ᠳᠦᠯᠡᠢ – ᠱ᠂ ᠭᠦᠷᠦᠪᠠᠽᠠᠷ Дүлий - Ш᠂ Гүрбазар
ᠬᠣᠶᠠᠳᠤᠭᠠᠷ ᠪᠠᠭ ᠤ᠋ᠨ ᠳᠦᠯᠡᠢ ᠳ᠋ᠠᠮᠪᠠ
ᠬᠣᠲᠠ ᠠ᠋ᠴᠠ ᠠᠪᠠᠭᠠᠢ ᠠᠪᠴᠠᠢ ᠭᠡᠵᠦ ᠱᠤᠤᠭᠢᠯᠳᠤᠯᠠ
ᠳᠠᠭᠤᠯᠠᠬᠤ ᠨᠢ ᠪᠠᠢᠲᠤᠭᠠᠢ᠂ ᠶᠠᠷᠢᠬᠤ ᠨᠢ ᠳᠤᠯᠳᠤᠷᠢᠭᠠᠳ
ᠳᠤᠷᠠᠯᠠᠳᠠᠭ ᠬᠥᠮᠦᠨ ᠪᠠᠢᠭ᠎ᠠ ᠳᠠ ᠭᠡᠵᠦ ᠰᠢᠪᠡᠨᠡᠯᠳᠦᠯᠡ
ᠦᠨᠡᠨ ᠯᠡ ᠳᠡ᠂ ᠬᠥᠭᠡᠷᠦᠬᠦᠢ᠂ ᠦᠨᠡᠨ
ᠳᠦᠯᠡᠢ ᠠᠪᠠᠭᠠᠢ ᠲᠠᠢ ᠪᠠᠨ ᠺᠢᠨᠣ᠋ ᠦᠵᠡᠵᠦ ᠶᠠᠪᠤᠨ᠎ᠠ ᠯᠠ ᠭᠡᠨ᠎ᠡ
ᠳᠦᠩᠭᠢᠨᠡᠲᠡᠯ᠎ᠡ ᠬᠥᠭᠡᠷᠦᠯᠳᠦᠭᠡᠳ ᠤᠨᠲᠠᠳᠠᠭ ᠦᠭᠡᠢ ᠭᠡᠨ᠎ᠡ ᠯᠡ ᠭᠡᠨ᠎ᠡ
ᠳᠠᠭᠤᠤ ᠬᠦᠷᠲᠡᠯ᠎ᠡ ᠠᠶᠠᠯᠬᠤ ᠭᠡᠳ ᠮᠣᠷᠢ ᠦᠷᠭᠦᠭᠡᠭᠰᠡᠨ ᠯᠡ ᠭᠡᠨ᠎ᠡ
ᠳᠠᠭᠤᠰᠤᠭ᠎ᠠ ᠦᠭᠡᠢ ᠣᠯᠠᠨ ᠬᠣᠴᠢᠯᠠᠯ ᠰᠤᠮᠤ ᠪᠠᠷ ᠨᠢᠭᠡ ᠡᠷᠭᠢᠯᠳᠦᠨ᠎ᠡ
ᠵᠠᠭᠤᠭᠰᠠᠨ ᠰᠣᠷᠣᠭᠤᠯ ᠢ᠋ ᠨᠢ ᠱᠣᠣᠯᠠᠳᠠᠭ
ᠪᠣᠷᠵᠢᠭᠢᠨ ᠤ᠋ ᠠᠮᠠ ᠲᠠᠢ ᠬᠡᠦᠬᠡᠨ ᠨᠦ᠍ᠭᠦᠳ
ᠵᠤᠨ ᠤ᠋ ᠭᠤᠷᠪᠠᠨ ᠰᠠᠷ᠎ᠠ
ᠳᠦᠯᠡᠢ ᠶ᠋ᠢ ᠶᠠᠷᠢᠭᠠᠳ ᠵᠤᠭᠠᠲᠠᠢ
ᠬᠣᠪ ᠰᠣᠨᠣᠰᠬᠤ ᠠ᠋ᠴᠠ ᠬᠣᠯᠠᠳᠬᠤ ᠭᠡᠵᠦ
ᠳᠦᠯᠡᠢ ᠲᠥᠷᠥᠭᠰᠡᠨ ᠦ᠌ ᠪᠡᠨ ᠵᠠᠪᠠᠭ ᠢ᠋ᠶ᠋ᠠᠷ
ᠬᠣᠯᠠ ᠣᠢᠷ᠎ᠠ ᠶ᠋ᠢᠨ ᠭᠣᠣᠴᠢ ᠶ᠋ᠢ
ᠮᠠᠭᠲᠠᠭᠠᠯ ᠳ᠋ᠤ᠌ ᠪᠣᠳᠣᠭᠰᠠᠨ ᠳ᠋ᠠᠮᠪᠠ
ᠬᠣᠲᠠ ᠠ᠋ᠴᠠ ᠳᠠᠭᠠᠭᠤᠯᠤᠭᠰᠠᠨ ᠬᠠᠨᠢ ᠲᠠᠢ ᠪᠠᠨ
ᠺᠯᠦ᠋ᠪ ᠲᠦ᠍ ᠭᠣᠣᠯᠳᠠᠭᠤ ᠣᠷᠣᠢᠲᠠᠵᠤ
ᠬᠣᠷᠰᠢᠶᠠᠨ ᠤ᠋ ᠬᠠᠭᠤᠴᠢᠨ ᠭᠡᠷ ᠢ᠋
ᠬᠤᠳᠠᠯᠳᠤᠵᠤ ᠠᠪᠤᠭᠰᠠᠨ ᠰᠤᠷᠠᠭ ᠲᠠᠢ
ᠨᠡᠷᠡᠮᠡᠯ ᠦ᠋ᠨ ᠣᠬᠢ ᠵᠠᠢᠳᠠᠩ ᠪᠣᠯ
ᠣᠭᠣᠴᠢᠯᠠᠭᠠᠳ ᠣᠭᠣᠴᠢᠯᠠᠭᠠᠳ ᠨᠡᠮᠡᠷᠢ ᠦᠭᠡᠢ ᠯᠡ ᠳᠡ
ᠨᠢᠭᠡᠨᠲᠡ ᠳᠠᠰᠤᠭᠰᠠᠨ ᠰᠡᠳᠬᠢᠯ ᠢ᠋
ᠭᠣᠣᠴᠢᠯᠠᠭᠠᠳ ᠭᠣᠣᠴᠢᠯᠠᠭᠠᠳ ᠬᠡᠷᠡᠭ ᠦᠭᠡᠢ ᠯᠡ ᠳᠡ
ᠵᠠᠶᠠᠭᠠᠭᠰᠠᠨ ᠪᠡᠶ᠎ᠡ ᠶ᠋ᠢᠨ ᠵᠢᠷᠭᠠᠯ ᠢ᠋
ᠵᠠᠢᠴᠢᠯᠠᠭᠠᠳ ᠵᠠᠢᠴᠢᠯᠠᠭᠠᠳ ᠵᠠᠪᠰᠠᠷ ᠦᠭᠡᠢ ᠯᠡ ᠳᠡ
ᠵᠢᠮ᠎ᠡ ᠲᠡᠢ ᠦᠨᠡᠨ ᠦ᠌ ᠣᠬᠢ ᠶ᠋ᠢ
ᠵᠠᠢᠯᠠᠭᠤᠯᠤᠭᠠᠳ ᠵᠠᠢᠯᠠᠭᠤᠯᠤᠭᠠᠳ ᠨᠡᠮᠡᠷᠢ ᠦᠭᠡᠢ ᠯᠡ ᠳᠡ
ᠴᠢᠬᠢ ᠲᠡᠢ ᠪᠣᠯᠭᠠᠨ ᠢ᠋ ᠰᠢᠪᠡᠨᠡᠯᠳᠦᠭᠦᠯᠦᠭᠰᠡᠨ
ᠳᠦᠯᠡᠢ ᠳᠡᠮᠪᠡᠷᠢᠯ ᠦ᠋ᠨ ᠳᠤᠷᠠᠯᠠᠯ
ᠴᠢᠮᠡᠭᠡᠨ ᠳ᠋ᠦ᠍ ᠬᠥᠭᠡᠷᠴᠦᠭᠯᠡᠳᠡᠭ ᠰᠤᠮᠤ ᠶ᠋ᠢᠨ ᠬᠢᠨ ᠦ᠌
ᠬᠡᠯᠡ ᠦᠭᠡᠢ ᠪᠣᠯᠲᠠᠯ᠎ᠠ ᠨᠢ ᠨᠠᠮᠵᠢᠭᠠᠯᠠ
ᠴᠢᠭᠢᠭ ᠬᠥᠯᠥᠷᠡᠭᠰᠡᠨ ᠲᠠᠯ᠎ᠠ ᠳ᠋ᠠᠭᠠᠨ
ᠠᠢᠯ ᠤ᠋ᠨ ᠭᠣᠯᠣᠮᠲᠠ ᠪᠠᠨ ᠠᠰᠠᠭᠠᠵᠤ
ᠰᠢᠪᠡᠭᠡᠨᠡᠭᠰᠡᠨ ᠪᠣᠯᠭᠠᠨ ᠤ᠋ ᠠᠮᠠ ᠶ᠋ᠢ
ᠠᠷᠠᠳ ᠤ᠋ᠨ ᠳᠠᠭᠤᠤ ᠪᠠᠷ ᠵᠠᠢᠯᠤᠯᠠ
ᠡᠪᠦᠭᠡᠨ ᠴᠢᠨᠢ ᠴᠢᠮ᠎ᠠ ᠳ᠋ᠠᠭᠠᠨ
ᠰᠡᠳᠬᠢᠯ ᠦ᠋ᠨ ᠵᠢᠮ᠎ᠡ ᠲᠡᠢ ᠶᠠᠪᠤᠭᠰᠠᠨ ᠴᠦ᠍
ᠬᠠᠢᠷ᠎ᠠ᠂ ᠦᠨᠡᠨ ᠬᠣᠶᠠᠷ ᠢ᠋ ᠴᠢᠨᠢ ᠴᠢᠮ᠎ᠠ ᠠ᠋ᠴᠠ ᠪᠢᠰᠢ
ᠪᠤᠰᠤᠳ ᠠ᠋ᠴᠠ ᠯᠠ ᠤᠬᠠᠭᠠᠷᠠᠭᠰᠠᠨ ᠳᠠ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
