ᠬᠤᠳᠳᠤᠭ ᠤ᠋ᠨ ᠮᠡᠯᠡᠬᠡᠢХудгийн мэлхий
ᠬᠤᠳᠳᠤᠭ ᠤ᠋ᠨ ᠮᠡᠯᠡᠬᠡᠢ
ᠨᠢᠭᠡᠨ ᠶᠠᠰᠤᠲᠤ ᠮᠡᠯᠡᠬᠡᠢ ᠳᠠᠯᠠᠢ ᠶ᠋ᠢᠨ ᠲᠦᠯᠬᠢᠯᠲᠡ ᠪᠡᠷ ᠬᠠᠭᠤᠷᠠᠢ ᠳ᠋ᠤ᠌ ᠭᠠᠷᠤᠭᠠᠳ᠂ ᠲᠥᠭᠡᠷᠢᠨ ᠶᠠᠪᠤᠭᠰᠠᠭᠠᠷ ᠬᠤᠳᠳᠤᠭ ᠲᠤ᠌ ᠤᠨᠠᠵᠠᠢ᠃ ᠡᠨᠡ ᠬᠤᠳᠳᠤᠭ ᠲᠤ᠌ ᠥᠷᠥᠭᠡᠰᠦᠨ ᠨᠢᠳᠦ ᠨᠢ ᠰᠣᠬᠣᠷ ᠨᠢᠭᠡᠨ ᠮᠡᠯᠡᠬᠡᠢ ᠰᠠᠭᠤᠳᠠᠭ ᠭᠡᠨ᠎ᠡ᠃
ᠬᠤᠳᠳᠤᠭ ᠤ᠋ᠨ ᠮᠡᠯᠡᠬᠡᠢ ᠶᠠᠰᠤᠲᠤ ᠮᠡᠯᠡᠬᠡᠢ ᠶ᠋ᠢ ᠦᠵᠡᠭᠡᠳ᠄ ᠴᠢ ᠬᠢᠨ ᠭᠡᠭᠴᠢ ᠪᠣᠢ᠂ ᠬᠠᠮᠢᠭ᠎ᠠ ᠠ᠋ᠴᠠ ᠢᠷᠡᠪᠡ ᠤᠤ ᠭᠡᠬᠦ ᠳ᠋ᠦ᠍᠂
ᠶᠠᠰᠤᠲᠤ ᠮᠡᠯᠡᠬᠡᠢ᠄ ᠪᠢ ᠶᠠᠰᠤᠲᠤ ᠮᠡᠯᠡᠬᠡᠢ ᠭᠡᠭᠴᠢ ᠮᠥᠨ᠂ ᠭᠠᠳᠠᠭᠠᠳᠤ ᠳᠠᠯᠠᠢ ᠠ᠋ᠴᠠ ᠢᠷᠡᠯ᠎ᠡ ᠭᠡᠪᠡ᠂
ᠬᠤᠳᠳᠤᠭ ᠤ᠋ᠨ ᠮᠡᠯᠡᠬᠡᠢ᠄ ᠲᠡᠷᠡ ᠭᠠᠳᠠᠭᠠᠳᠤ ᠳᠠᠯᠠᠢ ᠭᠡᠭᠴᠢ ᠡᠳᠦᠢ ᠴᠢᠨᠡᠭᠡᠨ ᠪᠠᠢᠨ᠎ᠠ ᠤᠤ ᠭᠡᠵᠦ᠂ ᠬᠤᠳᠳᠤᠭ ᠤ᠋ᠨ ᠭᠤᠷᠪᠠᠨ ᠤ᠋ ᠨᠢᠭᠡ ᠶ᠋ᠢ ᠲᠣᠭᠣᠷᠢᠭᠰᠠᠨ ᠳ᠋ᠤ᠌᠂
ᠶᠠᠰᠤᠲᠤ ᠮᠡᠯᠡᠬᠡᠢ᠄ ᠲᠡᠭᠦᠨ ᠡᠴᠡ ᠶᠡᠬᠡ ᠭᠡᠪᠡ᠂
ᠬᠤᠤᠳᠤᠭ ᠤ᠋ᠨ ᠮᠡᠯᠡᠬᠡᠢ ᠪᠠᠰᠠ ᠭᠤᠷᠪᠠᠨ ᠤ᠋ ᠬᠣᠶᠠᠷ ᠢ᠋ ᠲᠣᠭᠣᠷᠢᠭᠠᠳ ᠡᠳᠦᠢ ᠴᠢᠨᠡᠭᠡᠨ ᠪᠠᠢᠨ᠎ᠠ ᠤᠤ ᠭᠡᠬᠦ ᠳ᠋ᠦ᠍᠂
ᠶᠠᠰᠤᠲᠤ ᠮᠡᠯᠡᠬᠡᠢ ᠲᠡᠭᠦᠨ ᠡᠴᠡ ᠪᠠᠰᠠ ᠶᠡᠬᠡ ᠭᠡᠪᠡ᠂
ᠬᠤᠳᠳᠤᠭ ᠤ᠋ᠨ ᠮᠡᠯᠡᠬᠡᠢ ᠠᠭᠤᠷᠯᠠᠵᠤ᠄ ᠭᠧᠩ ᠂ ᠡᠨᠡ ᠬᠤᠳᠳᠤᠭ ᠤ᠋ᠨ ᠪᠦᠬᠦ ᠤᠰᠤᠨ ᠤ᠋ ᠴᠢᠨᠡᠭᠡᠨ ᠪᠠᠢᠨ᠎ᠠ ᠤᠤ ᠭᠡᠬᠦ ᠳ᠋ᠦ᠍᠂
ᠲᠡᠭᠦᠨ ᠡᠴᠡ ᠪᠦᠷ ᠶᠡᠬᠡ ᠂ᠭᠡᠵᠦ ᠶᠠᠰᠤᠲᠤ ᠮᠡᠯᠡᠬᠡᠢ ᠬᠠᠷᠢᠭᠤᠯᠪᠠ᠂
ᠭᠧᠩ ᠂ ᠲᠡᠢᠮᠦ ᠪᠣᠯ ᠡᠨᠡ ᠬᠤᠳᠳᠤᠭ ᠠ᠋ᠴᠠ ᠬᠡᠳᠦᠢ ᠶᠡᠬᠡ ᠶᠦᠮ ᠭᠡᠬᠦ ᠳ᠋ᠦ᠍᠂
ᠶᠠᠰᠤᠲᠤ ᠮᠡᠯᠡᠬᠡᠢ᠄ ᠳᠠᠯᠠᠢ ᠭᠡᠭᠴᠢ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠥᠷᠭᠡᠨ ᠠᠭᠤᠳᠠᠮ ᠲᠤᠯᠠ ᠡᠨᠡ ᠬᠤᠳᠳᠤᠭ ᠢ᠋ᠶ᠋ᠠᠷ ᠦᠯᠢᠭᠡᠷᠯᠡᠬᠦ ᠶ᠋ᠢᠨ ᠠᠷᠭ᠎ᠠ ᠦᠭᠡᠢ᠂ ᠳᠠᠯᠠᠢ ᠳ᠋ᠤ᠌ ᠲᠣᠭᠠᠯᠠᠰᠢ ᠦᠭᠡᠢ ᠣᠯᠠᠨ ᠠᠮᠢᠲᠠᠨ ᠣᠷᠣᠰᠢᠳᠠᠭ ᠶᠤᠮ ᠠ᠋ ᠭᠡᠵᠡᠢ᠃
ᠬᠤᠳᠳᠤᠭ ᠤ᠋ᠨ ᠮᠡᠯᠡᠬᠡᠢ᠂ ᠡᠭᠦᠨ ᠡᠴᠡ ᠶᠡᠬᠡ ᠪᠠᠢᠬᠤ ᠶᠣᠰᠣ ᠦᠭᠡᠢ᠂ ᠶᠣᠰᠣ ᠦᠭᠡᠢ᠂ ᠴᠢ ᠥᠪᠡᠷ ᠦ᠋ᠨ ᠣᠷᠣᠨ ᠢ᠋ᠶ᠋ᠠᠨ ᠬᠡᠲᠦᠷᠬᠡᠢ ᠮᠠᠭᠲᠠᠨ ᠭᠠᠢᠬᠠᠭᠤᠯᠵᠤ ᠪᠠᠢᠨ᠎ᠠ ᠭᠡᠵᠡᠢ᠃
ᠶᠠᠰᠤᠲᠤ ᠮᠡᠯᠡᠬᠡᠢ ᠲᠡᠭᠦᠨ ᠢ᠋ ᠬᠠᠷᠠᠵᠤ ᠬᠠᠷᠠᠭᠠᠳ᠂ ᠠᠢ ᠬᠥᠭᠡᠷᠦᠬᠦᠢ ᠠᠮᠢᠲᠠᠨ ᠪᠠᠢᠨ᠎ᠠ ᠳᠠ ᠴᠢ ᠭᠡᠵᠡᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
