ᠰᠠᠷᠮᠠᠨ - ᠲᠣᠷᠮᠣᠨ – ᠪᠠᠪᠤᠤ ᠶ᠋ᠢᠨ ᡀᠬᠠᠪᠠᠰᠥ᠋ᠷᠦᠩ Сарман - Тормон – Бавуугийн Лхагвасүрэн
ᠰᠠᠷᠮᠠᠨ - ᠲᠣᠷᠮᠣᠨ
— ᠠᠴᠢ ᠥᠬᠢᠨ ᠰ᠂ ᠰᠡᠷᠮᠡᠨ᠂
ᠭᠤᠴᠢ ᠥᠬᠢᠨ ᠭ᠂ ᠲᠣᠷᠮᠤᠨ ᠬᠣᠶᠠᠷ ᠲᠠᠭᠠᠨ
ᠰᠡᠷᠮᠡᠨ᠁
ᠰᠠᠷᠮᠠᠨ᠁
ᠲᠣᠷᠮᠤᠨ᠁
ᠲᠣᠷᠮᠤᠨ᠁
ᠡᠪᠦᠭᠡ ᠶ᠋ᠢᠨ ᠥᠬᠢᠨ ᠬᠠᠮᠢᠭᠠ ᠪᠠᠢᠨᠠ᠁
ᠥᠭᠡᠳᠡ ᠡᠴᠡ ᠬᠠᠴᠠᠷ ᠨᠢ ᠬᠣᠩᠬᠣᠢᠵᠤ ᠢᠨᠢᠶᠡᠨᠡ᠁
ᠰᠡᠷᠮᠡᠨ᠁
ᠰᠡᠷᠮᠡᠨ᠁
ᠲᠣᠷᠮᠤᠨ᠁
ᠲᠣᠷᠮᠤᠨ᠁
ᠨᠠᠭᠠᠰᠢ ᠪᠠᠨ ᠢᠷᠡ! ᠁ ᠡᠮᠡᠭᠡ ᠳ᠋ᠡᠭᠡᠨ ᠢᠷᠡ! ᠁ ᠭᠡᠬᠦ ᠳ᠋ᠦ᠍
ᠨᠠᠪᠴᠢᠨ ᠠᠯᠠᠭᠠ ᠪᠠᠷ ᠢ᠋ᠶ᠋ᠠᠨ ᠨᠢᠳᠦ ᠪᠡᠨ ᠳᠠᠷᠤᠵᠤ《 ᠨᠢᠭᠤᠭᠳᠠᠨᠠ》
ᠰᠠᠷᠮᠠᠨ᠁
ᠰᠡᠷᠮᠡᠨ᠁
ᠲᠣᠷᠮᠤᠨ᠁
ᠲᠣᠷᠮᠤᠨ᠁
ᠦᠭᠡᠳᠡᠰᠦᠬᠡᠨ《ᠨᠠᠷᠠ》 ᠳᠡᠨᠵᠢᠭᠡᠨᠡᠭᠡᠳ ᠢᠷᠡᠬᠦ ᠪᠡᠷ ᠨᠢ
ᠡᠪᠦᠭᠡ ᠡᠮᠡᠭᠡ ᠬᠣᠶᠠᠷ ᠨᠢ 《ᠬᠥᠯ ᠦᠭᠡᠢ》 ᠪᠣᠯᠵᠤ《ᠨᠤᠷᠠᠨᠠ》
ᠡᠯᠢᠭᠡᠨ ᠳ᠋ᠡᠭᠡᠨ ᠨᠠᠭᠠᠭᠠᠳ ᠲᠡᠪᠡᠷᠢᠬᠦ ᠪᠡᠷ
ᠡᠮᠡᠭᠡ ᠡᠪᠦᠭᠡ ᠬᠣᠶᠠᠷ ᠨᠢ 《ᠬᠡᠯᠡ ᠦᠭᠡᠢ》 ᠪᠣᠯᠵᠤ ᠰᠥᠬᠥᠷᠡᠨᠡ᠃
ᠰᠠᠷᠮᠠᠨ᠁
ᠰᠠᠷᠮᠠᠨ᠁
ᠲᠣᠷᠮᠤᠨ᠁
ᠲᠣᠷᠮᠤᠨ᠁
2013 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
