ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 43 Нэгэн ном тавцан үн өдөр үн тэмдэглэлээс – 43 ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 43 Нэгэн ном тавцан үн өдөр үн тэмдэглэлээс – 43

ᠨᠢᠭᠡᠨ ᠨᠣᠮ ᠲᠠᠪᠴᠠᠩ ᠦ᠋ᠨ ᠡᠳᠦᠷ ᠦ᠋ᠨ ᠲᠡᠮᠳᠡᠭᠯᠡᠯ ᠡᠴᠡ – 43 Нэгэн ном тавцан үн өдөр үн тэмдэглэлээс – 43

2025-05-17

181


       ᠠ᠂ ᠠ᠋ ᠬᠣᠶᠠᠷ ᠡᠮᠡᠭᠲᠡᠢ ᠠᠭᠤᠯᠵᠠᠭᠠᠳ ᠶᠠᠷᠢᠯᠴᠠᠵᠤ ᠪᠠᠢᠵᠠᠢ᠃  
       ᠠ᠄《ᠲᠠᠨ ᠤ᠋ ᠬᠦᠦ ᠴᠢᠨᠢ ᠰᠠᠢᠨ ᠰᠠᠭᠤᠵᠤ ᠪᠠᠢᠨ᠎ᠠ ᠤᠤ?》 ᠭᠡᠵᠦ ᠠᠰᠠᠭᠤᠬᠤ ᠳ᠋ᠤ᠌ ᠠ᠋ ᠶᠡᠬᠡ ᠰᠠᠨᠠᠭ᠎ᠠ ᠠᠯᠲᠠᠨ᠄《ᠳᠡᠩᠳᠡᠭᠦᠦ ᠬᠥᠭᠡᠷᠦᠬᠦᠢᠯᠡᠯᠲᠡᠢ ᠪᠠᠢᠨ᠎ᠠ᠃ ᠨᠢᠭᠡ ᠪᠡᠷᠢ ᠪᠠᠭᠤᠯᠭᠠᠭᠰᠠᠨ ᠴᠢᠨᠢ ᠵᠠᠯᠬᠠᠭᠤ ᠶ᠋ᠢᠨ ᠲᠤᠢᠯ᠃ ᠬᠣᠭᠣᠯᠠ ᠬᠢᠬᠦ ᠦᠭᠡᠢ᠂ ᠭᠡᠷ ᠴᠡᠪᠡᠷᠯᠡᠬᠦ ᠦᠭᠡᠢ᠂ ᠬᠤᠪᠴᠠᠰᠤ ᠤᠬᠢᠶᠠᠬᠤ ᠦᠭᠡᠢ᠂ ᠬᠡᠦᠬᠡᠳ ᠬᠠᠷᠠᠬᠤ ᠦᠭᠡᠢ᠃ ᠡᠳᠦᠷᠵᠢᠨ ᠤᠨᠲᠠᠵᠤ ᠯᠠ ᠪᠠᠢᠨ᠎ᠠ᠃ ᠮᠢᠨᠦ ᠬᠦᠦ ᠥᠷᠯᠥᠭᠡᠨ ᠦ᠌ ᠴᠠᠢ ᠶ᠋ᠢ ᠨᠢ ᠬᠦᠷᠲᠡᠯ᠎ᠡ ᠳᠡᠷᠭᠡᠳᠡ ᠨᠢ ᠬᠦᠷᠭᠡᠵᠦ ᠥᠭᠴᠦ ᠪᠠᠢᠨ᠎ᠠ》 ᠭᠡᠵᠡᠢ᠃ 
       ᠡᠭᠦᠨ ᠢ᠋ ᠨᠢ ᠰᠣᠨᠣᠰᠤᠭᠠᠳ ᠠ᠄《 ᠲᠡᠭᠡᠪᠡᠯ ᠲᠠᠨ ᠤ᠋ ᠬᠡᠦᠬᠡᠨ ᠴᠢᠨᠢ ᠰᠠᠢᠨ ᠪᠠᠢᠨ᠎ᠠ ᠤᠤ?》 ᠭᠡᠵᠦ ᠳᠠᠬᠢᠨ ᠠᠰᠠᠭᠤᠵᠠᠢ᠃  
       ᠠ᠋᠄《 ᠮᠢᠨᠦ ᠬᠡᠦᠬᠡᠨ ᠴᠣᠬᠣᠮ ᠪᠤᠶᠠᠨ ᠲᠠᠢ᠂ ᠵᠢᠷᠭᠠᠵᠤ ᠪᠠᠢᠨ᠎ᠠ! ᠲᠡᠷᠡ ᠰᠠᠢᠨ ᠬᠦᠷᠭᠡᠨ ᠣᠯᠵᠠᠢ᠃ ᠮᠢᠨᠦ ᠬᠡᠦᠬᠡᠨ ᠭᠡᠷ ᠦ᠋ᠨ ᠠᠵᠢᠯ ᠴᠦ᠍ ᠬᠢᠭᠰᠡᠨ ᠦ᠌ ᠴᠢᠬᠤᠯᠠ ᠦᠭᠡᠢ᠃ ᠬᠣᠭᠣᠯᠠ ᠬᠢᠬᠦ᠂ ᠬᠤᠪᠴᠠᠰᠤ ᠤᠬᠢᠶᠠᠬᠤ᠂ ᠭᠡᠷ ᠴᠡᠪᠡᠷᠯᠡᠬᠦ᠂ ᠬᠡᠦᠬᠡᠳ ᠬᠠᠷᠠᠬᠤ ᠠᠵᠢᠯ ᠢ᠋ ᠪᠦᠬᠦᠨ ᠢ᠋ ᠡᠷᠡᠭᠲᠡᠢ ᠨᠢ ᠬᠢᠵᠦ ᠪᠠᠢᠨ᠎ᠠ᠃ ᠲᠡᠭᠡᠬᠦ ᠮᠥᠷᠲᠡᠭᠡᠨ ᠥᠷᠯᠥᠭᠡ ᠶ᠋ᠢᠨ ᠴᠠᠢ ᠶ᠋ᠢ ᠨᠢ ᠬᠦᠷᠲᠡᠯ᠎ᠡ ᠳᠡᠷᠭᠡᠳᠡ ᠨᠢ ᠠᠪᠴᠢᠷᠠᠵᠤ ᠥᠭᠳᠡᠭ》 ᠭᠡᠵᠦ ᠶᠡᠬᠡ ᠪᠠᠶᠠᠷ ᠲᠠᠢ ᠬᠠᠷᠢᠭᠤᠯᠵᠠᠢ᠃  

               ᠦᠰᠦᠭ ᠠᠮᠢᠯᠠᠭᠤᠯᠤᠭᠴᠢ᠄ ᠡᠩᠬᠡᠪᠠᠲᠤ  
                    ᠦᠰᠦᠭ ᠬᠢᠨᠠᠭᠴᠢ᠄ ᠪᠠᠶᠠᠷᠴᠡᠴᠡᠭ