ᠲᠡᠮᠦᠷ ᠵᠠᠩᠭᠤᠤТөмөр зангууTömör zanguu
ᠲᠡᠮᠦᠷ ᠵᠠᠩᠭᠤᠤ
ᠲᠤᠰ ᠡᠮ ᠪᠣᠯ ᠤᠰᠤᠨ ᠵᠠᠩᠭᠤᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠤᠰᠤᠨ ᠵᠠᠩᠭᠤᠤ ᠶ᠋ᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠪᠠᠰᠠ ᠰᠧᠮᠡᠫᠡᠩᠴᠧᠨ ᠭᠡᠳᠡᠭ᠃
[ ᠤᠤᠯ ᠤᠷᠭᠤᠮᠠᠯ] ᠨᠢᠭᠡ ᠨᠠᠰᠤᠲᠤ ᠤᠰᠤᠨ ᠳ᠋ᠤ᠌ ᠤᠷᠭᠤᠬᠤ ᠡᠪᠡᠰᠦᠯᠢᠭ ᠤᠷᠭᠤᠮᠠᠯ᠃ ᠦᠨᠳᠦᠰᠦ ᠨᠢ ᠣᠨᠳᠣᠣ ᠬᠡᠯᠪᠡᠷᠢ ᠲᠡᠢ᠂ ᠰᠣᠷᠣᠬᠤ ᠦᠨᠳᠦᠰᠦ ᠡᠴᠡ ᠭᠠᠳᠠᠨ᠎ᠠ᠂ ᠪᠠᠰᠠ ᠢᠵᠢᠯᠢᠰᠢᠭᠦᠯᠬᠦ ᠦᠨᠳᠦᠰᠦ ᠲᠡᠢ᠃ ᠢᠵᠢᠯᠢᠰᠢᠭᠦᠯᠬᠦ ᠦᠨᠳᠦᠰᠦ ᠨᠢ ᠨᠠᠪᠴᠢᠨ ᠤ᠋ ᠨᠣᠭᠣᠭᠠᠨ ᠡᠳ᠋ ᠲᠡᠢ᠂ ᠡᠰᠢᠨ ᠦ᠌ ᠦᠶ᠎ᠡ ᠡᠴᠡ ᠤᠷᠭᠤᠨ᠎ᠠ᠂ ᠥᠳᠥᠯᠢᠭ ᠨᠠᠷᠢᠨ ᠣᠨᠢ ᠲᠠᠢ᠃ ᠡᠰᠢ ᠨᠢ ᠨᠠᠷᠢᠨ ᠤᠷᠲᠤ᠂ ᠤᠰᠤᠨ ᠤ᠋ ᠭᠦᠨ ᠭᠦᠢᠬᠡᠨ ᠨᠢ ᠠᠳᠠᠯᠢ ᠦᠭᠡᠢ ᠡᠴᠡ ᠪᠣᠯᠵᠤ᠂ ᠤᠷᠲᠤ ᠪᠣᠭᠣᠨᠢ ᠨᠢ ᠠᠳᠠᠯᠢ ᠦᠭᠡᠢ᠃ ᠨᠠᠪᠴᠢ ᠨᠢ ᠡᠰᠢᠨ ᠦ᠌ ᠣᠷᠣᠢ ᠳ᠋ᠤ᠌ ᠪᠥᠭᠡᠮᠨᠡᠷᠡᠨ ᠤᠷᠭᠤᠵᠤ᠂ ᠯᠢᠩᠬᠤ᠎ᠠ ᠶ᠋ᠢᠨ ᠰᠠᠭᠤᠳᠠᠯ ᠰᠢᠭ᠋ ᠪᠣᠯᠳᠠᠭ᠃ ᠷᠣᠮᠪ ᠰᠢᠭ᠋ ᠭᠤᠷᠪᠠᠯᠵᠢᠨ ᠬᠡᠯᠪᠡᠷᠢ ᠲᠡᠢ᠂2.5~4cm ᠤᠷᠲᠤ᠂2~4.5cm ᠥᠷᠭᠡᠨ᠂ ᠨᠠᠪᠴᠢᠨ ᠤ᠋ ᠳᠡᠭᠡᠳᠦ ᠬᠠᠭᠠᠰ ᠬᠡᠰᠡᠭ ᠲᠤᠨᠢ ᠪᠦᠳᠦᠭᠦᠯᠢᠭ ᠬᠡᠷᠴᠢᠶᠡᠰᠦ ᠲᠡᠢ᠂ ᠤᠭ ᠤ᠋ᠨ ᠬᠡᠰᠡᠭ ᠣᠷᠴᠢᠮ ᠨᠢ ᠪᠦᠲᠦᠨ ᠬᠥᠪᠡᠭᠡ ᠲᠡᠢ᠂ ᠨᠣᠭᠣᠭᠠᠨ ᠥᠩᠭᠡ ᠲᠡᠢ᠂ ᠨᠠᠪᠴᠢᠨ ᠤ᠋ ᠥᠪᠥᠷ ᠲᠤᠨᠢ ᠦᠰᠦ ᠦᠭᠡᠢ᠂ ᠠᠷᠤ ᠳ᠋ᠤᠨᠢ ᠨᠢᠯᠬ᠎ᠠ ᠦᠶᠡᠰ ᠨᠠᠷᠢᠨ ᠦᠰᠦ ᠲᠡᠢ᠂ ᠰᠡᠭᠦᠯᠡᠷ ᠨᠢ ᠠᠶᠠᠨᠳᠠᠭᠠᠨ ᠵᠤᠯᠭᠠᠷᠠᠨ᠎ᠠ᠂ ᠰᠤᠳᠠᠯ ᠢ᠋ᠶ᠋ᠠᠨ ᠳᠠᠭᠠᠭᠠᠳ ᠦᠰᠦ ᠲᠡᠢ᠂2.5~5cm ᠤᠷᠲᠤ ᠨᠠᠪᠴᠢᠨ ᠪᠠᠷᠢᠭᠤᠯ ᠲᠠᠢ᠂ ᠦᠰᠦ ᠲᠡᠢ ᠪᠤᠶᠤ ᠦᠰᠦ ᠦᠭᠡᠢ᠂ ᠣᠷᠣᠢ ᠣᠷᠴᠢᠮ ᠨᠢ ᠲᠣᠮᠣᠷᠠᠭᠰᠠᠨ ᠰᠡᠢᠮᠡᠬᠡᠢ ᠬᠡᠢ ᠶ᠋ᠢᠨ ᠰᠦᠪᠡ ᠲᠡᠢ᠃ ᠴᠡᠴᠡᠭ ᠨᠢ ᠬᠣᠣᠰ ᠪᠡᠯᠭᠡ ᠲᠡᠢ᠂ ᠨᠠᠪᠴᠢᠨ ᠰᠤᠭᠤ ᠳ᠋ᠤ᠌ ᠭᠠᠭᠴᠠᠭᠠᠷ ᠳᠡᠯᠭᠡᠷᠡᠨ᠎ᠡ᠃ ᠲᠣᠭᠳᠣᠢ ᠶ᠋ᠢᠨ ᠬᠣᠭᠣᠯᠠᠢ ᠨᠢ ᠣᠬᠣᠷ᠂ ᠦᠰᠦ ᠲᠡᠢ᠂4 ᠰᠡᠵᠢᠭᠦᠷ ᠢᠯᠲᠠᠰᠤ ᠲᠠᠢ᠂4 ᠴᠡᠴᠡᠭ ᠦ᠋ᠨ ᠬᠡᠯᠲᠡᠰ ᠲᠡᠢ᠃ ᠡᠷ᠎ᠡ ᠲᠣᠭᠣᠷᠴᠣᠭ ᠨᠢ4᠂ ᠤᠮᠠᠢ ᠨᠢ ᠬᠠᠭᠠᠰ ᠳᠣᠣᠷᠠᠲᠤ ᠣᠷᠣᠨ ᠲᠠᠢ᠂2 ᠲᠠᠰᠤᠭ ᠲᠠᠢ᠂ ᠲᠠᠰᠤᠭ ᠪᠦᠷᠢ ᠳ᠋ᠦ᠍ᠨᠢ1 ᠦᠷ᠎ᠡ ᠨᠠᠬᠢᠶ᠎ᠠ ᠲᠠᠢ᠂ ᠴᠡᠴᠡᠭ ᠦ᠋ᠨ ᠪᠠᠭᠠᠨ᠎ᠠ ᠨᠢ ᠦᠷᠦᠮ ᠰᠢᠭ᠂ ᠴᠡᠴᠡᠭ ᠦ᠋ᠨ ᠲᠠᠪᠠᠭ ᠨᠢ ᠲᠠᠬᠢᠶᠠᠨ ᠰᠡᠴᠢᠭ ᠰᠢᠭ ᠬᠡᠯᠪᠡᠷᠢ ᠲᠡᠢ᠃ ᠵᠢᠮᠢᠰ ᠨᠢ ᠵᠢᠭᠠᠬᠠᠨ ᠬᠠᠪᠲᠠᠭᠠᠢ ᠲᠣᠩᠭᠣᠷᠤᠤ ᠭᠤᠷᠪᠠᠯᠵᠢᠨ ᠬᠡᠯᠪᠡᠷᠢ ᠲᠡᠢ᠂ ᠬᠣᠶᠠᠷ ᠦᠵᠦᠭᠦᠷ ᠲᠤᠨᠢ ᠥᠷᠭᠡᠰᠦ ᠲᠡᠢ᠂ ᠥᠷᠭᠡᠰᠦ ᠶ᠋ᠢᠨ ᠬᠣᠭᠣᠷᠣᠨᠳᠣᠬᠢ ᠵᠠᠢ ᠨᠢ3~4cm᠂ ᠥᠪᠥᠷ ᠪᠠ ᠠᠷᠤ ᠶ᠋ᠢᠨ ᠲᠣᠭᠳᠣᠢ ᠶ᠋ᠢᠨ ᠰᠡᠵᠢᠭᠦᠷ ᠨᠢ ᠵᠤᠯᠭᠠᠷᠠᠭᠰᠠᠨ ᠪᠠᠢᠳᠠᠭ᠃1 ᠮᠥᠬᠥᠯᠢᠭ ᠦᠷ᠎ᠡ ᠲᠡᠢ᠃6~7 ᠳ᠋ᠤᠭᠠᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠨ᠎ᠠ᠃
[ ᠤᠷᠭᠤᠬᠤ ᠣᠷᠴᠢᠨ ᠬᠢᠭᠡᠳ ᠲᠠᠷᠬᠠᠴᠠ] ᠨᠠᠭᠤᠷ ᠴᠥᠬᠥᠷᠡᠮ᠂ ᠴᠣᠩᠬᠢᠶᠠᠯ ᠬᠢᠭᠡᠳ ᠤᠰᠤᠨ ᠲᠠᠷᠢᠶᠠᠨ ᠳ᠋ᠤ᠌ ᠤᠷᠭᠤᠨ᠎ᠠ᠃ ᠮᠠᠨ ᠤ᠋ ᠤᠯᠤᠰ ᠤ᠋ᠨ ᠡᠯ᠎ᠡ ᠮᠣᠵᠢ ᠳ᠋ᠤ᠌ ᠪᠦᠷ ᠲᠠᠷᠬᠠᠴᠠ ᠲᠠᠢ ᠪᠥᠭᠡᠳ ᠠᠷᠠᠴᠢᠯᠠᠨ ᠲᠠᠷᠢᠵᠤ ᠪᠣᠢ᠃
[ ᠲᠡᠭᠦᠵᠦ ᠪᠣᠯᠪᠠᠰᠤᠷᠠᠭᠤᠯᠬᠤ]8~9 ᠳ᠋ᠦ᠍ᠭᠡᠷ ᠰᠠᠷ᠎ᠠ ᠳ᠋ᠤ᠌ ᠵᠢᠮᠢᠰ ᠢ᠋ ᠨᠢ ᠲᠡᠭᠦᠵᠦ᠂ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠪᠦᠯᠢᠶᠡᠨ ᠴᠢᠨᠠᠷ ᠲᠠᠢ᠂ ᠰᠢᠩᠭᠡᠨ᠂ ᠬᠤᠷᠴᠠ᠂ ᠬᠥᠩᠭᠡᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠲᠠᠮᠢᠷ ᠢ᠋ ᠰᠠᠢᠵᠢᠷᠠᠭᠤᠯᠬᠤ᠂ ᠬᠦᠴᠦᠵᠢᠭᠦᠯᠬᠦ ᠴᠢᠳᠠᠯ ᠲᠠᠢ᠃ ᠭᠣᠣᠯᠳᠠᠭᠤ ᠪᠥᠭᠡᠷᠡᠨ ᠦ᠌ ᠬᠦᠢᠲᠡᠨ᠂ ᠬᠥᠯ ᠨᠢᠷᠤᠭᠤ ᠡᠪᠡᠳᠬᠦ᠂ ᠬᠡᠷᠦᠬᠦ᠂ ᠡᠷ᠎ᠡ ᠪᠡᠯᠭᠡ ᠰᠤᠯᠠᠷᠠᠭᠰᠠᠨ᠂ ᠳᠤᠰᠤᠯ ᠠᠯᠳᠠᠬᠤ᠂ ᠲᠠᠮᠢᠷ ᠳᠣᠷᠣᠢᠲᠠᠬᠤ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 菱角 (丘角菱)
ᠠᠩᠭ᠌ᠯᠢ ᠨᠡᠷ᠎ᠡ᠄Trapa japonica Fer.
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠲᠤᠶᠠᠭ᠎ᠠ
