ᠲᠡᠮᠡᠭᠡᠨ ᠬᠥᠬᠥТэмээн хөхTemeen khökh ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠡᠭᠡᠨ ᠬᠥᠬᠥТэмээн хөхTemeen khökh

ᠲᠡᠮᠡᠭᠡᠨ ᠬᠥᠬᠥТэмээн хөхTemeen khökh

2025-05-19

590

ᠲᠡᠮᠡᠭᠡᠨ ᠬᠥᠬᠥ

    ᠲᠤᠰ ᠡᠮ ᠪᠣᠯ ᠲᠡᠮᠡᠭᠡᠨ ᠬᠥᠬᠥ ᠶ᠋ᠢᠨ ᠢᠵᠠᠭᠤᠷ ᠤ᠋ᠨ ᠤᠷᠭᠤᠮᠠᠯ ᠪᠣᠯᠬᠤ  ᠲᠡᠮᠡᠭᠡᠨ ᠬᠥᠬᠥ ᠶ᠋ᠢᠨ ᠪᠣᠯᠪᠠᠰᠤᠷᠠᠮᠠᠯ ᠦᠷ᠎ᠡ ᠮᠥᠨ᠃ ᠪᠠᠰᠠ ᠡᠪᠡᠰᠦᠨ ᠲᠡᠮᠡᠭᠡᠨ ᠬᠥᠬᠥ᠂ ᠡᠪᠡᠰᠦᠨ  ᠳ᠋ᠥ᠋ᠭ᠌ᠮᠣᠨᠢᠤᠩ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃10~30cm ᠥᠨᠳᠥᠷ᠂ ᠬᠥᠷᠥᠰᠥᠨ ᠳᠣᠣᠷᠠᠬᠢ ᠡᠰᠢ ᠨᠢ ᠬᠥᠨᠳᠡᠯᠡᠨ ᠤᠷᠭᠤᠨ᠎ᠠ᠂ ᠮᠠᠰᠢ ᠤᠷᠲᠤ ᠪᠥᠭᠡᠳ ᠰᠠᠯᠠᠭ᠎ᠠ ᠲᠠᠢ᠂ ᠤᠯᠠᠪᠢᠷ ᠬᠦᠷᠡᠩ ᠥᠩᠭᠡ ᠲᠡᠢ᠃ ᠡᠰᠢ ᠨᠢ  ᠤᠵᠠᠭᠤᠷ ᠠ᠋ᠴᠠ ᠪᠠᠨ ᠰᠠᠯᠠᠭᠠᠯᠠᠨ᠎ᠠ᠃ ᠨᠠᠪᠴᠢ ᠨᠢ ᠴᠤᠪᠤᠷᠠᠨ ᠤᠷᠭᠤᠨ᠎ᠠ᠂ ᠪᠦᠰᠡᠯᠢᠭ ᠬᠡᠯᠪᠡᠷᠢ ᠲᠡᠢ᠂2~5cm ᠤᠷᠲᠤ᠂2~5mm ᠥᠷᠭᠡᠨ᠂ ᠱᠣᠪᠣᠭᠣᠷ ᠦᠵᠦᠭᠦᠷ ᠲᠡᠢ᠂  ᠱᠠᠭᠠᠨᠲᠠᠭ ᠤᠭ ᠲᠠᠢ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠳᠤᠨᠢ ᠣᠬᠣᠷ ᠰᠢᠷᠦᠭᠦᠨ ᠦᠰᠦ ᠲᠡᠢ᠂ ᠠᠷᠤ ᠳ᠋ᠠᠬᠢ ᠭᠣᠣᠯ ᠰᠤᠳᠠᠯ ᠨᠢ ᠬᠥᠷᠪᠡᠬᠡᠷ᠂ ᠪᠠᠷᠢᠭᠤᠯ ᠦᠭᠡᠢ᠃ ᠰᠢᠬᠦᠷ ᠬᠡᠯᠪᠡᠷᠢᠲᠦ ᠴᠣᠮᠬᠠᠨ ᠪᠠᠭ ᠴᠡᠴᠡᠭ ᠨᠢ ᠨᠠᠪᠴᠢᠨ ᠰᠤᠭᠤ ᠳ᠋ᠤ᠌ ᠳᠡᠯᠭᠡᠷᠡᠨ᠎ᠡ᠃ ᠴᠡᠴᠡᠭ ᠦ᠋ᠨ ᠲᠣᠭᠳᠣᠢ ᠨᠢ5 ᠭᠦᠨ ᠣᠨᠢ ᠲᠠᠢ᠂ ᠰᠡᠵᠢᠭᠦᠷ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂2mm ᠣᠷᠴᠢᠮ ᠤᠷᠲᠤ᠂ ᠭᠠᠳᠠᠷ ᠨᠢ ᠣᠬᠣᠷ ᠰᠢᠷᠦᠭᠦᠨ ᠦᠰᠦ ᠲᠡᠢ᠂ ᠴᠡᠴᠡᠭ ᠦ᠋ᠨ ᠳᠡᠯᠪᠢ ᠨᠢ ᠨᠣᠭᠣᠪᠲᠤᠷ ᠴᠠᠭᠠᠨ ᠥᠩᠭᠡ ᠲᠡᠢ᠂ ᠬᠡᠭᠡᠰᠦ ᠬᠡᠯᠪᠡᠷᠢ ᠲᠡᠢ᠂5 ᠭᠦᠨ ᠣᠨᠢ ᠲᠠᠢ᠂ ᠰᠡᠵᠢᠭᠦᠷ ᠢᠯᠲᠠᠰᠤ ᠨᠢ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂3~3.5mm᠂ ᠳᠡᠳ᠋ ᠳᠡᠯᠪᠢ ᠨᠢ ᠴᠣᠮᠣ ᠰᠢᠭ᠂ ᠰᠡᠵᠢᠭᠦᠷ ᠢᠯᠲᠠᠰᠤ ᠨᠢ ᠭᠤᠷᠪᠠᠯᠵᠢᠨ᠃ ᠴᠡᠴᠡᠭ ᠦ᠋ᠨ ᠲᠣᠭᠣᠰᠣ ᠶ᠋ᠢᠨ ᠬᠡᠰᠡᠭ ᠨᠢ ᠲᠠᠰᠤᠭ ᠪᠦᠷᠢ1 ᠪᠣᠢ᠃ ᠤᠷᠲᠤᠯᠵᠢᠨ ᠲᠣᠭᠣᠷᠢᠭ ᠬᠡᠯᠪᠡᠷᠢ ᠲᠡᠢ᠂ ᠤᠨᠵᠢᠭᠢᠷ᠃ ᠴᠠᠨ᠎ᠠ ᠵᠢᠮᠢᠰ ᠨᠢ ᠭᠠᠭᠴᠠᠭᠠᠷ ᠤᠷᠭᠤᠨ᠎ᠠ᠂ ᠡᠭᠡᠷᠡᠦᠯ ᠬᠡᠯᠪᠡᠷᠢ ᠲᠡᠢ᠂4~6cm ᠤᠷᠲᠤ᠃ ᠦᠷ᠎ᠡ ᠨᠢ ᠤᠷᠲᠤᠯᠵᠢᠨ ᠰᠢᠤᠬᠠᠨ᠂ ᠬᠠᠪᠲᠠᠭᠠᠢ ᠣᠷᠣᠢ ᠳᠤᠨᠢ ᠴᠠᠭᠠᠨ ᠦᠰᠦ ᠲᠡᠢ᠃6~7 ᠳ᠋ᠤᠭᠠᠷ ᠰᠠᠷ᠎ᠠ ᠳ᠋ᠤ᠌ ᠴᠡᠴᠡᠭᠯᠡᠵᠦ᠂7~8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠲᠠᠯ᠎ᠠ ᠭᠠᠵᠠᠷ᠂ ᠡᠯᠡᠰᠦᠨ ᠳᠣᠪᠣ᠂ ᠲᠠᠷᠢᠶᠠᠨ ᠳᠠᠯᠠᠩ ᠳᠡᠭᠡᠷ᠎ᠡ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ᠂ ᠵᠢᠶᠠᠩᠰᠦ ᠳ᠋ᠦ᠍ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ᠂ ᠬᠠᠯᠢᠰᠤ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃ ᠮᠣᠬᠣᠳᠠᠭ᠂ ᠬᠠᠭᠤᠷᠠᠢ᠂ ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠰᠢᠷ᠎ᠠ ᠶ᠋ᠢ ᠠᠷᠢᠯᠭᠠᠬᠤ᠂ ᠰᠠᠭᠤᠯᠭᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠰᠠᠪᠠᠨ ᠤ᠋ ᠬᠠᠯᠠᠭᠤᠨ᠂ ᠭᠡᠳᠡᠰᠦᠨ ᠦ᠌ ᠬᠠᠳᠬᠤᠯᠭ᠎ᠠ᠂ ᠴᠢᠰᠤ ᠰᠢᠷ᠎ᠠ ᠪᠠ ᠰᠠᠭᠤᠯᠭᠠᠬᠤ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

    ᠬᠢᠲᠠᠳ ᠨᠡᠷ᠎ᠡ᠄地梢瓜
    ᠠᠩᠭ᠌ᠯᠢ ᠨᠡᠷ᠎ᠡ᠄Cynanchum  thesioides  (Feryn)k.  schm.

     ᠦᠰᠦᠭ ᠠᠮᠢᠯᠠᠭᠤᠯᠤᠭᠴᠢ᠄ ᠣᠶᠤᠨᠴᠢᠮᠡᠭ
     ᠬᠢᠨᠠᠭᠴᠢ᠄ ᠲᠤᠶᠠᠭ᠎ᠠ