ᠲᠡᠪ ᠲᠡᠭᠷᠢ – ᠲᠡᠭᠷᠢ ᠶᠢᠨ ᠰᠠᠬᠢᠭᠤᠰᠤ - ᠴᠢᠩᠭᠢᠰ ᠬᠠᠭᠠᠨ ᠊ᠤ᠌ ᠨᠢᠭᠤᠴᠠ ᠲᠡᠦᠬᠡ 08 Тэв тэнгэр–Тэгрийн сахиус - Чингис хаан оо нууц түүх 08 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠪ ᠲᠡᠭᠷᠢ – ᠲᠡᠭᠷᠢ ᠶᠢᠨ ᠰᠠᠬᠢᠭᠤᠰᠤ - ᠴᠢᠩᠭᠢᠰ ᠬᠠᠭᠠᠨ ᠊ᠤ᠌ ᠨᠢᠭᠤᠴᠠ ᠲᠡᠦᠬᠡ 08 Тэв тэнгэр–Тэгрийн сахиус - Чингис хаан оо нууц түүх 08

ᠲᠡᠪ ᠲᠡᠭᠷᠢ – ᠲᠡᠭᠷᠢ ᠶᠢᠨ ᠰᠠᠬᠢᠭᠤᠰᠤ - ᠴᠢᠩᠭᠢᠰ ᠬᠠᠭᠠᠨ ᠊ᠤ᠌ ᠨᠢᠭᠤᠴᠠ ᠲᠡᠦᠬᠡ 08 Тэв тэнгэр–Тэгрийн сахиус - Чингис хаан оо нууц түүх 08

ᠠᠩᠭᠢᠯᠠᠯ:ᠲᠡᠦᠬᠡ ᠰᠣᠶᠣᠯ
2025-05-18

422

ᠲᠡᠭᠷᠢ ᠶᠢᠨ ᠰᠠᠬᠢᠭᠤᠰᠤ


       ᠴᠡᠩᠬᠡᠷ ᠦ᠋ᠨ ᠭᠣᠣᠯ ᠢ᠋ ᠥᠭᠰᠥᠨ ᠮᠤᠬᠤᠯᠠᠭ ᠲᠡᠷᠭᠡ ᠲᠡᠢ ᠪᠠᠭ ᠢᠷᠭᠡᠨ ᠢᠷᠡᠵᠦ ᠶᠠᠪᠤᠭ᠎ᠠ ᠶ᠋ᠢ ᠬᠠᠷᠠᠭᠰᠠᠨ ᠲᠡᠮᠦᠭᠡ ᠠᠶᠤᠨ ᠰᠠᠨᠳᠤᠷᠴᠤ᠂ ᠣᠢ ᠶ᠋ᠢᠨ ᠴᠣᠭᠣᠷᠬᠠᠢ ᠳ᠋ᠤ᠌ ᠨᠢᠭᠤᠭᠳᠠᠭᠰᠠᠨ ᠭᠡᠷ ᠲᠡᠭᠡᠨ ᠮᠣᠷᠢ ᠪᠠᠨ ᠬᠥᠯᠥᠷᠡᠭᠡᠨ ᠳᠠᠪᠬᠢᠵᠤ ᠢᠷᠡᠬᠦ ᠳ᠋ᠦ᠍ ᠠᠩ ᠠᠪᠠᠯᠠᠬᠤ ᠪᠠᠷ ᠶᠠᠪᠤᠭᠰᠠᠨ ᠲᠡᠮᠦᠵᠢᠨ᠂ ᠬᠠᠰᠠᠷ᠂ ᠪᠤᠭᠤᠷᠴᠢ᠂ ᠪᠡᠯᠭᠦᠳᠡᠢ ᠳᠥᠷᠪᠡ ᠡᠵᠡᠭᠦᠢ᠂ ᠭᠠᠭᠴᠠᠬᠠᠨ ᠵᠠᠯᠮ᠎ᠠ ᠲᠡᠮᠦᠷ ᠬᠠᠢᠯᠤᠭᠤᠯᠤᠨ ᠵᠡᠪᠡ ᠳᠠᠷᠬᠠᠯᠠᠵᠤ ᠪᠠᠢᠵᠠᠢ᠃ ᠥᠭᠡᠯᠦᠨ ᠪᠠᠭ᠎ᠠ ᠬᠡᠦᠬᠡᠳ ᠦ᠋ᠳ ᠦ᠋ᠨ ᠬᠠᠮᠲᠤ ᠵᠢᠭᠠᠰᠤᠨ ᠳ᠋ᠤ᠌ ᠲᠠᠯᠪᠢᠭᠰᠠᠨ ᠲᠣᠣᠷ ᠡᠷᠭᠢᠬᠦ ᠪᠡᠷ ᠶᠠᠪᠤᠭᠠᠳ ᠢᠷᠡᠭᠡ ᠦᠭᠡᠢ ᠪᠠᠢᠪᠠ᠃ ᠪᠥᠷᠲᠡ ᠶ᠋ᠢᠨ ᠬᠠᠮᠲᠤ ᠪᠡᠯᠭᠦᠳᠡᠢ ᠶ᠋ᠢᠨ ᠡᠬᠡ ᠰᠣᠴᠢᠭᠠᠯ᠂ ᠭᠡᠷ ᠦ᠋ᠨ ᠠᠰᠠᠷᠠᠭᠴᠢ ᠡᠮᠡᠭᠡᠨ ᠬᠣᠸᠠᠭᠴᠢᠨ ᠨᠠᠷ ᠬᠠᠮᠲᠤ ᠮᠡᠷᠭᠢᠳ ᠲᠦ᠍ ᠪᠤᠯᠢᠶᠠᠭᠳᠠᠭᠰᠠᠨ ᠲᠤᠯᠠ ᠲᠡᠮᠦᠵᠢᠨ ᠦ᠌ ᠬᠢᠨ ᠬᠡᠳᠦᠬᠡᠨ ᠪᠡᠶ᠎ᠡ ᠪᠡᠷ ᠬᠣᠴᠣᠷᠤᠭᠰᠠᠨ ᠨᠢ ᠡᠨᠡ ᠪᠠᠢᠪᠠ᠃ ᠠᠶᠤᠵᠤ᠂ ᠰᠠᠨᠳᠤᠷᠴᠤ᠂ ᠨᠢᠭᠤᠭᠳᠠᠬᠤ ᠨᠢ ᠲᠡᠳᠡᠨ ᠦ᠌ ᠠᠮᠢ ᠪᠠᠨ ᠬᠠᠮᠠᠭᠠᠯᠠᠬᠤ ᠭᠠᠭᠴᠠ ᠠᠷᠭ᠎ᠠ ᠪᠣᠯᠤᠭᠠᠳ ᠪᠠᠢᠯ᠎ᠠ᠃ ᠲᠡᠮᠦᠭᠡ ᠶ᠋ᠢᠨ ᠦᠭᠡ ᠶ᠋ᠢ ᠰᠣᠨᠣᠰᠤᠮᠠᠭᠴᠠ ᠵᠠᠯᠮ᠎ᠠ ᠮᠣᠷᠳᠠᠵᠤ ᠤᠷᠲᠤ ᠰᠢᠯᠢ ᠶ᠋ᠢ ᠳᠠᠪᠠᠨ ᠥᠨᠳᠥᠷ ᠭᠠᠵᠠᠷ ᠲᠤ᠌ ᠭᠠᠷᠴᠤ ᠰᠡᠵᠢᠭ ᠲᠡᠢ ᠲᠡᠳᠡᠭᠡᠷ ᠬᠥᠮᠦᠰ ᠢ᠋ ᠲᠠᠩᠨᠠᠬᠤ ᠪᠠᠷ ᠣᠳᠪᠠ᠃ ᠤᠳᠠᠯ ᠦᠭᠡᠢ ᠵᠠᠯᠮ᠎ᠠ ᠥᠨᠥᠬᠢ ᠪᠠᠭ ᠬᠥᠮᠦᠰ ᠴᠡᠩᠬᠡᠷ ᠦ᠋ᠨ ᠭᠣᠣᠯ ᠤ᠋ᠨ ᠡᠷᠭᠢ ᠳ᠋ᠦ᠍ ᠪᠠᠭᠤᠵᠤ ᠵᠤᠤᠭᠠᠷ ᠢ᠋ᠶ᠋ᠠᠨ ᠪᠤᠰᠬᠠᠵᠤ ᠤᠲᠤᠭ᠎ᠠ ᠮᠠᠢ ᠤᠭᠤᠬᠢᠯᠠᠨ ᠪᠠᠢᠬᠤ ᠶ᠋ᠢ ᠦᠵᠡᠵᠡᠢ᠃ ᠲᠡᠳᠡ ᠯᠠᠪ ᠡᠨᠡ ᠣᠷᠣᠢ ᠳ᠋ᠠᠭᠠᠨ ᠬᠥᠳᠡᠯᠬᠦ ᠦᠭᠡᠢ ᠲᠤᠬᠠᠯᠠᠬᠤ ᠶᠠᠩᠵᠤ ᠲᠠᠢ᠂ ᠪᠠᠰᠠ ᠮᠤᠬᠤᠯᠠᠭᠲᠤ ᠲᠡᠷᠭᠡ ᠶ᠋ᠢᠨ ᠣᠷᠣᠢ ᠳ᠋ᠤ᠌ ᠬᠠᠳᠬᠤᠭᠰᠠᠨ ᠬᠠᠷ᠎ᠠ ᠰᠦᠯᠳᠡ ᠪᠡᠷ ᠨᠢ ᠪᠥᠬᠡ ᠬᠥᠮᠦᠨ ᠵᠠᠯᠠᠷᠠᠵᠤ ᠶᠠᠪᠤᠭ᠎ᠠ ᠶ᠋ᠢ ᠳᠠᠭᠠᠪᠠ᠃ ᠵᠠᠷ ᠵᠡᠪᠰᠡᠭ᠂ ᠬᠤᠶᠠᠭ ᠳᠤᠭᠤᠯᠠᠭ᠎ᠠ ᠦᠭᠡᠢ ᠶ᠋ᠢ ᠪᠣᠳᠣᠪᠠᠯ ᠡᠩ ᠦ᠋ᠨ ᠠᠷᠠᠳ ᠤ᠋ᠳ ᠭᠣᠣᠯᠳᠠᠭᠤ ᠪᠣᠯᠤᠯᠲᠠᠢ᠃ ᠬᠠᠷᠢᠨ ᠤᠨᠤᠭ᠎ᠠ ᠮᠣᠷᠢᠳ ᠨᠢ ᠰᠤᠯᠠᠳᠠᠵᠤ ᠡᠴᠡᠭᠰᠡᠨ ᠢ᠋ ᠪᠣᠳᠣᠬᠤ ᠳ᠋ᠤ᠌ ᠠᠯᠤᠰ ᠠ᠋ᠴᠠ ᠡᠨᠳᠡ ᠵᠣᠷᠢᠵᠤ ᠢᠷᠡᠭᠰᠡᠨ ᠨᠢ ᠢᠯᠡᠳᠲᠡ᠃ ᠬᠡᠳᠦᠢ ᠲᠡᠢᠮᠦ ᠴᠦ᠍ ᠵᠡᠯᠮ᠎ᠡ ᠰᠢᠭᠤᠳ ᠳᠠᠪᠬᠢᠨ ᠣᠴᠢᠵᠤ ᠵᠢᠷᠦᠬᠡᠯᠡᠭᠰᠡᠨ ᠦᠭᠡᠢ᠃ ᠶᠠᠩᠵᠤ ᠶ᠋ᠢ ᠨᠢ ᠦᠵᠡᠵᠦ ᠨᠡᠯᠢᠶᠡᠳ ᠣᠢᠷᠠᠲᠤᠵᠤ ᠣᠴᠢᠭᠠᠳ ᠭᠡᠳᠡᠷᠭᠦ ᠪᠤᠴᠠᠬᠤ ᠳ᠋ᠤᠨᠢ ᠬᠡᠨ ᠨᠢ ᠴᠦ᠍ ᠠᠷᠤ ᠠ᠋ᠴᠠ ᠨᠢ ᠨᠡᠬᠡᠵᠦ ᠬᠥᠭᠡᠭᠡᠭᠰᠡᠨ ᠦᠭᠡᠢ᠂ ᠬᠠᠷᠢᠨ《ᠨᠠᠭᠠᠰᠢ ᠢᠷ᠎ᠡ》 ᠭᠡᠵᠦ ᠳᠠᠯᠠᠯᠤᠨ ᠬᠠᠰᠬᠢᠷᠬᠤ ᠶ᠋ᠢ ᠦᠵᠡᠭᠰᠡᠨ ᠴᠦ᠍ ᠰᠡᠵᠢᠭᠯᠡᠨ ᠣᠴᠢᠭᠰᠠᠨ ᠦᠭᠡᠢ᠃ ᠵᠡᠯᠮ᠎ᠡ ᠲᠡᠷᠡ ᠳᠣᠣᠷ᠎ᠠ ᠪᠠᠨ ᠵᠦᠭ ᠢ᠋ᠶ᠋ᠡᠨ ᠪᠤᠷᠤᠭᠤᠯᠠᠨ ᠶᠠᠪᠤᠵᠤ ᠭᠡᠷ ᠲᠡᠭᠡᠨ ᠢᠷᠡᠭᠡᠳ ᠦᠳᠡᠰᠢ ᠬᠣᠶᠠᠷ ᠭᠣᠷ ᠠᠯᠠᠵᠤ ᠭᠠᠨᠵᠤᠭᠠᠯᠠᠨ ᠢᠷᠡᠭᠰᠡᠨ ᠲᠡᠮᠦᠵᠢᠨ ᠨᠠᠷ ᠲᠤ᠌ ᠦᠵᠡᠭᠰᠡᠨ ᠢ᠋ᠶ᠋ᠡᠨ ᠳᠣᠭᠣᠯᠭᠠᠪᠠ᠃ ᠪᠥᠷᠲᠡ ᠶ᠋ᠢ ᠪᠤᠯᠢᠶᠠᠯᠭᠠᠭᠰᠠᠨ ᠠ᠋ᠴᠠ ᠬᠣᠢᠰᠢ ᠡᠨᠡ ᠣᠢ ᠶ᠋ᠢᠨ ᠭᠦᠨ ᠳ᠋ᠦ᠍ ᠰᠢᠷᠭᠤᠨ ᠰᠠᠭᠤᠭᠠᠳ ᠦᠵᠡᠬᠦ᠂ ᠢᠷᠡᠬᠦ ᠬᠥᠮᠦᠨ ᠦᠭᠡᠢ ᠬᠡᠳᠦᠨ ᠰᠠᠷ᠎ᠠ ᠲᠠᠢᠪᠤᠩ ᠪᠠᠢᠲᠠᠯ᠎ᠠ ᠭᠡᠨᠡᠳᠲᠡ ᠡᠳᠡᠭᠡᠷ ᠬᠥᠮᠦᠰ ᠬᠦᠷᠴᠦ ᠢᠷᠡᠭᠰᠡᠨ ᠨᠢ ᠥᠰᠲᠦ ᠮᠡᠷᠭᠢᠳ ᠢ᠋ ᠰᠠᠨᠠᠭᠳᠠᠭᠤᠯᠤᠨ ᠲᠦᠭᠰᠢᠭᠦᠯᠵᠡᠢ᠃ ᠡᠳᠡᠭᠡᠷ ᠰᠡᠵᠢᠭ ᠪᠦᠬᠦᠢ ᠬᠥᠮᠦᠰ ᠡᠢᠮᠦ ᠬᠣᠯᠠ ᠪᠥᠭᠯᠡᠭᠦᠦ ᠭᠠᠵᠠᠷ ᠢ᠋ ᠵᠣᠷᠢᠵᠤ ᠢᠷᠡᠭᠰᠡᠨ ᠨᠢ ᠬᠠᠴᠢᠷᠬᠠᠯᠲᠠᠢ᠃ ᠡᠨᠡ ᠰᠢᠪᠡᠷ ᠤᠰᠤᠨ ᠳᠤᠮᠳᠠᠭᠤᠷ ᠨᠠᠭᠠᠰᠢ ᠪᠠᠨ ᠵᠡᠯᠢᠭᠦᠳ ᠡᠵᠡᠭᠦᠢ ᠭᠠᠵᠠᠷ ᠤᠷᠤᠭᠤ ᠵᠢᠳᠬᠦᠬᠦ ᠤᠴᠢᠷ ᠬᠡᠨ ᠳ᠋ᠦ᠍ ᠴᠦ᠍ ᠪᠠᠢᠬᠤ ᠦᠭᠡᠢ ᠮᠡᠲᠦ᠃ ᠬᠡᠨ ᠢᠩᠭᠢᠵᠦ ᠶᠠᠪᠤᠬᠤ ᠤᠴᠢᠷᠲᠠᠢ ᠶ᠋ᠢ ᠲᠡᠳᠡ ᠶᠠᠭᠠᠬᠢᠵᠤ ᠴᠤ᠌ ᠪᠣᠳᠣᠭᠠᠳ ᠣᠯᠤᠭᠰᠠᠨ ᠦᠭᠡᠢ᠃ ᠥᠭᠡᠯᠦᠨ ᠡᠬᠡ ᠴᠦ᠍ ᠲᠠᠭᠠᠮᠠᠭᠯᠠᠨ ᠬᠡᠯᠡᠵᠦ ᠴᠢᠳᠠᠭᠰᠠᠨ ᠦᠭᠡᠢ᠃ ᠬᠠᠷ᠎ᠠ ᠰᠦᠯᠳᠡ ᠲᠡᠢ ᠪᠥᠬᠡ ᠬᠥᠮᠦᠨ ᠶᠠᠪᠤᠭ᠎ᠠ ᠨᠢ ᠪᠦᠷ ᠴᠦ᠍ ᠬᠠᠴᠢᠷᠬᠠᠯᠲᠠᠢ ᠠᠵᠢ᠃ ᠬᠡᠷᠪᠡ ᠲᠡᠳᠡ ᠡᠩ ᠦ᠋ᠨ ᠠᠷᠠᠳ ᠪᠣᠯ ᠳᠣᠪᠲᠣᠯᠤᠨ ᠣᠴᠢᠵᠤ ᠣᠯᠵᠠᠯᠠᠨ ᠠᠪᠴᠤ ᠪᠣᠯᠬᠤ ᠪᠠᠢᠪᠠ᠃ ᠭᠡᠲᠡᠯ᠎ᠡ ᠪᠠᠰᠠ ᠮᠤᠬᠤᠯᠠᠭᠲᠤ ᠲᠡᠷᠭᠡ ᠲᠡᠢ᠂ ᠬᠠᠷ᠎ᠠ ᠰᠦᠯᠳᠡ ᠲᠡᠢ ᠭᠡᠬᠦ ᠶ᠋ᠢ ᠰᠣᠨᠣᠰᠪᠠᠯ ᠲᠡᠳᠡ ᠶᠠᠭᠠᠬᠢᠪᠠᠴᠤ ᠡᠩ ᠦ᠋ᠨ ᠮᠡᠷᠭᠢᠳ᠂ ᠲᠠᠢᠴᠢᠭᠤᠳ ᠪᠢᠰᠢ ᠪᠣᠯᠤᠯᠲᠠᠢ᠃ ᠲᠡᠭᠡᠪᠡᠯ ᠡᠨᠡ ᠭᠠᠵᠠᠷ ᠤ᠋ᠨ ᠮᠤᠬᠤᠷ ᠲᠤ᠌ ᠬᠡᠷᠡᠭᠲᠡᠢ ᠬᠥᠮᠦᠨ ᠯᠡ ᠵᠣᠷᠢᠵᠤ ᠢᠷᠡᠬᠦ ᠨᠢ ᠲᠣᠳᠣᠷᠬᠠᠢ ᠤᠴᠢᠷ ᠠ᠋ᠴᠠ ᠰᠣᠨᠣᠰᠤᠭᠰᠠᠨ ᠳᠣᠣᠷ᠎ᠠ ᠪᠠᠨ ᠲᠡᠮᠦᠵᠢᠨ ᠬᠡᠷᠬᠢᠬᠦ ᠪᠡᠨ ᠰᠢᠢᠳᠴᠦ ᠡᠰᠡ ᠴᠢᠳᠠᠭᠠᠳ ᠶᠠᠮᠠᠷ ᠲᠠᠢ ᠴᠤ᠌ ᠥᠪᠡᠷ ᠦ᠋ᠨ ᠨᠢᠳᠦ ᠪᠡᠷ ᠦᠵᠡᠬᠦ ᠨᠢ ᠵᠥᠪ ᠭᠡᠵᠦ ᠪᠣᠳᠣᠵᠠᠢ᠃ ᠲᠡᠭᠡᠭᠡᠳ ᠰᠥᠨᠢ ᠪᠣᠯᠣᠮᠠᠭᠴᠠ ᠨᠥᠬᠥᠳ ᠢ᠋ᠶ᠋ᠡᠨ ᠳᠠᠭᠠᠭᠤᠯᠤᠨ ᠮᠣᠷᠳᠠᠯ᠎ᠠ᠃ ᠬᠡᠷᠪᠡ ᠲᠡᠳᠡ ᠨᠡᠮᠡᠭᠳᠡᠵᠦ ᠣᠯᠠᠭᠤᠯᠠ ᠪᠣᠯᠤᠭᠰᠠᠨ ᠪᠠᠢᠪᠠᠯ ᠳᠠᠷᠤᠢ ᠪᠤᠴᠠᠨ ᠢᠷᠡᠵᠦ ᠵᠦᠭ ᠪᠤᠷᠤᠭᠤᠯᠠᠨ ᠨᠡᠭᠦᠬᠦ᠂ ᠦᠭᠡᠢ ᠪᠣᠯ ᠶᠠᠳᠠᠵᠤ ᠬᠡᠨ ᠭᠡᠭᠴᠢ ᠶᠠᠮᠠᠷ ᠬᠡᠷᠡᠭ ᠢ᠋ᠶ᠋ᠡᠷ ᠢᠷᠡᠭᠰᠡᠨ ᠢ ᠣᠯᠵᠤ ᠮᠡᠳᠡᠬᠦ ᠬᠡᠷᠡᠭᠲᠡᠢ ᠪᠠᠢᠯ᠎ᠠ᠃ ᠲᠡᠳᠡ ᠳᠠᠷᠤᠢ ᠦᠯᠡᠳᠡᠭᠰᠡᠨ ᠬᠡᠳᠦ ᠭᠡᠷ ᠣᠷᠣᠨ ᠢ᠋ᠶ᠋ᠠᠨ ᠬᠥᠩᠭᠡᠯᠡᠵᠦ᠂ ᠰᠢᠷ᠎ᠠ ᠲᠡᠷᠭᠡ ᠪᠡᠨ ᠬᠥᠯᠯᠡᠨ ᠨᠡᠭᠦᠳᠡᠯ ᠳ᠋ᠦ᠍ ᠪᠡᠯᠡᠳᠦᠯ᠎ᠡ᠃ ᠥᠭᠡᠯᠦᠨ ᠦ᠌ ᠬᠡᠳᠦᠨ ᠬᠥᠪᠡᠭᠦᠨ ᠨᠡᠭᠦᠵᠦ ᠰᠠᠭᠤᠨ᠂ ᠨᠢᠭᠤᠭᠳᠠᠵᠤ ᠶᠠᠪᠤᠭᠰᠠᠭᠠᠷ ᠡᠢᠮᠦ ᠠᠵᠢᠯ ᠳ᠋ᠤ᠌ ᠬᠡᠨ ᠡᠴᠡ ᠴᠦ᠍ ᠢᠯᠡᠭᠦᠦ ᠭᠠᠷᠰᠢᠭᠰᠠᠨ ᠲᠤᠯᠠ ᠬᠡᠳᠦᠬᠡᠨ ᠬᠣᠷᠣᠮ ᠤ᠋ᠨ ᠳᠣᠲᠣᠷ᠎ᠠ ᠬᠠᠴᠢᠭᠤᠨ ᠲᠡᠮᠦᠭᠡ ᠬᠣᠶᠠᠷ ᠨᠡᠭᠦᠬᠦ ᠳ᠋ᠦ᠍ ᠪᠡᠯᠡᠨ ᠪᠣᠯᠭᠠᠪᠠ᠃ ᠣᠳᠣ ᠭᠠᠭᠴᠠᠬᠠᠨ ᠲᠡᠮᠦᠵᠢᠨ ᠦ᠌ ᠢᠷᠡᠬᠦ ᠶ᠋ᠢ ᠡᠰᠡᠪᠡᠯ ᠬᠡᠨ ᠨᠢᠭᠡ ᠨᠢ ᠬᠡᠯᠡ ᠬᠦᠷᠭᠡᠨ ᠳᠠᠪᠬᠢᠵᠤ ᠢᠷᠡᠬᠦ ᠶ᠋ᠢ ᠬᠦᠯᠢᠶᠡᠨ ᠲᠡᠷᠭᠡᠨ ᠳᠡᠭᠡᠷ᠎ᠡ ᠰᠠᠷᠠᠨ ᠤ᠋ ᠭᠡᠷᠡᠯ ᠳ᠋ᠦ᠍ ᠰᠡᠷᠡᠭᠦᠨ ᠬᠡᠪᠲᠡᠵᠦ ᠪᠠᠢᠯ᠎ᠠ᠃ ᠦᠨᠡᠬᠡᠷ ᠵᠡᠯᠮ᠎ᠡ ᠶ᠋ᠢᠨ ᠬᠡᠯᠡᠭᠰᠡᠨ ᠦᠨᠡᠨ ᠪᠠᠢᠪᠠ᠃ ᠰᠡᠵᠢᠭᠲᠡᠢ ᠲᠡᠷᠡ ᠬᠥᠮᠦᠰ ᠡᠳᠦᠷ ᠪᠠᠭᠤᠭᠰᠠᠨ ᠴᠢᠭ ᠢ᠋ᠶ᠋ᠡᠷ ᠠᠮᠠᠷᠠᠵᠤ ᠤᠨᠲᠠᠭᠰᠠᠨ ᠪᠣᠯᠤᠯᠲᠠᠢ ᠨᠠᠮ ᠭᠦᠮ ᠠᠵᠢ᠃ ᠮᠤᠬᠤᠯᠠᠭ ᠲᠡᠷᠭᠡᠨ ᠦ᠌ ᠣᠢᠷᠠᠮᠠᠭ ᠬᠣᠷᠢᠭᠠᠳ ᠠᠭᠲᠠ ᠬᠡᠷᠦᠭᠡ ᠲᠡᠢ ᠢᠳᠡᠰᠢᠯᠡᠵᠦ ᠪᠠᠢᠪᠠ᠃ ᠪᠠᠰᠠ ᠭᠠᠯ ᠤ᠋ᠨ ᠤᠲᠤᠭ᠎ᠠ᠂ ᠰᠢᠷᠠᠭᠰᠠᠨ ᠮᠢᠬᠠᠨ ᠤ᠋ ᠬᠡᠩᠰᠢᠭᠦᠦ ᠲᠡᠳᠡᠨ ᠦ᠌ ᠵᠦᠭ ᠡᠴᠡ ᠰᠠᠯᠬᠢ ᠪᠠᠷ ᠲᠠᠭᠤᠭᠳᠠᠨ ᠢᠷᠡᠨ᠎ᠡ᠃ ᠮᠤᠬᠤᠯᠠᠭ ᠲᠡᠷᠭᠡ ᠪᠣᠯᠤᠭᠠᠳ ᠮᠣᠷᠢᠳ ᠤ᠋ᠨ ᠳᠡᠷᠭᠡᠳᠡ ᠬᠠᠷᠠᠭᠤᠯ ᠮᠠᠨᠠᠭ᠎ᠠ ᠭᠡᠬᠦ ᠶᠠᠭᠤᠮ᠎ᠠ ᠦᠵᠡᠭᠳᠡᠭᠰᠡᠨ ᠦᠭᠡᠢ᠃ 
       ᠰᠠᠮ ᠣᠴᠢᠵᠤ ᠮᠣᠷᠢᠳ ᠢ᠋ ᠨᠢ ᠠᠪᠴᠤ ᠵᠢᠭᠤᠲᠠᠶ᠎ᠠ᠃ ᠶᠠᠪᠠᠭᠠᠨ ᠲᠡᠳᠡ ᠬᠠᠮᠢᠭ᠎ᠠ ᠣᠴᠢᠬᠤ ᠪᠣᠢ ᠭᠡᠵᠦ ᠵᠡᠯᠮ᠎ᠡ ᠬᠡᠯᠡᠬᠦ ᠳ᠋ᠦ᠍ ᠪᠦᠭᠦᠳᠡ ᠳᠡᠮᠵᠢᠪᠡ᠃ ᠭᠡᠪᠡᠴᠦ ᠲᠡᠮᠦᠵᠢᠨ ᠣᠷᠣᠭᠰᠢ ᠳᠠᠭᠤ ᠦᠭᠡᠢ ᠰᠢᠷᠳᠡᠭᠰᠡᠭᠡᠷ ᠪᠠᠢᠭᠰᠠᠨ ᠲᠤᠯᠠ ᠲᠡᠳᠡ ᠲᠡᠷᠡ ᠳᠣᠣᠷ᠎ᠠ ᠪᠠᠨ ᠤᠬᠤᠰᠬᠢᠨ ᠶᠠᠪᠤᠵᠤ ᠴᠢᠳᠠᠭᠰᠠᠨ ᠦᠭᠡᠢ᠃ ᠠᠭᠲᠠ ᠶ᠋ᠢᠨ ᠳᠡᠷᠭᠡᠳᠡ ᠮᠠᠨᠠᠭ᠎ᠠ ᠪᠠᠢᠬᠤ ᠦᠭᠡᠢ ᠪᠠᠢᠭᠰᠠᠨ ᠨᠢ ᠲᠡᠳᠡᠨ ᠦ᠌ ᠰᠢᠯᠦᠰᠦ ᠶ᠋ᠢ ᠭᠣᠭᠣᠵᠢᠭᠤᠯᠵᠤ ᠰᠢᠨᠤᠯ ᠢ᠋ ᠬᠥᠳᠡᠯᠭᠡᠨ᠎ᠡ᠃ ᠪᠥᠷᠲᠡ ᠶ᠋ᠢ ᠪᠤᠯᠢᠶᠠᠯᠭᠠᠭᠰᠠᠨ ᠠ᠋ᠴᠠ ᠬᠣᠢᠰᠢ ᠲᠡᠮᠦᠵᠢᠨ ᠨᠠᠷ ᠶᠡᠷᠦ ᠳ᠋ᠡᠭᠡᠨ ᠯᠡ ᠲᠠᠪᠢᠬᠠᠨ ᠮᠣᠷᠢ ᠲᠠᠢ ᠪᠠᠢᠪᠠ᠃ ᠬᠠᠷᠢᠨ ᠡᠨᠡ ᠬᠥᠮᠦᠰ ᠦ᠋ᠨ ᠭᠠᠢᠬᠠᠯᠲᠠᠢ ᠲᠠᠢᠪᠤᠩ ᠬᠡᠨᠡᠭ ᠦᠭᠡᠢ ᠪᠠᠢᠳᠠᠯ ᠲᠡᠮᠦᠵᠢᠨ ᠳ᠋ᠦ᠍ ᠰᠡᠵᠢᠭ ᠲᠡᠢ ᠰᠠᠨᠠᠭᠳᠠᠭᠰᠠᠨ ᠲᠤᠯᠠ ᠨᠥᠬᠥᠳ ᠦ᠋ᠨ ᠰᠠᠨᠠᠯ ᠢ᠋ ᠳᠡᠮᠵᠢᠭᠰᠡᠨ ᠦᠭᠡᠢ᠃ ᠭᠡᠲᠡᠯ᠎ᠡ ᠬᠠᠷᠠᠩᠭᠤᠢ ᠳ᠋ᠤ᠌ ᠮᠤᠬᠤᠯᠠᠭ ᠲᠡᠷᠭᠡᠨ ᠡᠴᠡ ᠨᠢᠭᠡ ᠬᠥᠮᠦᠨ ᠭᠠᠷᠴᠤ ᠰᠢᠭᠤᠳ ᠲᠡᠳᠡᠨ ᠢ᠋ ᠴᠢᠭᠯᠡᠨ ᠢᠷᠡᠪᠡ᠃ ᠪᠦᠭᠦᠳᠡ ᠰᠡᠷᠡᠮᠵᠢᠯᠡᠨ ᠡᠷᠭᠢ ᠳᠣᠣᠷ᠎ᠠ ᠬᠡᠪᠲᠡᠭᠦᠯᠦᠭᠰᠡᠨ ᠮᠣᠷᠢᠳ ᠢ᠋ᠶ᠋ᠠᠨ ᠪᠣᠰᠬᠠᠬᠤ ᠳ᠋ᠤ᠌ ᠪᠡᠯᠡᠳᠦᠯ᠎ᠡ᠃ ᠪᠡᠶ᠎ᠡ ᠵᠠᠰᠠᠬᠤ ᠭᠡᠰᠡᠨ ᠪᠢᠵᠡ ᠭᠡᠵᠦ ᠡᠬᠢᠯᠡᠭᠡᠳ ᠰᠠᠨᠠᠭᠰᠠᠨ ᠪᠣᠯᠪᠠᠴᠤ ᠥᠨᠥᠬᠢ ᠬᠥᠮᠦᠨ ᠵᠣᠭᠰᠣᠭᠰᠠᠨ ᠦᠭᠡᠢ ᠶᠠᠪᠤᠭᠰᠠᠭᠠᠷ ᠲᠡᠳᠡᠨ ᠡᠴᠡ ᠶᠡᠷᠦ ᠳ᠋ᠡᠭᠡᠨ ᠬᠡᠳᠦᠬᠡᠨ ᠠᠯᠬᠤᠮ ᠤ᠋ᠨ ᠵᠠᠢᠲᠠᠢ ᠵᠣᠭᠰᠣᠭᠠᠳ ᠨᠠᠭᠠᠰᠢ ᠰᠢᠷᠳᠡᠨ᠎ᠡ᠃ ᠨᠥᠬᠥᠳ ᠨᠢ ᠶᠠᠭᠠᠬᠢᠬᠤ ᠪᠣᠢ ᠭᠡᠵᠦ ᠲᠡᠮᠦᠵᠢᠨ ᠢ᠋ ᠬᠠᠷᠠᠪᠠ᠃ ᠬᠠᠷᠪᠤᠬᠤ ᠳ᠋ᠠᠭᠠᠨ ᠬᠠᠮᠤᠭ ᠤ᠋ᠨ ᠮᠡᠷᠭᠡᠨ ᠬᠠᠰᠠᠷ ᠰᠤᠮᠤ ᠪᠠᠨ ᠣᠨᠢᠯᠠᠨ ᠲᠠᠯᠪᠢᠬᠤ ᠳ᠋ᠤ᠌ ᠪᠡᠯᠡᠨ ᠪᠣᠯᠵᠠᠢ᠃ ᠲᠡᠮᠦᠵᠢᠨ ᠲᠣᠯᠣᠭᠠᠢ ᠳᠣᠬᠢᠪᠠ᠃ ᠰᠤᠮᠤ ᠰᠡᠷᠢᠭᠦᠨ ᠠᠭᠠᠷ ᠲᠤ᠌ ᠰᠦᠩᠭᠢᠨᠡᠨ ᠣᠳᠪᠠ᠃ ᠥᠨᠥ ᠬᠥᠮᠦᠨ ᠴᠡᠭᠡᠵᠢ ᠶ᠋ᠢ ᠨᠢ ᠴᠢᠭᠯᠡᠨ ᠣᠴᠢᠭᠰᠠᠨ ᠰᠤᠮᠤ ᠠ᠋ᠴᠠ ᠲᠡᠷᠡ ᠳᠣᠣᠷ᠎ᠠ ᠪᠠᠨ ᠵᠠᠢᠯᠠᠭᠰᠠᠨ ᠢ᠋ᠶ᠋ᠠᠷ ᠪᠠᠷᠠᠬᠤ ᠦᠭᠡᠢ ᠰᠤᠮᠤ ᠶ᠋ᠢ ᠠᠭᠠᠷ ᠲᠤ᠌ ᠪᠠᠷᠢᠵᠤ ᠠᠪᠤᠭᠰᠠᠨ ᠢ᠋ ᠲᠡᠳᠡ ᠬᠠᠷᠠᠵᠤ ᠴᠢᠳᠠᠭᠰᠠᠨ ᠦᠭᠡᠢ᠃ ᠬᠠᠷᠪᠤᠭᠤᠯᠤᠭᠰᠠᠨ ᠬᠥᠮᠦᠨ ᠤᠨᠠᠭ᠎ᠠ ᠦᠭᠡᠢ ᠳ᠋ᠦ᠍ ᠬᠠᠰᠠᠷ ᠴᠤ᠌ ᠪᠤᠰᠤᠳ ᠨᠢ ᠴᠦ᠍ ᠳᠠᠬᠢᠨ ᠬᠠᠷᠪᠤᠬᠤ ᠪᠠᠷ ᠣᠨᠢᠯᠠᠪᠠ᠃ ᠭᠡᠲᠡᠯ᠎ᠡ ᠥᠨᠥᠬᠢ ᠬᠥᠮᠦᠨ 
       | ᠲᠡᠮᠦᠵᠢᠨ! ᠭᠡᠵᠦ ᠳᠠᠭᠤᠳᠠᠭᠰᠠᠨ ᠨᠢ ᠪᠦᠭᠦᠳᠡ ᠶ᠋ᠢ ᠨᠠᠮ ᠪᠣᠯᠭᠠᠪᠠ᠃ ᠲᠡᠷᠡ ᠬᠥᠮᠦᠨ ᠦ᠌ ᠳᠤᠤᠭᠠᠷᠤᠭᠰᠠᠨ ᠨᠢ ᠰᠡᠷᠢᠭᠦᠨ ᠠᠭᠠᠷ ᠲᠤ᠌ ᠲᠩᠷᠢ ᠡᠴᠡ ᠬᠠᠰᠬᠢᠷᠬᠤ ᠰᠢᠭ᠋ ᠰᠣᠨᠣᠰᠳᠠᠪᠠ᠃ ᠡᠨᠡ ᠰᠠᠨᠠᠮᠰᠠᠷ ᠦᠭᠡᠢ ᠶᠠᠪᠤᠳᠠᠯ ᠳ᠋ᠤ᠌ ᠪᠦᠭᠦᠳᠡ ᠴᠣᠴᠢᠷᠳᠠᠨ ᠠᠯᠮᠠᠢᠷᠠᠵᠠᠢ᠃ ᠲᠠᠨᠢᠳᠠᠭ ᠬᠥᠮᠦᠨ ᠢᠷᠡᠭᠰᠡᠨ ᠨᠢ ᠦᠨᠡᠬᠡᠷ ᠴᠣᠴᠢᠵᠤ ᠮᠡᠭᠳᠡᠮᠡᠷ ᠪᠠᠢᠯ᠎ᠠ᠃ ᠬᠡᠨ ᠢᠩᠭᠢᠵᠦ ᠳᠠᠭᠤᠳᠠᠭᠰᠠᠨ ᠢ ᠮᠡᠳᠡᠭᠰᠡᠨ ᠦᠭᠡᠢ᠃ 
       | ᠬᠡᠨ ᠪᠣᠢ? ᠴᠢ ᠭᠡᠵᠦ ᠬᠠᠰᠠᠷ ᠪᠦᠭᠦᠳᠡ ᠡᠴᠡ ᠲᠦᠷᠦᠭᠦᠯᠡᠨ ᠰᠡᠬᠡᠭᠡᠷᠡᠵᠦ᠂ ᠥᠨᠳᠡᠢᠵᠦ ᠬᠠᠰᠬᠢᠷᠪᠠ᠃ ᠢᠩᠭᠢᠬᠦ ᠡᠴᠡ ᠥᠭᠡᠷ᠎ᠡ ᠠᠷᠭ᠎ᠠ ᠪᠠᠢᠭᠰᠠᠨ ᠦᠭᠡᠢ᠃ 
       | ᠲᠡᠮᠦᠵᠢᠨ! ᠭᠡᠵᠦ ᠥᠨᠥᠬᠢ ᠬᠥᠮᠦᠨ ᠳᠠᠬᠢᠨ ᠱᠠᠭᠠᠷᠳᠠᠩᠭᠤᠢ᠂ ᠪᠦᠷ ᠲᠠ ᠨᠠᠷ ᠢ᠋ ᠲᠠᠨᠢᠵᠤ ᠪᠠᠢᠨ᠎ᠠ ᠭᠡᠰᠡᠨ ᠰᠢᠭ ᠥᠪᠡᠷᠦᠮᠰᠦᠭ ᠳᠤᠤᠭᠠᠷᠴᠠᠢ᠃ ᠥᠰᠴᠦ ᠥᠭᠡᠷᠡᠴᠢᠯᠡᠭᠳᠡᠭᠰᠡᠨ ᠬᠥᠭᠡᠴᠦ ᠶ᠋ᠢᠨ ᠳᠠᠭᠤ ᠶ᠋ᠢ ᠲᠡᠳᠡᠨ ᠦ᠌ ᠬᠡᠨ ᠨᠢ ᠴᠦ᠍ ᠲᠠᠨᠢᠭᠰᠠᠨ ᠦᠭᠡᠢ᠃ ᠪᠠᠰᠠ ᠬᠥᠭᠡᠴᠦ ᠶ᠋ᠢ ᠪᠠᠢᠨ᠎ᠠ ᠭᠡᠵᠦ ᠬᠡᠨ ᠴᠦ᠍ ᠰᠠᠨᠠᠭᠰᠠᠨ ᠦᠭᠡᠢ᠃ ᠬᠠᠷᠢᠨ ᠲᠡᠮᠦᠵᠢᠨ ᠦ᠌ ᠳᠣᠲᠣᠷ᠎ᠠ ᠰᠡᠷᠳᠡᠬᠢᠨ ᠥᠨᠳᠡᠢᠯ᠎ᠡ᠃ ᠲᠡᠷᠡ ᠬᠡᠳᠦᠢ ᠪᠡᠷ ᠬᠥᠭᠡᠴᠦ ᠶ᠋ᠢ ᠭᠡᠵᠦ ᠲᠠᠭᠠᠮᠠᠭᠯᠠᠭ᠎ᠠ ᠦᠭᠡᠢ ᠴᠦ᠍᠂ ᠰᠡᠳᠬᠢᠯ ᠳ᠋ᠦ᠍ᠨᠢ ᠨᠢᠭᠡᠨ ᠭᠡᠷᠡᠯᠲᠦ ᠰᠣᠪᠢᠩ ᠲᠠᠲᠠᠭᠠᠳ ᠥᠪᠡᠷ ᠦ᠋ᠨ ᠮᠠᠲᠠᠯ ᠦᠭᠡᠢ ᠥᠨᠳᠡᠢᠨ ᠪᠣᠰᠴᠠᠢ᠃ ᠬᠠᠰᠠᠷ ᠪᠡᠯᠭᠦᠳᠡᠢ ᠬᠣᠶᠠᠷ ᠲᠡᠭᠦᠨ ᠦ᠌ ᠪᠥᠭᠰᠡᠨ ᠡᠴᠡ ᠲᠠᠲᠠᠭᠰᠠᠨ ᠴᠤ᠌ ᠳᠡᠢᠯᠦᠭᠳᠡᠭᠰᠡᠨ ᠦᠭᠡᠢ᠃ ᠲᠡᠮᠦᠵᠢᠨ ᠢ᠋ ᠡᠢᠮᠦ ᠶᠡᠬᠡ ᠪᠢᠷ᠎ᠠ ᠲᠠᠢ ᠭᠡᠵᠦ ᠰᠠᠨᠠᠭ᠎ᠠ ᠦᠭᠡᠢ ᠲᠤᠯᠠ ᠨᠥᠭᠦᠭᠡ ᠬᠣᠶᠠᠷ ᠭᠠᠢᠬᠠᠵᠠᠢ᠃ 
       | ᠲᠡᠮᠦᠵᠢᠨ ᠪᠢ ᠴᠢᠮᠠᠶ᠋ᠢ ᠬᠠᠷᠠᠵᠤ ᠪᠠᠢᠨ᠎ᠠ᠃ ᠪᠢ ᠴᠢᠮᠠᠲᠠᠢ ᠠᠭᠤᠯᠵᠠᠬᠤ ᠪᠠᠷ ᠢᠷᠡᠯ᠎ᠡ! ᠭᠡᠵᠦ ᠦᠯᠦ ᠲᠠᠨᠢᠬᠤ ᠬᠥᠮᠦᠨ ᠪᠡᠶᠡᠰᠦᠨ ᠬᠠᠰᠬᠢᠷᠴᠤ ᠪᠠᠢᠪᠠ᠃ 
       | ᠬᠡᠨ ᠪᠣᠢ ᠴᠢ? ᠨᠡᠷ᠎ᠡ ᠲᠡᠢ ᠪᠣᠯ ᠨᠡᠷ᠎ᠡ ᠪᠡᠨ ᠬᠡᠯᠡ! ᠭᠡᠵᠦ ᠲᠡᠳᠡ ᠵᠣᠷᠢᠭᠵᠢᠨ ᠵᠡᠷᠭᠡ ᠵᠡᠷᠭᠡ ᠪᠡᠷ ᠬᠠᠰᠬᠢᠷᠪᠠ᠃ ᠲᠡᠮᠦᠵᠢᠨ ᠲᠡᠳᠡᠨ ᠢ᠋ ᠳᠤᠭᠤᠢ ᠭᠡᠵᠦ ᠳᠣᠬᠢᠭᠠᠳ ᠣᠷᠣᠭᠰᠢ ᠠᠯᠬᠤᠪᠠ᠃ 
       | ᠬᠡᠷᠡᠭ ᠦᠭᠡᠢ᠃ ᠲᠡᠮᠦᠵᠢᠨ ᠭᠡᠵᠦ ᠪᠤᠭᠤᠷᠴᠢ ᠬᠡᠯᠡᠪᠡ᠃ ᠲᠡᠮᠦᠵᠢᠨ ᠲᠡᠳᠡᠨ ᠦ᠌ ᠬᠣᠷᠢᠬᠤ ᠶ᠋ᠢ ᠲᠣᠭᠣᠭᠰᠠᠨ ᠦᠭᠡᠢ᠃ ᠰᠢᠭᠤᠳ ᠥᠨᠥ ᠬᠥᠮᠦᠨ ᠤᠷᠤᠭᠤ ᠠᠯᠬᠤᠨ ᠣᠴᠢᠪᠠ᠃ ᠠᠷᠤ ᠳ᠋ᠤᠨᠢ ᠦᠯᠡᠳᠡᠭᠰᠡᠨ ᠬᠡᠳᠦ ᠬᠠᠷᠪᠤᠬᠤ ᠪᠠᠷ ᠨᠤᠮᠤ ᠪᠠᠨ ᠲᠠᠲᠠᠵᠤ ᠪᠠᠰᠠ ᠳᠠᠭᠠᠷᠢᠨ ᠣᠷᠣᠬᠤ ᠳ᠋ᠤ᠌ ᠪᠡᠯᠡᠨ ᠪᠠᠢᠭᠰᠠᠨ ᠴᠤ᠌᠂ ᠬᠡᠨ ᠨᠢ ᠴᠦ᠍ ᠬᠥᠳᠡᠯᠦᠭᠰᠡᠨ ᠦᠭᠡᠢ᠃ 
       | ᠬᠥᠭᠡᠴᠦ ᠴᠢ ᠤᠤ? ᠭᠡᠵᠦ ᠲᠡᠮᠦᠵᠢᠨ ᠳᠥᠭᠥᠨ ᠣᠴᠢᠭᠠᠳ ᠵᠥᠪᠬᠡᠨ ᠲᠡᠭᠦᠨ ᠳ᠋ᠦ᠍ ᠰᠣᠨᠣᠰᠳᠠᠬᠤ ᠪᠠᠷ ᠰᠢᠪᠡᠨᠡᠪᠡ᠃ ᠲᠡᠳᠡᠨ ᠦ᠌ ᠶᠠᠷᠢᠶ᠎ᠠ ᠶ᠋ᠢ ᠨᠥᠬᠥᠳ ᠨᠢ ᠳᠠᠩᠴᠤ ᠰᠣᠨᠣᠰᠤᠭᠰᠠᠨ ᠦᠭᠡᠢ᠃ 
       | ᠲᠡᠢᠮᠦ ᠠ᠋᠂ ᠲᠡᠮᠦᠵᠢᠨ᠃ ᠪᠢ ᠬᠥᠭᠡᠴᠦ ᠪᠠᠢᠨ᠎ᠠ ᠭᠡᠵᠦ ᠬᠥᠭᠡᠴᠦ ᠬᠠᠷᠢᠭᠤ ᠰᠢᠪᠡᠨᠡᠪᠡ᠃ ᠲᠡᠮᠦᠵᠢᠨ ᠦ᠌ ᠰᠡᠳᠬᠢᠯ ᠵᠥᠪ ᠵᠥᠩᠨᠡᠵᠡᠢ᠃ ᠡᠨᠡ ᠪᠣᠯ ᠵᠠᠷᠤᠴᠠ ᠮᠡᠩᠯᠢᠭ ᠦ᠋ᠨ ᠬᠥᠪᠡᠭᠦᠨ ᠬᠥᠭᠡᠴᠦ ᠪᠠᠢᠪᠠ᠃ ᠲᠡᠷᠡ ᠣᠳᠣ ᠲᠡᠮᠦᠵᠢᠨ ᠡᠴᠡ ᠳᠤᠲᠠᠬᠤ ᠦᠭᠡᠢ ᠥᠨᠳᠥᠷ ᠡᠷ᠎ᠡ ᠪᠣᠯᠵᠠᠢ᠃ 
       | ᠴᠢ ᠨᠠᠳᠠᠳᠤ ᠨᠡᠢᠯᠡᠬᠦ ᠪᠡᠷ ᠢᠷᠡᠪᠡ ᠤᠤ? ᠭᠡᠵᠦ ᠲᠡᠮᠦᠵᠢᠨ ᠬᠡᠯᠡᠬᠦ ᠳ᠋ᠡᠭᠡᠨ ᠣᠯᠠᠨ ᠵᠢᠯ ᠦ᠋ᠨ ᠡᠮᠦᠨ᠎ᠡ ᠰᠠᠯᠵᠤ ᠨᠡᠭᠦᠬᠦ ᠳ᠋ᠡᠭᠡᠨ ᠬᠥᠭᠡᠴᠦ ᠶ᠋ᠢᠨ ᠬᠡᠯᠡᠭᠰᠡᠨ ᠦᠭᠡ ᠶ᠋ᠢ ᠰᠠᠨᠠᠵᠠᠢ᠃ 
       | ᠦᠭᠡᠢ ᠠ᠋᠂ ᠪᠢ ᠴᠢᠮᠠᠲᠤ ᠲᠩᠷᠢ ᠶ᠋ᠢᠨ ᠰᠠᠬᠢᠭᠤᠰᠤ ᠶ᠋ᠢ ᠬᠦᠷᠭᠡᠵᠦ ᠢᠷᠡᠪᠡ᠃ ᠲᠩᠷᠢ ᠴᠢᠮᠠᠶ᠋ᠢ ᠲᠡᠳᠬᠦᠵᠦ ᠭᠠᠵᠠᠷ ᠴᠢᠮᠠᠶ᠋ᠢ ᠢᠪᠡᠭᠡᠵᠡᠢ᠃ ᠲᠩᠷᠢ ᠴᠢᠮᠠᠶ᠋ᠢ ᠶᠡᠬᠡ ᠬᠠᠭᠠᠨ ᠪᠣᠯᠤᠨ᠎ᠠ ᠭᠡᠵᠦ ᠬᠡᠯᠡᠯ᠎ᠡ ᠃ ᠡᠨᠡ ᠰᠠᠬᠢᠭᠤᠰᠤ᠃ ᠡᠨᠡ ᠰᠠᠬᠢᠭᠤᠰᠤ ᠪᠣᠯ ᠪᠦᠬᠦᠨ ᠢ᠋ ᠨᠣᠮᠣᠬᠠᠳᠬᠠᠭᠴᠢ ᠲᠩᠷᠢ ᠶ᠋ᠢᠨ ᠰᠤᠮᠤ ᠶᠤᠮ᠃ ᠡᠨᠡ ᠰᠠᠬᠢᠭᠤᠰᠤᠨ ᠳ᠋ᠤ᠌ ᠮᠣᠩᠭᠣᠯ ᠨᠤᠲᠤᠭ ᠤ᠋ᠨ ᠵᠠᠭᠤ ᠶᠡᠷᠡᠨ ᠨᠠᠢ᠍ᠮᠠᠨ ᠭᠠᠵᠠᠷ ᠤᠰᠤᠨ ᠤ᠋ ᠪᠦᠬᠦ ᠡᠵᠡᠨ ᠰᠠᠪᠳᠠᠭ ᠤ᠋ᠨ ᠬᠦᠴᠦ ᠢᠪᠡᠭᠡᠯ ᠢ᠋ ᠪᠢ ᠰᠢᠩᠭᠡᠭᠡᠪᠡ᠃ ᠡᠭᠦᠨ ᠢ᠋ ᠪᠡᠶ᠎ᠡ ᠡᠴᠡ ᠪᠦᠦ ᠰᠠᠯᠭ᠎ᠠ᠃ ᠡᠨᠡ ᠰᠠᠬᠢᠭᠤᠰᠤ ᠴᠢᠮᠠᠶ᠋ᠢ ᠮᠠᠭᠤ ᠪᠦᠬᠦᠨ ᠠ᠋ᠴᠠ ᠬᠠᠮᠠᠭᠠᠯᠠᠵᠤ᠂ ᠮᠤᠩᠬᠠᠭ ᠦᠬᠦᠯ ᠡᠴᠡ ᠰᠡᠷᠭᠡᠢᠯᠡᠬᠦ ᠪᠣᠯᠤᠨ᠎ᠠ᠃ ᠡᠢᠮᠦ ᠰᠠᠬᠢᠭᠤᠰᠤ ᠲᠡᠭᠷᠢ ᠶ᠋ᠢᠨ ᠳᠣᠣᠷ᠎ᠠ ᠭᠠᠭᠴᠠ ᠶᠤᠮ᠃ ᠴᠢ ᠡᠭᠦᠨ ᠢ᠋ ᠵᠡᠭᠦᠮᠡᠭᠴᠡ ᠬᠡᠨ ᠳ᠋ᠦ᠍ ᠴᠦ᠍ ᠦᠯᠦ ᠲᠡᠢᠯᠳᠡᠬᠦ ᠶᠡᠬᠡ ᠬᠦᠴᠦ᠂ ᠤᠬᠠᠭᠠᠨ ᠢ᠋ ᠣᠯᠬᠤ ᠪᠣᠯᠤᠨ᠎ᠠ᠃ ᠬᠠᠷᠢᠭᠤ ᠬᠡᠯᠡᠬᠦ ᠶ᠋ᠢᠨ ᠵᠠᠪᠳᠤᠯ ᠦᠭᠡᠢ ᠬᠥᠭᠡᠴᠦ ᠥᠨᠥ ᠰᠠᠬᠢᠭᠤᠰᠤ ᠶ᠋ᠢ ᠲᠡᠮᠦᠵᠢᠨ ᠦ᠌ ᠬᠦᠵᠦᠭᠦᠨ ᠳ᠋ᠦ᠍ ᠵᠡᠭᠦᠵᠦ ᠣᠷᠬᠢᠪᠠ᠃ ᠬᠥᠭᠡᠴᠦ ᠶ᠋ᠢᠨ ᠬᠥᠭᠡᠷᠦᠦ ᠦᠭᠡ ᠶ᠋ᠢ ᠭᠦᠨᠵᠡᠭᠡᠢ ᠢᠲᠡᠭᠡᠭᠡ ᠦᠭᠡᠢ ᠴᠦ᠍ ᠲᠡᠮᠦᠵᠢᠨ ᠶᠠᠭᠤᠲᠠᠢ ᠴᠤ᠌ ᠡᠷᠭᠢᠭᠦᠯᠵᠦ ᠪᠤᠴᠠᠭᠠᠵᠤ ᠲᠠᠲᠠᠭᠠᠯᠵᠠᠭᠰᠠᠨ ᠦᠭᠡᠢ᠃ ᠰᠠᠬᠢᠭᠤᠰᠤ ᠶ᠋ᠢ ᠪᠠᠷᠢᠵᠤ ᠦᠵᠡᠪᠡᠯ ᠭᠠᠯ ᠠ᠋ᠴᠠ ᠭᠠᠷᠭᠠᠭᠰᠠᠨ ᠶᠤᠮ ᠰᠢᠭ᠋ ᠬᠠᠯᠠᠭᠤᠨ ᠪᠠᠢᠬᠤ ᠲᠤᠯᠠ ᠳᠠᠭᠤ ᠠᠯᠲᠠᠨ ᠭᠠᠷ ᠢ᠋ᠶ᠋ᠠᠨ ᠦᠯᠢᠶᠡᠪᠡ᠃ ᠬᠥᠭᠡᠴᠦ ᠶ᠋ᠢᠨ ᠡᠪᠦᠷ ᠡᠴᠡ ᠭᠠᠷᠭᠠᠭᠰᠠᠨ ᠵᠡᠪᠡ ᠭᠠᠯ ᠳ᠋ᠤ᠌ ᠬᠢᠭᠰᠡᠨ ᠮᠡᠲᠦ ᠬᠠᠯᠠᠭᠤᠨ ᠪᠠᠢᠭᠰᠠᠨ ᠨᠢ ᠶᠠᠭᠠᠬᠢᠪᠠᠴᠤ ᠵᠢᠷ ᠦ᠋ᠨ ᠬᠡᠷᠡᠭ ᠪᠢᠰᠢ ᠭᠡᠵᠦ ᠪᠣᠳᠣᠭᠳᠠᠭᠠᠳ ᠬᠡᠯᠡᠬᠦ ᠭᠡᠰᠡᠨ ᠦᠭᠡ ᠪᠡᠨ ᠪᠤᠴᠠᠭᠠᠨ ᠵᠠᠯᠭᠢᠵᠤ ᠠᠮᠠ ᠪᠠᠨ ᠬᠠᠮᠬᠢᠵᠠᠢ᠃ 
       | ᠴᠢ ᠶᠡᠬᠡ ᠲᠣᠮᠣ ᠡᠷ᠎ᠡ ᠪᠣᠯᠵᠠᠢ᠃ ᠬᠥᠭᠡᠴᠦ ᠭᠡᠵᠦ ᠲᠡᠮᠦᠵᠢᠨ ᠲᠠᠯᠠᠷᠬᠠᠨ ᠬᠡᠯᠡᠪᠡ᠃ 
       | ᠲᠡᠮᠦᠵᠢᠨ ᠴᠢ ᠰᠣᠨᠣᠰ᠃ ᠣᠳᠣ ᠮᠡᠩᠯᠢᠭ ᠦ᠋ᠨ ᠬᠥᠪᠡᠭᠦᠨ ᠬᠥᠭᠡᠴᠦ ᠨᠢᠭᠡᠨᠲᠡ ᠦᠭᠡᠢ ᠪᠣᠯᠤᠭᠰᠠᠨ᠃ ᠬᠠᠷᠢᠨ ᠲᠡᠭᠦᠨ ᠦ᠌ ᠣᠷᠣᠨ ᠳ᠋ᠤ᠌ ᠪᠢ ᠳᠠᠪ ᠲᠡᠭᠷᠢ ᠪᠥᠬᠡ ᠴᠢᠮ᠎ᠠ ᠲᠠᠢ ᠠᠭᠤᠯᠵᠠᠬᠤ ᠪᠠᠷ ᠢᠷᠡᠯ᠎ᠡ᠃ ᠴᠢ ᠡᠭᠦᠨ ᠡᠴᠡ ᠬᠣᠢᠰᠢ ᠨᠠᠮ᠎ᠠ ᠶ᠋ᠢ ᠳᠠᠪ ᠲᠡᠭᠷᠢ ᠪᠥᠬᠡ ᠭᠡᠵᠦ ᠨᠡᠷᠡᠯᠡᠭᠲᠦᠨ᠃ ᠲᠡᠭᠷᠢ ᠨᠠᠮ᠎ᠠ ᠶ᠋ᠢ ᠡᠯᠴᠢ ᠪᠡᠨ ᠪᠣᠯᠭᠠᠨ ᠲᠡᠮᠦᠵᠢᠨ ᠴᠢᠮ᠎ᠠ ᠳ᠋ᠤ᠌ ᠲᠤᠰᠠᠯᠠᠭᠤᠯᠬᠤ ᠪᠠᠷ ᠢᠯᠡᠭᠡᠯ᠎ᠡ᠃ ᠲᠡᠮᠦᠵᠢᠨ ᠴᠢᠮ᠎ᠠ ᠳ᠋ᠤ᠌ ᠪᠢ ᠲᠡᠭᠷᠢ ᠶ᠋ᠢᠨ ᠵᠠᠷᠯᠢᠭ ᠢ᠋ ᠤᠯᠠᠮᠵᠢᠯᠠᠨ ᠳᠣᠭᠣᠯᠭᠠᠵᠤ ᠪᠠᠢᠬᠤ ᠪᠣᠯᠤᠨ᠎ᠠ ᠭᠡᠵᠦ ᠬᠥᠭᠡᠴᠦ ᠣᠮᠣᠭ ᠪᠠᠷᠳᠠᠮ ᠬᠡᠯᠡᠵᠡᠢ᠃ ᠲᠡᠭᠦᠨ ᠦ᠌ ᠡᠨᠡ ᠦᠭᠡ ᠬᠥᠭᠡᠴᠦ ᠶ᠋ᠢᠨ ᠣᠭᠲᠣ ᠬᠤᠪᠢᠷᠠᠵᠤ ᠥᠭᠡᠷᠡᠴᠢᠯᠡᠭᠳᠡᠭᠡ ᠦᠭᠡᠢ ᠶ᠋ᠢ ᠪᠠᠲᠤᠯᠠᠨ᠎ᠠ᠃ ᠲᠡᠮᠦᠵᠢᠨ ᠲᠡᠭᠦᠨ ᠦ᠌ ᠡᠨᠡ ᠦᠭᠡᠨ ᠳ᠋ᠦ᠍ ᠴᠣᠴᠢᠵᠤ ᠭᠠᠢᠬᠠᠭᠰᠠᠨ ᠦᠭᠡᠢ᠃ ᠬᠥᠭᠡᠴᠦ ᠶ᠋ᠢ ᠬᠡᠦᠬᠡᠳ ᠪᠠᠢᠬᠤ ᠳ᠋ᠤ᠌ ᠪᠠᠨ ᠰᠢᠲᠦᠳᠡᠭ᠂ ᠢᠲᠡᠭᠡᠳᠡᠭ ᠪᠠᠢᠭᠰᠠᠨ ᠪᠣᠯᠪᠠᠴᠤ ᠣᠯᠠᠨ ᠵᠢᠯ ᠠᠭᠤᠯᠵᠠᠭ᠎ᠠ ᠦᠭᠡᠢ ᠤᠳᠠᠭᠰᠠᠨ ᠲᠤᠯᠠ ᠲᠡᠭᠦᠨ ᠢ᠋ ᠪᠥᠬᠡ ᠪᠣᠯᠤᠭᠰᠠᠨ ᠭᠡᠬᠦ ᠳ᠋ᠦ᠍ ᠨᠢᠭᠡ ᠯᠡ ᠦᠨᠡᠮᠰᠢᠬᠦ ᠦᠭᠡᠢ ᠠᠵᠢ᠃ ᠭᠡᠪᠡᠴᠦ ᠪᠥᠬᠡ ᠭᠡᠵᠦ ᠶᠠᠮᠠᠷ ᠢᠳᠡ ᠰᠢᠳᠢᠲᠡᠢ᠂ ᠨᠡᠷ᠎ᠡ ᠨᠥᠯᠥᠭᠡ ᠲᠡᠢ ᠬᠥᠮᠦᠨ ᠪᠠᠢᠳᠠᠭ ᠢ᠋ ᠲᠡᠮᠦᠵᠢᠨ ᠰᠠᠢᠨ ᠮᠡᠳᠡᠬᠦ ᠲᠤᠯᠠ ᠢᠯᠡᠭᠦᠦ ᠰᠤᠯᠠ ᠦᠭᠡ ᠬᠡᠯᠡᠭᠰᠡᠨ ᠦᠭᠡᠢ᠃ 
       | ᠨᠠᠭᠠᠳᠤᠬᠢ ᠴᠢᠨᠢ ᠬᠡᠨ ᠪᠣᠢ? ᠭᠡᠵᠦ ᠲᠡᠪᠴᠢᠶᠡᠷᠢ ᠨᠢ ᠪᠠᠷᠠᠭᠳᠠᠨ ᠬᠠᠰᠠᠷ ᠤ᠋ᠨ ᠬᠠᠰᠬᠢᠷᠬᠤ ᠰᠣᠨᠣᠰᠳᠠᠪᠠ᠃ 
       | ᠬᠠᠰᠠᠷ᠂ ᠪᠡᠯᠭᠦᠳᠡᠢ᠂ ᠵᠡᠯᠮ᠎ᠡ ᠭᠤᠷᠪᠠ ᠶ᠋ᠢ ᠪᠢ ᠲᠠᠨᠢᠵᠤ ᠪᠠᠢᠨ᠎ᠠ᠃ ᠬᠠᠷᠢᠨ ᠬᠠᠵᠠᠭᠤᠳᠠᠬᠢ ᠨᠢ ᠬᠡᠨ ᠪᠣᠢ? ᠭᠡᠵᠦ ᠬᠥᠭᠡᠴᠦ ᠬᠠᠷᠠᠩᠭᠤᠢ ᠳ᠋ᠤ᠌ ᠨᠡᠪᠲᠡ ᠬᠠᠷᠠᠨ ᠠᠰᠠᠭᠤᠪᠠ᠃ 
       | ᠲᠡᠷᠡ ᠮᠢᠨᠦ ᠨᠥᠬᠥᠷ ᠪᠣᠭᠣᠷᠴᠤ ᠭᠡᠳᠡᠭ᠃ 
       | ᠲᠡᠮᠦᠵᠢᠨ ᠴᠢᠮ᠎ᠠ ᠳ᠋ᠤ᠌ ᠡᠨᠡ ᠪᠤᠭᠤᠷᠴᠢ ᠶ᠋ᠢ ᠲᠡᠭᠷᠢ ᠡᠴᠡ ᠢᠯᠡᠭᠡᠵᠡᠢ᠃ ᠴᠢ ᠰᠠᠢᠨ ᠨᠥᠬᠥᠷ ᠲᠡᠢ ᠪᠣᠯᠵᠠᠢ ᠭᠡᠵᠦ ᠬᠥᠭᠡᠴᠦ ᠶ᠋ᠢ ᠬᠡᠯᠡᠬᠦ ᠳ᠋ᠦ᠍ 
       | ᠴᠢ ᠮᠠᠨ ᠤ᠋ ᠳ᠋ᠤ᠌ ᠣᠴᠢ᠃ ᠳᠡᠭᠦᠦ ᠨᠠᠷ ᠬᠦᠯᠢᠶᠡᠵᠦ ᠪᠠᠢᠨ᠎ᠠ᠃ ᠡᠵᠢ ᠴᠦ᠍ ᠪᠠᠶᠠᠷᠯᠠᠨ᠎ᠠ᠃ ᠮᠠᠨ ᠤ᠋ ᠬᠢ ᠡᠨᠳᠡ ᠡᠴᠡ ᠬᠣᠯᠠ ᠦᠭᠡᠢ ᠪᠣᠢ᠃ ᠪᠢ ᠴᠢᠮ᠎ᠠ ᠶ᠋ᠢ ᠢᠷᠡᠭᠰᠡᠨ ᠢ᠋ ᠮᠡᠳᠡᠭᠡ ᠦᠭᠡᠢ ᠪᠣᠯᠬᠣᠷ ᠰᠥᠨᠢ ᠪᠣᠯᠭᠠᠵᠤ ᠢᠷᠡᠯ᠎ᠡ ᠭᠡᠵᠦ ᠲᠡᠮᠦᠵᠢᠨ ᠲᠠᠯ᠎ᠠ ᠠᠯᠳᠠᠬᠤ ᠦᠭᠡᠢ ᠨᠠᠢᠷᠰᠠᠭ ᠢ᠋ᠶ᠋ᠠᠷ ᠥᠭᠦᠯᠡᠪᠡ᠃ ᠬᠥᠭᠡᠴᠦ ᠢᠩᠭᠢᠵᠦ ᠭᠡᠨᠡᠳᠲᠡ ᠢᠷᠡᠭᠰᠡᠨ ᠳ᠋ᠦ᠍ ᠲᠡᠷᠡ ᠦᠨᠡᠬᠡᠷ ᠪᠠᠶᠠᠷᠲᠠᠢ ᠪᠣᠯᠤᠭᠰᠠᠨ ᠳ᠋ᠤ᠌ ᠪᠠᠨ ᠲᠡᠮᠦᠵᠢᠨ ᠶᠡᠬᠡᠳᠡ ᠭᠠᠢᠬᠠᠪᠠ᠃ ᠲᠡᠭᠦᠨ ᠦ᠌ ᠰᠡᠳᠬᠢᠯ ᠳ᠋ᠦ᠍ ᠴᠣᠬᠣᠮ ᠶᠠᠮᠠᠷ ᠥᠭᠡᠷᠡᠴᠢᠯᠡᠯᠲᠡ ᠭᠠᠷᠤᠭᠰᠠᠨ ᠢ ᠳᠠᠭᠠᠭᠠᠭᠰᠠᠨ ᠦᠭᠡᠢ᠃ ᠲᠡᠮᠦᠵᠢᠨ ᠬᠣᠷᠣᠮ ᠤ᠋ᠨ ᠳᠣᠲᠣᠷ᠎ᠠ ᠬᠥᠭᠡᠷᠴᠦ ᠳᠣᠭᠳᠣᠯᠤᠭᠠᠳ ᠵᠢᠷᠦᠬᠡ ᠨᠢ ᠤᠴᠢᠷ ᠦᠭᠡᠢ ᠳᠡᠯᠡᠰᠴᠡᠢ᠃ ᠲᠡᠷᠡ ᠳ᠋ᠠᠢ ᠰᠡᠴᠡᠨ ᠦ᠌ ᠳ᠋ᠦ᠍ ᠣᠴᠢᠭᠠᠳ ᠣᠯᠠᠨ ᠵᠢᠯ ᠠᠭᠤᠯᠵᠠᠭ᠎ᠠ ᠦᠭᠡᠢ ᠪᠥᠷᠲᠡ ᠶ᠋ᠢ ᠬᠠᠷᠠᠭᠠᠳ ᠶᠠᠭ ᠢᠩᠭᠢᠵᠦ ᠴᠡᠴᠡᠷᠡᠨ ᠳᠣᠭᠳᠣᠯᠤᠭᠰᠠᠨ ᠪᠢᠯᠡ᠃ 
       | ᠪᠢ ᠳᠠᠷᠤᠢ ᠭᠡᠳᠡᠷᠭᠦ ᠪᠤᠴᠠᠬᠤ ᠶᠣᠰᠣᠲᠠᠢ᠃ ᠪᠢ ᠤᠷᠢᠳᠤ ᠲᠡᠮᠦᠵᠢᠨ ᠴᠢᠮᠠᠲᠤ ᠠᠮᠠᠯᠠᠭᠰᠠᠨ ᠶᠣᠰᠣᠭᠠᠷ ᠴᠢᠮᠠᠶ᠋ᠢ ᠪᠣᠷᠵᠢᠭᠢᠨ ᠠᠢᠮᠠᠭ ᠤ᠋ᠨ ᠬᠠᠨ ᠪᠣᠯᠬᠤ ᠪᠠᠷ ᠢᠷᠡᠨ᠎ᠡ ᠭᠡᠵᠦ ᠬᠥᠭᠡᠴᠦ ᠡᠷᠡᠰ ᠲᠠᠲᠠᠭᠠᠯᠵᠠᠭᠰᠠᠨ ᠦᠭᠡᠢ ᠨᠢ ᠲᠡᠮᠦᠵᠢᠨ ᠢ᠋ ᠭᠠᠢᠬᠠᠰᠢᠷᠠᠭᠤᠯᠪᠠ᠃ ᠬᠥᠭᠡᠴᠦ ᠶ᠋ᠢ ᠲᠡᠭᠦᠨ ᠦ᠌ ᠳᠡᠷᠭᠡᠳᠡ ᠦᠯᠡᠳᠡᠬᠦ ᠦᠭᠡᠢ ᠶ᠋ᠢ ᠮᠡᠳᠡᠭᠡᠳ ᠲᠡᠮᠦᠵᠢᠨ ᠦ᠌ ᠰᠡᠳᠬᠢᠯ ᠲᠡᠰᠬᠦ ᠶ᠋ᠢᠨ ᠠᠷᠭ᠎ᠠ ᠦᠭᠡᠢ ᠬᠠᠷᠠᠮᠰᠠᠨ ᠰᠢᠨᠠᠯᠵᠤ ᠥᠪᠡᠷ ᠦ᠋ᠨ ᠮᠠᠲᠠᠯ ᠦᠭᠡᠢ᠃
       | ᠪᠢ ᠪᠥᠷᠲᠡ ᠶ᠋ᠢ ᠪᠡᠨ ᠮᠡᠷᠭᠢᠳ ᠲᠦ᠍ ᠪᠤᠯᠢᠶᠠᠯᠭᠠᠭᠠᠳ ᠵᠣᠪᠠᠵᠤ ᠪᠠᠢᠨ᠎ᠠ ᠭᠡᠵᠦ ᠲᠤᠰᠠᠯᠠᠮᠵᠢ᠂ ᠠᠪᠤᠷᠠᠯ ᠭᠤᠶᠤᠬᠤ ᠮᠡᠲᠦ ᠳᠠᠭᠤ ᠠᠯᠳᠠᠵᠠᠢ᠃ ᠬᠡᠦᠬᠡᠳ ᠨᠠᠰᠤᠨ ᠳ᠋ᠤᠨᠢ ᠪᠠᠢᠭᠰᠠᠨ ᠬᠠᠭᠤᠴᠢᠨ ᠢᠲᠡᠭᠡᠯ ᠪᠢᠰᠢᠷᠡᠯ ᠡᠷᠭᠢᠨ ᠰᠡᠷᠭᠦᠭᠰᠡᠨ ᠨᠢ ᠡᠨᠡ ᠠᠵᠢ᠃ ᠬᠥᠭᠡᠴᠦ ᠶ᠋ᠢᠨ ᠬᠡᠯᠡᠭᠰᠡᠨ ᠵᠦᠢᠯ ᠪᠦᠭᠦᠳᠡ ᠦᠨᠡᠨ ᠪᠣᠯᠵᠤ ᠲᠡᠮᠦᠵᠢᠨ ᠪᠡᠭᠲᠡᠷ ᠢ᠋ ᠠᠯᠠᠵᠤ ᠪᠠᠰᠠ ᠲᠠᠢᠴᠢᠭᠤᠳ ᠲᠤ᠌ ᠪᠠᠷᠢᠭᠳᠠᠭᠰᠠᠨ ᠪᠢᠯᠡ᠃ ᠬᠠᠷᠢᠨ ᠪᠣᠷᠵᠢᠭᠢᠨ ᠠᠢᠮᠠᠭ ᠤ᠋ᠨ ᠬᠠᠨ ᠪᠣᠯᠬᠤ ᠡᠰᠡᠬᠦ ᠨᠢ ᠡᠷᠡᠭᠡᠯᠵᠡᠭᠡ ᠲᠡᠢ᠃ 
       | ᠲᠡᠮᠦᠵᠢᠨ᠂ ᠴᠢ ᠪᠤᠤ ᠰᠠᠨᠠᠭ᠎ᠠ ᠵᠣᠪᠠ᠃ ᠴᠢ ᠨᠢᠭᠡᠨᠲᠡ ᠲᠩᠷᠢ ᠳ᠋ᠦ᠍ ᠢᠪᠡᠭᠡᠭᠳᠡᠭᠰᠡᠨ ᠲᠤᠯᠠ ᠴᠢ ᠤᠳᠠᠬᠤ ᠦᠭᠡᠢ ᠪᠥᠷᠲᠡ ᠶ᠋ᠢ ᠪᠡᠨ ᠪᠤᠴᠠᠭᠠᠨ ᠠᠪᠤᠨ᠎ᠠ᠃ ᠬᠠᠷᠢᠨ ᠬᠡᠷᠬᠢᠨ ᠪᠦᠲᠦᠭᠡᠬᠦ ᠶ᠋ᠢ ᠴᠢ ᠮᠡᠳᠡᠬᠦ ᠪᠢᠵᠡ᠃ ᠲᠡᠮᠦᠵᠢᠨ ᠳᠠᠬᠢᠨ ᠦᠭᠡ ᠬᠡᠯᠡᠵᠦ ᠠᠮᠵᠢᠭᠰᠠᠨ ᠦᠭᠡᠢ᠃ ᠨᠢᠳᠦ ᠢᠷᠮᠡᠬᠦ ᠵᠠᠭᠤᠷ᠎ᠠ ᠳ᠋ᠤ᠌ ᠲᠡᠭᠦᠨ ᠣ ᠡᠮᠦᠨ᠎ᠡ ᠬᠥᠭᠡᠴᠦ ᠠᠯᠠᠭ᠎ᠠ ᠪᠣᠯᠪᠠ᠃ ᠪᠠᠰᠠ ᠮᠤᠬᠤᠯᠠᠭ ᠲᠡᠷᠭᠡ᠂ ᠢᠳᠡᠰᠢᠯᠡᠬᠦ ᠮᠣᠷᠢᠳ ᠴᠤ᠌ ᠨᠢᠳᠦ ᠢᠷᠮᠡᠬᠦ ᠶ᠋ᠢᠨ ᠵᠠᠭᠤᠷ᠎ᠠ ᠵᠡᠷᠭᠡᠯᠭᠡ ᠠᠳᠠᠯᠢ ᠠᠯᠠᠭ᠎ᠠ ᠪᠣᠯᠵᠠᠢ᠃ ᠭᠠᠭᠴᠠ ᠬᠦ᠌ ᠬᠥᠭᠡᠴᠦ ᠶ᠋ᠢᠨ ᠰᠡᠭᠦᠯᠴᠢ ᠶ᠋ᠢᠨ ᠦᠭᠡ ᠴᠢᠬᠢᠨ ᠳ᠋ᠦ᠍ᠨᠢ ᠬᠠᠩᠭᠢᠨᠠᠭᠰᠠᠭᠠᠷ ᠪᠠᠢᠪᠠ᠃ ᠨᠢᠭᠤᠭᠳᠠᠨ ᠰᠠᠭᠤᠭᠰᠠᠨ ᠨᠥᠬᠥᠳ ᠨᠢ ᠪᠦᠭᠦᠳᠡ ᠬᠠᠰᠬᠢᠷᠤᠯᠳᠤᠨ ᠭᠦᠶᠦᠯᠳᠦᠵᠦ ᠢᠷᠡᠭᠡᠳ ᠬᠣᠭᠣᠰᠣᠨ ᠪᠣᠯᠤᠭᠰᠠᠨ ᠭᠠᠵᠠᠷ ᠢ᠋ ᠲᠡᠮᠲᠡᠷᠢᠵᠦ᠂ ᠮᠥᠯᠬᠥᠵᠦ᠂ ᠳᠡᠪᠰᠡᠯᠡᠵᠦ᠂ ᠮᠠᠭᠠᠵᠢᠵᠤ ᠦᠵᠡᠵᠡᠭᠡᠪᠡ᠃ ᠲᠡᠳᠡ ᠬᠠᠷᠠᠭᠰᠠᠭᠠᠷ ᠪᠠᠢᠭᠠᠳ ᠬᠠᠷᠠᠩᠭᠤᠢ ᠲᠩᠷᠢ ᠶ᠋ᠢᠨ ᠳᠣᠣᠷ᠎ᠠ ᠬᠣᠭᠣᠰᠣᠨ ᠭᠠᠵᠠᠷ ᠲᠤ᠌ ᠬᠣᠴᠣᠷᠴᠠᠢ᠃ ᠬᠡᠨ ᠨᠢᠭᠡᠨ ᠡᠢᠮᠦ ᠶᠠᠭᠤᠮ᠎ᠠ ᠬᠡᠯᠡᠭᠰᠡᠨ ᠪᠣᠯ ᠬᠡᠵᠢᠶ᠎ᠡ ᠴᠦ᠍ ᠦᠨᠡᠮᠰᠢᠬᠦ ᠦᠭᠡᠢ ᠪᠠᠢᠯ᠎ᠠ᠃ ᠭᠡᠲᠡᠯ᠎ᠡ ᠮᠤᠬᠤᠯᠠᠭ ᠲᠡᠷᠭᠡ᠂ ᠠᠭᠲᠠ ᠮᠣᠷᠢᠳ᠂ ᠤᠲᠤᠭ᠎ᠠ ᠭᠡᠳ ᠬᠠᠷᠠᠭᠳᠠᠵᠤ᠂ ᠦᠨᠦᠷᠲᠦᠵᠦ ᠪᠠᠢᠭᠰᠠᠨ ᠵᠦᠢᠯᠡᠰ ᠪᠦᠭᠦᠳᠡ ᠳᠠᠪ ᠲᠩᠷᠢ ᠶ᠋ᠢᠨ ᠬᠦᠴᠦ ᠪᠠᠢᠵᠠᠢ᠃ ᠶᠠᠭ ᠦᠨᠡᠨ ᠬᠡᠷᠡᠭ ᠲᠡᠭᠡᠨ ᠳᠠᠪ ᠲᠩᠷᠢ ᠶ᠋ᠢᠨ ᠮᠤᠬᠤᠯᠠᠭ ᠲᠡᠷᠭᠡ ᠡᠨᠳᠡ ᠡᠴᠡ ᠬᠠᠭᠠᠰ ᠥᠷᠲᠡᠭᠡ ᠭᠠᠵᠠᠷ ᠵᠣᠭᠰᠣᠵᠤ ᠪᠠᠰᠠ ᠮᠣᠷᠢᠳ ᠨᠢ ᠢᠳᠡᠰᠢᠯᠡᠵᠦ ᠪᠠᠢᠪᠠ᠃ ᠡᠳᠦᠷ ᠵᠠᠯᠮ᠎ᠠ ᠶ᠋ᠢᠨ ᠳᠠᠩᠨᠠᠭᠠᠳ ᠪᠤᠴᠠᠭᠰᠠᠨ ᠢ᠋ ᠬᠠᠷᠠᠭᠰᠠᠨ ᠳᠠᠪ ᠲᠩᠷᠢ ᠥᠪᠡᠷᠰᠡᠳ ᠦ᠋ᠨ ᠬᠡᠢ ᠳᠦᠷᠢ ᠶ᠋ᠢ ᠲᠡᠳᠡᠨ ᠳ᠋ᠦ᠍ ᠦᠯᠡᠳᠡᠭᠡᠭᠡᠳ ᠵᠠᠢᠯᠠᠵᠤ ᠶᠠᠪᠤᠭᠰᠠᠨ ᠪᠢᠯᠡ᠃ ᠰᠠᠶᠢ ᠶ᠋ᠢᠨ ᠳᠦᠷᠰᠦ ᠨᠦ᠍ᠭᠦᠳ ᠳᠠᠪ ᠲᠩᠷᠢ ᠶ᠋ᠢᠨ ᠳᠦᠷᠢ ᠲᠡᠢ ᠬᠠᠮᠲᠤ ᠠᠯᠠᠭ᠎ᠠ ᠪᠣᠯᠤᠭᠰᠠᠨ ᠨᠢ ᠡᠨᠡ ᠪᠠᠢᠪᠠ᠃ ᠬᠠᠷᠢᠨ ᠲᠡᠮᠦᠵᠢᠨ ᠬᠦᠵᠦᠭᠦᠨ ᠳ᠋ᠡᠬᠢ ᠰᠠᠬᠢᠭᠤᠰᠤ ᠨᠢ ᠬᠠᠯᠠᠭᠤ ᠣᠷᠭᠢᠭᠤᠯᠤᠭᠰᠠᠭᠠᠷ ᠪᠠᠢᠭᠰᠠᠨ ᠴᠤ᠌ ᠨᠥᠬᠥᠳ ᠲᠡᠭᠡᠨ ᠦᠵᠡᠭᠦᠯᠵᠦ᠂ ᠳᠤᠷᠠᠳᠤᠭᠰᠠᠨ ᠦᠭᠡᠢ ᠪᠢᠯᠡ᠃ ᠲᠦᠳᠡᠭ ᠭᠠᠯ ᠤ᠋ᠨ ᠣᠷᠣᠮ᠂ ᠰᠢᠨᠡᠬᠡᠨ ᠬᠣᠮᠣᠯ ᠢ᠋ ᠬᠠᠷᠠᠵᠤ ᠲᠡᠳᠡ ᠲᠣᠪ ᠳᠤᠭᠤᠢ ᠵᠣᠭᠰᠣᠪᠠ᠃ ᠲᠡᠳᠡ ᠡᠨᠡ ᠬᠡᠢ ᠦᠵᠡᠭᠳᠡᠯ ᠦ᠋ᠨ ᠤᠴᠢᠷ ᠢ᠋ ᠣᠯᠤᠭᠰᠠᠨ ᠦᠭᠡᠢ ᠴᠦ᠍ ᠲᠡᠮᠦᠵᠢᠨ ᠢ᠋ ᠶᠠᠭᠤ ᠬᠡᠯᠡᠬᠦ ᠶ᠋ᠢ ᠬᠦᠯᠢᠶᠡᠵᠦ ᠪᠠᠢᠪᠠ᠃  
       | ᠡᠨᠡ ᠶᠠᠭᠤᠨ ᠬᠥᠮᠦᠨ ᠪᠣᠢ? ᠶᠠᠭᠠᠬᠢᠬᠤ ᠠᠷᠭ᠎ᠠ ᠦᠭᠡᠢ ᠲᠠᠨ ᠢ᠋ ᠳᠠᠭᠤᠳᠠᠵᠤ ᠠᠭᠤᠯᠵᠠᠭᠰᠠᠨ ᠪᠢᠵᠡ ᠳᠡ? ᠭᠡᠵᠦ ᠭᠠᠵᠠᠷ ᠠ᠋ᠴᠠ ᠥᠪᠡᠷ ᠦ᠋ᠨ ᠬᠠᠷᠪᠤᠭᠰᠠᠨ ᠰᠤᠮᠤ ᠶ᠋ᠢ ᠡᠷᠢᠵᠦ ᠣᠯᠤᠭᠠᠳ ᠬᠠᠰᠠᠷ ᠬᠠᠰᠬᠢᠷᠪᠠ᠃ ᠲᠡᠭᠦᠨ ᠦ᠌ ᠲᠡᠪᠴᠢᠶᠡᠷᠢ ᠪᠠᠷᠠᠭᠳᠠᠵᠠᠢ᠃ ᠶᠠᠭᠤ ᠭᠡᠵᠦ ᠬᠡᠯᠡᠬᠦ ᠪᠡᠨ ᠲᠡᠮᠦᠵᠢᠨ ᠪᠣᠳᠣᠭᠰᠠᠭᠠᠷ ᠪᠠᠢᠭᠰᠠᠨ ᠪᠢᠯᠡ᠃ ᠪᠦᠭᠦᠳᠡ ᠳᠠᠭᠤ ᠦᠭᠡᠢ ᠪᠣᠯᠵᠤ ᠲᠡᠭᠦᠨ ᠦ᠌ ᠦᠭᠡ ᠶ᠋ᠢ ᠬᠦᠯᠢᠶᠡᠵᠡᠭᠡᠪᠡ᠃ ᠲᠡᠮᠦᠵᠢᠨ ᠦ᠌ ᠶᠠᠭᠤ ᠭᠡᠵᠦ ᠬᠡᠯᠡᠬᠦ ᠡᠴᠡ ᠴᠠᠭᠠᠰᠢᠳᠠ ᠶ᠋ᠢᠨ ᠬᠡᠷᠡᠭ ᠬᠠᠮᠢᠶᠠᠷᠬᠤ ᠪᠣᠯᠵᠠᠢ᠃ 
       | ᠲᠡᠷᠡ ᠲᠩᠷᠢ ᠶ᠋ᠢᠨ ᠡᠯᠴᠢ ᠶᠦᠮ᠃ ᠲᠡᠮᠦᠵᠢᠨ ᠦ᠌ ᠡᠨᠡ ᠦᠭᠡᠨ ᠳ᠋ᠦ᠍ ᠬᠡᠨ ᠴᠦ᠍ ᠬᠠᠷᠢᠭᠤ ᠬᠡᠯᠡᠭᠰᠡᠨ ᠦᠭᠡᠢ᠃ ᠲᠦᠷᠦᠭᠦᠬᠡᠨ ᠦᠶ᠎ᠡ ᠳ᠋ᠡᠭᠡᠨ ᠴᠣᠬᠣᠮ ᠶᠠᠭᠤᠨ ᠤ᠋ ᠤᠴᠢᠷ ᠢᠩᠭᠢᠵᠦ ᠬᠡᠯᠡᠭᠰᠡᠨ ᠢ᠋ᠶ᠋ᠡᠨ ᠲᠡᠮᠦᠵᠢᠨ ᠴᠦ᠍ ᠥᠪᠡᠷ ᠢ᠋ᠶ᠋ᠡᠨ ᠮᠡᠳᠡᠭᠰᠡᠨ ᠦᠭᠡᠢ᠃ 
       | ᠶᠠᠭᠤ ᠭᠡᠵᠦ ᠬᠡᠯᠡᠪᠡ? ᠲᠡᠷᠡ ᠲᠩᠷᠢ ᠶ᠋ᠢᠨ ᠡᠯᠴᠢ ᠭᠡᠵᠦ ᠪᠤᠭᠤᠷᠴᠢ ᠬᠠᠴᠢᠨ ᠨᠠᠮ ᠭᠦᠮ ᠢ᠋ ᠡᠪᠳᠡᠨ ᠪᠣᠯᠭᠣᠮᠵᠢᠲᠠᠢ ᠠᠰᠠᠭᠤᠪᠠ ᠃ 
       | ᠪᠢ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠵᠡᠢ᠃ ᠬᠠᠷᠢᠨ ᠡᠨᠡ ᠦᠭᠡ ᠶ᠋ᠢ ᠲᠡᠮᠦᠵᠢᠨ ᠰᠠᠨᠠᠭᠠᠲᠠᠢ ᠬᠡᠯᠡᠪᠡ᠃ 
       | ᠡᠨᠡ ᠴᠢᠨᠢ ᠶᠠᠭᠤ ᠭᠡᠰᠡᠨ ᠦᠭᠡ ᠪᠣᠢ ᠭᠡᠰᠡᠨ ᠠᠰᠠᠭᠤᠯᠲᠠ ᠲᠡᠷᠡ ᠳᠠᠷᠤᠢ ᠨᠡᠬᠡᠭᠳᠡᠨ ᠭᠠᠷᠪᠠ᠃ 
       | ᠪᠢ ᠴᠦ᠍ ᠪᠠᠰᠠ ᠰᠠᠢᠨ ᠤᠬᠠᠭᠰᠠᠨ ᠦᠭᠡᠢ᠂ ᠲᠩᠷᠢ ᠶ᠋ᠢᠨ ᠡᠯᠴᠢ ᠢᠩᠭᠢᠵᠦ ᠬᠡᠯᠡᠪᠡ ᠭᠡᠵᠦ ᠲᠡᠮᠦᠵᠢᠨ ᠴᠢᠩ ᠦᠨᠡᠨ ᠢ᠋ᠶ᠋ᠡᠷ ᠥᠴᠢᠵᠡᠢ᠃ ᠦᠨᠡᠨ ᠳ᠋ᠡᠭᠡᠨ ᠪᠦᠬᠦ ᠤᠴᠢᠷ ᠢ᠋ ᠲᠡᠮᠦᠵᠢᠨ ᠲᠣᠪ ᠲᠣᠳᠣᠷᠬᠠᠢ ᠣᠢᠯᠠᠭᠠᠬᠤ ᠦᠭᠡᠢ ᠪᠠᠢᠯ᠎ᠠ᠃ ᠭᠡᠪᠡᠴᠦ ᠴᠡᠭᠡᠵᠢᠨ ᠳ᠋ᠦ᠍ᠨᠢ ᠬᠠᠯᠠᠭᠤᠨ ᠣᠷᠭᠢᠭᠤᠯᠤᠨ ᠪᠠᠢᠬᠤ ᠰᠠᠬᠢᠭᠤᠰᠤ ᠯᠠ ᠰᠠᠶᠢ ᠶ᠋ᠢᠨ ᠶᠠᠪᠤᠳᠠᠯ ᠪᠣᠯᠵᠤ ᠥᠩᠭᠡᠷᠡᠭᠰᠡᠨ ᠢ᠋ ᠦᠨᠡᠨ ᠭᠡᠳᠡᠭ ᠢ᠋ ᠭᠡᠷᠡᠴᠢᠯᠡᠨ᠎ᠡ ᠃ ᠭᠠᠯ ᠮᠡᠲᠦ ᠬᠠᠯᠠᠭᠤ ᠳᠦᠦᠭᠡᠭᠦᠯᠬᠦ ᠰᠠᠬᠢᠭᠤᠰᠤ ᠪᠠᠨ ᠭᠠᠷᠭᠠᠭᠠᠳ ᠦᠵᠡᠭᠦᠯᠴᠢᠬᠡᠮᠡᠷ ᠬᠦᠰᠡᠯ ᠳᠠᠰᠤᠯ ᠦᠭᠡᠢ ᠪᠡᠷᠬᠡ ᠪᠡᠷ ᠣᠷᠭᠢᠯᠤᠭᠰᠠᠨ ᠴᠤ᠌ ᠲᠡᠮᠦᠵᠢᠨ ᠠᠰᠤᠷᠤ ᠶᠡᠬᠡ ᠲᠡᠪᠴᠢᠶᠡᠷᠢ ᠭᠠᠷᠭᠠᠨ ᠥᠪᠡᠷ ᠢ᠋ ᠪᠡᠨ ᠵᠠᠬᠢᠷᠴᠤ ᠴᠢᠳᠠᠯ᠎ᠠ᠃ ᠬᠡᠳᠦᠢ ᠪᠡᠷ ᠬᠥᠭᠡᠴᠦ ᠬᠥᠮᠦᠨ ᠳ᠋ᠦ᠍ ᠬᠡᠯᠡᠵᠦ ᠪᠣᠯᠬᠤ ᠦᠭᠡᠢ ᠭᠡᠵᠦ ᠬᠡᠯᠡᠭᠡ ᠦᠭᠡᠢ ᠴᠦ᠍ ᠡᠨᠡ ᠨᠢᠭᠤᠴᠠ ᠶ᠋ᠢ ᠭᠠᠭᠴᠠ ᠥᠪᠡᠷᠲᠡᠭᠡᠨ ᠬᠠᠳᠠᠭᠠᠯᠠᠬᠤ ᠪᠠᠷ ᠰᠢᠢᠳᠴᠡᠢ᠃ 
       | ᠪᠤᠴᠠᠵᠠᠭᠠᠶ᠎ᠠ ᠭᠡᠰᠡᠨ ᠲᠡᠮᠦᠵᠢᠨ ᠦ᠌ ᠦᠭᠡ ᠶ᠋ᠢ ᠪᠦᠭᠦᠳᠡ ᠳᠠᠭᠠᠪᠠ᠃ ᠲᠡᠳᠡ ᠮᠣᠷᠳᠠᠨ ᠭᠡᠷ ᠦ᠋ᠨ ᠵᠦᠭ ᠶᠠᠪᠤᠵᠠᠭᠠᠪᠠ᠃ ᠨᠢᠭᠡ ᠪᠣᠳᠣᠬᠤ ᠳ᠋ᠤ᠌ ᠵᠡᠭᠦᠳᠦ ᠶᠦᠮ ᠰᠢᠭ᠂ ᠭᠡᠲᠡᠯ᠎ᠡ ᠰᠠᠶᠢ ᠶ᠋ᠢᠨ ᠦᠵᠡᠭᠰᠡᠨ ᠡᠴᠡ ᠪᠣᠯᠵᠤ ᠪᠥᠭᠡᠮ ᠮᠠᠷᠭᠤᠭᠠᠨ ᠳᠡᠭᠳᠡᠭᠡᠵᠦ ᠶᠠᠪᠤᠭ᠎ᠠ ᠨᠥᠬᠥᠳ ᠢ᠋ ᠪᠡᠨ ᠬᠠᠷᠠᠬᠤ ᠳ᠋ᠤ᠌ ᠵᠡᠭᠦᠳᠦᠯᠡᠭᠡ ᠦᠭᠡᠢ ᠰᠡᠷᠢᠭᠦᠨ ᠪᠠᠢᠭ᠎ᠠ ᠶ᠋ᠢ ᠡᠷᠬᠡ ᠦᠭᠡᠢ ᠢᠲᠡᠭᠡᠭᠦᠯᠦᠨ᠎ᠡ᠃ ᠬᠣᠯᠠ ᠳ᠋ᠤ᠌ ᠴᠢᠨᠣ᠎ᠠ ᠣᠯᠢᠬᠤ ᠰᠣᠨᠣᠰᠤᠭᠳᠠᠨ᠎ᠠ᠃ ᠲᠡᠭᠦᠨ ᠢ᠋ ᠠᠩᠬᠠᠷᠴᠤ ᠰᠣᠨᠣᠰᠬᠤ ᠬᠥᠮᠦᠨ ᠪᠠᠢᠭᠰᠠᠨ ᠦᠭᠡᠢ᠃ ᠡᠨᠡ ᠪᠣᠯ ᠬᠥᠭᠡᠴᠦ ᠣᠯᠢᠵᠤ ᠪᠠᠢᠭ᠎ᠠ ᠳ᠋ᠤ᠌ ᠲᠡᠮᠦᠵᠢᠨ ᠢᠲᠡᠭᠡᠵᠦ ᠪᠠᠢᠪᠠ᠃  ᠬᠠᠷᠢᠨ ᠬᠥᠭᠡᠴᠦ ᠬᠡᠯᠡᠭᠰᠡᠨ ᠦᠭᠡᠨ ᠳ᠋ᠡᠭᠡᠨ ᠬᠦᠷᠴᠦ ᠲᠡᠮᠦᠵᠢᠨ ᠢ᠋ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠭᠳᠡᠭᠰᠡᠨ ᠦ᠌ ᠬᠣᠢᠲᠤ ᠵᠢᠯ ᠵᠠᠮᠤᠬ᠎ᠠ ᠠ᠋ᠴᠠ ᠬᠠᠭᠠᠴᠠᠨ ᠡᠴᠢᠭᠡ᠂ ᠠᠬ᠎ᠠ ᠳᠡᠭᠦᠦ ᠨᠠᠷ ᠤ᠋ᠨ ᠬᠠᠮᠲᠤ ᠲᠡᠭᠦᠨ ᠳ᠋ᠦ᠍ ᠢᠷᠡᠵᠦ ᠨᠡᠢᠯᠡᠭᠰᠡᠨ ᠪᠢᠯᠡ᠃ ᠵᠠᠮᠤᠬ᠎ᠠ ᠠ᠋ᠴᠠ ᠰᠠᠯᠬᠤ ᠨᠢ ᠮᠡᠩᠯᠢᠭ ᠪᠣᠯᠤᠭᠠᠳ ᠳᠠᠪ ᠲᠩᠷᠢ ᠳ᠋ᠦ᠍ ᠲᠡᠢᠮᠦ ᠴᠦ᠍ ᠠᠮᠠᠷ ᠬᠡᠷᠡᠭ ᠪᠠᠢᠭᠰᠠᠨ ᠦᠭᠡᠢ᠃ ᠥᠪᠡᠷ ᠢ᠋ ᠨᠢ ᠳᠠᠭᠠᠵᠤ ᠪᠠᠢᠭᠰᠠᠨ ᠣᠯᠠᠨ ᠣᠪᠣᠭ ᠠᠢᠮᠠᠭ ᠤ᠋ᠨ ᠢᠷᠭᠡᠳ ᠬᠤᠯᠠᠭᠠᠢ ᠪᠠᠷ ᠨᠡᠭᠦᠨ ᠲᠡᠮᠦᠵᠢᠨ ᠦ᠌ ᠳᠡᠷᠭᠡᠳᠡ ᠣᠴᠢᠭᠰᠠᠭᠠᠷ ᠪᠠᠢᠭᠰᠠᠨ ᠳ᠋ᠤ᠌ ᠵᠠᠮᠤᠬ᠎ᠠ ᠠᠭᠤᠷᠰᠠᠨ ᠬᠢᠯᠢᠩᠨᠡᠭᠡᠳ ᠲᠡᠷᠡ ᠲᠡᠢ ᠲᠡᠷᠡ ᠦᠭᠡᠢ ᠳᠡᠯᠪᠡᠷᠡᠬᠦ ᠭᠡᠵᠦ ᠪᠠᠢᠯ᠎ᠠ᠃ ᠭᠡᠲᠡᠯ᠎ᠡ ᠣᠯᠠᠨ ᠤ᠋ ᠳᠤᠮᠳᠠ ᠠᠯᠳᠠᠷᠰᠢᠭᠰᠠᠨ ᠪᠥᠬᠡ ᠳᠠᠪ ᠲᠡᠭᠷᠢ᠂ ᠲᠡᠮᠦᠵᠢᠨ ᠢ᠋ ᠳᠠᠭᠠᠬᠤ ᠪᠠᠷ ᠶᠠᠪᠤᠭᠰᠠᠨ ᠢ᠋ ᠰᠣᠨᠣᠰᠤᠭᠠᠳ ᠲᠡᠪᠴᠢᠵᠦ ᠪᠠᠢᠵᠤ ᠴᠢᠳᠠᠭᠰᠠᠨ ᠦᠭᠡᠢ ᠴᠡᠷᠢᠭ ᠢ᠋ᠶ᠋ᠡᠨ ᠬᠥᠳᠡᠯᠭᠡᠪᠡ᠃ ᠳᠠᠪ ᠲᠩᠷᠢ᠂ ᠵᠠᠮᠤᠬ᠎ᠠ ᠶ᠋ᠢᠨ ᠴᠣᠬᠣᠮ ᠢᠩᠭᠢᠬᠦ ᠶ᠋ᠢ ᠮᠡᠷᠭᠡᠯᠡᠵᠦ ᠮᠡᠳᠡᠭᠡᠳ ᠲᠣᠭᠰᠢᠨ ᠰᠠᠬᠢᠭᠤᠰᠤᠨ ᠤ᠋ ᠪᠠᠨ ᠬᠦᠴᠦ ᠪᠡᠷ ᠲᠡᠭᠦᠨ ᠢ᠋ ᠵᠣᠭᠰᠣᠭᠠᠬᠤ ᠶ᠋ᠢ ᠣᠷᠣᠯᠳᠣᠵᠠᠢ᠃ ᠵᠠᠮᠤᠬ᠎ᠠ ᠶ᠋ᠢᠨ ᠴᠡᠷᠢᠭ ᠦ᠋ᠨ ᠵᠠᠮ ᠳ᠋ᠤ᠌ ᠲᠠᠭᠠᠷᠠᠭᠰᠠᠨ ᠬᠠᠭᠤᠷᠠᠢ ᠰᠠᠢᠷ ᠭᠡᠨᠡᠳᠲᠡ ᠦᠶᠡᠷ ᠦ᠋ᠨ ᠣᠪᠣᠯᠵᠠᠭᠰᠠᠨ ᠤᠰᠤ ᠪᠠᠷ ᠳᠦᠭᠦᠷᠴᠦ ᠦᠯᠢᠶᠡᠭᠰᠡᠨ ᠲᠤᠯᠤᠮ ᠬᠡᠷᠡᠭᠯᠡᠭᠡᠳ ᠴᠦ᠍ ᠭᠠᠲᠤᠯᠬᠤ ᠠᠷᠭ᠎ᠠ ᠦᠭᠡᠢ ᠪᠣᠯᠤᠭᠰᠠᠨ ᠪᠠᠢᠪᠠ᠃ ᠤᠭ ᠨᠢ ᠡᠨᠡ ᠰᠠᠢᠷ ᠢ᠋ᠶ᠋ᠠᠷ ᠤᠰᠤ ᠤᠷᠤᠰᠬᠤ ᠶ᠋ᠢ ᠦᠵᠡᠭᠰᠡᠨ ᠬᠥᠮᠦᠨ ᠦᠭᠡᠢ ᠪᠣᠯᠤᠭᠠᠳ ᠤᠳᠠᠭᠰᠠᠨ ᠠᠵᠢ᠃ ᠵᠠᠮᠤᠬ᠎ᠠ ᠶ᠋ᠢᠨ ᠳᠡᠷᠭᠡᠳᠡ ᠳᠠᠭᠠᠵᠤ ᠶᠠᠪᠤᠭᠰᠠᠨ ᠪᠤᠬ᠎ᠠ ᠬᠠᠲᠢᠷ ᠪᠥᠬᠡ ᠮᠡᠷᠭᠡᠯᠡᠵᠦ ᠦᠵᠡᠭᠡᠳ ᠡᠨᠡ ᠨᠢ ᠲᠩᠷᠢ ᠶ᠋ᠢᠨ ᠮᠠᠭᠤ ᠦᠢᠯᠡ ᠶ᠋ᠢᠨ ᠳᠣᠬᠢᠶ᠎ᠠ ᠲᠡᠮᠳᠡᠭ ᠪᠣᠯᠬᠤ ᠶ᠋ᠢ ᠬᠡᠯᠡᠭᠰᠡᠨ ᠨᠢ ᠵᠠᠮᠤᠬ᠎ᠠ ᠶ᠋ᠢ ᠡᠷᠬᠡᠪᠰᠢ ᠬᠣᠢᠨ᠎ᠠ ᠤᠷᠳᠤᠬᠢ ᠶᠠᠪᠤᠳᠠᠯ ᠢ᠋ᠶ᠋ᠠᠨ ᠰᠡᠬᠡᠭᠡᠷᠡᠵᠦ ᠠᠭᠤᠷ ᠣᠮᠣᠭ ᠢ᠋ᠶ᠋ᠠᠨ ᠲᠠᠲᠠᠬᠤ ᠳ᠋ᠤ᠌ ᠬᠦᠷᠭᠡᠪᠡ᠃ ᠳᠠᠪ ᠲᠩᠷᠢ ᠶ᠋ᠢ ᠦᠯᠦ ᠲᠣᠭᠣᠮᠰᠠᠷᠯᠠᠵᠤ ᠪᠣᠯᠬᠤ ᠦᠭᠡᠢ ᠶ᠋ᠢ ᠪᠤᠬ᠎ᠠ ᠬᠠᠲᠢᠷ ᠪᠥᠬᠡ ᠰᠠᠢᠲᠤᠷ ᠤᠬᠠᠭᠤᠯᠤᠭᠰᠠᠨ ᠳ᠋ᠤ᠌ ᠵᠠᠮᠤᠬ᠎ᠠ ᠴᠡᠷᠢᠭ ᠢ᠋ᠶ᠋ᠡᠨ ᠲᠡᠳᠡᠨ ᠪᠤᠴᠠᠭᠰᠠᠨ ᠨᠢ ᠳᠠᠪ ᠲᠩᠷᠢ ᠲᠡᠮᠦᠵᠢᠨ ᠳ᠋ᠦ᠍ ᠲᠤᠰᠠᠯᠠᠭᠰᠠᠨ ᠬᠡᠷᠡᠭ ᠪᠣᠯᠪᠠ᠃ ᠬᠡᠷᠪᠡ ᠵᠠᠮᠤᠬ᠎ᠠ᠂ ᠪᠤᠬ᠎ᠠ ᠬᠠᠲᠢᠷ ᠪᠥᠬᠡ ᠶ᠋ᠢᠨ ᠦᠭᠡ ᠶ᠋ᠢ ᠲᠤᠭᠤᠯ ᠦᠭᠡᠢ ᠮᠡᠩᠯᠢᠭ ᠪᠣᠯᠤᠭᠠᠳ ᠳᠠᠪ ᠲᠩᠷᠢ ᠶ᠋ᠢ ᠳᠣᠪᠲᠣᠯᠤᠭᠰᠠᠨ ᠪᠣᠯ ᠡᠨᠡ ᠳᠣᠯᠣᠭᠠᠨ ᠳ᠋ᠤ᠌ ᠲᠡᠮᠦᠵᠢᠨ ᠬᠦᠰᠡᠭᠰᠡᠨ ᠬᠦᠰᠡᠭᠡ ᠦᠭᠡᠢ ᠲᠠᠲᠠᠭᠳᠠᠨ ᠣᠷᠣᠵᠤ ᠳᠥᠩᠭᠡᠵᠢ ᠨᠢᠭᠡᠳᠦᠭᠡᠳ ᠪᠠᠢᠭᠰᠠᠨ ᠬᠢᠶᠠᠳ ᠪᠣᠷᠵᠢᠭᠢᠨ ᠠᠢᠮᠠᠭ ᠲᠤ᠌ ᠮᠥᠬᠥᠯ ᠳᠠᠬᠢᠨ ᠨᠢᠭᠤᠷᠯᠠᠬᠤ ᠪᠠᠢᠪᠠ᠃ ᠶᠢᠰᠦᠭᠡᠢ ᠶ᠋ᠢᠨ ᠪᠣᠭᠣᠯ ᠮᠡᠩᠯᠢᠭ ᠦ᠋ᠨ ᠬᠥᠪᠡᠭᠦᠨ ᠬᠥᠭᠡᠴᠦ ᠶ᠋ᠢ ᠦᠯᠦ ᠲᠣᠭᠣᠮᠰᠠᠷᠯᠠᠵᠤ ᠥᠪᠡᠷ ᠡᠴᠡ ᠪᠡᠨ ᠬᠣᠯᠠᠳᠠᠭᠤᠯᠤᠨ ᠲᠡᠮᠦᠵᠢᠨ ᠳ᠋ᠦ᠍ ᠠᠯᠳᠠᠭᠰᠠᠨ ᠳ᠋ᠠᠭᠠᠨ ᠵᠠᠮᠤᠬ᠎ᠠ ᠠᠩᠬ᠎ᠠ ᠤᠳᠠᠭ᠎ᠠ ᠶᠡᠬᠡᠳᠡ ᠬᠠᠷᠠᠮᠰᠠᠵᠠᠢ᠃ ᠵᠠᠮᠤᠬ᠎ᠠ᠂ ᠳᠠᠪ ᠲᠩᠷᠢ ᠶ᠋ᠢᠨ ᠢᠳᠢ ᠰᠢᠳᠢ ᠡᠴᠡ ᠣᠭᠲᠣᠬᠠᠨ ᠴᠦ᠍ ᠠᠶᠤᠭ᠎ᠠ ᠦᠭᠡᠢ ᠪᠥᠭᠡᠳ ᠬᠠᠷᠢᠨ ᠲᠡᠮᠦᠵᠢᠨ ᠦ᠌ ᠨᠡᠷ᠎ᠡ ᠰᠦᠷ ᠦᠰᠦᠨ ᠨᠡᠮᠡᠭᠳᠡᠵᠦ ᠪᠠᠢᠭ᠎ᠠ ᠳ᠋ᠤ᠌ ᠪᠤᠬᠢᠨᠢᠳᠤᠵᠤ ᠶᠠᠪᠤᠵᠠᠢ᠃ ᠭᠡᠪᠡᠴᠦ ᠵᠠᠮᠤᠬ᠎ᠠ ᠶ᠋ᠢᠨ ᠪᠠᠷᠳᠠᠮᠨᠠᠬᠤ ᠡᠪᠡᠳᠴᠢᠨ ᠳᠠᠪ ᠲᠩᠷᠢ ᠥᠪᠡᠷ ᠲᠦ᠋ᠨᠢ ᠶᠠᠭᠠᠬᠢᠵᠤ ᠬᠣᠣᠷ ᠤᠴᠠᠷᠠᠭᠤᠯᠬᠤ ᠶ᠋ᠢ ᠲᠠᠭᠠᠮᠠᠭᠯᠠᠨ ᠰᠡᠵᠢᠭᠯᠡᠬᠦ ᠳ᠋ᠦ᠍ ᠰᠠᠭᠠᠳ ᠪᠣᠯᠵᠤ ᠪᠠᠢᠪᠠ᠃ ᠲᠡᠷᠡ ᠶ᠋ᠢ ᠪᠦᠦ ᠬᠡᠯᠡ ᠬᠠᠷ᠎ᠠ ᠬᠠᠲᠠᠭᠠᠨ ᠡᠴᠢᠭᠡ ᠨᠢ ᠵᠡᠭᠦᠳᠦᠨ ᠳ᠋ᠦ᠍ᠨᠢ ᠣᠷᠣᠵᠤ ᠲᠩᠷᠢ ᠳ᠋ᠦ᠍ ᠬᠠᠯᠢᠭᠠᠳ ᠤᠳᠠᠭᠰᠠᠨ ᠠᠭᠠᠵᠤᠷ ᠪᠥᠬᠡ ᠶ᠋ᠢᠨ ᠲᠣᠭᠰᠢᠨ ᠰᠠᠬᠢᠭᠤᠰᠤ ᠶ᠋ᠢ ᠨᠡᠬᠡᠵᠦ ᠭᠡᠷ ᠡᠴᠡ ᠨᠢ ᠭᠠᠷᠬᠤ ᠦᠭᠡᠢ ᠰᠠᠭᠤᠭᠰᠠᠭᠠᠷ ᠪᠠᠢᠭᠰᠠᠨ ᠢ᠋ ᠵᠠᠮᠤᠬ᠎ᠠ ᠶᠡᠬᠡ ᠶᠠᠭᠤᠮᠠᠨ ᠳ᠋ᠤ᠌ ᠪᠣᠳᠣᠵᠤ ᠲᠣᠭᠣᠭᠰᠠᠨ ᠦᠭᠡᠢ᠃ ᠲᠡᠷᠡ ᠡᠨᠡ ᠵᠡᠭᠦᠳᠦᠨ ᠦ᠌ ᠪᠡᠨ ᠲᠤᠬᠠᠢ ᠶᠠᠳᠠᠵᠤ ᠪᠤᠬ᠎ᠠ ᠬᠠᠲᠢᠷ ᠪᠥᠬᠡ ᠳ᠋ᠦ᠍ ᠬᠡᠯᠡᠭᠰᠡᠨ ᠪᠣᠯ ᠤᠳᠠᠬᠤ ᠦᠭᠡᠢ ᠤᠴᠠᠷᠠᠬᠤ ᠠᠶᠤᠯ ᠠ᠋ᠴᠠ ᠰᠡᠷᠭᠡᠢᠯᠡᠵᠦ ᠪᠣᠯᠬᠤ ᠪᠠᠢᠵᠠᠢ᠃ ᠭᠡᠪᠡᠴᠦ ᠡᠨᠡ ᠬᠡᠷᠡᠭ ᠦ᠋ᠨ ᠤᠴᠢᠷ ᠢ᠋ ᠬᠡᠨ ᠴᠦ᠍ ᠮᠡᠳᠡᠬᠦ ᠶᠣᠰᠣ ᠦᠭᠡᠢ ᠪᠠᠢᠭᠰᠠᠨ ᠪᠣᠯᠤᠯᠲᠠᠢ᠃   
       ᠳᠠᠪ ᠲᠩᠷᠢ ᠶ᠋ᠢ ᠳᠠᠭᠠᠵᠤ ᠣᠯᠠᠨ ᠠᠢᠮᠠᠭ᠂ ᠣᠪᠣᠭ ᠤ᠋ᠨ ᠢᠷᠭᠡᠳ ᠬᠠᠷᠢᠶᠠᠲᠤ ᠨᠠᠷ ᠲᠡᠮᠦᠵᠢᠨ ᠳ᠋ᠦ᠍ ᠢᠷᠡᠭᠰᠡᠨ ᠳ᠋ᠦ᠍ ᠲᠡᠮᠦᠵᠢᠨ᠂ ᠪᠠᠰᠠ ᠥᠭᠡᠯᠦᠨ ᠡᠬᠡ ᠨᠢ ᠲᠤᠢᠯ ᠦᠭᠡᠢ ᠪᠡᠶᠡᠰᠴᠦ ᠤᠨᠤᠨ ᠤ᠋ ᠰᠢᠭᠤᠢ ᠳ᠋ᠤ᠌ ᠶᠡᠬᠡ ᠨᠠᠢᠷ ᠬᠢᠪᠡ᠃ ᠦᠨᠡᠬᠡᠷ ᠮᠡᠩᠯᠢᠭ ᠦ᠋ᠨ ᠪᠤᠴᠠᠵᠤ ᠢᠷᠡᠭᠰᠡᠨ ᠨᠢ ᠥᠭᠡᠯᠦᠨ ᠡᠬᠡ ᠳ᠋ᠦ᠍ ᠪᠠᠶᠠᠷᠯᠠᠯᠲᠠᠢ ᠬᠡᠷᠡᠭ ᠶᠦᠮ᠃ ᠮᠡᠩᠯᠢᠭ ᠪᠣᠯ ᠶᠢᠰᠦᠭᠡᠢ ᠡᠴᠢᠭᠡ ᠨᠢ ᠠᠮᠢᠰᠬᠤᠯ ᠬᠤᠷᠢᠶᠠᠬᠤ ᠶ᠋ᠢᠨ ᠡᠮᠦᠨ᠎ᠡ ᠰᠡᠭᠦᠯᠴᠢ ᠶ᠋ᠢᠨ ᠭᠡᠷᠢᠶᠡᠰ ᠢ᠋ᠶ᠋ᠡᠨ ᠢᠲᠡᠭᠡᠵᠦ ᠬᠡᠯᠡᠭᠰᠡᠨ᠂ ᠥᠭᠡᠯᠦᠨ ᠡᠬᠡ ᠨᠢ ᠰᠡᠳᠬᠢᠯ ᠡᠴᠡ ᠪᠡᠨ ᠳᠣᠲᠤᠨᠤᠰᠤᠳᠠᠭ ᠬᠥᠮᠦᠨ ᠭᠡᠳᠡᠭ ᠢ᠋ ᠲᠡᠮᠦᠵᠢᠨ ᠰᠠᠢᠨ ᠣᠢᠯᠠᠭᠠᠨ᠎ᠠ᠃ ᠪᠠᠰᠠ ᠬᠥᠪᠡᠭᠦᠨ ᠬᠥᠭᠡᠴᠦ ᠨᠢ ᠠᠯᠳᠠᠷ ᠨᠡᠷ᠎ᠡ ᠪᠡᠨ ᠴᠤᠤᠷᠢᠶᠠᠲᠤᠭᠤᠯᠤᠭᠰᠠᠨ ᠨᠡᠷᠡᠲᠡᠢ ᠪᠥᠬᠡ ᠪᠣᠯᠤᠭᠰᠠᠨ ᠨᠢ ᠬᠣᠩᠬᠣᠲᠠᠨ ᠣᠪᠣᠭ ᠤ᠋ᠨ ᠮᠡᠩᠯᠢᠭ ᠦ᠋ᠨ ᠭᠡᠷ ᠪᠦᠯᠢ ᠲᠡᠮᠦᠵᠢᠨ ᠦ᠌ ᠳᠡᠷᠭᠡᠳᠡ ᠰᠢᠳᠠᠷᠯᠠᠨ ᠰᠠᠭᠤᠬᠤ ᠪᠠᠲᠤ ᠦᠨᠳᠦᠰᠦ ᠪᠣᠯᠪᠠ᠃ ᠶᠡᠬᠡ ᠮᠣᠩᠭᠣᠯ ᠤᠯᠤᠰ ᠢ᠋ᠶ᠋ᠠᠨ ᠪᠠᠢᠭᠤᠯᠤᠨ ᠲᠤᠩᠬᠠᠭᠯᠠᠵᠤ ᠢᠲᠡᠭᠡᠯᠲᠦ ᠨᠥᠬᠥᠳ ᠢ᠋ᠶ᠋ᠡᠨ ᠰᠠᠢᠰᠢᠶᠠᠵᠤ ᠤᠷᠮᠠᠰᠢᠭᠤᠯᠬᠤ ᠦᠶ᠎ᠡ ᠳ᠋ᠡᠭᠡᠨ ᠬᠠᠮᠤᠭ ᠤ᠋ᠨ ᠡᠬᠢᠨ ᠳ᠋ᠦ᠍ ᠮᠡᠩᠯᠢᠭ ᠢ᠋《ᠡᠴᠢᠭᠡ》 ᠭᠡᠵᠦ ᠣᠯᠠᠨ ᠤ᠋ ᠡᠮᠦᠨ᠎ᠡ ᠬᠦᠨᠳᠦᠳᠬᠡᠨ ᠳᠠᠭᠤᠳᠠᠵᠤ ᠠᠩᠬᠠᠳᠤᠭᠠᠷ ᠮᠢᠩᠭᠠᠨ ᠤ᠋ ᠨᠣᠶᠠᠨ ᠢ᠋ᠶ᠋ᠠᠷ ᠡᠷᠭᠦᠮᠵᠢᠯᠡᠭᠰᠡᠨ ᠨᠢ ᠲᠡᠳᠡᠨ ᠦ᠌ ᠤᠳᠤᠮ ᠢ᠋ ᠴᠠᠷᠠᠬ᠎ᠡ ᠡᠪᠦᠭᠡᠨ᠂ ᠮᠡᠩᠯᠢᠭ ᠡᠴᠢᠭᠡ᠂ ᠳᠠᠪ ᠲᠩᠷᠢ ᠭᠡᠳ ᠭᠤᠷᠪᠠᠨ ᠦᠶ᠎ᠡ ᠪᠡᠷ ᠢ᠋ᠶ᠋ᠡᠨ ᠶᠢᠰᠦᠭᠡᠢ ᠶ᠋ᠢᠨ ᠤᠳᠤᠮ ᠳ᠋ᠤ᠌ ᠵᠢᠳᠬᠦᠭᠰᠡᠨ ᠢ᠋ ᠨᠢ ᠦᠨᠡᠯᠡᠭᠰᠡᠨ ᠶᠠᠪᠤᠳᠠᠯ ᠪᠠᠢᠯ᠎ᠠ᠃ ᠪᠠᠰᠠ ᠥᠭᠡᠯᠦᠨ ᠡᠬᠡ ᠶ᠋ᠢᠨ ᠢ᠋ᠶ᠋ᠡᠨ ᠰᠡᠳᠬᠢᠯ ᠢ᠋ ᠪᠣᠳᠣᠭᠰᠠᠨ ᠪᠢᠯᠡ᠃ ᠲᠡᠮᠦᠵᠢᠨ ᠢᠩᠭᠢᠵᠦ ᠰᠢᠢᠳᠦᠭᠰᠡᠨ ᠳ᠋ᠦ᠍ ᠥᠭᠡᠯᠦᠨ ᠲᠤᠢᠯ ᠤ᠋ᠨ ᠪᠠᠶᠠᠷᠲᠠᠢ ᠪᠣᠯᠵᠤ᠂ ᠬᠡᠦᠬᠡᠳ ᠦ᠋ᠨ ᠢ᠋ᠶ᠋ᠡᠨ ᠠᠭᠤᠵᠢᠮ ᠤᠬᠠᠭᠠᠨ ᠳ᠋ᠤ᠌ ᠪᠠᠬᠠᠷᠠᠬᠵᠠᠢ᠃ ᠳᠠᠪ ᠲᠩᠷᠢ ᠶ᠋ᠢᠨ ᠢᠷᠡᠭᠰᠡᠨ ᠡᠳᠦᠷ ᠡᠴᠡ ᠬᠣᠢᠰᠢ ᠤᠳᠠᠯ ᠦᠭᠡᠢ ᠲᠡᠮᠦᠵᠢᠨ ᠲᠡᠭᠦᠨ ᠢ᠋ ᠣᠨᠴᠠᠭᠠᠢᠯᠠᠨ ᠦᠵᠡᠵᠦ ᠭᠠᠵᠠᠷ ᠨᠤᠲᠤᠭ ᠵᠢᠭᠠᠵᠤ ᠰᠠᠭᠤᠯᠭᠠᠭᠠᠳ᠂ ᠠᠯᠢᠪᠠ ᠲᠠᠲᠠᠪᠤᠷᠢ ᠲᠥᠯᠥᠭᠡᠰᠦ ᠡᠴᠡ ᠡᠭᠦᠷᠢᠳᠡ ᠴᠢᠯᠥᠭᠡᠯᠡᠵᠦ᠂ ᠳᠠᠷᠬᠠᠯᠠᠨ ᠬᠦᠨᠳᠦᠯᠡᠯ ᠦᠵᠡᠭᠦᠯᠪᠡ᠃ ᠮᠥᠨ ᠲᠡᠭᠦᠨ ᠳ᠋ᠦ᠍ ᠰᠠᠢᠨ ᠳᠤᠷ᠎ᠠ ᠪᠠᠷ ᠳᠠᠭᠠᠵᠤ ᠢᠷᠡᠭᠰᠡᠨ ᠢᠷᠭᠡᠳ ᠢ᠋ ᠵᠠᠬᠢᠷᠤᠨ ᠰᠠᠭᠤᠬᠤ ᠣᠨᠴᠠᠭᠠᠢ ᠡᠷᠬᠡ ᠣᠯᠭᠤᠵᠠᠢ᠃ ᠲᠡᠭᠦᠨ ᠢ᠋ ᠢᠩᠭᠢᠵᠦ  ᠥᠭᠭᠢᠶᠡᠮᠦᠷ ᠰᠡᠳᠬᠢᠯ ᠢ᠋ᠶ᠋ᠡᠷ ᠱᠠᠩᠨᠠᠭᠰᠠᠨ ᠨᠢ ᠳᠠᠪ ᠲᠡᠭᠷᠢ ᠶ᠋ᠢᠨ ᠦᠵᠡᠭᠦᠯᠦᠭᠰᠡᠨ ᠲᠤᠰᠠ ᠶ᠋ᠢ  ᠲᠡᠮᠦᠵᠢᠨ ᠰᠢᠳᠤᠷᠭᠤ ᠪᠠᠷ ᠦᠨᠡᠯᠡᠵᠦ ᠦᠵᠡᠭᠰᠡᠨ ᠬᠡᠷᠡᠭ ᠪᠠᠢᠪᠠ᠃  
       ᠪᠠᠰᠠ ᠬᠥᠭᠡᠴᠦ ᠶ᠋ᠢᠨ ᠨᠢᠭᠤᠴᠠ ᠪᠠᠷ ᠢᠯᠡᠷᠬᠡᠢᠯᠡᠭᠰᠡᠨ ᠬᠠᠴᠢᠷᠬᠠᠯᠲᠠᠢ ᠬᠦᠰᠡᠯ ᠢ᠋ ᠴᠦ᠍ ᠪᠡᠶᠡᠯᠡᠭᠦᠯᠬᠦ ᠪᠡᠨ ᠠᠮᠠᠯᠠᠵᠠᠢ᠃ ᠬᠥᠭᠡᠴᠦ ᠪᠠᠭ᠎ᠠ ᠨᠠᠰᠤᠨ ᠠ᠋ᠴᠠ ᠥᠬᠢᠳ ᠡᠮᠡᠰ ᠲᠦ᠍ ᠭᠣᠯᠣᠭᠳᠠᠨ ᠠᠳᠠ ᠦᠵᠡᠭᠳᠡᠵᠦ ᠪᠠᠢᠭᠰᠠᠨ ᠠ᠋ᠴᠠ ᠡᠭᠦᠳᠦᠨ ᠨᠢᠭᠡᠨ ᠡᠪ ᠦᠭᠡᠢ ᠮᠥᠷᠥᠭᠡᠳᠦᠯ  ᠳ᠋ᠦ᠍ ᠠᠪᠲᠠᠭᠰᠠᠨ ᠪᠠᠢᠪᠠ᠃ ᠡᠨᠡ ᠨᠢ ᠭᠠᠵᠠᠷ ᠭᠠᠵᠠᠷ ᠤ᠋ᠨ᠂ ᠶᠠᠩᠵᠤ ᠶᠠᠩᠵᠤ ᠶ᠋ᠢᠨ ᠣᠪᠣᠭ ᠠᠢᠮᠠᠭ ᠤ᠋ᠨ ᠡᠮᠡᠰ ᠢ᠋ ᠴᠤᠭᠯᠠᠭᠤᠯᠵᠤ ᠡᠬᠡᠨᠡᠷ ᠢ᠋ᠶ᠋ᠡᠨ ᠪᠣᠯᠭᠠᠨ ᠡᠳ᠋ᠯᠡᠬᠦ ᠶᠠᠪᠤᠳᠠᠯ ᠶᠤᠮ᠃ ᠭᠡᠪᠡᠴᠦ ᠬᠥᠭᠡᠴᠦ ᠶ᠋ᠢᠨ ᠡᠨᠡ ᠠᠳᠠ ᠶ᠋ᠢᠨ ᠬᠦᠰᠡᠯ ᠵᠥᠪᠬᠡᠨ ᠪᠠᠭ᠎ᠠ ᠨᠠᠰᠤᠨ ᠤ᠋ ᠭᠣᠮᠣᠳᠠᠯ ᠲᠠᠢ ᠨᠢ ᠬᠣᠯᠪᠣᠭ᠎ᠠ ᠲᠠᠢ ᠪᠢᠰᠢ ᠪᠠᠢᠭᠰᠠᠨ ᠢ᠋ ᠲᠡᠮᠦᠵᠢᠨ ᠣᠭᠲᠣ ᠭᠠᠳᠠᠷᠯᠠᠭᠰᠠᠨ ᠦᠭᠡᠢ᠃ ᠬᠥᠭᠡᠴᠦ ᠡᠷ᠎ᠡ ᠶ᠋ᠢᠨ ᠴᠡᠭᠡᠯ  ᠳ᠋ᠦ᠍ ᠬᠦᠷᠴᠦ ᠡᠮ᠎ᠡ ᠪᠡᠶ᠎ᠡ ᠶ᠋ᠢᠨ ᠨᠢᠭᠤᠴᠠ ᠳ᠋ᠤ᠌ ᠨᠡᠪᠲᠡᠷᠡᠭᠰᠡᠨ ᠡᠴᠡ ᠬᠣᠢᠰᠢ ᠥᠪᠡᠷ ᠦ᠋ᠨ ᠬᠡᠮᠵᠢᠶ᠎ᠡ ᠬᠢᠵᠠᠭᠠᠷ ᠦᠭᠡᠢ ᠬᠤᠶᠠᠯᠢ ᠲᠠᠴᠢᠶᠠᠯ ᠲᠠᠢ ᠶ᠋ᠢ ᠣᠯᠵᠤ ᠮᠡᠳᠡᠵᠡᠢ᠃ ᠪᠥᠬᠡ ᠶ᠋ᠢᠨ ᠶᠡᠬᠡ ᠨᠡᠷ᠎ᠡ ᠰᠦᠷ ᠨᠢ ᠬᠦᠰᠡᠭᠰᠡᠨ᠂ ᠲᠠᠭᠠᠰᠢᠶᠠᠭᠳᠠᠭᠰᠠᠨ ᠡᠮᠡᠰ ᠢ᠋ᠶ᠋ᠡᠨ ᠡᠳ᠋ᠯᠡᠬᠦ ᠪᠣᠯᠤᠮᠵᠢ ᠣᠯᠭᠣᠳᠠᠭ ᠨᠢ ᠲᠡᠭᠦᠨ ᠦ᠌ ᠳᠠᠯᠳᠠ ᠬᠦᠰᠡᠯ ᠢ᠋ ᠭᠠᠭᠠᠷᠠᠭᠤᠯᠵᠠᠢ᠃ ᠳᠠᠪ ᠲᠡᠭᠷᠢ ᠪᠦᠬᠦ ᠠᠢᠮᠠᠭ ᠤᠯᠤᠰ ᠠ᠋ᠴᠠ ᠦᠵᠡᠰᠬᠦᠯᠡᠩᠲᠦ ᠡᠮᠡᠰ ᠢ᠋ ᠠᠪᠴᠢᠷᠠᠨ  ᠡᠳ᠋ᠯᠡᠵᠦ ᠥᠪᠡᠷ ᠦ᠋ᠨ ᠠᠳᠠᠯᠢ ᠣᠯᠠᠨ ᠣᠯᠠᠨ ᠳᠠᠪ ᠲᠩᠷᠢ ᠶ᠋ᠢ ᠲᠥᠷᠥᠭᠦᠯᠦᠨ᠎ᠡ ᠭᠡᠵᠦ ᠮᠥᠷᠥᠭᠡᠳᠳᠡᠭ ᠪᠣᠯᠵᠠᠢ᠃ ᠲᠡᠭᠦᠨ ᠦ᠌ ᠠᠩᠬᠠᠨ ᠤ᠋ ᠡᠮ᠎ᠡ ᠨᠢ ᠬᠣᠩᠬᠣᠳᠠᠨ ᠣᠪᠣᠭ ᠤ᠋ᠨ ᠵᠢᠷ ᠦ᠋ᠨ ᠪᠦᠰᠡᠭᠦᠢ ᠪᠠᠢᠪᠠ᠃ ᠭᠡᠪᠡᠴᠦ ᠲᠡᠷᠡ ᠪᠦᠰᠡᠭᠦᠢ ᠬᠥᠭᠡᠴᠦ ᠶ᠋ᠢᠨ ᠬᠡᠲᠦᠷᠬᠡᠢ ᠶᠡᠬᠡ ᠳᠤᠷ᠎ᠠ ᠲᠠᠴᠢᠶᠠᠯ ᠢ᠋ ᠬᠠᠩᠭᠠᠵᠤ ᠡᠰᠡ ᠴᠢᠳᠠᠭᠠᠳ ᠪᠡᠶ᠎ᠡ ᠰᠡᠳᠬᠢᠯ ᠦ᠋ᠨ ᠶᠡᠬᠡ ᠵᠣᠪᠠᠯᠠᠩ ᠳ᠋ᠤ᠌ ᠤᠨᠠᠵᠠᠢ᠃ ᠰᠥᠨᠢ ᠡᠳᠦᠷ ᠦᠭᠡᠢ᠂ ᠴᠠᠳᠴᠤ ᠬᠠᠩᠬᠤ ᠪᠠᠨ ᠮᠡᠳᠡᠬᠦ ᠦᠭᠡᠢ ᠬᠤᠷᠢᠴᠠᠬᠤ ᠨᠢ ᠡᠬᠢᠨ ᠦ᠌ ᠦᠶ᠎ᠡ ᠳ᠋ᠦ᠍ ᠲᠠᠭᠠᠰᠢᠶᠠᠯᠲᠠᠢ ᠪᠠᠢᠭᠰᠠᠨ ᠴᠤ᠌ ᠡᠴᠦᠰ ᠲᠦ᠋ᠨᠢ ᠡᠷ᠎ᠡ ᠨᠥᠬᠥᠷ ᠦ᠋ᠨ ᠢ᠋ᠶ᠋ᠡᠨ ᠡᠷᠡᠭᠦᠯ ᠪᠢᠰᠢ  ᠭᠠᠵᠢ ᠳᠣᠩᠲᠠᠢ ᠶ᠋ᠢ ᠮᠡᠳᠡᠭᠡᠳ ᠨᠢᠭᠡ ᠰᠥᠨᠢ ᠠᠮᠢ ᠪᠠᠨ ᠪᠣᠳᠣᠨ ᠵᠢᠭᠤᠲᠠᠵᠠᠢ᠃ ᠭᠡᠲᠡᠯ᠎ᠡ ᠳᠤᠷ᠎ᠠ ᠲᠠᠴᠢᠶᠠᠯ ᠳ᠋ᠠᠭᠠᠨ ᠰᠣᠯᠢᠶᠠᠷᠠᠭᠰᠠᠨ ᠬᠥᠭᠡᠴᠦ ᠬᠥᠭᠡᠷᠦᠬᠦᠢ ᠪᠦᠰᠡᠭᠦᠢ ᠶ᠋ᠢ ᠣᠷᠬᠢᠭᠰᠠᠨ ᠦᠭᠡᠢ᠃ ᠰᠣᠶᠣᠯᠠᠩ ᠠᠵᠢᠷᠭᠠᠨ ᠤ᠋ ᠬᠢ ᠮᠡᠲᠦ ᠰᠠᠯᠲᠠᠢ ᠤᠨᠵᠢᠭᠤᠯᠤᠭᠰᠠᠨ ᠬᠥᠭᠡᠴᠦ ᠨᠢᠴᠦᠭᠦᠨ ᠱᠠᠯᠳᠠᠩ ᠢ᠋ᠶ᠋ᠠᠷ ᠬᠥᠭᠡᠭᠡᠨ ᠢᠷᠡᠬᠦ  ᠳ᠋ᠦ᠍ ᠪᠦᠰᠡᠭᠦᠢ ᠡᠴᠦᠰ ᠦ᠋ᠨ ᠠᠷᠭ᠎ᠠ ᠪᠠᠨ ᠬᠡᠷᠡᠭᠯᠡᠨ ᠭᠣᠣᠯ ᠤ᠋ᠨ ᠭᠦᠨ ᠴᠦᠩᠬᠦᠯ  ᠳ᠋ᠦ᠍ ᠦᠰᠦᠷᠦᠨ ᠣᠷᠣᠵᠠᠢ᠃ ᠤᠴᠢᠷ ᠨᠢ ᠬᠥᠭᠡᠴᠦ ᠤᠰᠤᠨ ᠠ᠋ᠴᠠ ᠦᠬᠦᠲᠡᠯ᠎ᠡ ᠪᠡᠨ ᠠᠶᠤᠬᠤ ᠠᠵᠢ᠃ ᠪᠦᠰᠡᠭᠦᠢ ᠤᠰᠤᠨ ᠳ᠋ᠤ᠌  ᠵᠢᠪᠴᠦ ᠦᠬᠦᠭᠡᠳ ᠬᠠᠷᠢᠨ ᠬᠥᠭᠡᠴᠦ ᠶ᠋ᠢ ᠣᠷᠢᠯᠠᠵᠤ ᠬᠠᠰᠬᠢᠷᠴᠤ ᠢᠷᠡᠬᠦ ᠳ᠋ᠦ᠍ᠨᠢ ᠮᠡᠩᠯᠢᠭ ᠬᠡᠦᠬᠡᠳ ᠦ᠋ᠨ ᠢ᠋ᠶ᠋ᠡᠨ ᠬᠠᠮᠲᠤ ᠲᠡᠭᠦᠨ ᠢ᠋ ᠳᠠᠷᠤᠵᠤ ᠠᠷᠠᠢᠬᠠᠨ ᠲᠠᠢᠪᠤᠰᠢᠷᠠᠭᠤᠯᠤᠭᠰᠠᠨ ᠪᠢᠯᠡ᠃ ᠬᠥᠭᠡᠴᠦ ᠶ᠋ᠢ ᠶᠠᠮᠠᠷ ᠶᠡᠬᠡ ᠰᠢᠨᠠᠯᠤᠨ ᠵᠣᠪᠠᠵᠤ ᠪᠠᠢᠭ᠎ᠠ ᠶ᠋ᠢ ᠬᠠᠷᠠᠭᠰᠠᠨ ᠬᠥᠮᠦᠨ ᠨᠢᠳᠦ ᠬᠠᠯᠲᠤᠷᠢᠮᠠᠷ ᠪᠠᠢᠪᠠ᠃ ᠲᠡᠭᠡᠬᠦ ᠳ᠋ᠦ᠍ ᠬᠥᠭᠡᠴᠦ ᠰᠢᠷᠬᠠᠳᠤᠭᠰᠠᠨ ᠪᠠᠭᠠᠪᠠᠭᠠᠢ ᠰᠢᠭ᠋ ᠪᠠᠷᠬᠢᠷᠠᠭᠰᠠᠭᠠᠷ ᠦᠷ ᠴᠠᠢᠯᠭᠠᠭᠰᠠᠨ ᠪᠢᠯᠡ᠃ ᠬᠠᠮᠤᠭ ᠤ᠋ᠨ ᠰᠢᠯᠢᠳᠡᠭ ᠰᠣᠶᠣᠯᠠᠩ ᠠᠵᠢᠷᠭ᠎ᠠ ᠴᠤ᠌ ᠬᠥᠭᠡᠴᠦ ᠰᠢᠭ ᠡᠴᠡᠵᠦ ᠴᠤᠴᠠᠬᠤ ᠦᠭᠡᠢ ᠪᠠᠢᠵᠤ ᠴᠢᠳᠠᠬᠤ ᠦᠭᠡᠢ ᠪᠢᠯᠡ᠃ ᠲᠠᠴᠢᠶᠠᠯ ᠢ᠋ᠶ᠋ᠠᠨ ᠲᠠᠢᠯᠵᠤ᠂ ᠦᠷ᠎ᠡ ᠶ᠋ᠢᠨ ᠰᠣᠩ ᠢ᠋ᠶ᠋ᠠᠨ ᠭᠠᠳᠠᠭᠰᠢ ᠭᠠᠷᠭᠠᠬᠤ ᠦᠭᠡᠢ ᠪᠣᠯ  ᠬᠥᠭᠡᠴᠦ ᠶ᠋ᠢᠨ ᠪᠦᠬᠦ ᠪᠡᠶ᠎ᠡ ᠲᠡᠰᠦᠰᠢ ᠦᠭᠡᠢ ᠪᠡᠷᠬᠡ ᠪᠡᠷ ᠡᠪᠡᠳᠳᠡᠭ ᠪᠥᠭᠡᠳ ᠡᠢᠮᠦ ᠦᠶ᠎ᠡ ᠳ᠋ᠡᠭᠡᠨ ᠰᠢᠷᠬᠠᠲᠤᠭᠰᠠᠨ ᠠᠷᠢᠶᠠᠲᠠᠨ ᠰᠢᠭ᠋ ᠣᠷᠢᠯᠠᠵᠤ  ᠪᠠᠷᠬᠢᠷᠠᠵᠤ᠂ ᠪᠠᠷᠢᠭᠰᠠᠨ ᠬᠦᠷᠦᠭᠰᠡᠨ ᠢ᠋ᠶ᠋ᠡᠨ ᠬᠡᠮᠬᠡ ᠴᠣᠬᠢᠵᠤ᠂ ᠬᠥᠮᠦᠨ ᠬᠠᠷᠠᠵᠤ᠂ ᠣᠢᠷᠠᠲᠤᠬᠤ ᠶ᠋ᠢᠨ ᠠᠷᠭ᠎ᠠ ᠦᠭᠡᠢ ᠪᠣᠯᠤᠨ᠎ᠠ᠃
       ᠬᠥᠭᠡᠴᠦ ᠶ᠋ᠢᠨ ᠡᠨᠡ ᠠᠶᠤᠮᠰᠢᠭᠲᠤ ᠵᠣᠪᠠᠯᠠᠩ ᠢ᠋ ᠠᠬ᠎ᠠ ᠳᠡᠭᠦᠦ ᠨᠠᠷ ᠨᠢ ᠪᠣᠯᠤᠨ ᠪᠤᠰᠤᠳ ᠬᠥᠮᠦᠰ ᠲᠡᠭᠦᠨ ᠦ᠌ ᠪᠥᠬᠡ ᠶ᠋ᠢᠨ ᠣᠩᠭᠣᠳ᠂ ᠢᠳᠢ ᠰᠢᠳᠢᠲᠡᠢ ᠬᠣᠯᠪᠣᠨ ᠣᠢᠯᠠᠭᠠᠬᠤ ᠤᠴᠢᠷ ᠦᠯᠦ ᠣᠢᠰᠢᠶᠠᠨ᠎ᠠ᠃ ᠬᠠᠷᠢᠨ ᠭᠠᠭᠴᠠ ᠮᠡᠩᠯᠢᠭ ᠯᠡ ᠡᠴᠢᠭᠡ ᠬᠥᠮᠦᠨ ᠦ᠌ ᠶᠣᠰᠣ ᠪᠠᠷ ᠲᠥᠷᠥᠭᠰᠡᠨ ᠦᠷ᠎ᠡ ᠶ᠋ᠢᠨ ᠢ᠋ᠶ᠋ᠡᠨ ᠭᠠᠢ ᠵᠣᠪᠠᠯᠠᠩ ᠢ᠋ ᠲᠠᠭᠠᠮᠠᠭᠯᠠᠵᠠᠢ᠃ ᠳᠠᠷᠤᠤ᠂ ᠤᠷᠢᠨ ᠠᠭᠠᠰᠢ ᠵᠠᠩ ᠲᠠᠢ ᠲᠡᠷᠡ ᠪᠦᠰᠡᠭᠦᠢ ᠶ᠋ᠢᠨ ᠨᠣᠢᠷ ᠦᠭᠡᠢ ᠬᠣᠨᠣᠵᠤ ᠶᠠᠳᠠᠷᠠᠭᠰᠠᠨ ᠴᠢᠷᠠᠢ᠂ ᠡᠳᠦᠷ ᠰᠥᠨᠢ ᠶ᠋ᠢᠨ ᠴᠠᠭ ᠲᠤ᠌ ᠬᠥᠭᠡᠴᠦ ᠶ᠋ᠢᠨ ᠭᠡᠷ ᠡᠴᠡ ᠰᠣᠨᠣᠰᠳᠠᠬᠤ ᠡᠷ᠎ᠡ ᠡᠮ᠎ᠡ ᠬᠣᠶᠠᠷ ᠤ᠋ᠨ ᠲᠠᠴᠢᠶᠠᠯ ᠤ᠋ᠨ ᠳᠠᠭᠤ ᠠᠢᠯ ᠰᠠᠭᠠᠬᠠᠯᠲᠠ ᠬᠦᠷᠲᠡᠯ᠎ᠡ ᠲᠤᠭᠤᠯᠳᠠᠳᠠᠭ ᠪᠠᠢᠭᠰᠠᠨ ᠪᠣᠯᠬᠣᠷ ᠮᠡᠩᠯᠢᠭ ᠬᠥᠪᠡᠭᠡᠨ ᠦ᠌ ᠪᠡᠨ ᠠᠳᠤᠭᠤᠰᠤᠨ ᠳ᠋ᠤ᠌ ᠴᠤ᠌ ᠪᠠᠢᠮ᠎ᠠ ᠦᠭᠡᠢ ᠶᠡᠬᠡ ᠲᠠᠴᠢᠶᠠᠯ ᠲᠠᠢ ᠶ᠋ᠢ ᠲᠠᠭᠠᠮᠠᠭᠯᠠᠨ ᠮᠡᠳᠡᠵᠡᠢ᠃ ᠵᠢᠷ ᠦ᠋ᠨ ᠲᠡᠷᠡ ᠡᠮ᠎ᠡ ᠶᠠᠭᠠᠬᠢᠭᠠᠳ ᠬᠥᠭᠡᠴᠦ ᠬᠥᠪᠡᠭᠦᠨ ᠦ᠌ ᠬᠢᠨᠢ ᠳᠡᠷᠭᠡᠳᠡ ᠪᠠᠢᠵᠤ ᠲᠡᠰᠦᠭᠡ ᠦᠭᠡᠢ ᠶ᠋ᠢ ᠴᠦ᠍ ᠣᠢᠯᠠᠭᠠᠪᠠ᠃ ᠬᠥᠪᠡᠭᠦᠨ ᠢ᠋ᠶ᠋ᠡᠨ ᠠᠶᠤᠮᠰᠢᠭᠲᠠᠢ ᠪᠠᠷ ᠵᠣᠪᠠᠵᠤ ᠰᠢᠨᠠᠯᠬᠤ ᠶ᠋ᠢ ᠬᠠᠷᠠᠵᠤ ᠲᠡᠰᠬᠦ ᠦᠭᠡᠢ ᠪᠣᠯᠤᠭᠠᠳ ᠠᠷᠭ᠎ᠠ ᠪᠠᠨ ᠪᠠᠷᠠᠬᠤ ᠳ᠋ᠠᠭᠠᠨ ᠨᠢᠭᠡᠨ ᠰᠠᠨᠠᠭ᠎ᠠ ᠰᠡᠳᠦᠭᠰᠡᠨ ᠨᠢ ᠬᠡᠷᠡᠭ ᠪᠣᠯᠵᠠᠢ᠃ ᠮᠡᠩᠯᠢᠭ ᠬᠥᠭᠡᠴᠦ ᠲᠡᠢ ᠨᠢ ᠨᠣ ᠦᠭᠡᠢ ᠶᠠᠷᠢᠯᠴᠠᠵᠤ ᠲᠡᠭᠦᠨ ᠦ᠌ ᠶᠠᠭᠠᠬᠢᠭᠠᠳ ᠢᠩᠭᠢᠵᠦ ᠵᠣᠪᠠᠳᠠᠭ ᠤ᠋ᠨ ᠤᠴᠢᠷ ᠢ᠋ ᠬᠡᠯᠡᠪᠡ᠃ ᠬᠥᠭᠡᠴᠦ ᠡᠴᠢᠭᠡ ᠶ᠋ᠢᠨ ᠢ᠋ᠶ᠋ᠡᠨ ᠡᠨᠡ ᠦᠭᠡ ᠶ᠋ᠢ ᠰᠣᠨᠣᠰᠤᠭᠠᠳ ᠭᠠᠰᠢᠭᠤᠨ ᠢ᠋ᠶ᠋ᠠᠷ ᠤᠬᠢᠯᠠᠬᠤ ᠳ᠋ᠤ᠌ ᠮᠡᠩᠯᠢᠭ ᠬᠥᠪᠡᠭᠦᠨ ᠢ᠋ᠶ᠋ᠡᠨ ᠦᠷᠦ ᠡᠪᠡᠳᠦᠨ ᠨᠢᠯᠪᠤᠰᠤ ᠤᠨᠠᠭᠠᠵᠠᠢ᠃ ᠬᠥᠭᠡᠴᠦ ᠳ᠋ᠦ᠍ ᠡᠴᠢᠭᠡ ᠶ᠋ᠢᠨ ᠢ᠋ᠶ᠋ᠡᠨ ᠦᠭᠡᠨ ᠳ᠋ᠦ᠍ ᠣᠷᠣᠬᠤ ᠠ᠋ᠴᠠ ᠥᠭᠡᠷ᠎ᠡ ᠠᠷᠭ᠎ᠠ ᠦᠯᠡᠳᠡᠭᠰᠡᠨ ᠦᠭᠡᠢ᠃ ᠮᠡᠩᠯᠢᠭ ᠠᠭᠤᠯᠠ ᠶ᠋ᠢᠨ ᠬᠣᠢᠰᠢ ᠬᠠᠷᠠᠭᠰᠠᠨ ᠮᠤᠬᠤᠷ ᠠᠮᠠᠨ ᠳ᠋ᠤ᠌ ᠵᠢᠵᠢᠭ ᠵᠥᠴᠢᠶ᠎ᠡ (ᠬᠠᠰᠢᠶ᠎ᠠ) ᠨᠢᠭᠤᠴᠠ ᠪᠠᠷ ᠪᠠᠷᠢᠭᠤᠯᠵᠤ ᠲᠡᠨᠳᠡ ᠪᠡᠨ ᠰᠢᠨ᠎ᠡ ᠪᠠᠢᠳᠠᠰᠤᠨ ᠭᠡᠭᠦᠦ ᠠᠪᠴᠢᠷᠠᠨ ᠬᠥᠭᠡᠴᠦ ᠳ᠋ᠦ᠍ ᠭᠢᠰᠬᠢᠭᠦᠯᠦᠭᠰᠡᠭᠡᠷ ᠬᠥᠪᠡᠭᠦᠨ ᠢ᠋ᠶ᠋ᠡᠨ ᠵᠣᠪᠠᠯᠠᠩ ᠠ᠋ᠴᠠ ᠲᠦᠷ ᠪᠣᠯᠪᠠᠴᠤ ᠬᠠᠭᠠᠴᠠᠭᠠᠵᠠᠢ᠃ ᠴᠣᠬᠣᠮ ᠡᠢᠮᠦ ᠶᠠᠪᠤᠳᠠᠯ ᠤ᠋ᠨ ᠤᠯᠠᠮ ᠠ᠋ᠴᠠ ᠮᠡᠩᠯᠢᠭ ᠬᠥᠭᠡᠴᠦ ᠬᠥᠪᠡᠭᠦᠨ ᠢ᠋ᠶ᠋ᠡᠨ ᠣᠯᠠᠨ ᠡᠮ᠎ᠡ ᠠᠪᠴᠤ ᠥᠪᠡᠷ ᠦ᠋ᠨ ᠦᠷ᠎ᠡ ᠤᠳᠤᠮ ᠢ᠋ ᠦᠯᠡᠳᠡᠭᠡᠬᠦ ᠶ᠋ᠢ ᠵᠥᠪᠯᠡᠭᠰᠡᠨ ᠪᠢᠯᠡ᠃ ᠮᠡᠩᠯᠢᠭ ᠬᠥᠭᠡᠴᠦ ᠰᠢᠭ ᠢ᠋ᠶ᠋ᠡᠨ ᠢᠳᠢ ᠰᠢᠳᠢᠲᠡᠢ ᠦᠷ᠎ᠡ ᠠᠴᠢ ᠣᠯᠠᠨᠲᠠᠢ ᠪᠣᠯᠬᠤ ᠶ᠋ᠢ ᠬᠦᠰᠡᠵᠦ ᠪᠠᠢᠪᠠ ᠃ ᠪᠠᠢᠳᠠᠰᠤᠨ ᠭᠡᠭᠦᠦ ᠶ᠋ᠢ ᠶᠠᠭ ᠯᠠ ᠠᠵᠢᠷᠭ᠎ᠠ ᠰᠢᠭ᠋ ᠰᠥᠬᠥᠷᠡᠵᠦ ᠤᠨᠠᠲᠠᠯ᠎ᠠ ᠨᠢ ᠭᠢᠰᠬᠢᠬᠦ ᠬᠥᠪᠡᠭᠦᠨ ᠢ᠋ᠶ᠋ᠡᠨ ᠬᠠᠷᠠᠭᠠᠳ ᠨᠢᠭᠡ ᠰᠥᠨᠢ ᠠᠷᠪᠠᠨ ᠡᠮ᠎ᠡ ᠶ᠋ᠢ ᠴᠦ᠍ ᠪᠣᠯᠪᠠ ᠴᠤᠪᠤᠷᠠᠭᠤᠯᠤᠨ ᠡᠳ᠋ᠯᠡᠵᠦ ᠴᠢᠳᠠᠬᠤ ᠶ᠋ᠢ ᠮᠡᠳᠡᠵᠡᠢ᠃ ᠬᠠᠷᠢᠨ ᠠᠵᠠ ᠪᠠᠷ ᠬᠥᠭᠡᠴᠦ ᠶ᠋ᠢᠨ ᠡᠨᠡ ᠭᠠᠵᠢ ᠲᠤᠩ ᠣᠩᠭᠣᠳ ᠬᠥᠳᠡᠯᠬᠦ ᠦᠶ᠎ᠡ ᠳ᠋ᠡᠭᠡᠨ ᠯᠡ ᠦᠶ᠎ᠡ ᠦᠶ᠎ᠡ ᠣᠷᠭᠢᠯᠳᠠᠭ ᠨᠢ ᠡᠴᠢᠭᠡ ᠬᠦᠦ ᠬᠣᠶᠠᠷ ᠤ᠋ᠨ ᠬᠥᠮᠦᠨ ᠪᠤᠰᠤ ᠶ᠋ᠢᠨ ᠦᠢᠯᠡᠳᠦᠯ ᠢ᠋ ᠰᠣᠨᠢᠭᠤᠴᠢ ᠣᠯᠠᠨ ᠤ᠋ ᠨᠢᠳᠦᠨ ᠡᠴᠡ ᠨᠢᠭᠤᠵᠤ ᠨᠡᠷ᠎ᠡ ᠴᠡᠪᠡᠷ ᠦᠯᠡᠳᠡᠵᠡᠢ᠃ ᠲᠡᠮᠦᠵᠢᠨ ᠬᠥᠭᠡᠴᠦ ᠶ᠋ᠢ ᠭᠠᠵᠠᠷ ᠭᠠᠵᠠᠷ ᠤ᠋ᠨ ᠡᠮᠡᠰ ᠡᠴᠡ ᠰᠣᠩᠭᠣᠨ ᠠᠪᠬᠤ ᠶ᠋ᠢ ᠵᠥᠪᠰᠢᠶᠡᠷᠡᠭᠰᠡᠨ ᠲᠤᠯᠠ ᠣᠳᠣ ᠬᠥᠭᠡᠴᠦ ᠥᠪᠡᠷ ᠦ᠋ᠨ ᠳᠡᠷᠭᠡᠳᠡ ᠬᠣᠷᠢ ᠭᠤᠴᠢᠨ ᠡᠮ᠎ᠡ ᠲᠡᠢ ᠪᠣᠯᠵᠤ ᠪᠠᠢᠳᠠᠰᠤᠨ ᠭᠡᠭᠦᠦ ᠭᠢᠰᠬᠢᠬᠦ ᠬᠡᠷᠡᠭ ᠦᠭᠡᠢ ᠪᠣᠯᠤᠭᠰᠠᠨ ᠴᠤ᠌ ᠭᠡᠨᠡ ᠭᠡᠨᠡ ᠡᠴᠢᠭᠡ ᠶ᠋ᠢ ᠪᠡᠨ ᠵᠣᠪᠠᠭᠠᠵᠤ ᠬᠥᠮᠦᠨ ᠦ᠌ ᠨᠢᠳᠦᠨ ᠡᠴᠡ ᠳᠠᠯᠳᠠ ᠥᠨᠥᠬᠢ ᠵᠥᠴᠢᠶ᠎ᠡ ᠤᠷᠤᠭᠤ ᠶᠠᠪᠤᠳᠠᠭ ᠠᠵᠢ᠃ 
       ᠬᠥᠭᠡᠴᠦ ᠶ᠋ᠢ ᠢᠩᠭᠢᠵᠦ ᠶᠡᠬᠡ ᠪᠡᠷ ᠬᠦᠨᠳᠦᠯᠡᠨ ᠱᠠᠩᠨᠠᠭᠰᠠᠨ ᠨᠢ ᠬᠠᠰᠠᠷ᠂ ᠥᠭᠡᠯᠦᠨ ᠡᠬᠡ᠂ ᠪᠦᠷ ᠪᠥᠷᠲᠡ ᠳ᠋ᠦ᠍ ᠴᠦ᠍ ᠲᠠᠭᠠᠰᠢᠶᠠᠭᠳᠠᠭ᠎ᠠ ᠦᠭᠡᠢ ᠶ᠋ᠢ ᠲᠡᠮᠦᠵᠢᠨ ᠮᠡᠳᠡᠵᠦ ᠪᠠᠢᠭᠰᠠᠨ ᠴᠤ᠌ ᠬᠥᠭᠡᠴᠦ ᠶ᠋ᠢᠨ ᠢᠳᠢ ᠰᠢᠳᠢ ᠡᠴᠡ ᠠᠶᠤᠬᠤ ᠰᠡᠳᠬᠢᠯ ᠬᠦᠴᠦᠲᠡᠢ ᠡᠴᠡ ᠭᠠᠳᠠᠨ᠎ᠠ ᠲᠡᠭᠦᠨ ᠦ᠌ ᠬᠦᠴᠦ ᠴᠢᠳᠠᠯ ᠢ᠋ ᠥᠪᠡᠷ ᠦ᠋ᠨ ᠬᠡᠷᠡᠭ ᠲᠦ᠍ ᠠᠰᠢᠭᠯᠠᠨ᠎ᠠ ᠭᠡᠵᠦ ᠪᠣᠳᠣᠭᠰᠠᠨ ᠲᠤᠯᠠ ᠢᠩᠭᠢᠵᠦ ᠬᠢᠭᠰᠡᠨ ᠪᠢᠯᠡ᠃ ᠢᠩᠭᠢᠭᠡᠳ ᠳᠠᠪ ᠲᠡᠭᠷᠢ᠂ ᠪᠣᠷᠵᠢᠭᠢᠨ ᠠᠢᠮᠠᠭ ᠤ᠋ᠨ ᠬᠢᠨ ᠦ᠌ ᠳᠤᠮᠳᠠ ᠨᠡᠷ᠎ᠡ ᠠᠯᠳᠠᠷ ᠨᠢ ᠲᠦᠭᠡᠵᠦ ᠣᠯᠠᠨ ᠠᠷᠠᠳ ᠢ᠋ᠶ᠋ᠠᠷ ᠬᠦᠷᠢᠶᠡᠯᠡᠭᠦᠯᠦᠭᠰᠡᠨ ᠬᠥᠮᠦᠨ ᠪᠣᠯᠪᠠ᠃  ᠵᠠᠮᠤᠬ᠎ᠠ ᠶ᠋ᠢᠨ ᠪᠣᠯᠤᠭᠠᠳ ᠲᠠᠢᠴᠢᠭᠤᠳ ᠤ᠋ᠨ ᠨᠢᠭᠡᠳᠦᠭᠰᠡᠨ ᠴᠡᠷᠢᠭ ᠲᠡᠢ ᠬᠦᠢᠲᠡᠨ ᠠᠭᠤᠯᠠ ᠶ᠋ᠢᠨ ᠥᠪᠥᠷ ᠲᠦ᠍ ᠪᠠᠢᠯᠳᠤᠵᠤ ᠪᠠᠢᠭᠠᠳ ᠲᠡᠮᠦᠵᠢᠨ ᠬᠦᠵᠦᠭᠦᠨ ᠳ᠋ᠡᠭᠡᠨ ᠰᠢᠷᠬ᠎ᠠ ᠣᠯᠵᠤ ᠠᠮᠢ ᠠᠯᠳᠠᠬᠤ ᠰᠢᠬᠠᠭᠰᠠᠨ ᠨᠢ ᠶᠠᠮᠠᠷ ᠤᠴᠢᠷᠲᠠᠢ ᠶ᠋ᠢ ᠳᠠᠪ ᠲᠡᠭᠷᠢ ᠲᠡᠭᠦᠨ ᠳ᠋ᠦ᠍ ᠬᠡᠯᠡᠭᠰᠡᠨ ᠪᠢᠯᠡ᠃ ᠲᠡᠮᠦᠵᠢᠨ ᠦ᠌ ᠵᠡᠭᠦᠵᠦ ᠶᠠᠪᠤᠭ᠎ᠠ ᠲᠩᠷᠢ ᠶ᠋ᠢᠨ ᠰᠠᠬᠢᠭᠤᠰᠤᠨ ᠳ᠋ᠤ᠌ ᠭᠠᠭᠴᠠ ᠰᠠᠪᠳᠠᠭ ᠢᠷᠡᠵᠦ ᠬᠦᠴᠦ ᠪᠡᠨ ᠰᠢᠩᠭᠡᠭᠡ ᠦᠭᠡᠢ ᠨᠢ ᠲᠡᠷᠡ ᠬᠦᠢᠲᠡᠨ ᠠᠭᠤᠯᠠ ᠶ᠋ᠢᠨ ᠬᠢ ᠪᠠᠢᠭᠰᠠᠨ ᠪᠥᠭᠡᠳ ᠲᠡᠭᠦᠨ ᠦ᠌ ᠢᠪᠡᠭᠡᠯ ᠳ᠋ᠦ᠍ ᠪᠠᠭᠲᠠᠭ᠎ᠠ ᠦᠭᠡᠢ ᠶ᠋ᠢᠨ ᠤᠴᠢᠷ ᠲᠡᠮᠦᠵᠢᠨ ᠢᠩᠭᠢᠵᠦ ᠰᠢᠷᠬᠠᠲᠤᠵᠠᠢ᠃ ᠪᠠᠰᠠ ᠬᠦᠢᠲᠡᠨ ᠠᠭᠤᠯᠠ ᠶ᠋ᠢᠨ ᠳᠣᠯᠣᠭᠠᠨ ᠤ᠋ ᠦᠶ᠎ᠡ ᠪᠡᠷ ᠲᠡᠮᠦᠵᠢᠨ ᠰᠢᠷᠬᠠᠲᠤᠨ ᠤᠨᠠᠭᠰᠠᠨ ᠢ᠋ ᠠᠯᠤᠰ ᠲᠤ᠌ ᠪᠠᠢᠭᠰᠠᠨ ᠳᠠᠪ ᠲᠩᠷᠢ ᠮᠡᠳᠡᠵᠦ ᠲᠤᠰᠠᠯᠠᠭ᠎ᠠ ᠦᠭᠡᠢ ᠪᠣᠯ ᠲᠡᠮᠦᠵᠢᠨ᠂ ᠵᠠᠯᠮ᠎ᠠ ᠶ᠋ᠢᠨ ᠬᠠᠮᠲᠤ ᠲᠠᠢᠴᠢᠭᠤᠳ ᠲᠤ᠌ ᠣᠯᠵᠠᠯᠠᠭᠳᠠᠨ ᠠᠯᠠᠭᠤᠯᠬᠤ ᠪᠠᠢᠵᠠᠢ᠃ ᠲᠡᠮᠦᠵᠢᠨ᠂ ᠳᠠᠪ ᠲᠩᠷᠢ ᠶ᠋ᠢᠨ ᠬᠡᠯᠡᠭᠰᠡᠨ ᠳ᠋ᠦ᠍ ᠢᠲᠡᠭᠡᠭᠡ ᠦᠭᠡᠢ ᠴᠦ᠍ ᠪᠠᠰᠠ ᠯᠠ ᠡᠰᠡᠷᠭᠦᠴᠡᠭᠰᠡᠨ ᠦᠭᠡᠢ᠃ ᠬᠦᠢᠲᠡᠨ ᠠᠭᠤᠯᠠ ᠶ᠋ᠢᠨ ᠳᠣᠯᠣᠭᠠᠨ ᠳ᠋ᠤ᠌ ᠲᠡᠮᠦᠵᠢᠨ ᠦ᠌ ᠰᠢᠷᠬᠠᠳᠤᠨ ᠠᠮᠢ ᠨᠠᠰᠤ ᠪᠠᠨ ᠠᠯᠳᠠᠬᠤ ᠰᠢᠬᠠᠭᠰᠠᠨ ᠨᠢ ᠵᠠᠮᠤᠬ᠎ᠠ ᠨᠢᠭᠡᠨᠲᠡ ᠲᠡᠮᠦᠵᠢᠨ ᠦ᠌ ᠳᠠᠢᠰᠤᠨ ᠪᠣᠯᠤᠭᠰᠠᠨ ᠢ᠋ ᠳᠠᠪ ᠲᠩᠷᠢ ᠳ᠋ᠦ᠍ ᠪᠠᠲᠤᠯᠠᠨ ᠬᠠᠷᠠᠭᠤᠯᠵᠠᠢ᠃ ᠭᠡᠲᠡᠯ᠎ᠡ ᠲᠡᠮᠦᠵᠢᠨ ᠵᠠᠮᠤᠬ᠎ᠠ ᠬᠣᠶᠠᠷ ᠰᠡᠳᠬᠢᠯ ᠦ᠋ᠨ ᠬᠣᠯᠪᠣᠭ᠎ᠠ ᠲᠠᠢ ᠠᠨᠳᠠ ᠪᠠᠢᠭᠰᠠᠨ ᠨᠢ ᠲᠡᠮᠦᠵᠢᠨ ᠳ᠋ᠦ᠍ ᠬᠣᠣᠷ ᠪᠣᠯᠵᠤ ᠪᠠᠢᠭ᠎ᠠ ᠶ᠋ᠢ ᠳᠠᠪ ᠲᠩᠷᠢ ᠬᠡᠯᠡᠵᠡᠢ᠃ ᠭᠡᠲᠡᠯ᠎ᠡ ᠬᠡᠳᠦᠢ ᠳᠠᠢᠰᠤᠩᠨᠠᠵᠤ ᠪᠠᠢᠭ᠎ᠠ ᠴᠤ᠌ ᠭᠡᠰᠡᠨ ᠵᠠᠮᠤᠬ᠎ᠠ ᠲᠠᠢ ᠠᠨᠳᠠ ᠪᠣᠯᠤᠯᠴᠠᠭᠰᠠᠨ ᠢ᠋ᠶ᠋ᠠᠨ ᠴᠤᠴᠠᠯᠠᠬᠤ ᠨᠢ ᠬᠠᠷᠢᠨ ᠴᠤ᠌ ᠠᠶᠤᠯᠲᠠᠢ ᠬᠡᠷᠡᠭ ᠪᠣᠯᠤᠨ᠎ᠠ ᠭᠡᠵᠦ ᠲᠡᠮᠦᠵᠢᠨ ᠦᠵᠡᠵᠦ ᠪᠠᠢᠪᠠ᠃ ᠢᠩᠭᠢᠵᠦ ᠲᠡᠮᠦᠵᠢᠨ ᠳᠠᠪ ᠲᠩᠷᠢ ᠬᠣᠶᠠᠷ ᠤ᠋ᠨ ᠬᠣᠭᠣᠷᠣᠨᠳᠣ ᠵᠥᠷᠢᠴᠡᠯ ᠪᠣᠢ ᠪᠣᠯᠵᠤ ᠡᠬᠢᠯᠡᠪᠡ᠃ ᠦᠨᠡᠨ ᠬᠡᠷᠡᠭ ᠲᠡᠭᠡᠨ ᠳᠠᠪ ᠲᠩᠷᠢ ᠶ᠋ᠢᠨ ᠬᠡᠯᠡᠭᠰᠡᠨ ᠦᠭᠡ ᠶ᠋ᠢ ᠲᠡᠮᠦᠵᠢᠨ ᠦᠯᠦ ᠲᠣᠭᠣᠮᠰᠠᠷᠯᠠᠨ ᠣᠷᠬᠢᠵᠠᠢ᠃ ᠳᠤᠭᠤᠯᠭᠠᠪᠤᠷᠢᠲᠠᠢ ᠬᠦᠯᠢᠶᠡᠴᠡ ᠲᠡᠢ ᠲᠡᠮᠦᠵᠢᠨ ᠬᠡᠷᠬᠢᠨ ᠬᠤᠪᠢᠷᠠᠵᠤ ᠥᠭᠡᠷᠡᠴᠢᠯᠡᠭᠳᠡᠵᠦ ᠪᠠᠢᠭ᠎ᠠ ᠶ᠋ᠢ ᠳᠠᠪ ᠲᠩᠷᠢ ᠮᠡᠳᠡᠷᠡᠵᠡᠢ᠃ ᠲᠡᠷᠡ ᠪᠠᠢᠲᠤᠭᠠᠢ ᠤᠯᠤᠰ ᠤ᠋ᠨ ᠴᠢᠬᠤᠯᠠ ᠬᠡᠷᠡᠭ ᠵᠥᠪᠯᠡᠯᠳᠦᠬᠦ ᠳ᠋ᠡᠭᠡᠨ ᠲᠡᠭᠦᠨ ᠢ᠋ ᠣᠷᠣᠯᠴᠠᠭᠤᠯᠬᠤ ᠦᠭᠡᠢ ᠪᠠᠢᠭ᠎ᠠ ᠶ᠋ᠢ ᠴᠦ᠍ ᠲᠡᠪᠴᠢᠰᠢ ᠦᠭᠡᠢ ᠶᠠᠪᠤᠳᠠᠯ ᠭᠡᠵᠦ ᠳᠠᠪ ᠲᠩᠷᠢ ᠪᠣᠳᠣᠬᠤ ᠪᠣᠯᠪᠠ᠃ ᠥᠪᠡᠷ ᠦ᠋ᠨ ᠦᠭᠡᠨ ᠦ᠌ ᠵᠥᠪ ᠪᠣᠯᠬᠤ ᠶ᠋ᠢ ᠪᠠᠲᠤᠯᠠᠨ ᠦᠵᠡᠭᠦᠯᠬᠦ ᠭᠠᠭᠴᠠ ᠰᠠᠢᠬᠠᠨ ᠠᠷᠭ᠎ᠠ ᠨᠢ ᠵᠠᠮᠤᠬ᠎ᠠ ᠶ᠋ᠢ ᠲᠡᠮᠦᠵᠢᠨ ᠲᠡᠢ ᠳᠠᠢᠰᠤᠩᠨᠠᠭᠤᠯᠬᠤ ᠶᠠᠪᠤᠳᠠᠯ ᠭᠡᠵᠦ ᠲᠡᠷᠡ ᠲᠣᠭᠠᠴᠠᠵᠠᠢ᠃ ᠡᠨᠡ ᠰᠠᠨᠠᠭ᠎ᠠ ᠪᠠᠨ ᠬᠡᠷᠡᠭᠵᠢᠭᠦᠯᠬᠦ ᠶ᠋ᠢᠨ ᠲᠤᠯᠠᠳᠠ ᠵᠠᠮᠤᠬ᠎ᠠ ᠶ᠋ᠢ ᠵᠡᠭᠦᠳᠦᠯᠡᠨ ᠬᠠᠷ᠎ᠠ ᠳᠠᠷᠤᠵᠤ ᠰᠡᠷᠡᠬᠦ ᠪᠣᠯᠵᠠᠢ᠃ ᠭᠡᠲᠡᠯ᠎ᠡ ᠲᠡᠮᠦᠵᠢᠨ ᠵᠠᠮᠤᠬ᠎ᠠ ᠬᠣᠶᠠᠷ ᠲᠡᠭᠦᠨ ᠦ᠌ ᠬᠦᠰᠡᠭᠰᠡᠨ ᠢ᠋ᠶ᠋ᠡᠷ ᠪᠣᠯᠬᠤ ᠦᠭᠡᠢ᠂ ᠨᠢᠭᠤᠷ ᠲᠤᠯᠤᠨ ᠭᠠᠯᠵᠠᠭᠤᠷᠠᠨ ᠤᠷᠠᠯᠴᠠᠬᠤ ᠠ᠋ᠴᠠ ᠵᠠᠢᠯᠠᠭᠰᠠᠭᠠᠷ ᠪᠠᠢᠭ᠎ᠠ ᠶ᠋ᠢᠨ ᠤᠴᠢᠷ ᠢ᠋ ᠳᠠᠪ ᠲᠩᠷᠢ  ᠣᠢᠯᠠᠭᠠᠭᠰᠠᠨ ᠦᠭᠡᠢ᠃ ᠡᠴᠦᠰ ᠲᠦ᠋ᠨᠢ ᠠᠩᠬ᠎ᠠ ᠲᠡᠭᠦᠨ ᠦ᠌ ᠥᠭᠭᠦᠭᠰᠡᠨ ᠲᠩᠷᠢ ᠶ᠋ᠢᠨ ᠰᠠᠬᠢᠭᠤᠰᠤ ᠲᠡᠮᠦᠵᠢᠨ ᠢ᠋ ᠬᠠᠮᠠᠭᠠᠯᠠᠵᠤ ᠪᠠᠢᠭ᠎ᠠ ᠶ᠋ᠢ ᠲᠠᠭᠠᠮᠠᠭᠯᠠᠵᠠᠢ᠃ ᠭᠡᠪᠡᠴᠦ ᠳᠠᠪ ᠲᠩᠷᠢ ᠶ᠋ᠢᠨ ᠬᠦᠰᠡᠯ ᠪᠡᠶᠡᠯᠡᠵᠦ ᠲᠡᠮᠦᠵᠢᠨ ᠵᠠᠮᠤᠬ᠎ᠠ ᠶ᠋ᠢ ᠴᠠᠭᠠᠵᠠᠯᠠᠪᠠ᠃ ᠡᠨᠡ ᠪᠣᠯ ᠲᠡᠳᠡᠨ ᠦ᠌ ᠠᠨᠳᠠ ᠶ᠋ᠢᠨ ᠬᠣᠯᠪᠣᠭ᠎ᠠ ᠶ᠋ᠢ ᠲᠠᠰᠤᠯᠤᠭᠰᠠᠨ ᠤ᠋ ᠭᠠᠪᠢᠶ᠎ᠠ ᠭᠡᠵᠦ ᠳᠠᠪ ᠲᠩᠷᠢ ᠥᠪᠡᠷ ᠢ᠋ ᠪᠡᠨ ᠲᠠᠢᠪᠤᠰᠢᠷᠠᠭᠤᠯᠤᠨ ᠪᠣᠳᠣᠭᠰᠠᠨ ᠪᠢᠯᠡ᠃ ᠢᠩᠭᠢᠬᠦ ᠶ᠋ᠢᠨ ᠲᠤᠯᠠᠳᠠ ᠳᠠᠪ ᠲᠩᠷᠢ ᠣᠯᠠᠨ ᠵᠢᠯ ᠦ᠋ᠨ ᠲᠤᠷᠰᠢ ᠬᠦᠴᠦ ᠪᠡᠨ ᠵᠠᠷᠤᠵᠠᠢ᠃ ᠭᠡᠪᠡᠴᠦ ᠵᠠᠮᠤᠬ᠎ᠠ ᠮᠡᠩᠯᠢᠭ ᠦ᠋ᠨ ᠬᠥᠪᠡᠭᠦᠨ ᠬᠥᠭᠡᠴᠦ ᠶ᠋ᠢ ᠲᠣᠭᠣᠬᠤ ᠦᠭᠡᠢ ᠬᠡᠪ ᠢ᠋ᠶ᠋ᠡᠷ ᠲᠡᠭᠦᠨ ᠢ᠋ ᠥᠪᠡᠷ ᠲᠡᠭᠡᠨ ᠬᠡᠷᠬᠢᠨ ᠭᠠᠢ ᠪᠣᠯᠤᠭᠰᠠᠨ ᠢ᠋ ᠮᠡᠳᠡᠬᠦ ᠦᠭᠡᠢ ᠬᠡᠪ ᠢ᠋ᠶ᠋ᠡᠷ ᠦᠬᠦᠵᠡᠢ᠃ 
       ᠵᠠᠮᠤᠬ᠎ᠠ ᠶ᠋ᠢ ᠦᠬᠦᠭᠦᠯᠦᠭᠰᠡᠨ ᠦ᠌ ᠳᠠᠷᠠᠭ᠎ᠠ ᠲᠡᠭᠦᠨ ᠦ᠌ ᠰᠦᠨᠡᠰᠦ ᠶ᠋ᠢ ᠬᠥᠭᠡᠭᠡᠨ ᠵᠠᠢᠯᠠᠭᠤᠯᠤᠭᠠᠳ ᠳᠠᠪ ᠲᠩᠷᠢ ᠲᠡᠮᠦᠵᠢᠨ ᠦ᠌ ᠦᠷᠭᠦᠭᠡᠨ ᠳ᠋ᠦ᠍ ᠢᠷᠡᠪᠡ᠃ ᠴᠡᠭᠡᠵᠢ ᠨᠢᠴᠦᠭᠦᠨ ᠶᠠᠪᠤᠬᠤ ᠳ᠋ᠤ᠌ ᠴᠤ᠌ ᠠᠮᠢᠰᠬᠤᠯ ᠳᠠᠪᠬᠤᠴᠠᠨ᠂ ᠬᠠᠷ᠎ᠠ ᠬᠥᠯᠥᠰᠥ ᠴᠢᠳᠬᠤᠬᠤ ᠵᠤᠨ ᠤ᠋ ᠠᠭᠠᠭᠢᠮ᠎ᠠ ᠬᠠᠯᠠᠭᠤᠨ ᠡᠳᠦᠷ ᠬᠡᠳᠦᠢ ᠴᠦ᠍ ᠠᠵᠢᠷᠭᠠᠨ ᠴᠢᠨᠣ᠎ᠠ ᠶ᠋ᠢᠨ ᠲᠣᠯᠣᠭᠠᠢ ᠲᠠᠢ ᠠᠷᠠᠰᠤᠨ ᠪᠢᠲᠡᠭᠦᠦ ᠡᠮᠦᠰᠬᠡᠯ ᠲᠡᠢ ᠳᠠᠪ ᠲᠩᠷᠢ ᠶ᠋ᠢ ᠬᠠᠷᠠᠬᠤ ᠳ᠋ᠤ᠌ ᠡᠬᠢᠯᠡᠭᠡᠳ ᠭᠠᠢᠬᠠᠬᠤ ᠳᠠᠷᠠᠭ᠎ᠠ ᠨᠢ ᠡᠷᠬᠡ ᠦᠭᠡᠢ ᠬᠥᠮᠦᠨ ᠪᠢᠰᠢ ᠭᠡᠵᠦ ᠪᠢᠰᠢᠷᠡᠬᠦ ᠰᠡᠳᠬᠢᠯ ᠲᠥᠷᠥᠨ᠎ᠡ᠃ ᠣᠩᠭᠣᠳ ᠣᠷᠣᠵᠤ ᠪᠥᠭᠡᠯᠡᠬᠦ ᠦᠶ᠎ᠡ ᠳ᠋ᠡᠭᠡᠨ ᠳᠠᠪ ᠲᠩᠷᠢ ᠦᠨᠡᠬᠡᠷ ᠬᠥᠮᠦᠨ ᠪᠢᠰᠢ ᠪᠣᠯᠳᠠᠭ ᠪᠢᠯᠡ᠃ ᠵᠠᠮᠤᠬ᠎ᠠ ᠶ᠋ᠢᠨ ᠰᠦᠨᠡᠰᠦ ᠶ᠋ᠢ ᠬᠥᠭᠡᠭᠡᠨ ᠵᠠᠢᠯᠠᠭᠤᠯᠬᠤ ᠨᠢ ᠬᠡᠴᠡᠭᠦᠦ ᠪᠡᠷᠬᠡ ᠪᠠᠢᠭᠰᠠᠨ ᠠ᠋ᠴᠠ ᠳᠠᠪ ᠲᠩᠷᠢ ᠪᠦᠷ ᠴᠦ᠍ ᠬᠠᠷᠠᠬᠤ ᠶ᠋ᠢᠨ ᠡᠴᠦᠰ ᠦᠭᠡᠢ ᠲᠥᠷᠬᠦ ᠲᠡᠢ ᠪᠣᠯᠵᠠᠢ᠃ ᠨᠢᠳᠦ ᠨᠢ ᠮᠢᠬ᠎ᠠ ᠰᠢᠭ᠋ ᠤᠯᠠᠭᠠᠨ ᠢ᠋ᠶ᠋ᠠᠷ ᠢ᠋ᠶ᠋ᠠᠨ ᠡᠷᠭᠢᠯᠳᠦᠵᠦ ᠰᠢᠯᠦᠰᠦ ᠴᠢᠰᠤ ᠵᠠᠪᠠᠵᠢ ᠪᠠᠷ ᠨᠢ ᠰᠠᠪᠢᠷᠠᠨ᠎ᠠ᠃ ᠴᠡᠭᠡᠵᠢᠨ ᠳᠣᠲᠣᠷ᠎ᠠ ᠪᠠᠨ ᠳᠦᠷᠡᠯᠵᠡᠨ ᠠᠰᠠᠬᠤ ᠣᠩᠭᠣᠳ ᠤ᠋ᠨ ᠶᠡᠬᠡ ᠬᠠᠯᠠᠭᠤᠨ ᠢ᠋ ᠳᠠᠷᠤᠬᠤ ᠭᠡᠵᠦ ᠲᠦᠭᠦᠬᠡᠢ ᠮᠢᠬ᠎ᠠ ᠪᠦᠬᠦᠯᠢ ᠪᠦᠬᠦᠯᠢ ᠪᠡᠷ ᠵᠠᠯᠭᠢᠨ᠎ᠠ᠃ ᠡᠨᠡ ᠰᠥᠨᠢ ᠠᠷᠪᠠᠨ ᠡᠮ᠎ᠡ ᠶ᠋ᠢ ᠨᠣᠢᠷ ᠦᠭᠡᠢ ᠡᠳ᠋ᠯᠡᠵᠦ ᠦᠷ᠎ᠡ ᠶ᠋ᠢᠨ ᠰᠤᠩ ᠢ᠋ᠶ᠋ᠠᠨ ᠠᠰᠬᠠᠵᠤ ᠪᠠᠢᠵᠤ ᠰᠠᠶᠢ ᠨᠢᠭᠡ ᠲᠠᠢᠪᠤᠰᠢᠷᠠᠨ ᠵᠢᠷ ᠦ᠋ᠨ ᠬᠥᠮᠦᠨ ᠠᠳᠠᠯᠢ ᠬᠡᠳᠦ ᠬᠣᠨᠣᠭ ᠦᠬᠦᠭᠰᠡᠨ ᠮᠡᠲᠦ ᠤᠨᠲᠠᠬᠤ ᠪᠣᠯᠤᠨ᠎ᠠ᠃ ᠬᠠᠷᠢᠨ ᠲᠡᠭᠦᠨ ᠢ᠋ ᠥᠪᠡᠷ ᠦ᠋ᠨ ᠬᠦᠷᠢᠶ᠎ᠡ ᠤᠷᠤᠭᠤ ᠪᠢᠰᠢ ᠲᠡᠮᠦᠵᠢᠨ ᠦ᠌ ᠥᠷᠭᠥᠭᠡ ᠤᠷᠤᠭᠤ ᠶᠠᠭᠠᠬᠢᠬᠤ ᠭᠡᠵᠦ ᠭᠡᠨᠡᠳᠲᠡ ᠣᠴᠢᠬᠤ ᠪᠣᠯᠤᠭᠰᠠᠨ ᠤ᠋ ᠤᠴᠢᠷ ᠢ᠋ ᠬᠡᠨ ᠴᠦ᠍ ᠳᠠᠭᠠᠵᠤ ᠮᠡᠳᠡᠭᠰᠡᠨ ᠦᠭᠡᠢ᠃ ᠮᠡᠩᠯᠢᠭ ᠯᠡ ᠭᠠᠭᠴᠠᠭᠠᠷ ᠳᠠᠪ ᠲᠩᠷᠢ ᠶ᠋ᠢ ᠳᠠᠭᠠᠵᠤ ᠶᠠᠪᠤᠪᠠ᠃ ᠵᠠᠮ ᠵᠠᠭᠤᠷ᠎ᠠ ᠲᠠᠭᠠᠷᠠᠯᠳᠤᠭᠰᠠᠨ ᠠᠢᠯ ᠤ᠋ᠨ ᠨᠢᠯᠬ᠎ᠠ ᠬᠡᠦᠬᠡᠳ ᠲᠡᠭᠦᠨ ᠦ᠌ ᠪᠠᠷ᠎ᠠ ᠪᠠᠷ ᠤᠬᠢᠯᠠᠵᠤ᠂ ᠨᠣᠬᠠᠳ ᠲᠡᠭᠦᠨ ᠡᠴᠡ ᠰᠡᠭᠦᠯ ᠬᠠᠪᠴᠢᠨ ᠭᠠᠰᠠᠯᠤᠨ ᠵᠢᠭᠤᠲᠠᠭᠠᠬᠤ ᠠᠵᠢ᠃ ᠤᠶᠠᠭ᠎ᠠ ᠲᠠᠢ ᠮᠣᠷᠢᠳ ᠦᠷᠭᠦᠨ ᠲᠠᠰᠤᠳᠠᠭᠤᠯᠵᠤ ᠳᠡᠭᠡᠷ᠎ᠡ ᠳᠣᠣᠷ᠎ᠠ ᠦᠭᠡᠢ ᠪᠥᠭᠡᠮ ᠬᠥᠯ ᠦᠢᠮᠡᠭᠡᠨ ᠪᠣᠯᠤᠨ᠎ᠠ᠃ ᠶᠠᠮᠠᠷ ᠴᠤ᠌ ᠵᠣᠷᠢᠭᠲᠠᠢ ᠡᠷ᠎ᠡ ᠥᠪᠡᠷ ᠦ᠋ᠨ ᠡᠷᠬᠡ ᠦᠭᠡᠢ ᠬᠠᠷᠠᠴᠠ ᠪᠤᠷᠤᠭᠤᠯᠠᠨ ᠵᠠᠢᠯᠠᠵᠤ ᠪᠠᠢᠪᠠ᠃ ᠳᠠᠪ ᠲᠩᠷᠢ ᠶᠠᠪᠤᠭᠰᠠᠭᠠᠷ ᠲᠡᠮᠦᠵᠢᠨ ᠦ᠌ ᠦᠷᠭᠦᠭᠡᠨ ᠳ᠋ᠦ᠍ ᠬᠦᠷᠬᠦ ᠳ᠋ᠦ᠍ ᠲᠡᠷᠡ ᠰᠢᠳᠠᠷ ᠨᠥᠬᠥᠳ ᠢ᠋ᠶ᠋ᠡᠨ ᠴᠤᠭᠯᠠᠭᠤᠯᠤᠭᠠᠳ ᠤᠯᠤᠰ ᠤ᠋ᠨ ᠬᠡᠷᠡᠭ ᠬᠡᠯᠡᠯᠴᠡᠵᠦ ᠪᠠᠢᠵᠠᠢ᠃ ᠳᠠᠪ ᠲᠩᠷᠢ ᠶ᠋ᠢ ᠬᠠᠷᠠᠭᠤᠯ᠂ ᠬᠡᠪᠲᠡᠭᠦᠯ ᠦ᠋ᠳ ᠬᠣᠷᠢᠭᠯᠠᠵᠤ ᠡᠰᠡ ᠴᠢᠳᠠᠪᠠ᠃ ᠭᠡᠷ ᠦ᠋ᠨ ᠡᠭᠦᠳᠡ ᠰᠢᠳᠡᠭᠳᠡᠨ ᠴᠢᠰ ᠤᠯᠠᠭᠠᠨ ᠨᠢᠳᠦᠲᠡᠢ᠂ ᠡᠩᠭᠡᠷ ᠪᠡᠶ᠎ᠡ ᠨᠢ ᠴᠢᠰᠤ ᠰᠢᠯᠦᠰᠦᠨ ᠳ᠋ᠦ᠍ ᠨᠡᠪᠲᠡ ᠨᠣᠷᠤᠭᠰᠠᠨ ᠳᠠᠪ ᠲᠩᠷᠢ ᠣᠨᠢ ᠤᠨᠠᠭᠠᠨ ᠭᠤᠢᠪᠢᠨ ᠣᠷᠣᠵᠤ ᠢᠷᠡᠬᠦ ᠳ᠋ᠦ᠍ ᠭᠡᠷ ᠲᠦ᠍ ᠠᠶᠤᠭ᠎ᠠ ᠦᠭᠡᠢ᠂ ᠴᠣᠴᠢᠭ᠎ᠠ ᠦᠭᠡᠢ᠂ ᠰᠡᠵᠢᠭᠯᠡᠭᠡ ᠦᠭᠡᠢ ᠬᠥᠮᠦᠨ ᠨᠢᠭᠡ ᠴᠦ᠍ ᠦᠯᠡᠳᠡᠭᠰᠡᠨ ᠦᠭᠡᠢ᠃ ᠲᠡᠭᠦᠨ ᠢ᠋ ᠬᠠᠷᠠᠬᠤ ᠳ᠋ᠤ᠌ ᠬᠣᠶᠠᠷ ᠬᠥᠯ ᠲᠡᠢ ᠴᠢᠨᠣ᠎ᠠ ᠣᠷᠣᠭᠠᠳ ᠢᠷᠡᠪᠡ ᠤᠤ ᠭᠡᠮᠡᠷ ᠪᠠᠢᠪᠠ᠃ ᠬᠡᠨ ᠴᠦ᠍ ᠤᠬᠠᠭᠠᠷᠠᠨ ᠳᠤᠤᠭᠠᠷᠴᠤ ᠠᠮᠵᠢᠭᠰᠠᠨ ᠦᠭᠡᠢ᠃ ᠳᠠᠪ ᠲᠩᠷᠢ ᠶᠡᠬᠡ ᠲᠤᠯᠭᠠᠨ ᠤ᠋ ᠡᠮᠦᠨ᠎ᠡ ᠰᠥᠬᠥᠷᠡᠨ ᠰᠠᠭᠤᠬᠤ ᠳ᠋ᠤ᠌ ᠭᠠᠭᠴᠠᠬᠠᠨ ᠲᠡᠮᠦᠵᠢᠨ ᠦ᠌ ᠡᠮᠦᠨᠡᠬᠢ ᠬᠤᠯᠤ ᠲᠠᠢ ᠠᠢᠷᠠᠭ ᠴᠠᠯᠭᠢᠨ ᠠᠰᠬᠠᠷᠠᠬᠤ ᠶ᠋ᠢ ᠪᠦᠭᠦᠳᠡ ᠦᠵᠡᠪᠡ᠃ ᠬᠡᠨ ᠴᠦ᠍ ᠡᠨᠡ ᠶᠠᠪᠤᠳᠠᠯ ᠢ᠋ ᠰᠠᠢᠨ ᠢᠷᠣ᠎ᠠ ᠭᠡᠵᠦ ᠪᠣᠳᠣᠭᠰᠠᠨ ᠦᠭᠡᠢ ᠰᠡᠵᠢᠭᠯᠡᠵᠡᠢ᠃ ᠭᠡᠪᠡᠴᠦ ᠬᠡᠨ ᠴᠦ᠍ ᠲᠡᠮᠦᠵᠢᠨ ᠡᠴᠡ ᠤᠷᠢᠳᠠ ᠳᠤᠤᠭᠠᠷᠤᠭᠰᠠᠨ ᠦᠭᠡᠢ᠃ 
       | ᠴᠢᠩᠭᠢᠰ ᠬᠠᠭᠠᠨ ᠲᠠ ᠰᠣᠨᠣᠰᠤᠭᠲᠤᠨ! ᠭᠡᠵᠦ ᠳᠠᠪ ᠲᠩᠷᠢ ᠬᠠᠨᠠᠨ ᠤ᠋ ᠥᠭᠡᠳᠡ ᠡᠴᠡ ᠲᠠᠰᠤᠷᠠᠲᠠᠯ᠎ᠠ ᠬᠠᠰᠬᠢᠷᠤᠭᠠᠳ ᠲᠡᠷᠡ ᠳᠣᠣᠷ᠎ᠠ ᠪᠠᠨ ᠤᠨᠲᠠᠭᠰᠠᠨ ᠮᠡᠲᠦ ᠲᠠᠭ ᠴᠢᠭ ᠪᠣᠯᠪᠠ᠃ ᠤᠭ ᠠ᠋ᠴᠠ ᠳᠠᠪ ᠲᠩᠷᠢ ᠳ᠋ᠦ᠍ ᠲᠠᠯ᠎ᠠ ᠦᠭᠡᠢ ᠲᠡᠭᠦᠨ ᠢ᠋ ᠦᠯᠦ ᠲᠣᠭᠣᠮᠰᠠᠷᠯᠠᠨ ᠬᠢᠯᠠᠢᠵᠤ ᠶᠠᠪᠤᠳᠠᠭ ᠬᠠᠰᠠᠷ ᠥᠨᠳᠡᠢᠵᠦ ᠦᠭᠡ ᠬᠡᠯᠡᠬᠦ ᠭᠡᠬᠦ ᠳ᠋ᠦ᠍ ᠲᠡᠮᠦᠵᠢᠨ ᠲᠡᠭᠦᠨ ᠢ᠋ ᠵᠠᠩᠭᠠᠨ ᠳᠠᠭᠤ ᠦᠭᠡᠢ ᠰᠠᠭᠤᠯᠭᠠᠪᠠ᠃ 
       ᠳᠠᠪ ᠲᠩᠷᠢ ᠶ᠋ᠢᠨ ᠬᠦᠨᠳᠦᠳᠬᠡᠯ ᠲᠡᠢ《ᠴᠢᠩᠭᠢᠰ ᠬᠠᠭᠠᠨ》 ᠭᠡᠰᠡᠨ ᠦᠭᠡ ᠪᠦᠭᠦᠳᠡ ᠶ᠋ᠢ ᠥᠪᠡᠷ ᠲᠦ᠋ᠨᠢ ᠪᠢᠰᠢᠷᠡᠬᠦ ᠰᠡᠳᠬᠢᠯ ᠢ᠋ ᠬᠦᠴᠦᠲᠡᠢ ᠲᠥᠷᠥᠭᠦᠯᠵᠦ ᠪᠠᠢᠭ᠎ᠠ ᠶ᠋ᠢ ᠲᠡᠮᠦᠵᠢᠨ ᠣᠢᠯᠠᠭᠠᠯ᠎ᠠ᠃ ᠳᠠᠪ ᠲᠩᠷᠢ ᠶ᠋ᠢᠨ ᠬᠦᠴᠦ ᠶ᠋ᠢ ᠶᠠᠭᠤᠨ ᠳ᠋ᠤ᠌ ᠠᠰᠢᠭᠯᠠᠵᠤ ᠪᠣᠯᠬᠤ ᠶ᠋ᠢ ᠨᠢᠭᠡᠨᠲᠡ ᠮᠡᠳᠡᠬᠦ ᠪᠣᠯᠤᠭᠰᠠᠨ ᠲᠡᠮᠦᠵᠢᠨ ᠲᠡᠭᠦᠨ ᠳ᠋ᠦ᠍ ᠰᠠᠭᠠᠳ ᠪᠣᠯᠬᠤ ᠶ᠋ᠢ ᠦᠯᠦ ᠬᠦᠰᠡᠨ ᠬᠡᠯᠡᠯᠴᠡᠵᠦ ᠪᠠᠢᠭᠰᠠᠨ ᠤᠯᠤᠰ ᠤ᠋ᠨ ᠴᠢᠬᠤᠯᠠ ᠬᠡᠷᠡᠭ ᠢ᠋ᠶ᠋ᠡᠨ ᠬᠣᠢᠰᠢ ᠲᠠᠯᠪᠢᠪᠠ᠃ ᠲᠡᠳᠡ ᠣᠳᠣ ᠪᠠᠢᠭᠤᠯᠤᠭᠰᠠᠨ ᠤᠯᠤᠰ ᠢ᠋ᠶ᠋ᠠᠨ ᠬᠡᠷᠬᠢᠨ ᠨᠡᠷᠡᠯᠡᠬᠦ ᠶ᠋ᠢ ᠲᠣᠭᠲᠠᠭᠠᠬᠤ ᠪᠠᠷ ᠬᠡᠯᠡᠯᠴᠡᠵᠦ ᠪᠠᠢᠭᠰᠠᠨ ᠪᠢᠯᠡ᠃ ᠡᠢᠮᠦ ᠦᠶ᠎ᠡ ᠳ᠋ᠦ᠍ ᠳᠠᠪ ᠲᠩᠷᠢ ᠡᠴᠡ ᠥᠭᠡᠷ᠎ᠡ ᠬᠥᠮᠦᠨ ᠢᠩᠭᠢᠭᠰᠡᠨ ᠪᠣᠯ ᠲᠡᠷᠡ ᠬᠣᠷᠣᠮ ᠤ᠋ᠨ ᠳᠣᠲᠣᠷ᠎ᠠ ᠬᠡᠭᠦᠷ ᠪᠣᠯᠬᠤ ᠪᠠᠢᠪᠠ᠃ ᠳᠠᠪ ᠲᠩᠷᠢ ᠶ᠋ᠢᠨ ᠴᠠᠭᠠᠰᠢ ᠶᠠᠭᠤ ᠬᠡᠯᠡᠬᠦ ᠶ᠋ᠢ ᠬᠦᠯᠢᠶᠡᠨ ᠭᠡᠷ ᠲᠦ᠍ ᠲᠦᠭᠰᠢᠭᠦᠷᠢ ᠲᠡᠢ ᠨᠠᠮ ᠭᠦᠮ ᠪᠣᠯᠤᠯ᠎ᠠ᠃ ᠭᠡᠲᠡᠯ᠎ᠡ ᠳᠠᠪ ᠲᠩᠷᠢ ᠶᠡᠬᠡ ᠦᠰᠦᠲᠦ ᠲᠣᠯᠣᠭᠠᠢ ᠪᠠᠨ ᠤᠨᠵᠢᠭᠤᠯᠤᠨ ᠤᠨᠲᠠᠬᠤ ᠮᠡᠲᠦ ᠰᠠᠭᠤᠭᠰᠠᠭᠠᠷ᠃ ᠬᠠᠰᠠᠷ ᠮᠡᠲᠦ ᠲᠡᠪᠴᠢᠶᠡᠷᠢ ᠦᠭᠡᠢ ᠵᠠᠷᠢᠮ ᠤ᠋ᠨ ᠬᠡᠯᠡ ᠵᠠᠭᠠᠲᠤᠨᠠᠨ ᠥᠨᠳᠡᠯᠵᠡᠪᠡᠴᠦ ᠲᠡᠮᠦᠵᠢᠨ ᠦ᠌ ᠬᠥᠭᠡᠴᠦ ᠳ᠋ᠦ᠍ ᠣᠨᠴᠠᠭᠠᠢ ᠳᠣᠲᠣᠨᠣ ᠬᠠᠨᠳᠤᠳᠠᠭ ᠢ᠋ ᠮᠡᠳᠡᠬᠦ ᠲᠤᠯᠠ ᠲᠡᠪᠴᠢᠨ᠎ᠡ᠃ ᠳᠠᠪ ᠲᠩᠷᠢ ᠭᠡᠨᠡᠳᠲᠡ ᠲᠣᠯᠣᠭᠠᠢ ᠪᠠᠨ ᠡᠷᠭᠦᠪᠡ᠃ ᠣᠳᠣ ᠲᠡᠭᠦᠨ ᠦ᠌ ᠨᠢᠳᠦ ᠬᠤᠷᠴᠠ ᠴᠡᠩᠬᠡᠷ ᠥᠩᠭᠡ ᠪᠡᠷ ᠬᠡᠷᠡᠯᠳᠦᠵᠦ ᠪᠠᠢᠬᠤ ᠶ᠋ᠢ ᠲᠡᠮᠦᠵᠢᠨ ᠦᠵᠡᠵᠡᠢ᠃ ᠳᠠᠪ ᠲᠩᠷᠢ ᠨᠢᠭᠡ ᠨᠢᠳᠦ ᠪᠡᠷ ᠲᠣᠭᠣᠨᠣ ᠪᠠᠷ ᠲᠩᠷᠢ ᠰᠢᠷᠲᠡᠵᠦ ᠨᠥᠭᠦᠭᠡ ᠨᠢᠳᠦ ᠪᠡᠷ ᠭᠡᠷ ᠲᠦ᠍ ᠰᠠᠭᠤᠭᠰᠠᠳ ᠢ᠋ ᠲᠣᠭᠣᠷᠢᠭᠤᠯᠤᠨ ᠬᠠᠷᠠᠪᠠ᠃ ᠳᠠᠪ ᠲᠩᠷᠢ ᠶ᠋ᠢᠨ ᠨᠢᠳᠦᠨ ᠡᠴᠡ ᠰᠠᠴᠤᠷᠠᠬᠤ ᠭᠡᠷᠡᠯ ᠳ᠋ᠦ᠍ ᠬᠤᠯᠤ ᠲᠠᠢ ᠠᠢᠷᠠᠭ ᠴᠥᠮ ᠢ᠋ᠶ᠋ᠡᠷ ᠴᠡᠩᠬᠡᠷ ᠥᠩᠭᠡ ᠲᠡᠢ ᠦᠵᠡᠭᠳᠡᠪᠡ᠃ ᠶᠠᠮᠠᠷ ᠨᠢᠭᠡ ᠭᠠᠢᠬᠠᠯᠲᠠᠢ ᠦᠢᠯᠡ ᠶᠠᠪᠤᠳᠠᠯ ᠪᠣᠯᠬᠤ ᠰᠣᠪᠢᠩ ᠲᠡᠮᠦᠵᠢᠨ ᠦ᠌ ᠰᠡᠳᠬᠢᠯ ᠳ᠋ᠦ᠍ ᠲᠥᠷᠥᠵᠡᠢ᠃  
       | ᠴᠢᠩᠭᠢᠰ ᠬᠠᠭᠠᠨ ᠲᠠ ᠰᠣᠨᠣᠰᠤᠭᠲᠤᠨ᠃ ᠣᠯᠠᠨ ᠨᠥᠬᠥᠳ᠂ ᠬᠥᠪᠡᠭᠦᠳ ᠲᠠ ᠨᠠᠷ ᠮᠥᠷᠭᠥᠭᠲᠦᠨ᠃ ᠪᠢ ᠰᠠᠶᠢ ᠳᠡᠭᠡᠳᠦ ᠲᠩᠷᠢ ᠶ᠋ᠢᠨ ᠦᠭᠡ ᠶ᠋ᠢ ᠰᠣᠨᠣᠰᠤᠯ᠎ᠠ᠃ ᠡᠴᠢᠭᠡ ᠲᠩᠷᠢ ᠳ᠋ᠦ᠍ ᠲᠡᠳᠬᠦᠭᠳᠡᠵᠦ᠂ ᠡᠬᠡ ᠭᠠᠵᠠᠷ ᠲᠤ᠌ ᠢᠪᠡᠭᠡᠭᠳᠡᠭᠰᠡᠨ ᠲᠡᠮᠦᠵᠢᠨ ᠢ᠋ ᠶᠡᠬᠡ ᠤᠯᠤᠰ ᠤ᠋ᠨ ᠡᠵᠡᠨ ᠪᠣᠯᠭ᠎ᠠ ᠭᠡᠨ᠎ᠡ᠃ ᠲᠠ ᠨᠠᠷ ᠲᠩᠷᠢ ᠶ᠋ᠢᠨ ᠵᠠᠷᠯᠢᠭ ᠢ᠋ ᠳᠠᠭᠠᠭᠲᠤᠨ᠃ ᠴᠢᠩᠭᠢᠰ ᠬᠠᠭᠠᠨ ᠤ᠋ ᠦᠭᠡ ᠶ᠋ᠢ ᠲᠩᠷᠢ ᠶ᠋ᠢᠨ ᠵᠠᠷᠯᠢᠭ ᠭᠡᠵᠦ ᠪᠢᠰᠢᠷᠡᠭᠲᠦᠨ᠃ ᠬᠡᠨ ᠴᠢᠩᠭᠢᠰ ᠬᠠᠭᠠᠨ ᠳ᠋ᠤ᠌ ᠲᠡᠷᠰᠯᠡᠨ᠎ᠡ᠃ ᠲᠡᠷᠡ ᠲᠩᠷᠢ ᠶ᠋ᠢᠨ ᠴᠠᠭᠠᠵᠠᠨ ᠳ᠋ᠤ᠌ ᠤᠨᠠᠵᠤ ᠵᠠᠳᠠᠷᠠᠨ ᠤ᠋ ᠵᠠᠯᠢᠬᠠᠢ ᠵᠠᠮᠤᠬ᠎ᠠ ᠶ᠋ᠢᠨ ᠠᠳᠠᠯᠢ ᠬᠡᠭᠦᠷ ᠪᠣᠯᠤᠨ᠎ᠠ᠃ ᠴᠢᠩᠭᠢᠰ ᠬᠠᠭᠠᠨ ᠳᠡᠭᠡᠳᠦ ᠲᠩᠷᠢ ᠰᠢᠭ ᠮᠥᠩᠬᠡ ᠣᠷᠣᠰᠢᠬᠤ ᠪᠣᠯᠤᠨ᠎ᠠ᠃ ᠣᠯᠠᠨ ᠪᠦᠭᠦᠳᠡᠭᠡᠷ ᠰᠣᠨᠣᠰᠴᠤ ᠪᠢᠰᠢᠷᠡᠭᠲᠦᠨ᠃ ᠮᠥᠩᠬᠡ ᠲᠩᠷᠢ ᠶ᠋ᠢᠨ ᠬᠦᠴᠦᠨ ᠳ᠋ᠦ᠍ᠷ ᠶᠢᠷᠲᠢᠨᠴᠦ ᠪᠦᠬᠦᠯᠢ ᠪᠡᠷ ᠠᠮᠤᠭᠤᠯᠠᠩ ᠣᠷᠣᠰᠢᠨ᠎ᠠ᠃ ᠶᠡᠬᠡ ᠮᠣᠩᠭᠣᠯ ᠤᠯᠤᠰ ᠢ᠋᠂ ᠡᠨᠡ ᠶᠢᠷᠲᠢᠨᠴᠦ ᠶ᠋ᠢ ᠴᠢᠩᠭᠢᠰ ᠬᠠᠭᠠᠨ ᠵᠠᠬᠢᠷᠤᠨ ᠰᠠᠭᠤᠨ᠎ᠠ ᠭᠡᠯ᠎ᠡ᠃ ᠳᠡᠭᠡᠳᠦ ᠲᠩᠷᠢ ᠶ᠋ᠢᠨ ᠵᠠᠷᠯᠢᠭ ᠢ᠋ ᠬᠥᠯ ᠲᠡᠢ ᠨᠢ ᠰᠥᠭᠦᠷᠴᠦ ᠰᠣᠨᠣᠰᠤᠭᠲᠤᠨ᠃ ᠬᠥᠯ ᠦᠭᠡᠢ ᠨᠢ ᠬᠡᠪᠲᠡᠵᠦ ᠰᠣᠨᠣᠰᠤᠭᠲᠤᠨ ᠭᠡᠵᠦ ᠳᠠᠪ ᠲᠩᠷᠢ ᠰᠦᠷᠯᠢᠭ ᠢ᠋ᠶ᠋ᠡᠷ ᠪᠦᠷ ᠠᠯᠤᠰ ᠭᠠᠵᠠᠷ ᠠᠭᠲᠠ ᠲᠠᠭᠤᠵᠤ ᠶᠠᠪᠤᠭᠰᠠᠨ ᠡᠷ᠎ᠡ ᠰᠣᠨᠣᠰᠴᠤ ᠵᠣᠭ ᠲᠤᠰᠬᠤ ᠪᠠᠷ ᠬᠡᠯᠡᠭᠰᠡᠨ ᠨᠢ ᠰᠣᠨᠣᠰᠤᠭᠰᠠᠨ ᠬᠡᠨ ᠪᠣᠯᠪᠠᠴᠤ ᠰᠦᠷᠳᠡᠵᠦ ᠪᠢᠰᠢᠷᠡᠮ᠎ᠡ ᠠᠵᠢ᠃ ᠪᠦᠭᠦᠳᠡ ᠳᠠᠪ ᠲᠩᠷᠢ ᠶ᠋ᠢᠨ ᠰᠢᠳᠦᠨ ᠳ᠋ᠦ᠍  ᠠᠪᠲᠠᠨ ᠰᠥᠭᠦᠷᠴᠦ ᠲᠩᠷᠢ ᠳ᠋ᠦ᠍ ᠮᠥᠷᠭᠥᠨ ᠵᠠᠷᠯᠢᠭ ᠢ᠋ ᠤᠭᠲᠤᠨ ᠠᠪᠤᠪᠠ᠃ ᠬᠡᠨ ᠴᠦ᠍ ᠠᠯᠪᠠᠳᠠᠵᠤ ᠱᠠᠭᠠᠷᠳᠠᠭ᠎ᠠ ᠦᠭᠡᠢ ᠮᠥᠷᠲᠡᠭᠡᠨ ᠦᠷᠭᠦᠭᠡᠨ ᠳ᠋ᠦ᠍ ᠪᠠᠢᠭᠰᠠᠨ ᠪᠦᠬᠦ ᠬᠥᠮᠦᠨ ᠥᠨᠥᠬᠢ ᠴᠡᠩᠬᠡᠷ ᠭᠡᠷᠡᠯ ᠳ᠋ᠦ᠍ ᠢᠯᠪᠢᠳᠦᠭᠦᠯᠦᠭᠰᠡᠨ ᠮᠡᠲᠦ ᠪᠣᠯᠬᠤ ᠶ᠋ᠢ ᠲᠡᠮᠦᠵᠢᠨ ᠥᠪᠡᠷ ᠦ᠋ᠨ ᠨᠢᠳᠦ ᠪᠡᠷ ᠦᠵᠡᠵᠡᠢ᠃ ᠭᠠᠭᠴᠠ ᠲᠡᠮᠦᠵᠢᠨ ᠯᠡ ᠬᠥᠳᠡᠯᠦᠯ ᠦᠭᠡᠢ ᠰᠠᠭᠤᠭᠰᠠᠭᠠᠷ ᠪᠠᠢᠪᠠ᠃ ᠬᠠᠷᠢᠨ ᠲᠡᠮᠦᠵᠢᠨ ᠦ᠌  ᠰᠠᠭᠤᠵᠤ ᠪᠠᠢᠭᠰᠠᠨ ᠨᠠᠷᠠᠰᠤᠨ ᠰᠡᠨᠳᠡᠢ ᠭᠠᠵᠠᠷ ᠠ᠋ᠴᠠ ᠲᠣᠬᠣᠢ ᠬᠥᠭᠡᠷᠦᠭᠰᠡᠨ ᠢ᠋ ᠲᠡᠷᠡ ᠠᠩᠵᠠᠭᠠᠷᠠᠭᠰᠠᠨ ᠦᠭᠡᠢ᠃ ᠳᠠᠪ ᠲᠩᠷᠢ ᠶ᠋ᠢ ᠳᠡᠭᠡᠷᠡᠬᠢ ᠦᠭᠡ ᠶ᠋ᠢ ᠬᠡᠯᠡᠵᠦ ᠪᠠᠢᠬᠤ ᠳ᠋ᠤ᠌  ᠬᠦᠵᠦᠭᠦᠨ ᠳ᠋ᠡᠬᠢ ᠰᠠᠬᠢᠭᠤᠰᠤ ᠨᠢ ᠭᠠᠯ ᠮᠡᠲᠦ ᠬᠠᠯᠠᠭᠤ ᠣᠷᠬᠢᠬᠤ ᠶ᠋ᠢ ᠲᠡᠮᠦᠵᠢᠨ ᠮᠡᠳᠡᠷᠡᠵᠦ ᠪᠠᠢᠪᠠ᠃ ᠡᠨᠡ ᠪᠣᠯ ᠳᠠᠪ ᠲᠩᠷᠢ ᠶ᠋ᠢᠨ ᠦᠭᠡ ᠦᠨᠡᠨ ᠪᠣᠯᠬᠤ ᠶ᠋ᠢ  ᠪᠠᠲᠤᠯᠠᠭᠰᠠᠨ ᠬᠡᠷᠡᠭ ᠶᠦ᠍ᠮ᠃ ᠳᠠᠪ ᠲᠩᠷᠢ ᠮᠥᠯᠬᠥᠨ ᠢᠷᠡᠵᠦ ᠲᠡᠮᠦᠵᠢᠨ ᠦ᠌ ᠬᠣᠷᠮᠣᠢ ᠠ᠋ᠴᠠ ᠠᠳᠢᠰ ᠠᠪᠤᠭᠠᠳ 
       | ᠬᠥᠪᠡᠭᠦᠳ᠂ ᠳᠡᠭᠦᠦ ᠨᠠᠷ᠂ ᠰᠢᠳᠠᠷ ᠨᠥᠬᠥᠳ ᠪᠦᠭᠦᠳᠡᠭᠡᠷ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠳᠡᠭᠡᠭᠰᠡᠨ ᠶᠡᠬᠡ ᠴᠢᠩᠭᠢᠰ ᠬᠠᠭᠠᠨ ᠳ᠋ᠤ᠌ ᠮᠥᠷᠭᠥᠭᠲᠦᠨ! ᠭᠡᠵᠦ ᠬᠠᠰᠬᠢᠷᠬᠤ ᠳ᠋ᠤ᠌ ᠵᠥᠷᠢᠬᠦ ᠬᠥᠮᠦᠨ ᠨᠢᠭᠡ ᠴᠦ᠍ ᠭᠠᠷᠤᠭᠰᠠᠨ ᠦᠭᠡᠢ ᠨᠢ ᠮᠡᠳᠡᠭᠡᠵᠢ ᠪᠢᠯᠡ᠃ ᠲᠡᠮᠦᠵᠢᠨ ᠦ᠌ ᠰᠡᠳᠬᠢᠯ ᠬᠢᠵᠠᠭᠠᠷ ᠦᠭᠡᠢ ᠶᠡᠬᠡ ᠪᠡᠷ ᠪᠠᠬᠠᠳᠤᠨ ᠪᠡᠶᠡᠰᠪᠡ᠃ ᠪᠣᠷᠵᠢᠭᠢᠨ ᠠᠢᠮᠠᠭ ᠤ᠋ᠨ ᠬᠠᠨ ᠪᠣᠯᠬᠤ ᠳ᠋ᠤ᠌ ᠡᠷᠭᠦᠮᠵᠢᠯᠡᠭᠰᠡᠨ 《ᠴᠢᠩᠭᠢᠰ ᠬᠠᠭᠠᠨ》 ᠴᠣᠯᠠ ᠣᠳᠣ ᠲᠩᠷᠢ ᠶ᠋ᠢᠨ ᠵᠠᠷᠯᠢᠭ ᠪᠣᠯᠵᠤ ᠮᠥᠩᠭᠡᠲᠡ ᠰᠣᠶᠣᠷᠬᠠᠭᠳᠠᠪᠠ᠃ ᠲᠡᠷᠡ ᠰᠥᠨᠢ ᠴᠢᠩᠭᠢᠰ ᠬᠠᠭᠠᠨ ᠳᠠᠪ ᠲᠩᠷᠢ ᠶ᠋ᠢ ᠤᠷᠢᠵᠤ ᠦᠯᠡᠳᠡᠭᠡᠨ ᠰᠥᠨᠢᠵᠢᠨ ᠶᠠᠷᠢᠯᠴᠠᠵᠠᠢ᠃ ᠴᠢᠩᠭᠢᠰ ᠬᠠᠭᠠᠨ ᠳ᠋ᠤ᠌ ᠳᠡᠭᠡᠳᠦ ᠲᠩᠷᠢ ᠶ᠋ᠢᠨ ᠦᠭᠡ ᠶ᠋ᠢ ᠰᠣᠨᠣᠰᠬᠤ ᠬᠦᠰᠡᠯ ᠣᠷᠭᠢᠯᠵᠤ ᠪᠠᠢᠯ᠎ᠠ᠃ ᠥᠨᠥᠳᠥᠷ ᠳᠠᠪ ᠲᠩᠷᠢ ᠶ᠋ᠢᠨ ᠤᠯᠠᠮᠵᠢᠯᠠᠭᠰᠠᠨ ᠲᠩᠷᠢ ᠶ᠋ᠢᠨ ᠵᠠᠷᠯᠢᠭ ᠢ᠋ ᠠᠨᠳᠠ ᠨᠥᠬᠥᠳ᠂ ᠠᠯᠲᠠᠨ ᠤᠷᠤᠭ ᠤ᠋ᠨ ᠬᠥᠪᠡᠭᠦᠳ ᠯᠡ ᠰᠣᠨᠣᠰᠪᠠ᠃ ᠬᠠᠷᠢᠨ ᠣᠳᠣ ᠡᠨᠡ ᠵᠠᠷᠯᠢᠭ ᠢ᠋ ᠬᠤᠷᠢᠶᠠᠵᠤ ᠴᠤᠭᠯᠠᠭᠤᠯᠤᠭᠰᠠᠨ ᠪᠦᠬᠦ ᠠᠢᠮᠠᠭ ᠤᠯᠤᠰ᠂ ᠨᠤᠲᠤᠭ ᠣᠷᠣᠨ ᠳ᠋ᠤ᠌ ᠳᠦᠭᠦᠷᠲᠡᠯ᠎ᠡ ᠰᠣᠨᠣᠰᠬᠠᠬᠤ ᠬᠦᠰᠡᠯ ᠴᠢᠩᠭᠢᠰ ᠬᠠᠭᠠᠨ ᠳ᠋ᠤ᠌ ᠲᠥᠷᠥᠵᠡᠢ᠃ ᠪᠦᠬᠦ ᠬᠥᠮᠦᠨ ᠪᠠᠭ᠎ᠠ ᠪᠠᠯᠴᠢᠷ᠂ ᠪᠠᠯᠠᠢ ᠵᠥᠨᠥᠭ ᠪᠦᠭᠦᠳᠡᠭᠡᠢ ᠳᠡᠭᠡᠳᠦ ᠲᠩᠷᠢ ᠶ᠋ᠢᠨ ᠵᠠᠷᠯᠢᠭ ᠢ᠋ ᠦᠨᠡᠨ ᠰᠡᠳᠬᠢᠯ ᠢ᠋ᠶ᠋ᠡᠷ ᠪᠢᠰᠢᠷᠡᠨ ᠳᠠᠭᠠᠬᠤ ᠠᠪᠠᠰᠤ ᠴᠢᠩᠭᠢᠰ ᠬᠠᠭᠠᠨ ᠤ᠋ ᠰᠦᠷ ᠬᠦᠴᠦ ᠨᠡᠮᠡᠭᠳᠡᠵᠦ ᠶᠢᠷᠲᠢᠨᠴᠦ ᠳ᠋ᠦ᠍ ᠳᠠᠭᠤᠷᠢᠰᠬᠤ ᠪᠢᠯᠡ᠃ ᠬᠥᠮᠦᠨ ᠦ᠌ ᠰᠡᠳᠬᠢᠯ ᠳ᠋ᠦ᠍ ᠣᠷᠣᠰᠢᠬᠤ ᠢᠲᠡᠭᠡᠯ ᠪᠢᠰᠢᠷᠡᠯ ᠭᠡᠳᠡᠭ ᠴᠡᠷᠢᠭ ᠵᠡᠪᠰᠡᠭ ᠡᠴᠡ ᠳᠤᠲᠠᠬᠤ ᠦᠭᠡᠢ ᠶᠡᠬᠡ ᠬᠦᠴᠦ ᠭᠡᠳᠡᠭ ᠢ᠋ ᠴᠢᠩᠭᠢᠰ ᠬᠠᠭᠠᠨ ᠰᠠᠢᠲᠤᠷ ᠣᠢᠯᠠᠭᠠᠵᠤ ᠠᠪᠴᠠᠢ᠃ ᠡᠭᠦᠨ ᠢ᠋ ᠳᠠᠪ ᠲᠩᠷᠢ ᠪᠦᠬᠦᠨ ᠦ᠌ ᠨᠢᠳᠦᠨ ᠦ᠌ ᠡᠮᠦᠨ᠎ᠡ ᠪᠠᠲᠤᠯᠠᠨ ᠬᠠᠷᠢᠭᠤᠯᠵᠤ ᠪᠠᠢᠪᠠ᠃ ᠲᠡᠢᠮᠦ ᠴᠦ᠍ ᠤᠴᠢᠷ ᠠ᠋ᠴᠠ ᠴᠢᠩᠭᠢᠰ ᠬᠠᠭᠠᠨ ᠤ᠋ ᠰᠦᠷ ᠬᠦᠴᠦ ᠶ᠋ᠢ ᠤᠯᠠᠮ ᠨᠡᠮᠡᠭᠳᠡᠭᠦᠯᠬᠦ᠂ ᠢᠷᠭᠡᠳ ᠣᠯᠠᠨ ᠢ᠋  ᠥᠪᠡᠷ ᠲᠡᠭᠡᠨ ᠪᠢᠰᠢᠷᠡᠭᠦᠯᠵᠦ ᠨᠢᠭᠡᠨ ᠦᠵᠦᠭᠦᠷᠲᠦ ᠰᠡᠳᠬᠢᠯ ᠢ᠋ᠶ᠋ᠡᠷ ᠵᠢᠳᠬᠦᠭᠦᠯᠬᠦ ᠳ᠋ᠦ᠍ ᠳᠠᠪ ᠲᠩᠷᠢ ᠶ᠋ᠢᠨ ᠲᠤᠰᠠ ᠶᠡᠬᠡ ᠬᠡᠷᠡᠭᠲᠡᠢ ᠶ᠋ᠢ ᠣᠢᠯᠠᠭᠠᠭᠰᠠᠨ ᠲᠤᠯᠠ ᠲᠡᠭᠦᠨ ᠲᠡᠢ ᠪᠤᠰᠤᠳ ᠠ᠋ᠴᠠ ᠢᠯᠡᠭᠦᠦ ᠬᠦᠨᠳᠦᠳᠬᠡᠯ ᠲᠡᠢ ᠬᠠᠨᠳᠤᠳᠠᠭ ᠪᠠᠢᠯ᠎ᠠ᠃ ᠲᠡᠭᠦᠨ ᠲᠡᠢ ᠠᠳᠠᠯᠢ ᠢᠳᠢ ᠰᠢᠳᠢ᠂ ᠳᠠᠯᠳᠠ ᠶ᠋ᠢᠨ ᠬᠦᠴᠦ᠂ ᠲᠩᠷᠢ ᠲᠡᠢ ᠶᠠᠷᠢᠬᠤ ᠴᠢᠳᠠᠪᠤᠷᠢ ᠦᠭᠡᠢ ᠲᠤᠯᠠ ᠡᠭᠦᠨ ᠡᠴᠡ ᠥᠭᠡᠷ᠎ᠡ ᠰᠢᠯᠢᠳᠡᠭ ᠠᠷᠭ᠎ᠠ ᠶ᠋ᠢ ᠴᠢᠩᠭᠢᠰ ᠬᠠᠭᠠᠨ ᠪᠣᠳᠣᠵᠤ ᠣᠯᠵᠤ ᠴᠢᠳᠠᠭᠰᠠᠨ ᠦᠭᠡᠢ᠃ ᠶᠡᠷᠦ ᠨᠢ ᠥᠪᠡᠷ ᠡᠴᠡ ᠢᠯᠡᠭᠦᠦ ᠬᠦᠴᠦ ᠴᠢᠳᠠᠯᠲᠠᠨ ᠲᠠᠢ᠂ ᠠᠷᠰᠠᠯᠳᠠᠨ ᠳᠠᠢᠰᠤᠩᠨᠠᠬᠤ ᠪᠢᠰᠢ᠂ ᠠᠷᠭᠠᠳᠠᠨ ᠨᠥᠬᠥᠷᠯᠡᠬᠦ ᠶ᠋ᠢ ᠢᠯᠡᠭᠦᠦ ᠳ᠋ᠦ᠍ ᠦᠵᠡᠳᠡᠭ ᠨᠢ ᠲᠡᠮᠦᠵᠢᠨ ᠦ᠌ ᠬᠠᠷ᠎ᠠ ᠪᠠᠭ᠎ᠠ ᠶ᠋ᠢᠨ ᠤᠬᠠᠭᠠᠨ ᠪᠢᠯᠡ᠃ ᠲᠡᠮᠦᠵᠢᠨ ᠦ᠌ ᠡᠨᠡ ᠬᠦᠨᠳᠦᠳᠬᠡᠯ ᠳᠠᠪ ᠲᠩᠷᠢ ᠳ᠋ᠦ᠍ ᠲᠠᠭᠠᠲᠠᠢ ᠪᠠᠢᠪᠠ᠃ ᠲᠡᠷᠡ ᠰᠥᠨᠢ ᠲᠡᠳᠡ ᠲᠡᠮᠦᠵᠢᠨ ᠢ᠋ ᠶᠡᠬᠡ ᠬᠠᠭᠠᠨ ᠳ᠋ᠤ᠌ ᠡᠷᠭᠦᠮᠵᠢᠯᠡᠬᠦ ᠶᠣᠰᠣᠯᠠᠯ ᠢ᠋ ᠬᠡᠷᠬᠢᠨ ᠬᠢᠬᠦ᠂ ᠲᠡᠭᠦᠨ ᠡᠴᠡ ᠡᠮᠦᠨ᠎ᠡ ᠳᠠᠪ ᠲᠩᠷᠢ ᠥᠪᠡᠷ ᠦ᠋ᠨ ᠢᠳᠢ ᠰᠢᠳᠢ ᠶ᠋ᠢ ᠬᠡᠷᠡᠭᠯᠡᠨ ᠴᠢᠩᠭᠢᠰ ᠬᠠᠭᠠᠨ ᠢ᠋ ᠠᠯᠳᠠᠷᠰᠢᠭᠤᠯᠬᠤ᠂ ᠲᠡᠭᠦᠨ ᠳ᠋ᠦ᠍ ᠢᠳᠡᠭᠡᠨ ᠪᠢᠰᠢᠷᠡᠬᠦ ᠰᠡᠳᠬᠢᠯ ᠢ᠋ ᠲᠡᠭᠦᠨ ᠦ᠌ ᠳᠤᠮᠳᠠ  ᠲᠦᠭᠡᠬᠦ ᠳ᠋ᠦ᠍ ᠬᠦᠴᠦᠨ ᠵᠢᠳᠬᠦᠬᠦ ᠪᠡᠷ ᠲᠣᠬᠢᠷᠠᠯᠴᠠᠪᠠ᠃ ᠡᠭᠦᠨ ᠦ᠌ ᠬᠢᠨᠢ ᠲᠥᠯᠥᠭᠡ ᠴᠢᠩᠭᠢᠰ ᠬᠠᠭᠠᠨ ᠳᠠᠪ ᠲᠩᠷᠢ ᠪᠣᠯᠤᠭᠠᠳ ᠮᠡᠩᠯᠢᠭ ᠡᠴᠢᠭᠡ ᠶ᠋ᠢᠨ ᠦᠷ᠎ᠡ ᠤᠳᠤᠮ ᠢ᠋ ᠡᠭᠦᠷᠢᠳᠡ ᠢᠪᠡᠭᠡᠯ ᠳ᠋ᠡᠭᠡᠨ ᠠᠪᠴᠤ ᠠᠯᠢᠪᠠ ᠲᠠᠲᠠᠪᠤᠷᠢ ᠭᠤᠪᠴᠢᠭᠤᠷ᠂ ᠴᠡᠷᠢᠭ ᠲᠡᠢᠨ ᠦ᠌ ᠠᠯᠪᠠᠨ ᠠ᠋ᠴᠠ ᠴᠢᠯᠥᠭᠡᠯᠡᠵᠦ᠂ ᠬᠠᠭᠠᠨ ᠤ᠋ ᠰᠠᠨᠠᠭ᠎ᠠ ᠠ᠋ᠴᠠ ᠬᠡᠰᠢᠭ ᠬᠦᠷᠲᠡᠭᠡᠨ ᠢᠪᠡᠭᠡᠵᠦ ᠪᠠᠢᠬᠤ ᠪᠠᠷ ᠪᠣᠯᠵᠠᠢ᠃ ᠲᠡᠳᠡᠨ ᠦ᠌ ᠬᠢᠭᠰᠡᠨ ᠡᠨᠡ ᠲᠣᠬᠢᠷᠠᠯᠴᠠᠭ᠎ᠠ ᠬᠡᠨ ᠬᠡᠨ ᠳ᠋ᠦ᠍ᠨᠢ ᠠᠰᠢᠭᠲᠠᠢ ᠪᠠᠢᠭᠰᠠᠨ ᠲᠤᠯᠠ ᠨᠢᠭᠤᠴᠠ ᠶ᠋ᠢ ᠴᠢᠩᠳᠠᠯᠠᠨ ᠦᠨᠡᠨᠴᠢ ᠵᠢᠳᠬᠦᠬᠦ ᠪᠡᠷ ᠠᠨᠳᠠᠭᠠᠢᠯᠠᠪᠠ᠃ ᠶᠡᠬᠡ ᠮᠣᠩᠭᠣᠯ ᠤᠯᠤᠰ ᠢ᠋ ᠪᠠᠢᠭᠤᠯᠵᠤ ᠴᠢᠩᠭᠢᠰ ᠬᠠᠭᠠᠨ ᠢ᠋ ᠡᠷᠭᠦᠮᠵᠢᠯᠡᠭᠰᠡᠨ ᠶᠡᠬᠡ ᠬᠤᠷᠠᠯᠲᠠᠢ ᠶ᠋ᠢᠨ ᠦᠶ᠎ᠡ ᠪᠡᠷ ᠣᠯᠠᠨ ᠢ᠋ ᠪᠢᠰᠢᠷᠡᠭᠦᠯᠵᠦ ᠬᠦᠨᠳᠦᠯᠡᠯ ᠬᠦᠯᠢᠶᠡᠭᠰᠡᠨ ᠬᠥᠮᠦᠰ ᠪᠣᠯ ᠴᠢᠩᠭᠢᠰ ᠬᠠᠭᠠᠨ᠂ ᠳᠠᠪ ᠲᠩᠷᠢ ᠬᠣᠶᠠᠷ ᠪᠠᠢᠯ᠎ᠠ᠃ ᠲᠡᠮᠦᠵᠢᠨ ᠢ᠋ ᠶᠡᠬᠡ ᠮᠣᠩᠭᠣᠯ ᠤᠯᠤᠰ ᠤ᠋ᠨ ᠬᠠᠭᠠᠨ ᠳ᠋ᠤ᠌ ᠡᠷᠭᠦᠮᠵᠢᠯᠡᠭᠰᠡᠨ ᠶᠣᠰᠣᠯᠠᠯ ᠤ᠋ᠨ ᠦᠶ᠎ᠡ ᠪᠡᠷ ᠳᠠᠪ ᠲᠩᠷᠢ ᠢᠳᠢ ᠰᠢᠳᠢ ᠪᠡᠨ ᠦᠵᠡᠭᠦᠯᠵᠦ᠂ ᠡᠭᠦᠯᠡ ᠦᠭᠡᠢ ᠲᠩᠷᠢ ᠡᠴᠡ ᠪᠣᠷᠣᠭ᠎ᠠ ᠣᠷᠣᠭᠤᠯᠵᠤ᠂ ᠴᠢᠩᠭᠢᠰ ᠬᠠᠭᠠᠨ ᠤ᠋ ᠦᠷᠭᠦᠭᠡᠨ ᠦ᠌ ᠳᠡᠭᠡᠭᠦᠷ ᠶᠡᠬᠡ ᠰᠣᠯᠣᠩᠭ᠎ᠠ ᠲᠠᠲᠠᠭᠤᠯᠤᠭᠰᠠᠨ ᠳ᠋ᠤ᠌ ᠣᠯᠠᠨ ᠪᠦᠭᠦᠳᠡᠭᠡᠷ ᠴᠢᠩᠭᠢᠰ ᠬᠠᠭᠠᠨ ᠢ᠋ ᠪᠢᠰᠢᠷᠡᠨ ᠰᠢᠲᠦᠬᠦ ᠳ᠋ᠦ᠍ ᠬᠦᠷᠭᠡᠵᠡᠢ᠃  

      ᠦᠰᠦᠭ ᠠᠮᠢᠯᠠᠭᠤᠯᠤᠭᠴᠢ᠄  ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂ 
                                   ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂ 
                                   ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
         ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠭᠠᠷᠮ᠎ᠠ᠂ ᠨᠠᠷᠠᠨ᠂ 
                      ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ