ᠮᠥᠩᠬᠡ ᠬᠠᠭᠠᠨ ᠡᠮᠦᠨᠡᠰᠢ ᠪᠠᠷᠠᠭᠤᠨᠰᠢ ᠳᠠᠢᠯᠠᠭᠰᠠᠨМөнх хаан өмнөш баруунш дайлсан
ᠮᠥᠩᠬᠡ ᠬᠠᠭᠠᠨ ᠡᠮᠦᠨᠡᠰᠢ ᠪᠠᠷᠠᠭᠤᠨᠰᠢ ᠳᠠᠢᠯᠠᠭᠰᠠᠨ
ᠮᠥᠩᠬᠡ ᠬᠠᠭᠠᠨ ᠣᠷᠳᠣᠨ ᠳ᠋ᠤ᠌ ᠪᠠᠨ ᠾᠷᠢᠰᠲ᠋ᠣᠰ᠂ ᠢᠰᠯᠠᠮ᠂ ᠪᠤᠳ᠋ᠳ᠋ᠾᠠ ᠵᠡᠷᠭᠡ ᠱᠠᠰᠢᠨ ᠤ᠋ ᠲᠥᠯᠥᠭᠡᠯᠡᠭᠴᠢᠳ ᠢ᠋ ᠤᠷᠢᠵᠤ ᠶᠠᠷᠢᠯᠴᠠᠵᠤ ᠪᠠᠢᠭᠰᠠᠨ ᠨᠢ ᠳᠡᠯᠡᠬᠡᠢ ᠳ᠋ᠦ᠍ ᠠᠩᠬᠠᠨ ᠤ᠋ ᠲᠣᠬᠢᠶᠠᠯᠳᠤᠯ ᠪᠠᠢᠵᠠᠢ᠃ ᠲᠡᠷᠡᠪᠡᠷ ᠭᠠᠳᠠᠭᠠᠳᠤ ᠪᠣᠳᠣᠯᠭ᠎ᠠ ᠶ᠋ᠢᠨ ᠬᠤᠪᠢ ᠳ᠋ᠤ᠌ ᠡᠮᠦᠨᠡᠬᠢ ᠬᠠᠭᠠᠳ ᠤ᠋ᠨ ᠦᠢᠯᠡ ᠠᠵᠢᠯᠯᠠᠭ᠎ᠠ ᠶ᠋ᠢ ᠦᠷᠭᠦᠯᠵᠢᠯᠡᠭᠦᠯᠦᠨ ᠬᠣᠶᠠᠷ ᠵᠦᠭ ᠲᠦ᠍ ᠪᠠᠢᠯᠳᠤᠨ ᠳᠠᠭᠠᠭᠤᠯᠤᠯ ᠬᠢᠵᠡᠢ᠃ ᠬᠢᠲᠠᠳ ᠤ᠋ᠨ ᠡᠮᠦᠨᠡᠲᠦ ᠰᠥᠩ ᠤᠯᠤᠰ᠂ ᠹᠷᠠᠨᠼᠢ ᠤᠯᠤᠰ ᠤ᠋ᠨ ᠸ ᠷᠦᠪᠠᠷᠰᠺ᠂ ᠠᠷᠮᠧᠨ ᠦ᠌ ᠡᠯᠴᠢ ᠲᠥᠯᠥᠭᠡᠯᠡᠭᠴᠢᠳ ᠬᠠᠷᠠᠬᠣᠷᠣᠮ ᠢ᠋ ᠵᠣᠷᠢᠨ ᠢᠷᠡᠵᠦ ᠮᠥᠩᠬᠡ ᠬᠠᠭᠠᠨ ᠳ᠋ᠤ᠌ ᠪᠠᠷᠠᠭᠠᠯᠠᠵᠤ ᠬᠠᠷᠢᠯᠴᠠᠭ᠎ᠠ ᠬᠣᠯᠪᠣᠭ᠎ᠠ ᠲᠣᠭᠲᠠᠭᠠᠬᠤ ᠶ᠋ᠢ ᠡᠷᠡᠮᠡᠯᠵᠡᠭᠰᠡᠨ ᠪᠠᠢᠳᠠᠭ᠃
1256 ᠣᠨ ᠳ᠋ᠤ᠌ ᠳᠡᠭᠦᠦ ᠬᠦᠯᠦᠭ ᠲᠦ᠍ ᠴᠡᠷᠢᠭ ᠥᠭᠴᠦ ᠢᠰᠯᠠᠮ ᠤ᠋ᠨ ᠱᠠᠰᠢᠨᠲᠤ ᠤᠯᠤᠰ ᠤ᠋ᠳ ᠢ᠋ ᠡᠵᠡᠯᠡᠭᠦᠯᠬᠦ ᠪᠡᠷ ᠶᠠᠪᠤᠭᠤᠯᠤᠭᠰᠠᠨ ᠤ᠋ ᠳ᠋ᠦᠩ ᠳ᠋ᠦ᠍ ᠫᠧᠷᠰ᠂ ᠢᠷᠠᠺ᠂ ᠠᠽᠧᠷᠪᠠᠢᠳᠠᠵᠠᠨ᠂ ᠠᠷᠮᠧᠨ᠂ ᠲᠦᠺᠧᠰᠲᠠᠨ᠂ ᠭᠥᠷᠴᠢ ᠶ᠋ᠢᠨ ᠨᠤᠲᠤᠭ ᠳᠡᠪᠢᠰᠬᠡᠷ ᠲᠦ᠍ ᠢᠯ ᠬᠠᠭᠠᠨᠲᠤ ᠤᠯᠤᠰ ᠢ᠋ ᠪᠠᠢᠭᠤᠯᠵᠠᠢ᠃ ᠤᠯᠠᠮ ᠢ᠋ᠶ᠋ᠠᠷ ᠬᠦᠯᠦᠭ ᠦ᠋ᠨ ᠴᠡᠷᠢᠭ ᠶᠧᠵᠢᠫᠲ ᠣᠨ ᠴᠡᠷᠢᠭ ᠲᠡᠢ ᠪᠠᠢᠯᠳᠤᠭᠰᠠᠨ ᠪᠣᠯᠪᠠᠴᠤ ᠢᠯᠠᠭᠳᠠᠵᠠᠢ᠃
ᠮᠥᠩᠬᠡ ᠥᠪᠡᠷ ᠦ᠋ᠨ ᠳᠡᠭᠦᠦ ᠬᠤᠪᠢᠯᠠᠢ ᠳ᠋ᠠᠭᠠᠨ ᠺᠣᠷᠢᠶᠠ ᠪᠣᠯᠤᠨ ᠡᠮᠦᠨᠡᠲᠦ ᠰᠥᠩ ᠤᠯᠤᠰ ᠢ᠋ ᠪᠠᠢᠯᠳᠤᠬᠤ ᠶ᠋ᠢ ᠳᠠᠭᠠᠭᠠᠯᠭᠠᠪᠠ᠃ ᠬᠤᠪᠢᠯᠠᠢ ᠪᠣᠯᠤᠨ ᠤᠷᠢᠶᠠᠩᠬᠠᠳᠠᠢ ᠬᠣᠶᠠᠷ ᠤ᠋ᠨ ᠳᠠᠢᠴᠢᠯᠠᠭᠰᠠᠨ ᠶᠡᠬᠡ ᠴᠡᠷᠢᠭ ᠲᠥᠪᠡᠳ ᠢ᠋ ᠲᠦᠪᠰᠢᠳᠬᠡᠵᠦ᠂ ᠳᠡ ᠯᠢ ᠤᠯᠤᠰ ᠢ᠋ ᠪᠠᠢᠯᠳᠤᠨ ᠳᠠᠭᠠᠭᠤᠯᠪᠠ᠃
ᠡᠨᠡ ᠨᠢ ᠮᠥᠩᠬᠡ ᠬᠠᠭᠠᠨ ᠤ᠋ ᠡᠮᠦᠨᠡᠲᠦ ᠰᠥᠩ ᠤᠯᠤᠰ ᠢ᠋ ᠪᠦᠰᠡᠯᠡᠨ ᠴᠣᠬᠢᠬᠤ ᠲᠥᠯᠥᠪᠯᠡᠭᠡ ᠨᠢᠭᠡᠨᠲᠡ ᠪᠡᠶᠡᠯᠡᠭᠳᠡᠭᠰᠡᠨ ᠢ᠋ ᠬᠠᠷᠠᠭᠤᠯᠵᠤ ᠪᠠᠢᠨ᠎ᠠ᠃ ᠡᠮᠦᠨᠡᠲᠦ ᠰᠥᠩ ᠤᠯᠤᠰ ᠡᠮᠦᠨ᠎ᠡ᠂ ᠬᠣᠢᠨ᠎ᠠ᠂ ᠪᠠᠷᠠᠭᠤᠨ ᠭᠤᠷᠪᠠᠨ ᠲᠠᠯ᠎ᠠ ᠪᠠᠷ ᠢ᠋ᠶ᠋ᠠᠨ ᠬᠠᠭᠠᠨᠲᠤ ᠮᠣᠩᠭᠣᠯ ᠤᠯᠤᠰ ᠲᠤ᠌ ᠪᠦᠰᠡᠯᠡᠭᠳᠡᠭᠡᠳ ᠶᠠᠭ ᠨᠡᠯᠦᠭᠡᠷ ᠶᠡᠬᠡ ᠳᠠᠯᠠᠢ ᠳᠤᠮᠳᠠᠬᠢ ᠥᠨᠥᠴᠢᠨ ᠠᠷᠠᠯ ᠰᠢᠭ᠋ ᠭᠠᠭᠴᠠᠭᠠᠷᠳᠠᠭᠰᠠᠨ ᠪᠠᠢᠳᠠᠯ ᠳ᠋ᠤ᠌ ᠣᠷᠣᠪᠠ᠃ ᠮᠥᠩᠬᠡ ᠬᠠᠭᠠᠨ ᠡᠮᠦᠨᠡᠲᠦ ᠰᠥᠩ ᠤᠯᠤᠰ ᠢ᠋ ᠳᠠᠢᠯᠠᠬᠤ ᠪᠠᠷ ᠲᠣᠭᠲᠠᠵᠤ᠂ 1257 ᠣᠨ ᠳ᠋ᠤ᠌ ᠮᠥᠩᠬᠡ ᠬᠠᠭᠠᠨ ᠥᠪᠡᠷ ᠦ᠋ᠨ ᠪᠡᠶ᠎ᠡ ᠪᠡᠷ ᠴᠡᠷᠢᠭ ᠤᠳᠤᠷᠢᠳᠴᠤ ᠡᠮᠦᠨᠡᠲᠦ ᠰᠥᠩ ᠤᠯᠤᠰ ᠢ᠋ ᠳᠠᠢᠯᠠᠬᠤ ᠪᠠᠷ ᠮᠣᠷᠳᠠᠬᠤ ᠳ᠋ᠠᠭᠠᠨ ᠲᠥᠷᠥ ᠶ᠋ᠢᠨ ᠬᠡᠷᠡᠭ ᠢ᠋ ᠳᠡᠭᠦᠦ ᠠᠷᠢᠭᠪᠦ᠋ᠬᠡ ᠳ᠋ᠡᠭᠡᠨ ᠲᠦᠷ ᠬᠠᠮᠢᠶᠠᠷᠤᠭᠤᠯᠤᠨ ᠦᠯᠡᠳᠡᠭᠡᠵᠡᠢ᠃
1258 ᠣᠨ ᠳ᠋ᠤ᠌ ᠮᠥᠩᠬᠡ ᠬᠠᠭᠠᠨ ᠴᠡᠷᠢᠭ ᠢ᠋ᠶ᠋ᠡᠨ ᠭᠤᠷᠪᠠᠨ ᠵᠠᠮ ᠬᠤᠪᠢᠶᠠᠵᠤ᠂ ᠥᠪᠡᠷ ᠢ᠋ᠶ᠋ᠡᠨ ᠳᠤᠮᠳᠠ ᠵᠠᠮ ᠤ᠋ᠨ ᠴᠡᠷᠢᠭ ᠢ᠋ ᠳᠠᠢᠴᠢᠯᠠᠵᠤ ᠰᠧᠴᠤᠸᠠᠨ ᠤᠷᠤᠭᠤ ᠣᠷᠣᠵᠠᠢ᠃ ᠮᠥᠩᠬᠡ ᠬᠠᠭᠠᠨ ᠤ᠋ ᠭᠤᠷᠪᠠᠨ ᠵᠠᠮ ᠤ᠋ᠨ ᠴᠡᠷᠢᠭ ᠨᠢᠰᠬᠦ ᠮᠡᠲᠦ ᠤᠷᠤᠭᠰᠢᠯᠠᠵᠤ᠂ ᠣᠯᠠᠨ ᠤᠳᠠᠭ᠎ᠠ ᠶ᠋ᠢᠨ ᠰᠢᠷᠦᠭᠦᠨ ᠪᠠᠢᠯᠳᠤᠭᠠᠨ ᠢ᠋ ᠥᠩᠭᠡᠷᠡᠭᠦᠯᠵᠦ ᠴᠧᠩᠳᠦ᠋ ᠵᠡᠷᠭᠡ ᠬᠣᠲᠠ ᠪᠣᠭᠣᠮᠲᠠ ᠶ᠋ᠢ ᠡᠵᠡᠯᠡᠭᠰᠡᠨ ᠪᠠᠢᠨ᠎ᠠ᠃ 1259 ᠣᠨ ᠳ᠋ᠤ᠌ ᠮᠥᠩᠬᠡ ᠬᠠᠭᠠᠨ ᠣᠯᠠᠨ ᠵᠠᠮ ᠤ᠋ᠨ ᠴᠡᠷᠢᠭ ᠢ᠋ ᠶᠡᠷᠦᠩᠬᠡᠢᠯᠡᠨ ᠵᠠᠬᠢᠷᠴᠤ ᠡᠾᠧᠵᠸᠦ(ᠣᠳᠣᠬᠢ ᠰᠧᠴᠤᠸᠠᠨ ᠤ᠋ ᠡᠾᠧᠴᠤᠸᠠᠨ ᠪᠣᠯᠤᠨ᠎ᠠ)ᠬᠣᠲᠠ ᠶ᠋ᠢ ᠪᠦᠰᠡᠯᠡᠨ ᠪᠠᠢᠯᠳᠤᠪᠠ᠃ ᠡᠨᠡ ᠦᠶ᠎ᠡ ᠳ᠋ᠦ᠍ ᠴᠢᠪ ᠭᠡᠮᠡᠨ ᠵᠤᠨ ᠤ᠋ ᠤᠯᠠᠷᠢᠯ ᠪᠠᠢᠵᠤ᠂ ᠠᠭᠤᠷ ᠠᠮᠢᠰᠬᠤᠯ ᠪᠦᠭᠴᠢᠮ ᠬᠠᠯᠠᠭᠤᠨ ᠪᠥᠭᠡᠳ ᠴᠢᠭᠢᠭ ᠬᠤᠷ᠎ᠠ ᠶᠡᠬᠡ᠂ ᠪᠠᠰᠠ ᠡᠪᠡᠳᠴᠢᠨ ᠡᠮᠭᠡᠭ ᠳᠡᠯᠭᠡᠷᠡᠭᠰᠡᠨ ᠪᠣᠯᠬᠣᠷ ᠨᠡᠯᠢᠶᠡᠳ ᠣᠯᠠᠨ ᠴᠡᠷᠢᠭ ᠡᠪᠡᠳᠴᠢᠯᠡᠭᠰᠡᠨ ᠪᠠᠢᠨ᠎ᠠ᠃ ᠮᠥᠩᠬᠡ ᠬᠠᠭᠠᠨ ᠴᠤ᠌ ᠬᠦᠨᠳᠦ ᠡᠪᠡᠳᠴᠢᠯᠡᠭᠡᠳ ᠴᠡᠷᠢᠭ ᠦ᠋ᠨ ᠬᠤᠸᠠᠷᠠᠨ ᠳ᠋ᠠᠭᠠᠨ ᠡᠪᠡᠳᠴᠢᠨ ᠢ᠋ᠶ᠋ᠡᠷ ᠲᠠᠭᠠᠯᠠᠯ ᠲᠡᠭᠦᠰᠴᠡᠢ᠃ ᠡᠨᠡ ᠨᠢ 1259 ᠣᠨ ᠤ᠋ ᠨᠠᠢ᠍ᠮᠠᠳᠤᠭᠠᠷ ᠰᠠᠷ᠎ᠠ ᠶ᠋ᠢᠨ ᠠᠷᠪᠠᠨ ᠨᠢᠭᠡᠨ ᠦ᠌ ᠡᠳᠦᠷ ᠭᠠᠷᠤᠭᠰᠠᠨ ᠬᠡᠷᠡᠭ ᠪᠢᠯᠡ᠃ ᠲᠡᠷᠡ ᠦᠶ᠎ᠡ ᠳ᠋ᠦ᠍ ᠮᠥᠩᠬᠡ ᠬᠠᠭᠠᠨ ᠰᠠᠶᠢ ᠲᠠᠪᠢᠨ ᠬᠣᠶᠠᠷ ᠲᠠᠢ ᠪᠥᠯᠥᠭᠡ᠃ ᠶᠡᠬᠡ ᠰᠠᠭᠤᠷᠢᠨ ᠳ᠋ᠤ᠌ ᠶᠢᠰᠦᠨ ᠵᠢᠯ ᠰᠠᠭᠤᠪᠠ᠃ ᠮᠥᠩᠬᠡ ᠬᠠᠭᠠᠨ ᠤᠤᠯ ᠨᠢ ᠡᠸ᠋ᠵᠸᠦ(ᠬᠤᠪᠧᠢ ᠶ᠋ᠢᠨ ᠦᠴᠠᠩ ᠬᠣᠲᠠ) ᠳ᠋ᠤ᠌ ᠬᠤᠪᠢᠯᠠᠢ᠂ ᠤᠷᠢᠶᠠᠩᠬᠠᠳᠠᠢ ᠲᠠᠢ ᠨᠡᠢᠯᠡᠵᠦ᠂ ᠭᠤᠷᠪᠠᠨ ᠵᠠᠮ ᠤ᠋ᠨ ᠴᠡᠷᠢᠭ ᠴᠣᠭ ᠢ᠋ᠶ᠋ᠠᠷ ᠵᠡᠭᠦᠨᠰᠢ ᠳᠠᠢᠯᠠᠵᠤ ᠰᠥᠩ ᠤᠯᠤᠰ ᠢ᠋ ᠮᠥᠬᠥᠭᠡᠬᠦ ᠪᠡᠷ ᠲᠥᠯᠥᠪᠯᠡᠵᠦ ᠪᠠᠢᠵᠠᠢ᠃ ᠭᠡᠲᠡᠯ᠎ᠡ ᠲᠡᠷᠡ ᠵᠠᠪᠰᠢᠶᠠᠨ ᠪᠤᠰᠤ ᠪᠠᠷ ᠨᠠᠰᠤ ᠪᠠᠷᠠᠭᠠᠳ᠂ ᠲᠡᠭᠦᠨ ᠦ᠌ ᠠᠤᠭ᠎ᠠ ᠵᠣᠷᠢᠯᠭ᠎ᠠ ᠨᠢ ᠪᠡᠶᠡᠯᠡᠭᠳᠡᠵᠦ ᠡᠰᠡ ᠴᠢᠳᠠᠪᠠ᠃

