ᠭᠣᠶᠣᠭ᠎ᠠ– ᠬᠡᠦᠬᠡᠳ ᠦ᠋ᠨ ᠳᠠᠭᠤᠤГоёо– хүүхдийн дуу ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠣᠶᠣᠭ᠎ᠠ– ᠬᠡᠦᠬᠡᠳ ᠦ᠋ᠨ ᠳᠠᠭᠤᠤГоёо– хүүхдийн дуу

ᠭᠣᠶᠣᠭ᠎ᠠ– ᠬᠡᠦᠬᠡᠳ ᠦ᠋ᠨ ᠳᠠᠭᠤᠤГоёо– хүүхдийн дуу

2022-09-08

639

ᠭᠣᠶᠣᠭ᠎ᠠ


     ᠬᠡᠦᠬᠡᠳ ᠦ᠋ᠨ ᠳᠠᠭᠤᠤ
     ᠦᠭᠡ ᠂ ᠠᠶ᠎ᠠ ᠄ ᠪ• ᠡᠷᠳᠡᠨᠢᠪᠠᠲᠤ   
     ᠳᠠᠭᠤᠯᠠᠭᠰᠠᠨ ᠄ 74 — ᠳ᠋ᠦ᠍ᠭᠡᠷ ᠴᠡᠴᠡᠷᠯᠢᠭ ᠦ᠋ᠨ ᠬᠡᠦᠬᠡᠳ ᠦ᠋ᠳ

ᠬᠠᠷᠠᠭᠤᠯ ᠠᠯᠲᠠᠢ ᠶ᠋ᠢᠨ ᠬᠠᠳᠠᠨ ᠴᠣᠬᠢᠶ᠎ᠠ
ᠬᠠᠩᠭᠠᠢ ᠳᠡᠯᠡᠬᠡᠢ ᠳ᠋ᠡᠭᠡᠨ ᠲᠤᠤᠯᠢᠨ ᠭᠤᠶᠤᠭ᠎ᠠ
ᠬᠠᠢᠷᠠᠲᠠᠢ ᠡᠵᠢ ᠠᠪᠤ ᠯᠠ ᠬᠣᠶᠠᠷ ᠲᠤ᠌ ᠪᠠᠨ
ᠬᠣᠩᠭᠣᠷ ᠦᠷᠡᠰ ᠨᠢ ᠨᠠᠨᠳᠢᠨ ᠭᠤᠶᠤᠭ᠎ᠠ
ᠬᠡ ᠶᠠ ᠭᠣᠶᠣᠭ᠎ᠠ ᠬᠡ ᠶᠠ ᠭᠤᠶᠤᠭ᠎ᠠ᠃

ᠡᠭᠡᠷᠡᠮ᠎ᠡ ᠲᠠᠯ᠎ᠠ ᠶ᠋ᠢᠨ ᠮᠢᠨᠢ ᠡᠮᠵᠡᠭᠬᠡᠨ ᠴᠡᠴᠡᠭᠡᠰ ᠨᠢ
ᠡᠬᠡ ᠳᠡᠯᠡᠬᠡᠢ ᠳ᠋ᠦ᠍ ᠪᠡᠨ ᠥᠩᠭᠡ ᠶ᠋ᠢᠨ ᠭᠣᠶᠣᠭ᠎ᠠ
ᠡᠯᠡᠰᠦᠨ ᠭᠣᠪᠢ ᠶ᠋ᠢᠨ ᠮᠢᠨᠢ ᠮᠠᠩᠬᠠᠨ ᠠᠭᠤᠯᠠᠰ ᠨᠢ
ᠡᠩ ᠦᠭᠡᠢ ᠭᠣᠪᠢ ᠳ᠋ᠤ᠌ ᠪᠠᠨ ᠡᠷᠳᠡᠨᠢ ᠭᠤᠶᠤᠭ᠎ᠠ
ᠬᠡ ᠶᠠ ᠭᠤᠶᠤᠭ᠎ᠠ ᠬᠡ ᠶᠠ ᠭᠤᠶᠤᠭ᠎ᠠ
ᠬᠡ ᠶᠠ ᠭᠣᠶᠣᠭ᠎ᠠ ᠬᠡ ᠶᠠ ᠭᠤᠶᠤᠭ᠎ᠠ᠃

ᠮᠣᠯᠣᠷ ᠡᠷᠳᠡᠨᠢ ᠮᠣᠷᠢᠨ ᠬᠤᠭᠤᠷ ᠮᠢᠨᠢ
ᠮᠣᠩᠭᠣᠯ ᠣᠷᠣᠨ ᠳ᠋ᠤ᠌ ᠪᠠᠨ ᠮᠥᠩᠬᠡ ᠶ᠋ᠢᠨ ᠭᠤᠶᠤᠭ᠎ᠠ
ᠤᠷᠲᠤ ᠶ᠋ᠢᠨ ᠰᠠᠢᠬᠠᠨ ᠳᠠᠭᠤᠤ ᠬᠤᠭᠤᠷ ᠮᠢᠨᠢ
ᠠᠭᠤᠳᠠᠮ ᠨᠤᠲᠤᠭ ᠲᠤ᠌ ᠪᠠᠨ ᠤᠶᠠᠩᠭ᠎ᠠ ᠶ᠋ᠢᠨ ᠭᠤᠶᠤᠭ᠎ᠠ
ᠬᠡ ᠶᠠ ᠭᠣᠶᠣᠭ᠎ᠠ ᠬᠡ ᠶᠠ ᠭᠤᠶᠤᠭ᠎ᠠ

ᠠᠮᠤᠭᠤᠯᠠᠩ ᠴᠡᠩᠬᠡᠷ ᠦ᠋ᠨ ᠮᠢᠨᠢ
ᠠᠩᠭᠢᠷ ᠭᠠᠯᠠᠭᠤ ᠨᠢ ᠠᠷᠭ᠎ᠠ ᠦᠭᠡᠢ ᠭᠤᠶᠤᠭ᠎ᠠ
ᠠᠷᠠᠳ ᠣᠯᠠᠨ ᠤ᠋ ᠮᠢᠨᠢ ᠰᠢᠲᠦᠭᠡᠨ ᠪᠣᠯᠤᠭᠰᠠᠨ
ᠠᠯᠲᠠᠨ ᠰᠣᠶᠣᠩᠪᠣ ᠮᠢᠨᠢ ᠮᠣᠩᠭᠣᠯ ᠤ᠋ᠨ ᠭᠤᠶᠤᠭ᠎ᠠ
ᠬᠡ ᠶᠠ ᠭᠤᠶᠤᠭ᠎ᠠ ᠬᠡ ᠶᠠ ᠭᠤᠶᠤᠭ᠎ᠠ
ᠬᠡ ᠶᠠ ᠭᠣᠶᠣᠭ᠎ᠠ ᠬᠡ ᠶᠠ ᠭᠣᠶᠣᠭ᠎ᠠ᠃

      ᠦᠰᠦᠭ ᠠᠮᠢᠯᠠᠭᠤᠯᠤᠭᠴᠢ᠄ ᠤᠤᠭᠠᠨᠵᠢᠳ
      ᠬᠢᠨᠠᠭᠴᠢ᠄ ᠮᠡᠷᠭᠡᠨᠪᠢᠯᠢᠭ