ᠣᠳᠣᠨ ᠲᠧᠯᠸᠢᠰ- ᠫᠣ ∙ ᠥᠯᠵᠡᠢᠨᠠᠷᠠᠨОдон телевиз-п ∙ өлзийнаран ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠳᠣᠨ ᠲᠧᠯᠸᠢᠰ- ᠫᠣ ∙ ᠥᠯᠵᠡᠢᠨᠠᠷᠠᠨОдон телевиз-п ∙ өлзийнаран

ᠣᠳᠣᠨ ᠲᠧᠯᠸᠢᠰ- ᠫᠣ ∙ ᠥᠯᠵᠡᠢᠨᠠᠷᠠᠨОдон телевиз-п ∙ өлзийнаран

2025-05-19

1622

ᠣᠳᠣᠨ ᠲᠧᠯᠸᠢᠰ

       ᠫᠣ ∙ ᠥᠯᠵᠡᠢᠨᠠᠷᠠᠨ 
ᠣᠳᠣᠨ ᠲᠧᠯᠸᠢᠰ ᠣᠳᠣᠨ ᠲᠧᠯᠸᠢᠰ 
ᠣᠳᠣᠨ ᠳᠡᠭᠡᠷ᠎ᠡ ᠡᠴᠡ ᠶᠠᠷᠢᠳᠠᠭ ᠭᠡᠨ᠎ᠡ ᠯᠠᠢ 
ᠣᠯᠠᠨ ᠬᠥᠮᠥᠨ ᠪᠠᠢᠳᠠᠭ ᠭᠡᠨ᠎ᠡ ᠯᠠᠢ 
ᠥᠷᠭᠡᠨ ᠲᠦᠮᠡᠨ ᠳ᠋ᠦ᠍ ᠬᠦᠷᠳᠡᠭ ᠭᠡᠨ᠎ᠡ ᠯᠠᠢ 

ᠴᠡᠩᠬᠡᠷ ᠳᠡᠯᠭᠡᠴᠡ ᠪᠡᠷ ᠭᠠᠷᠬᠤ ᠳ᠋ᠤ᠌ ᠪᠠᠨ 
ᠴᠡᠴᠡᠨ ᠤᠬᠠᠭᠠᠨ ᠢᠶᠠᠷ ᠭᠠᠷᠳᠠᠭ ᠶᠤᠮ 
ᠬᠥᠬᠡ ᠲᠡᠭᠷᠢ ᠡᠴᠡ ᠶᠠᠷᠢᠬᠤ ᠳ᠋ᠤ᠌ ᠪᠠᠨ 
ᠬᠥᠮᠥᠨ ᠦ᠌ ᠤᠬᠠᠭᠠᠨ ᠢ᠋ᠶ᠋ᠠᠷ ᠰᠠᠴᠤᠳᠠᠭ ᠶᠤᠮ 

ᠲᠡᠭᠷᠢ ᠳ᠋ᠦ᠍ ᠪᠠᠢᠳᠠᠭ ᠣᠳᠣᠳ ᠤᠳ ᠠ᠋ 
ᠲᠡᠨᠳᠡ ᠶᠠᠭᠠᠬᠢᠵᠤ ᠬᠦᠷᠦᠭᠰᠡᠨ ᠪᠣᠯ? 
ᠲᠡᠮᠡᠦᠯᠦᠭᠡᠳ ᠪᠠᠢᠳᠠᠭ ᠬᠥᠯᠥᠭ ᠦᠳ ᠠ᠋ 
ᠲᠡᠷᠲᠡᠭᠡ ᠳ᠋ᠦ᠍ ᠶᠠᠭᠠᠬᠢᠵᠤ ᠣᠴᠢᠭ᠍ᠰᠠᠨ ᠪᠣᠯ? 

ᠳᠠᠭᠠᠭᠤᠯᠢ ᠣᠳᠣᠨ ᠳᠡᠭᠡᠷ᠎ᠡ ᠡᠴᠡ 
ᠳᠠᠶᠠᠩ ᠳᠡᠯᠡᠬᠡᠢ ᠳ᠋ᠦ᠍ ᠶᠠᠷᠢᠳᠠᠭ ᠶᠤᠮ 
ᠳᠠᠩᠴᠤ ᠬᠣᠯᠠ ᠶ᠋ᠢᠨ ᠬᠥᠮᠥᠰ ᠢ᠋ 
ᠲᠠᠩᠳᠠ ᠪᠠᠨ ᠬᠠᠷᠠᠭᠤᠯᠤᠭᠠᠳ ᠪᠠᠢᠳᠠᠭ ᠶᠤᠮ

ᠣᠯᠠᠨ ᠭᠠᠵᠠᠷ ᠤ᠋ᠨ ᠮᠣᠩᠭᠤᠯᠴᠤᠳ 
ᠣᠳᠣ ᠬᠥᠯᠭᠡᠯᠡᠭᠡᠳ ᠠᠭᠤᠯᠵᠠᠳᠠᠭ ᠶᠤᠮ 
ᠣᠷᠴᠢᠯᠠᠩ ᠤ᠋ᠨ ᠠᠭᠤᠳᠠᠮ ᠲᠠᠯᠠᠪᠠᠢ ᠳᠡᠭᠡᠷ᠎ᠡ 
ᠣᠯᠠᠭᠤᠯᠠ ᠪᠠᠨ ᠪᠣᠯᠣᠭᠠᠳ ᠳᠠᠭᠤᠯᠠᠳᠠᠭ ᠶᠤᠮ 

ᠬᠡᠦᠬᠡᠳ ᠪᠠᠭᠠᠴᠤᠳ ᠨᠢ ᠲᠣᠭ᠍ᠯᠠᠵᠤ ᠪᠠᠢᠳᠠᠭ 
ᠬᠥᠭᠰᠢᠨ ᠪᠤᠭᠤᠷᠤᠯᠴᠤᠳ ᠨᠢ ᠰᠤᠷᠭᠠᠵᠤ ᠪᠠᠢᠳᠠᠭ 
ᠬᠦᠲᠦᠯᠦᠭ᠌ᠴᠢ ᠨᠡᠪᠲᠡᠷᠡᠭᠦᠯᠦᠭᠴᠢ ᠨᠢ ᠶᠠᠷᠢᠵᠤ ᠪᠠᠢᠳᠠᠭ 
ᠬᠥᠮᠥᠨ ᠲᠦᠮᠡᠨ ᠨᠢ ᠬᠥᠳᠡᠯᠮᠦᠷᠢᠯᠡᠵᠦ ᠪᠠᠢᠳᠠᠭ 

ᠪᠢᠳᠡᠨ ᠦ᠌ ᠦᠵᠡᠬᠦ ᠳᠤᠷᠠᠲᠠᠢ
ᠪᠢᠯᠢᠭ ᠦ᠋ᠨ ᠣᠳᠣᠨ ᠲᠧᠯᠸᠢᠰ ᠪᠠᠢᠨ᠎ᠠ
ᠮᠠᠨ ᠤ᠋ ᠦᠵᠡᠬᠦ ᠳᠤᠷᠠᠲᠠᠢ
ᠮᠣᠯᠣᠷ ᠡᠷᠳᠡᠨᠢ ᠶ᠋ᠢᠨ ᠨᠡᠪᠲᠡᠷᠡᠭᠦᠯᠭᠡ ᠪᠠᠢᠨ᠎ᠠ

ᠬᠠᠮᠤᠭ ᠤ᠋ᠨ ᠳᠣᠲᠣᠨᠣ ᠬᠠᠷᠠᠭ᠍ᠳᠠᠳᠠᠭ ᠨᠢ 
ᠬᠥᠲᠦᠯᠦᠭ᠌ᠴᠢ ᠨᠡᠪᠲᠡᠷᠡᠭᠦᠯᠦᠭᠴᠢ ᠠᠬ᠎ᠠ ᠡᠭᠡᠴᠢ ᠨᠠᠷ ᠶᠤᠮ 
ᠬᠠᠢᠷᠠᠯᠠᠵᠤ ᠪᠠᠬᠠᠷᠬᠠᠵᠤ ᠰᠣᠨᠣᠰᠬᠤ ᠳᠤᠷᠠᠲᠠᠢ ᠨᠢ 
ᠬᠦᠩᠭᠢᠨᠡᠮ᠎ᠡ ᠢᠷᠠᠭᠤ ᠮᠣᠩᠭᠣᠯ ᠬᠡᠯᠡ ᠶᠦ᠍ᠮ

ᠡᠷᠬᠢᠮ ᠦᠵᠡᠭᠴᠢᠳ ᠠ᠋! ᠭᠡᠳ ᠲᠡᠳᠡ 
ᠡᠵᠢ ᠰᠢᠭ ᠳᠣᠲᠣᠨᠣ ᠶᠠᠷᠢᠳᠠᠭ ᠶᠤᠮ 
ᠬᠦᠨᠳᠦᠲᠦ ᠦᠵᠡᠭᠴᠢᠳ ᠠ᠋! ᠭᠡᠳ ᠲᠡᠳᠡ 
ᠬᠥᠭᠵᠢᠮ ᠰᠢᠭ ᠢᠷᠠᠭᠤ ᠬᠡᠯᠡᠳᠡᠭ ᠶᠦ᠍ᠮ 

ᠰᠠᠢᠨ ᠤᠤ? ᠭᠡᠳᠡᠭ ᠮᠣᠩᠭᠣᠯ ᠦᠭᠡ ᠶ᠋ᠢ 
ᠰᠠᠢᠬᠠᠨ ᠴᠢᠷᠠᠢ ᠲᠠᠢ ᠬᠡᠯᠡᠳᠡᠭ ᠶᠦ᠍ᠮ  
ᠮᠡᠨᠳᠦ ᠤᠤ? ᠭᠡᠳᠡᠭ ᠰᠠᠢᠬᠠᠨ ᠦᠭᠡ ᠶ᠋ᠢ 
ᠮᠡᠷᠭᠡᠨ ᠤᠬᠠᠭᠠᠨ ᠲᠠᠢ ᠬᠡᠯᠡᠳᠡᠭ ᠶᠦ᠍ᠮ  

ᠴᠡᠪᠡᠷ ᠰᠠᠢᠬᠠᠨ ᠮᠣᠩᠭᠣᠯ ᠬᠡᠯᠡ ᠪᠡᠨ
ᠴᠡᠴᠡᠨ ᠮᠡᠷᠭᠡᠨ ᠶᠠᠷᠢᠳᠠᠭ ᠶᠤᠮ 
ᠤᠶᠠᠩᠭ᠎ᠠ ᠰᠠᠢᠬᠠᠨ ᠮᠣᠩᠭᠣᠯ ᠬᠡᠯᠡ ᠪᠡᠨ
ᠤᠷᠤᠰᠤᠮ᠎ᠠ ᠲᠣᠳᠣ ᠬᠡᠯᠡᠳᠡᠭ ᠶᠤᠮ

ᠮᠣᠩᠭᠣᠯ ᠬᠡᠯᠡ ᠪᠡᠨ ᠰᠠᠢᠬᠠᠨ ᠶᠠᠷᠢᠪᠠᠯ
ᠮᠣᠷᠢᠨ ᠬᠤᠭᠤᠷ ᠤ᠋ᠨ ᠡᠭᠡᠰᠢᠭ ᠲᠡᠢ ᠭᠡᠵᠦ
ᠳᠡᠭᠡᠷ᠎ᠡ ᠨᠢ ᠨᠡᠮᠡᠵᠦ ᠬᠡᠯᠡᠶ᠎ᠡ ᠪᠢᠳᠡ
ᠳᠡᠯᠡᠬᠡᠢ ᠪᠡᠶᠡᠰᠲᠡᠯ᠎ᠡ ᠳᠠᠭᠤᠯᠠᠶ᠎ᠠ ᠪᠢᠳᠡ

ᠳᠡᠭᠡᠷ᠎ᠡ ᠨᠢ ᠨᠡᠮᠡᠵᠦ 
ᠳᠡᠭᠡᠷ᠎ᠡ ᠨᠢ ᠨᠡᠮᠡᠵᠦ
ᠳᠡᠭᠡᠷ᠎ᠡ ᠨᠢ ᠨᠡᠮᠡᠵᠦ ᠬᠡᠯᠡᠶ᠎ᠡ ᠪᠢᠳᠡ
ᠳᠡᠯᠡᠬᠡᠢ ᠪᠡᠶᠡᠰᠲᠡᠯ᠎ᠡ ᠳᠠᠭᠤᠯᠠᠶ᠎ᠠ ᠪᠢᠳᠡ

ᠪᠠᠶᠠᠷᠯᠠᠯ᠎ᠠ!


ᠠᠯᠠᠱᠠ ᠪᠠᠷᠠᠭᠤᠨ ᠬᠤᠰᠢᠭᠤᠨ ᠤ᠋ ᠮᠣᠩᠭᠣᠯ ᠪᠠᠭ᠎ᠠ ᠰᠤᠷᠭᠠᠭᠤᠯᠢ ᠶ᠋ᠢᠨ ᠬᠣᠶᠠᠳᠤᠭᠠᠷ ᠣᠨ ᠤ᠋(1) ᠳ᠋ᠦ᠍ᠭᠡᠷ ᠠᠩᠭᠢ ᠶ᠋ᠢᠨ ᠰᠤᠷᠤᠭ᠍ᠴᠢ ᠠᠵᠠᠨ᠎ᠠ ᠤᠶᠠᠩᠭᠠᠯᠠᠪᠠ᠃
ᠦᠰᠦᠭ ᠠᠮᠢᠯᠠᠭᠤᠯᠤᠭ᠍ᠰᠠᠨ ᠨᠢ᠄ ᠮᠥᠩᠭᠦᠨᠴᠡᠴᠡᠭ
ᠦᠰᠦᠭ ᠬᠠᠳᠠᠭ᠍ᠰᠠᠨ ᠨᠢ᠄ ᠮᠥᠩᠭᠦᠨᠴᠡᠴᠡᠭ
ᠬᠢᠨᠠᠭᠴᠢ ᠪᠠᠭ᠍ᠰᠢ᠄ ᠮᠥᠴᠢᠷ᠂ ᠰᠡᠷᠭᠦᠯᠡᠩ