠯᠠ ᠣᠢᠷ᠎ᠠ ᠶ᠋ᠢᠨ ᠵᠣᠴᠢᠳ ᠤ᠋ᠨ
ᠬᠥᠭᠡᠷᠦᠯᠳᠦᠵᠦ ᠨᠠᠢᠷᠯᠠᠬᠤ ᠶ᠋ᠢ ᠦᠵᠡᠭᠡᠳ
ᠠ ᠬᠠ ᠬᠦ
ᠬᠣᠪᠢᠨ ᠤ᠋ ᠰᠠᠨᠠᠭᠰᠠᠨ ᠵᠢᠨᠰᠢᠶᠠᠩ ᠢ᠋ᠶ᠋ᠠᠨ ᠪᠣᠳᠣᠭᠠᠳ
ᠬᠥᠨᠳᠡᠢ ᠴᠡᠭᠡᠵᠢᠨ ᠳ᠋ᠡᠭᠡᠨ ᠭᠣᠮᠣᠳᠠᠨ᠎ᠠ᠃
ᠲᠥᠷᠥ ᠶ᠋ᠢᠨ ᠬᠤᠷᠢᠮ ᠳ᠋ᠤ᠌ ᠰᠠᠭᠤᠭᠰᠠᠨ ᠪᠣᠯᠪᠠᠴᠤ
ᠳᠤᠷ᠎ᠠ ᠪᠠᠬ᠎ᠠ ᠭᠡᠵᠦ ᠪᠠᠢᠨ᠎ᠠ ᠤᠤ ᠳᠠ
ᠲᠦᠷᠦᠭᠦᠦ ᠰᠢᠷᠡᠭᠡᠨ ᠳ᠋ᠦ᠍ ᠵᠠᠯᠠᠷᠠᠭᠰᠠᠨ ᠪᠣᠯᠪᠠᠴᠤ
ᠳᠤᠤᠭᠠᠷᠬᠤ ᠦᠭᠡ ᠭᠡᠵᠦ ᠪᠠᠢᠨ᠎ᠠ ᠤᠤ ᠳᠠ
ᠲᠥᠷᠬᠥᠮ ᠬᠠᠳᠠᠮ ᠤ᠋ᠨ ᠵᠣᠴᠢᠳ ᠤ᠋ᠨ
ᠲᠦᠷᠴᠢᠭᠢᠨᠡᠵᠦ ᠦᠢᠮᠡᠯᠳᠦᠬᠦ ᠶ᠋ᠢ ᠦᠵᠡᠭᠡᠳ
ᠠ ᠬᠠ ᠬᠦ
ᠲᠦᠪᠲᠡᠢ ᠰᠠᠢᠬᠠᠨ ᠵᠢᠨᠰᠢᠶᠶᠠᠩ ᠢ᠋ᠶ᠋ᠠᠨ ᠰᠠᠨᠠᠵᠤ

ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ ᠪᠠᠭᠰᠢ᠄ ᠣᠳᠬᠠᠨᠴᠡᠴᠡᠭ᠂ ᠨᠠᠷᠠᠨᠲᠣᠭᠣᠰ᠂ ᠣᠳᠬᠠᠨᠰᠣ᠎ᠠ
ᠵᠠᠶᠠᠭ᠎ᠠ ᠮᠠᠭᠤ ᠳ᠋ᠠᠭᠠᠨ ᠭᠣᠮᠣᠳᠠᠨ᠎ᠠ᠃
ᠳᠠᠨᠠᠪᠠᠯ ᠤ᠋ᠨ ᠬᠤᠷᠢᠮ ᠳ᠋ᠤ᠌ ᠵᠠᠯᠠᠭᠳᠠᠭᠰᠠᠨ ᠴᠢᠮᠡᠭᠡ ᠶ᠋ᠢ ᠡᠷᠳᠡᠨᠢᠪᠢᠯᠢᠭ ᠲᠦᠩᠯᠢᠩ ᠣᠯᠵᠤ ᠮᠡᠳᠡᠭᠡᠳ ᠥᠪᠡᠷ ᠦ᠋ᠨ ᠭᠠᠷ ᠳᠣᠣᠷᠠᠬᠢ ᠬᠡᠳᠦᠨ ᠢᠲᠡᠭᠡᠯᠲᠡᠢ ᠬᠥᠮᠦᠨ ᠢ᠋ᠶ᠋ᠡᠨ ᠳᠠᠭᠤᠳᠠᠵᠤ᠂ ᠲᠡᠳᠡᠨᠦᠰ ᠢ᠋ ᠳᠡᠭᠡᠷᠡᠮ ᠦ᠋ᠨ ᠶᠠᠩᠵᠤ ᠪᠠᠷ ᠬᠤᠪᠴᠠᠯᠠᠭᠤᠯᠵᠤ᠂ ᠴᠢ ᠯᠠᠩ᠂ ᠪᠠ ᠬᠤ᠌ ᠶ᠋ᠢᠨ ᠳᠡᠭᠡᠷᠡᠮ ᠦ᠋ᠨ ᠪᠦᠯᠦᠭ ᠦ᠋ᠨ ᠨᠡᠷ᠎ᠡ ᠶ᠋ᠢ ᠠᠰᠢᠭᠯᠠᠵᠤ᠂ ᠳᠠᠨᠠᠪᠠᠯ ᠢ᠋ ᠪᠠᠷᠢᠭᠤᠯᠬᠤ ᠪᠠᠷ ᠬᠤᠷᠢᠮ ᠤ᠋ᠨ ᠭᠠᠵᠠᠷ ᠲᠣᠮᠢᠯᠠᠭᠰᠠᠨ ᠠᠵᠢ᠃ ᠳᠠᠨᠠᠪᠠᠯ ᠳᠣᠲᠣᠷ᠎ᠠ ᠪᠠᠨ ᠪᠣᠳᠣᠯᠭ᠎ᠠ ᠲᠠᠢ ᠲᠤᠯᠠ᠂ ᠬᠤᠷᠢᠮ ᠤ᠋ᠨ ᠰᠢᠷᠡᠭᠡᠨ ᠳ᠋ᠦ᠍ ᠰᠠᠭᠤᠵᠤ ᠠᠷᠢᠬᠢ ᠶ᠋ᠢ ᠨᠢ ᠳᠡᠮᠡᠢ ᠴᠦ᠍ ᠤᠤᠭᠤᠭᠰᠠᠨ ᠦᠭᠡᠢ ᠪᠡᠷ ᠰᠣᠭᠲᠣᠭᠠᠳ ᠪᠠᠢᠲᠠᠯ᠎ᠠ ᠭᠡᠨᠡᠳᠲᠡ ᠭᠠᠳᠠᠨ᠎ᠠ ᠫᠤᠤ ᠳᠤᠤᠭᠠᠷᠴᠤ ᠡᠬᠢᠯᠡᠪᠡ᠃
ᠪᠠᠶᠠᠷ ᠤ᠋ᠨ ᠬᠤᠷᠢᠮ ᠳᠡᠭᠡᠷ᠎ᠡ ᠨᠢ
ᠪᠠᠷᠴᠢᠳ ᠠᠶᠤᠯ ᠲᠣᠬᠢᠶᠠᠯᠳᠤᠯ᠎ᠠ
ᠪᠠᠷᠠᠭᠤᠨ ᠵᠡᠭᠦᠨ ᠲᠠᠯ᠎ᠠ᠎ᠠ᠋ᠴᠠ ᠨᠢ
ᠫᠤᠤ ᠶ᠋ᠢᠨ ᠳᠠᠭᠤᠨ ᠲᠠᠴᠢᠭᠢᠨᠠᠯ᠎ᠠ
ᠪᠠᠯᠠᠮᠠᠳ ᠳᠡᠭᠡᠷᠡᠮ ᠢᠷᠡᠯ᠎ᠡ ᠭᠡᠵᠦ
ᠪᠠᠷᠬᠢᠷᠠᠯᠳᠤᠨ ᠭᠦᠶᠦᠯᠳᠦᠨ᠎ᠡ ᠳᠡ
ᠠ ᠬᠠ ᠬᠦ
ᠪᠠᠭ᠎ᠠ ᠶᠡᠬᠡ ᠪᠦᠭᠦᠳᠡᠭᠡᠷ ᠢ᠋ᠶ᠋ᠡᠨ
ᠪᠤᠲᠠᠷᠠᠨ ᠳᠤᠲᠠᠭᠠᠯᠴᠠᠯ᠎ᠠ᠃
ᠥᠯᠵᠡᠢ ᠮᠥᠷ ᠲᠡᠢ ᠬᠤᠷᠢᠮ ᠳ᠋ᠤᠨᠢ
ᠦᠬᠦᠯ ᠦ᠋ᠨ ᠠᠶᠤᠯ ᠲᠠᠭᠠᠷᠠᠯᠳᠤᠯ᠎ᠠ
ᠥᠪᠥᠷ ᠠᠷᠤ ᠲᠠᠯ᠎ᠠ ᠪᠠᠷ ᠨᠢ
ᠥᠨᠳᠥᠷ ᠫᠤᠤ ᠲᠠᠴᠢᠭᠢᠨᠠᠯ᠎ᠠ
ᠥᠰᠢᠶᠡᠲᠡᠨ ᠳᠡᠭᠡᠷᠡᠮ ᠢᠷᠡᠯ᠎ᠡ ᠭᠡᠵᠦ
ᠦᠢᠮᠡᠯᠳᠦᠨ ᠭᠦᠶᠦᠯᠳᠦᠨ᠎ᠡ ᠳᠡ
ᠠ ᠬᠠ ᠬᠦ
ᠥᠲᠡᠯᠦᠭᠰᠡᠨ ᠵᠠᠯᠠᠭᠤ ᠪᠦᠭᠦᠳᠡᠭᠡᠷ ᠢ᠋ᠶ᠋ᠡᠨ
ᠡᠮᠦᠨ᠎ᠡ ᠬᠣᠢᠨ᠎ᠠ ᠦᠭᠡᠢ ᠳᠤᠲᠠᠭᠠᠯᠴᠠᠯ᠎ᠠ᠃

ᠡᠨᠡ ᠦᠶ᠎ᠡ ᠳ᠋ᠦ᠍᠂ ᠳᠠᠨᠠᠪᠠᠯ ᠴᠤ᠌ ᠨᠢᠭᠡᠨᠲᠡ ᠠᠷᠢᠬᠢᠨ᠎ᠠ᠋ᠴᠠ ᠰᠡᠷᠭᠦᠵᠦ᠂ ᠫᠤᠤ ᠪᠠᠨ ᠠᠪᠴᠤ ᠳᠡᠭᠡᠷᠡᠮᠴᠦᠳ ᠲᠡᠢ ᠫᠤᠤᠳᠠᠯᠴᠠᠨ᠂ ᠨᠥᠭᠦᠭᠡ ᠲᠠᠯ᠎ᠠ ᠪᠠᠷ ᠠᠶᠤᠵᠤ ᠮᠡᠩᠳᠡᠭᠦᠷᠡᠭᠰᠡᠨ ᠬᠥᠮᠦᠰ ᠢ ᠬᠠᠮᠠᠭᠠᠯᠠᠨ ᠵᠠᠢᠯᠠᠭᠤᠯᠵᠤ ᠪᠠᠢᠨ᠎ᠠ᠃

ᠠᠷᠪᠠ ᠳᠤᠤᠭᠠᠷᠬᠤ ᠽᠢᠯᠠᠢᠳᠠᠢ ᠪᠠᠷ
ᠫᠤᠤᠳᠠᠵᠤ ᠪᠠᠢᠨ᠎ᠠ ᠳᠠᠨᠠᠪᠠᠯ ᠠ᠋
ᠠᠲᠠᠭᠠᠲᠠᠨ ᠬᠤᠯᠠᠭᠠᠢ ᠳᠡᠭᠡᠷᠡᠮᠴᠦᠳ ᠲᠡᠢ
ᠠᠯᠠᠯᠳᠤᠨ ᠲᠤᠯᠤᠯᠳᠤᠯ᠎ᠠ ᠳᠠᠨᠠᠪᠠᠯ ᠠ᠋
ᠠᠭᠰᠢᠷᠠᠭ᠎ᠠ ᠵᠠᠯᠠᠭᠤ ᠪᠦᠭᠦᠳᠡ ᠶ᠋ᠢ ᠪᠡᠨ
ᠠᠮᠤᠷ ᠮᠡᠨᠳᠦ ᠵᠠᠢᠯᠠᠭᠤᠯᠤᠯ᠎ᠠ ᠳᠠ
ᠠ ᠬᠠ ᠬᠦ
ᠠᠰ ᠤ᠋ᠨ ᠪᠡᠶ᠎ᠡ ᠨᠢ ᠭᠠᠷᠤᠶ᠎ᠠ ᠭᠡᠲᠡᠯ᠎ᠡ
ᠠᠶᠤᠤᠯᠢᠬᠠᠢ ᠴᠡᠭᠡᠵᠢ ᠨᠢ ᠣᠨᠣᠭᠳᠠᠯ᠎ᠠ ᠰᠢᠦ᠃
ᠥᠨᠳᠥᠷ ᠫᠤᠤ ᠪᠠᠨ ᠪᠠᠷᠢᠭᠠᠳ
ᠬᠠᠷᠪᠤᠵᠤ ᠯᠠ ᠪᠠᠢᠨ᠎ᠠ ᠳᠠᠨᠠᠪᠠᠯ ᠠ᠋
ᠥᠰᠢᠶᠡᠲᠡᠨ ᠬᠤᠯᠠᠭᠠᠢ ᠳᠡᠭᠡᠷᠡᠮᠴᠦᠳ ᠲᠡᠢ
ᠦᠬᠦᠨ ᠲᠤᠯᠤᠯᠳᠤᠯ᠎ᠠ ᠳᠠᠨᠠᠪᠠᠯ ᠠ᠋ ᠥᠲᠡᠯᠦᠭᠰᠡᠨ ᠵᠠᠯᠠᠭᠤ ᠪᠦᠭᠦᠳᠡ ᠶ᠋ᠢ ᠪᠡᠨ
ᠦᠯᠡᠳᠡᠯ ᠦᠭᠡᠢ ᠵᠠᠢᠯᠠᠭᠤᠯᠤᠯ᠎ᠠ ᠳᠠ
ᠠ ᠬᠠ ᠬᠦ
ᠥᠪᠡᠷ ᠦ᠋ᠨ ᠪᠡᠶ᠎ᠡ ᠨᠢ ᠭᠠᠷᠤᠶ᠎ᠠ ᠭᠡᠲᠡᠯ᠎ᠡ
ᠡᠪᠴᠢᠭᠦᠦ ᠴᠡᠭᠡᠵᠢ ᠨᠢ ᠣᠨᠣᠭᠳᠠᠯ᠎ᠠ ᠰᠢᠦ᠃
ᠳᠠᠨᠠᠪᠠᠯ ᠬᠤᠷᠢᠮ ᠳ᠋ᠤ᠌ ᠣᠴᠢᠭᠠᠳ ᠴᠢ ᠯᠠᠩ᠂ ᠪᠠ ᠬᠤ᠌ ᠶ᠋ᠢᠨ ᠳᠡᠭᠡᠷᠡᠮ ᠦ᠋ᠨ ᠪᠦᠯᠦᠭ ᠲᠦ᠍ ᠠᠯᠠᠭᠳᠠᠭᠰᠠᠨ ᠴᠢᠮᠡᠭᠡ ᠤᠳᠠᠯ ᠦᠭᠡᠢ ᠬᠣᠰᠢᠭᠤ ᠨᠤᠲᠤᠭ ᠢ᠋ᠶ᠋ᠠᠷ ᠳᠡᠯᠭᠡᠷᠡᠭᠰᠡᠨ ᠪᠠᠢᠯ᠎ᠠ᠃
× × ×
ᠨᠢᠭᠡᠨ ᠡᠳᠦᠷ ᠦ᠋ᠨ ᠥᠷᠯᠥᠭᠡ ᠵᠢᠨᠰᠢᠶᠠᠩ ᠦᠨᠢᠶ᠎ᠡ ᠪᠡᠨ ᠰᠠᠭᠠᠵᠤ ᠪᠠᠢᠲᠠᠯ᠎ᠠ᠂ ᠠᠢᠯ ᠤ᠋ᠨ ᠬᠡᠦᠬᠡᠳ ᠬᠠᠵᠠᠭᠤ ᠪᠠᠷ ᠨᠢ ᠭᠠᠷᠬᠤ ᠳ᠋ᠠᠭᠠᠨ ᠢᠩᠭᠢᠵᠦ ᠳᠠᠭᠤᠯᠠᠵᠤ ᠪᠠᠢᠨ᠎ᠠ᠃
ᠡᠦ ᠲᠦᠩᠱᠦ ᠮᠣᠳᠣ ᠴᠢᠨᠢ
ᠦᠨᠳᠦᠰᠦ ᠪᠡᠷ ᠢ᠋ᠶ᠋ᠡᠨ ᠬᠤᠪᠠᠬᠠᠢᠷᠠᠭᠠᠳ ᠤᠨᠠᠪᠠᠯ
ᠥᠲᠥᠨ ᠵᠢᠭᠦᠷ ᠲᠡᠢ ᠢᠩᠭᠡᠷ ᠰᠢᠪᠠᠭᠤ
ᠬᠠᠮᠢᠭ᠎ᠠ ᠪᠠᠨ ᠰᠠᠭᠤᠮᠠᠨᠵᠢᠨ ᠳᠣᠩᠭᠣᠳᠤᠶ᠎ᠠ ᠳᠠ
ᠦᠶᠡᠷᠬᠡᠵᠦ ᠰᠠᠭᠤᠭᠰᠠᠨ ᠳᠠᠨᠠᠪᠠᠯ ᠨᠢ
ᠥᠰᠢᠶᠡᠲᠡᠨ ᠳᠡᠭᠡᠷᠡᠮ ᠳ᠋ᠦ᠍ ᠠᠯᠠᠭᠳᠠᠯ᠎ᠠ ᠰᠢᠦ
ᠠ ᠬᠠ ᠬᠦ
ᠦᠯᠡᠳᠡᠵᠦ ᠬᠣᠴᠣᠷᠤᠭᠰᠠᠨ ᠵᠢᠨᠰᠢᠶᠠᠩ ᠴᠢᠨᠢ
ᠬᠡᠨ ᠢ᠋ᠶ᠋ᠡᠨ ᠭᠡᠵᠦ ᠰᠠᠭᠤᠶ᠎ᠠ ᠳᠠ᠃
ᠬᠠᠢᠯᠠᠰᠤ ᠮᠠᠢᠯᠠᠰᠤᠨ ᠮᠣᠳᠣ ᠴᠢᠨᠢ
ᠬᠢᠪᠠᠷᠠᠭᠠᠳ ᠯᠠ ᠤᠨᠠᠪᠠᠯ
ᠬᠠᠢᠴᠢᠨ ᠵᠢᠭᠦᠷ ᠲᠡᠢ ᠢᠩᠭᠡᠷ ᠰᠢᠪᠠᠭᠤ
ᠬᠠᠮᠢᠭ᠎ᠠ ᠰᠠᠭᠤᠮᠠᠨᠵᠢᠨ ᠳᠣᠩᠭᠣᠳᠤᠶ᠎ᠠ
ᠬᠠᠢᠷᠠᠯᠠᠵᠤ ᠰᠠᠨᠠᠭᠰᠠᠨ ᠳᠠᠨᠠᠪᠠᠯ ᠨᠢ
ᠬᠠᠷᠭᠢᠰ ᠳᠡᠭᠡᠷᠡᠮ ᠳ᠋ᠦ᠍ ᠠᠯᠠᠭᠳᠠᠯ᠎ᠠ ᠰᠢᠦ
ᠠ ᠬᠠ ᠬᠦ
ᠬᠣᠴᠣᠷᠤᠭᠠᠳ ᠰᠠᠭᠤᠭᠰᠠᠨ ᠵᠢᠨᠰᠢᠶᠠᠩ ᠴᠢᠨᠢ
ᠬᠡᠨ ᠢ᠋ᠶ᠋ᠡᠨ ᠭᠡᠵᠦ ᠰᠠᠭᠤᠶ᠎ᠠ ᠳᠠ᠃
ᠵᠢᠨᠰᠢᠶᠠᠩ᠂ᠠᠢᠯ ᠤ᠋ᠨ ᠬᠡᠦᠬᠡᠳ ᠦ᠋ᠨ ᠢᠩᠭᠢᠵᠦ ᠳᠠᠭᠤᠯᠠᠬᠤ ᠶ᠋ᠢ ᠰᠣᠨᠣᠰᠤᠭᠠᠳ ᠳᠣᠲᠣᠷ᠎ᠠ ᠨᠢ ᠪᠠᠬᠠᠨ ᠰᠡᠵᠢᠭ ᠲᠥᠷᠥᠵᠦ᠂ ᠵᠠᠪ ᠴᠢᠯᠥᠭᠡ ᠪᠡᠷ ᠢ᠋ᠶ᠋ᠡᠨ ᠭᠠᠷᠴᠤ ᠠᠢᠯ ᠤ᠋ᠨ ᠡᠭᠡᠴᠢ ᠳᠡᠭᠦᠦ ᠨᠠᠷ ᠠ᠋ᠴᠠ ᠰᠤᠷᠠᠭᠯᠠᠭᠰᠠᠨ ᠳ᠋ᠤ᠌ ᠳᠠᠨᠠᠪᠠᠯ ᠳᠡᠭᠡᠷᠡᠮ ᠳ᠋ᠦ᠍ ᠠᠯᠠᠭᠳᠠᠭᠰᠠᠨ ᠭᠡᠨ᠎ᠡ᠃
ᠵᠢᠨᠰᠢᠶᠠᠩ ᠭᠡᠷ ᠲᠡᠭᠡᠨ ᠬᠠᠷᠢᠵᠤ ᠢᠷᠡᠮᠡᠭᠴᠡ ᠤᠬᠢᠯᠠᠵᠤ ᠡᠬᠢᠯᠡᠯ᠎ᠡ᠂ ᠪᠠᠯᠳᠠᠨᠫᠡᠷᠡᠩᠯᠡᠢ ᠡᠭᠦᠨ ᠢ᠋ ᠦᠵᠡᠵᠦ ᠠᠭᠤᠷᠯᠠᠭᠰᠠᠨ ᠳ᠋ᠠᠭᠠᠨ ᠵᠢᠨᠰᠢᠶᠠᠩ ᠢ᠋ ᠨᠠᠢᠨᠠᠢ ᠳ᠋ᠠᠭᠠᠨ ᠵᠠᠭᠠᠯᠳᠤᠵᠤ ᠪᠠᠢᠨ᠎ᠠ᠄
ᠬᠠᠨᠲᠠᠭᠠᠵᠠ ᠶ᠋ᠢᠨ ᠬᠠᠭᠠᠷᠬᠠᠢ ᠶ᠋ᠢ ᠣᠶᠣ ᠭᠡᠬᠦ ᠳ᠋ᠦ᠍
ᠬᠠᠢᠬᠤᠷᠬᠤ ᠴᠤ᠌ ᠦᠭᠡᠢ ᠵᠢᠨᠰᠢᠶᠠᠩ ᠴᠢᠨᠢ ᠠ᠋
ᠬᠠᠷ᠎ᠠ ᠥᠷᠯᠥᠭᠡ ᠪᠣᠰᠴᠤ ᠰᠠᠭᠤᠭᠠᠳ
ᠬᠠᠢᠯᠠᠭᠤᠯᠵᠤ ᠪᠠᠢᠨ᠎ᠠ ᠵᠢᠨᠰᠢᠶᠠᠩ ᠴᠢᠨᠢ ᠠ᠋
ᠬᠠᠭᠠᠨ ᠤ᠋ ᠴᠡᠷᠢᠭ ᠦ᠋ᠨ ᠳᠠᠨᠠᠪᠠᠯ ᠢ᠋
ᠬᠠᠷᠠᠲᠠᠢ ᠴᠤ᠌ ᠰᠠᠨᠠᠵᠤ ᠭᠡᠨ᠎ᠡ ᠵᠢᠨᠰᠢᠶᠠᠩ ᠴᠢᠨᠢ ᠠ᠋
ᠠ ᠬᠠ ᠬᠦ
ᠬᠠᠮᠲᠤᠷᠠᠭᠰᠠᠨ ᠬᠥᠮᠦᠨ ᠪᠠᠯᠳᠠᠨᠫᠡᠷᠡᠩᠯᠡᠢ ᠪᠡᠨ
ᠬᠥᠮᠦᠨ ᠢ᠋ᠶ᠋ᠡᠷ ᠦᠵᠡᠬᠦ ᠦᠭᠡᠢ ᠵᠢᠨᠰᠢᠶᠠᠩ ᠴᠢᠨᠢ ᠠ᠋᠃
ᠦᠮᠦᠳᠦᠨ ᠬᠠᠭᠠᠷᠬᠠᠢ ᠶ᠋ᠢ ᠨᠥᠬᠥ ᠭᠡᠬᠦ ᠳ᠋ᠦ᠍
ᠣᠢᠰᠢᠶᠠᠬᠤ ᠴᠤ᠌ ᠦᠭᠡᠢ ᠵᠢᠨᠰᠢᠶᠠᠩ ᠴᠢᠨᠢ ᠠ᠋
ᠥᠷᠯᠥᠭᠡ ᠡᠷᠲᠡ ᠪᠣᠰᠴᠤ ᠰᠠᠭᠤᠭᠠᠳ
ᠤᠬᠢᠯᠠᠭᠠᠳ ᠪᠠᠢᠨ᠎ᠠ ᠵᠢᠨᠰᠢᠶᠠᠩ ᠴᠢᠨᠢ ᠠ᠋
ᠡᠵᠡᠨ ᠦ᠌ ᠴᠡᠷᠢᠭ ᠦ᠋ᠨ ᠳᠠᠨᠠᠪᠠᠯ ᠢ᠋
ᠦᠨᠡᠬᠡᠷ ᠴᠦ᠍ ᠰᠠᠨᠠᠵᠤ ᠭᠡᠨ᠎ᠡ ᠵᠢᠨᠰᠢᠶᠠᠩ ᠴᠢᠨᠢ ᠠ᠋
ᠠ ᠬᠠ ᠬᠦ
ᠥᠪᠡᠷ ᠦ᠋ᠨ ᠡᠷ᠎ᠡ ᠪᠠᠯᠳᠠᠨᠫᠡᠷᠡᠩᠯᠡᠢ ᠪᠡᠨ
ᠬᠥᠮᠦᠨ ᠢ᠋ᠶ᠋ᠡᠷ ᠦᠵᠡᠬᠦ ᠦᠭᠡᠢ ᠵᠢᠨᠰᠢᠶᠠᠩ ᠴᠢᠨᠢ ᠠ᠋᠃
ᠵᠢᠨᠰᠢᠶᠠᠩ ᠪᠠᠰᠠ ᠨᠠᠢᠨᠠᠢ ᠳ᠋ᠠᠭᠠᠨ ᠬᠡᠯᠡᠵᠦ ᠪᠠᠢᠬᠤ ᠨᠢ᠄
ᠦᠨᠡᠰᠦ ᠪᠡᠨ ᠭᠡᠭᠡᠬᠦ ᠪᠡᠷ ᠭᠠᠷᠬᠤᠯᠠᠷ
ᠥᠪᠡᠷ ᠦ᠋ᠨ ᠲᠠᠨᠢᠯ ᠲᠠᠢ ᠤᠴᠠᠷᠠᠴᠢᠬᠠᠵᠠᠢ
ᠦᠳᠡᠯᠦᠭᠡ ᠪᠣᠯᠤᠭᠰᠠᠨ ᠠᠪᠤ ᠶ᠋ᠢ ᠪᠡᠨ
ᠡᠪᠡᠳᠴᠢᠨ ᠲᠡᠢ ᠪᠣᠯᠵᠤ ᠭᠡᠮᠡᠨ ᠰᠣᠨᠣᠰᠪᠠ
ᠥᠪᠡᠷ ᠦ᠋ᠨ ᠪᠡᠶ᠎ᠡ ᠮᠢᠨᠢ ᠲᠥᠷᠬᠥᠮ ᠳ᠋ᠡᠭᠡᠨ ᠬᠠᠷᠢᠵᠤ
ᠦᠵᠡᠵᠦ ᠠᠩᠬᠠᠷᠵᠤ ᠴᠢᠳᠠᠬᠤ ᠦᠭᠡᠢ ᠳ᠋ᠡᠭᠡᠨ
ᠠ ᠬᠠ ᠬᠦ
ᠥᠷᠯᠥᠭᠡ ᠡᠷᠲᠡ ᠪᠣᠰᠴᠤ ᠰᠠᠭᠤᠭᠠᠳ
ᠤᠬᠢᠯᠠᠵᠤ ᠰᠠᠭᠤᠯ᠎ᠠ ᠰᠢᠦ ᠪᠡᠶ᠎ᠡ ᠮᠢᠨᠢ ᠠ᠋᠃
ᠲᠦᠯᠡᠭᠡ ᠡᠭᠦᠷᠬᠦ ᠪᠡᠷ ᠶᠠᠪᠤᠬᠤ ᠳ᠋ᠤ᠌
ᠲᠠᠨᠢᠯ ᠤ᠋ᠨ ᠬᠥᠮᠦᠨ ᠲᠡᠢ ᠲᠠᠭᠠᠷᠠᠴᠢᠬᠠᠵᠠᠢ
ᠲᠥᠷᠥᠭᠰᠡᠨ ᠠᠪᠤ ᠶ᠋ᠢᠨ ᠪᠡᠶ᠎ᠡ
ᠲᠣᠮᠣᠭᠣ ᠳ᠋ᠤ᠌ ᠳᠠᠭᠠᠷᠢᠭᠳᠠᠯ᠎ᠠ ᠭᠡᠵᠦ ᠰᠣᠨᠣᠰᠪᠠ

ᠲᠥᠷᠬᠥᠮ ᠳ᠋ᠡᠭᠡᠨ ᠪᠤᠴᠠᠵᠤ ᠬᠠᠷᠢᠭᠠᠳ
ᠲᠤᠰᠠ ᠪᠣᠯᠵᠤ ᠴᠢᠳᠠᠬᠤ ᠦᠭᠡᠢ ᠳ᠋ᠡᠭᠡᠨ
ᠠ ᠬᠠ ᠬᠦ
ᠲᠦᠪᠡᠭᠳᠡᠵᠦ ᠵᠣᠪᠠᠨᠢᠵᠤ ᠭᠠᠴᠢᠭᠳᠠᠭᠠᠳ
ᠤᠬᠢᠯᠠᠵᠤ ᠪᠠᠢᠨ᠎ᠠ ᠰᠢᠦ ᠪᠡᠶ᠎ᠡ ᠮᠢᠨᠢ ᠠ᠋᠃
ᠵᠢᠨᠰᠡᠷᠮ᠎ᠡ ᠨᠠᠢᠨᠠᠢ᠂ ᠳᠠᠨᠠᠪᠯ ᠤ᠋ᠨ ᠳᠡᠭᠡᠷᠡᠮ ᠳ᠋ᠦ᠍ ᠠᠯᠠᠭᠳᠠᠭᠰᠠᠨ ᠴᠢᠮᠡᠭᠡ ᠶ᠋ᠢ ᠬᠡᠳᠦᠢᠨᠡᠢ ᠣᠯᠵᠤ ᠰᠣᠨᠣᠰᠤᠭᠠᠳ᠂ ᠵᠢᠨᠰᠢᠶᠠᠩ ᠤ᠋ᠨ ᠤᠬᠢᠯᠠᠵᠤ ᠪᠠᠢᠬᠤ ᠤᠴᠢᠷ ᠢ᠋ ᠣᠢᠯᠭᠠᠵᠤ ᠮᠡᠳᠡᠭᠡᠳ᠂ ᠬᠦᠦ ᠪᠡᠷᠢ ᠪᠡᠨ ᠲᠥᠷᠬᠥᠮ ᠳ᠋ᠦ᠍ᠨᠢ ᠬᠠᠷᠢᠭᠤᠯᠵᠤ ᠳᠠᠨᠠᠪᠠᠯ ᠤ᠋ᠨ ᠦᠬᠦᠭᠰᠡᠨ ᠢ᠋ ᠨᠢᠳᠦ ᠪᠡᠷ ᠨᠢ ᠦᠵᠡᠭᠦᠯᠵᠦ ᠰᠡᠳᠬᠢᠯ ᠢ᠋ ᠨᠢ ᠮᠣᠬᠣᠭᠠᠰᠤᠭᠠᠢ ᠭᠡᠵᠦ ᠪᠣᠳᠣᠭᠠᠳ᠄ 《 ᠠᠪᠤ ᠴᠢᠨᠢ ᠡᠪᠡᠳᠦᠭᠰᠡᠨ ᠪᠣᠯ ᠴᠢ ᠮᠠᠷᠭᠠᠰᠢ ᠲᠥᠷᠬᠥᠮ ᠳ᠋ᠡᠭᠡᠨ ᠬᠠᠷᠢᠵᠤ ᠠᠪᠤ ᠪᠠᠨ ᠰᠤᠪᠢᠯᠠᠭᠠᠷᠠᠢ᠂ ᠠᠪᠤ ᠴᠢᠨᠢ ᠬᠡᠵᠢᠶ᠎ᠡ ᠡᠷᠡᠭᠦᠯ ᠲᠡᠩᠬᠡᠯᠡᠭᠦᠨ ᠪᠣᠯᠤᠭᠰᠠᠨ ᠬᠣᠢᠨ᠎ᠠ ᠰᠠᠶᠢ ᠬᠠᠷᠢᠵᠤ ᠢᠷ᠎ᠡ 》ᠭᠡᠪᠡ᠃

ᠵᠠ᠂ ᠵᠢᠨᠰᠢᠶᠠᠩ ᠲᠥᠷᠬᠥᠮᠴᠢᠯᠡᠬᠦ ᠪᠡᠷ ᠵᠢᠯᠲᠦ ᠶ᠋ᠢᠨ ᠠᠢᠯ ᠳ᠋ᠠᠭᠠᠨ ᠪᠤᠴᠠᠨ ᠢᠷᠡᠵᠦ ᠵᠡᠭᠦᠨ ᠪᠠᠷᠠᠭᠤᠨ ᠭᠡᠷ ᠦ᠋ᠨ ᠡᠭᠡᠴᠢ ᠳᠡᠭᠦᠦ ᠨᠠᠷ᠎ᠠ᠋ᠴᠠ ᠪᠠᠨ ᠳᠠᠨᠠᠪᠠᠯ ᠤ᠋ᠨ ᠠᠯᠠᠭᠳᠠᠭᠰᠠᠨ ᠦᠨᠡᠨ ᠪᠣᠳᠠᠲᠠᠢ ᠪᠠᠢᠳᠠᠯ ᠢ᠋ ᠯᠠᠪᠯᠠᠵᠤ ᠮᠡᠳᠡᠭᠡᠳ ᠢᠩᠭᠢᠵᠦ ᠳᠠᠭᠤᠯᠠᠵᠤ ᠪᠠᠢᠨ᠎ᠠ᠄

ᠠᠯᠪᠠᠨ ᠴᠡᠷᠢᠭ ᠦ᠋ᠨ ᠡᠷᠳᠡᠨᠢᠪᠢᠯᠢᠭ
ᠬᠥᠮᠦᠨ ᠪᠢᠰᠢ ᠠᠳᠤᠭᠤᠰᠤ ᠠ᠋
ᠠᠮᠠᠷᠠᠭ ᠬᠣᠩᠭᠣᠷ ᠢ᠋ ᠮᠢᠨᠢ ᠠᠯᠠᠭᠰᠠᠨ ᠨᠢ
ᠳᠡᠭᠡᠷᠡᠮ ᠪᠢᠰᠢ ᠴᠡᠷᠢᠭ ᠦ᠋ᠳ ᠠ᠋
ᠠᠩᠭ᠎ᠠ ᠶ᠋ᠢᠨ ᠢ᠋ᠶ᠋ᠡᠨ ᠦᠭᠡ ᠶ᠋ᠢ ᠠᠪᠤᠭᠰᠠᠨ ᠪᠣᠯ
ᠠᠶᠤᠯ ᠲᠠᠭᠠᠷᠠᠨ᠎ᠠ ᠤᠤ ᠠᠬ᠎ᠠ ᠮᠢᠨᠢ ᠠ᠋
ᠠ ᠬᠠ ᠬᠦ
ᠠᠯᠲᠠᠨ ᠳᠡᠯᠡᠬᠡᠢ ᠪᠡᠷ ᠲᠣᠭᠣᠷᠢᠨ᠎ᠠ ᠭᠡᠭᠰᠡᠭᠡᠷ
ᠠᠮᠢ ᠪᠡᠶ᠎ᠡ ᠪᠡᠨ ᠠᠯᠳᠠᠯ᠎ᠠ ᠰᠢᠦ᠃

ᠡᠵᠡᠷᠬᠡᠭ ᠬᠤᠯᠠᠭᠠᠢ ᠡᠷᠳᠡᠨᠢᠪᠢᠯᠢᠭ
ᠬᠥᠮᠦᠨ ᠪᠢᠰᠢ ᠠᠳᠤᠭᠤᠰᠤ ᠠ᠋
ᠦᠶ᠎ᠡ ᠶ᠋ᠢᠨ ᠬᠣᠩᠭᠣᠷ ᠢ᠋ ᠮᠢᠨᠢ ᠠᠯᠠᠭᠰᠠᠨ ᠨᠢ
ᠳᠡᠭᠡᠷᠡᠮ ᠪᠢᠰᠢ ᠴᠡᠷᠢᠭ ᠦ᠋ᠳ ᠠ᠋
ᠡᠷᠦᠬᠡ ᠭᠡᠷ ᠲᠡᠭᠡᠨ ᠰᠠᠭᠤᠭᠰᠠᠨ ᠪᠣᠯ
ᠦᠬᠦᠯ ᠦ᠋ᠨ ᠠᠶᠤᠯ ᠲᠤᠯᠭᠠᠷᠠᠨ᠎ᠠ ᠤᠤ ᠳᠠ ᠠᠬ᠎ᠠ ᠮᠢᠨᠢ ᠠ᠋
ᠠ ᠬᠠ ᠬᠦ
ᠶᠢᠷᠲᠢᠨᠴᠦ ᠳᠡᠯᠡᠬᠡᠢ ᠪᠡᠷ ᠡᠷᠭᠢᠯᠳᠦᠨ᠎ᠡ ᠭᠡᠭᠰᠡᠭᠡᠷ
ᠥᠪᠡᠷ ᠦ᠋ᠨ ᠪᠡᠶ᠎ᠡ ᠪᠡᠨ ᠪᠠᠷᠠᠭᠰᠠᠨ ᠰᠢᠦ᠃

ᠣᠷᠣᠢ ᠪᠣᠯᠬᠤ ᠳ᠋ᠤ᠌ ᠵᠢᠨᠰᠢᠶᠠᠩ ᠢᠳᠡᠭᠡᠨ ᠤᠮᠳᠠᠭᠠᠨ ᠠᠪᠴᠤ ᠳᠠᠨᠠᠪᠠᠯ ᠳ᠋ᠠᠭᠠᠨ ᠲᠦᠯᠡᠰᠢ ᠡᠷᠭᠦᠵᠦ ᠰᠡᠳᠬᠢᠯ ᠢ᠋ᠶ᠋ᠡᠨ ᠭᠦᠢᠴᠡᠳᠬᠡᠬᠦ ᠪᠡᠷ ᠦᠬᠦᠭᠡᠷ ᠳᠡᠭᠡᠷ᠎ᠡ ᠨᠢ ᠢᠷᠡᠵᠦ ᠲᠠᠬᠢᠯᠭ᠎ᠠ ᠲᠠᠯᠪᠢᠨ ᠰᠥᠭᠥᠳᠴᠦ ᠮᠥᠷᠭᠥᠭᠡᠳ ᠤᠬᠢᠯᠠᠨ ᠬᠡᠯᠡᠵᠦ ᠪᠠᠢᠨ᠎ᠠ᠄

ᠬᠦᠨᠳᠦ ᠲᠥᠷᠥ ᠶ᠋ᠢᠨ ᠶᠣᠰᠣ ᠪᠠᠷ
ᠬᠣᠯᠪᠣᠭᠰᠠᠨ ᠦᠭᠡᠢ ᠪᠣᠯᠪᠠᠴᠤ
ᠬᠦᠰᠡᠵᠦ ᠰᠠᠨᠠᠭᠰᠠᠨ ᠰᠡᠳᠬᠢᠯ ᠢ᠋ᠶ᠋ᠡᠨ
ᠬᠣᠶᠠᠭᠤᠯᠠ ᠪᠠᠨ ᠮᠡᠳᠡᠯᠴᠡᠳᠡᠭ ᠪᠢᠰᠢ ᠤᠤ ᠳᠠ

ᠬᠦᠴᠦᠷᠬᠡᠭ ᠬᠤᠯᠠᠭᠠᠢ ᠡᠷᠳᠡᠨᠢᠪᠢᠯᠢᠭ ᠲᠦ᠍
ᠠᠯᠠᠭᠳᠠᠭᠰᠠᠨ ᠢ᠋ ᠴᠢᠨᠢ ᠰᠣᠨᠣᠰᠤᠭᠠᠳ
ᠠ ᠬᠠ ᠬᠦ
ᠬᠥᠭᠡᠷᠦᠬᠦᠨ ᠪᠠᠭ᠎ᠠ ᠵᠢᠨᠰᠢᠶᠠᠩ ᠴᠢᠨᠢ
ᠬᠦᠷᠦᠭᠡᠳ ᠢᠷᠡᠵᠡᠢ ᠠᠬ᠎ᠠ ᠮᠢᠨᠢ ᠠ᠋ ᠃
ᠪᠤᠷᠬᠠᠨ ᠪᠠᠭᠰᠢ ᠶ᠋ᠢᠨ ᠵᠣᠬᠢᠶᠠᠭᠰᠠᠨ ᠢ᠋ᠶ᠋ᠠᠷ
ᠪᠣᠭᠲᠣᠯᠠᠭᠰᠠᠨ ᠦᠭᠡᠢ ᠪᠣᠯᠪᠠᠴᠤ
ᠪᠣᠳᠣᠵᠤ ᠰᠠᠨᠠᠭᠰᠠᠨ ᠰᠡᠳᠬᠢᠯ ᠢ᠋ᠶ᠋ᠡᠨ
ᠪᠣᠳᠠᠲᠠᠢ ᠬᠣᠶᠠᠭᠤᠯᠠ ᠪᠠᠨ ᠮᠡᠳᠡᠯᠴᠡᠳᠡᠭ ᠰᠢᠦ
ᠪᠤᠷᠤᠩᠬᠤᠢ ᠨᠣᠶᠠᠨ ᠡᠷᠳᠡᠨᠢᠪᠢᠯᠢᠭ ᠲᠦ᠍
ᠠᠯᠠᠭᠳᠠᠭᠰᠠᠨ ᠢ᠋ ᠴᠢᠨᠢ ᠰᠣᠨᠣᠰᠤᠭᠠᠳ
ᠠ ᠬᠠ ᠬᠦ
ᠪᠣᠯᠪᠠᠷᠠᠬᠠᠨ ᠲᠥᠷᠥᠭᠰᠡᠨ ᠵᠢᠨᠰᠢᠶᠠᠩ ᠴᠢᠨᠢ
ᠪᠡᠶ᠎ᠡ ᠪᠡᠷ ᠢᠷᠡᠵᠡᠢ ᠠᠬ᠎ᠠ ᠮᠢᠨᠢ ᠠ᠋ ᠃
ᠨᠢᠭᠡᠨ ᠵᠡᠷᠭᠡ ᠭᠠᠰᠢᠭᠤᠳᠠᠨ ᠤᠬᠢᠯᠠᠭᠰᠠᠨ ᠤ᠋ ᠳᠠᠷᠠᠭ᠎ᠠ ᠵᠢᠨᠰᠢᠶᠠᠩ᠂ ᠳᠠᠨᠠᠪᠠᠯ ᠤ᠋ᠨ ᠳᠤᠷᠠᠰᠬᠠᠯ ᠪᠣᠯᠭᠠᠵᠤ ᠥᠭᠭᠦᠭᠰᠡᠨ ᠲᠣᠷᠭᠠᠨ ᠴᠠᠮᠴᠠ ᠶ᠋ᠢ ᠭᠠᠷᠭᠠᠵᠤ ᠬᠡᠯᠡᠵᠦ ᠪᠠᠢᠬᠤ ᠨᠢ᠄
ᠬᠠᠷ᠎ᠠ ᠲᠣᠷᠭᠠᠨ ᠴᠠᠮᠴᠠ ᠴᠢᠨᠢ
ᠳᠤᠷᠠᠰᠬᠠᠯ ᠪᠢᠰᠢ ᠭᠡᠷᠢᠶᠡᠰ ᠪᠣᠯᠤᠯ᠎ᠠ
ᠬᠠᠪᠤᠲᠠᠢ ᠰᠠᠢᠬᠠᠨ ᠪᠡᠶ᠎ᠡ ᠴᠢᠨᠢ
ᠬᠠᠷ᠎ᠠ ᠰᠢᠷᠣᠢ ᠶ᠋ᠢᠨ ᠣᠩᠭᠣᠨ ᠳ᠋ᠤ᠌ ᠣᠷᠣᠯ᠎ᠠ
ᠬᠠᠷᠠᠬᠠᠨ ᠪᠠᠭ᠎ᠠ ᠵᠢᠨᠰᠢᠶᠠᠩ ᠨᠠᠮᠠᠢ ᠪᠠᠨ
ᠬᠠᠶᠠᠭᠠᠳ ᠶᠠᠪᠤᠬᠤ ᠨᠢ ᠶᠠᠭᠤ ᠪᠣᠯᠪᠠ ᠳᠠ
ᠠ ᠬᠠ ᠬᠦ
ᠬᠠᠢᠷ᠎ᠠ ᠶ᠋ᠢᠨ ᠰᠡᠳᠬᠢᠯ ᠬᠠᠯᠠᠭᠤᠨ ᠰᠠᠨᠠᠭ᠎ᠠ ᠮᠢᠨᠢ
ᠡᠨᠡ ᠨᠠᠰᠤᠨ ᠤ᠋ ᠭᠣᠮᠣᠳᠠᠯ ᠪᠣᠯᠤᠯ᠎ᠠ᠃

ᠥᠩᠭᠡᠲᠦ ᠲᠣᠷᠭᠠᠨ ᠴᠠᠮᠴᠠ ᠴᠢᠨᠢ
ᠦᠯᠡᠳᠡᠭᠡᠵᠦ ᠦᠭᠭᠦᠭᠰᠡᠨ ᠭᠡᠷᠢᠶᠡᠰ ᠪᠣᠯᠤᠯ᠎ᠠ
ᠥᠨᠳᠥᠷ ᠰᠠᠢᠬᠠᠨ ᠪᠡᠶ᠎ᠡ ᠴᠢᠨᠢ
ᠥᠷᠭᠡᠨ ᠲᠠᠯ᠎ᠠ ᠶ᠋ᠢᠨ ᠣᠩᠭᠣᠨ ᠳ᠋ᠤ᠌ ᠣᠷᠣᠯ᠎ᠠ
ᠦᠶ᠎ᠡ ᠶ᠋ᠢᠨ ᠬᠣᠩᠭᠣᠷ ᠵᠢᠨᠰᠢᠶᠠᠩ ᠨᠠᠮᠠᠢ ᠪᠠᠨ
ᠥᠨᠥᠴᠢᠷᠡᠲᠡᠯ᠎ᠡ ᠬᠠᠶᠠᠬᠤ ᠨᠢ ᠶᠠᠭᠤ ᠪᠣᠯᠪᠠ ᠳᠠ
ᠠ ᠬᠠ ᠬᠦ
ᠦᠨᠡᠨ ᠰᠡᠳᠬᠢᠯ ᠤᠬᠠᠭᠠᠨ ᠰᠠᠨᠠᠭ᠎ᠠ ᠮᠢᠨᠢ
ᠡᠨᠡ ᠨᠠᠰᠤᠨ ᠤ᠋ ᠭᠣᠮᠣᠳᠠᠯ ᠪᠣᠯᠤᠯ᠎ᠠ᠃
ᠠᠪᠤ ᠡᠵᠢ ᠶ᠋ᠢᠨ ᠢ᠋ᠶ᠋ᠡᠨ ᠳᠡᠷᠭᠡᠳᠡ
ᠪᠠᠢᠳᠠᠭ ᠪᠣᠯᠤᠶ᠎ᠠ ᠳᠠ ᠠᠬ᠎ᠠ ᠮᠢᠨᠢ ᠠ᠋
ᠠᠷᠤ ᠶ᠋ᠢᠨ ᠰᠦᠮ᠎ᠡ ᠳ᠋ᠦ᠍ ᠣᠴᠢᠵᠤ ᠪᠠᠢᠭᠠᠳ
ᠠᠯᠲᠠᠨ ᠭᠠᠨᠵᠤᠤᠷ ᠠᠢᠯᠠᠳᠤᠭᠤᠯᠬᠤ ᠦᠭᠡᠢ ᠤᠤ ᠳᠠ
ᠠᠷᠭ᠎ᠠ ᠦᠭᠡᠢ ᠬᠥᠮᠦᠨ ᠦ᠌ ᠭᠠᠵᠠᠷ
ᠵᠠᠶᠠᠭᠠᠴᠢᠬᠠᠭᠰᠠᠨ ᠲᠤᠯᠠᠳᠠ
ᠠ ᠬᠠ ᠬᠦ
ᠠᠷᠢᠬᠢ ᠰᠦᠷᠴᠢᠵᠦ ᠢᠳᠡᠭᠡᠨ ᠡᠷᠭᠦᠵᠦ
ᠮᠥᠷᠭᠥᠵᠦ ᠪᠠᠢᠨ᠎ᠠ ᠵᠢᠨᠰᠢᠶᠠᠩ ᠴᠢᠨᠢ ᠠ᠋᠃
ᠡᠵᠢ ᠠᠪᠤ ᠶ᠋ᠢᠨ ᠢ᠋ᠶ᠋ᠡᠨ ᠳᠡᠷᠭᠡᠳᠡ
ᠪᠠᠢᠳᠠᠭ ᠪᠣᠯᠤᠶ᠎ᠠ ᠳᠠ ᠠᠬ᠎ᠠ ᠮᠢᠨᠢ ᠠ᠋
ᠡᠮᠦᠨᠡᠲᠦ ᠰᠦᠮ᠎ᠡ ᠳ᠋ᠦ᠍ ᠣᠴᠢᠵᠤ ᠪᠠᠢᠭᠠᠳ
ᠡᠷᠳᠡᠨᠢ ᠶ᠋ᠢᠨ ᠭᠠᠨᠵᠤᠤᠷ ᠠᠢᠯᠠᠳᠤᠭᠤᠯᠬᠤ ᠦᠭᠡᠢ ᠤᠤ ᠳᠠ
ᠡᠷᠬᠡ ᠦᠭᠡᠢ ᠬᠥᠮᠦᠨ ᠦ᠌ ᠭᠠᠵᠠᠷ ᠲᠤ᠌
ᠵᠠᠶᠠᠭᠠᠴᠢᠬᠠᠭᠰᠠᠨ ᠲᠤᠯᠠᠳᠠ
ᠠ ᠬᠠ ᠬᠦ

ᠡᠷᠭᠦᠵᠦ ᠠᠷᠢᠬᠢ ᠰᠦᠷᠴᠢᠵᠦ
ᠮᠥᠷᠭᠥᠵᠦ ᠪᠠᠢᠨ᠎ᠠ ᠵᠢᠨᠰᠢᠶᠠᠩ ᠴᠢᠨᠢ ᠠ᠋᠃
ᠵᠢᠨᠰᠢᠶᠠᠩ᠂ ᠬᠠᠮᠤᠭ ᠰᠡᠭᠦᠯ ᠦ᠋ᠨ ᠬᠦᠰᠡᠯ ᠡᠷᠡᠮᠡᠯᠵᠡᠯ ᠢ᠋ᠶ᠋ᠡᠨ ᠬᠡᠯᠡᠵᠦ ᠪᠠᠢᠬᠤ ᠨᠢ᠄
ᠶᠢᠰᠦᠨ ᠥᠩᠭᠡ ᠶ᠋ᠢᠨ ᠭᠬᠢᠪ ᠬᠠᠳᠠᠭ ᠢ᠋ᠶ᠋ᠠᠷ
ᠰᠤᠮᠤ ᠪᠠᠨ ᠴᠢᠮᠡᠭᠰᠡᠨ ᠦᠭᠡᠢ ᠪᠣᠯᠪᠠᠴᠤ
ᠥᠪᠡᠷ ᠦ᠋ᠨ ᠵᠡᠭᠦᠭᠰᠡᠨ ᠠᠯᠴᠢᠭᠤᠷ ᠢ᠋ᠶ᠋ᠠᠷ ᠢ᠋ᠶ᠋ᠠᠨ
ᠰᠦᠨᠡᠰᠦ ᠮᠥᠷ ᠢ᠋ ᠴᠢᠨᠢ ᠳᠠᠯᠠᠯᠵᠤ ᠪᠠᠢᠨ᠎ᠠ
ᠡᠷᠯᠢᠭ ᠲᠠᠮᠤ ᠶ᠋ᠢᠨ ᠭᠠᠵᠠᠷ ᠲᠠᠭᠠᠨ
ᠬᠦᠷᠦᠭᠰᠡᠨ ᠦ᠌ ᠰᠡᠭᠦᠯᠡᠷ ᠠᠬ᠎ᠠ ᠮᠢᠨᠢ
ᠠ ᠬᠠ ᠬᠦ
ᠡᠷᠭᠢᠬᠦ ᠲᠥᠷᠥᠯ ᠦ᠋ᠨ ᠬᠤᠪᠢ ᠵᠠᠶᠠᠭᠠᠨ ᠳ᠋ᠠᠭᠠᠨ
ᠡᠷ᠎ᠡ ᠡᠮ᠎ᠡ ᠪᠣᠯᠬᠤ ᠶ᠋ᠢ ᠭᠤᠶᠤᠴᠢᠯᠠᠭᠠᠷᠠᠢ ᠳᠠ᠃
ᠲᠠᠪᠤᠨ ᠥᠩᠭᠡ ᠶ᠋ᠢᠨ ᠭᠬᠢᠪ ᠬᠠᠳᠠᠭ ᠢ᠋ᠶ᠋ᠠᠷ
ᠰᠤᠮᠤ ᠪᠠᠨ ᠴᠢᠮᠡᠭᠰᠡᠨ ᠦᠭᠡᠢ ᠪᠣᠯᠪᠠᠴᠤ
ᠲᠠᠲᠠᠵᠤ ᠪᠣᠭᠣᠭᠰᠠᠨ ᠠᠯᠴᠢᠭᠤᠷ ᠢ᠋ᠶ᠋ᠠᠷ ᠢ᠋ᠶ᠋ᠠᠨ
ᠰᠦᠨᠡᠰᠦ ᠮᠥᠷ ᠢ᠋ ᠴᠢᠨᠢ ᠳᠠᠯᠠᠯᠵᠤ ᠪᠠᠢᠨ᠎ᠠ
ᠲᠠᠮᠤ ᠡᠷᠯᠢᠭ ᠦ᠋ᠨ ᠭᠠᠵᠠᠷ ᠲᠠᠭᠠᠨ
ᠬᠦᠷᠦᠭᠰᠡᠨ ᠦ᠌ ᠰᠡᠭᠦᠯᠡᠷ ᠠᠬ᠎ᠠ ᠮᠢᠨᠢ ᠠ᠋
ᠠ ᠬᠠ ᠬᠦ
ᠲᠠᠬᠢᠬᠤ ᠲᠥᠷᠥᠯ ᠦ᠋ᠨ ᠬᠤᠪᠢ ᠵᠠᠶᠠᠭᠠᠨ ᠳ᠋ᠠᠭᠠᠨ
ᠡᠷ᠎ᠡ ᠡᠮ᠎ᠡ ᠪᠣᠯᠬᠤ ᠶ᠋ᠢ ᠭᠤᠶᠤᠴᠢᠯᠠᠭᠠᠷᠠᠢ ᠳᠠ᠃
ᠵᠡᠭᠦᠯᠲᠡ᠄
* ᠡᠷᠳᠡᠨᠢᠪᠢᠯᠢᠭ —ᠬᠣᠷᠴᠢᠨ ᠵᠡᠭᠦᠨ ᠭᠠᠷ ᠤ᠋ᠨ ᠬᠣᠢᠲᠤ ᠬᠤᠰᠢᠭᠤᠨ ᠤ᠋ ᠲᠡᠷᠰᠯᠡᠭᠦᠦ ᠴᠡᠷᠢᠭ ᠦ᠋ᠨ ᠲᠦᠩᠯᠢᠩ ᠨᠣᠶᠠᠨ ᠪᠠᠢᠵᠠᠢ᠃
 ᠦᠰᠦᠭ ᠠᠮᠢᠯᠠᠭᠤᠯᠤᠭᠴᠢ ᠄  ᠠ᠊· ᠮᠢᠬᠤᠸᠠᠷ᠂ ᠣᠶᠤᠨᠴᠢᠮᠡᠭ᠂ ᠨᠠᠷᠠᠨᠲᠣᠭᠣᠰ᠂ ᠠ᠊· ᠴᠠᠭᠠᠨ
 ᠬᠢᠨᠠᠭᠴᠢ ᠪᠠᠭᠰᠢ᠄ ᠣᠳᠬᠠᠨᠰᠣ᠎ᠠ᠂ ᠲᠣᠳᠣᠭᠡᠷᠡᠯ᠂ ᠣᠳᠬᠠᠨᠴᠡᠴᠡᠭ