ᠵᠢᠳᠬᠦᠯᠲᠦ <ᠨᠢᠭᠡ>– 1949 ~1978 ᠣᠨ ᠤ ᠬᠣᠭᠣᠷᠣᠨᠳᠤ ᠲᠥᠷᠥᠭᠰᠡᠨ ᠤᠷᠠᠯᠠᠠᠴᠢᠳ 1949 ~1978 оны хооронд төрсөн урлаачид - Зүтгэлт
ᠪᠣᠷᠵᠢᠭᠢᠨ ᠵᠢᠳᠬᠦᠯᠲᠦ

ᠳᠡᠭᠡᠷ᠎ᠡ ᠵᠠᠭᠤᠨ ᠤ᠋ ᠨᠠᠶᠠᠭᠠᠳ ᠣᠨ ᠳ᠋ᠤ᠌ ᠪᠣᠷᠵᠢᠭᠢᠨ ᠵᠢᠳᠬᠦᠯᠳᠦ《ᠮᠣᠩᠭᠣᠯ ᠤᠷᠠᠨ ᠪᠢᠴᠢᠯᠭᠡ ᠶ᠋ᠢ ᠬᠡᠷᠬᠢᠨ ᠪᠢᠴᠢᠬᠦ ᠪᠣᠢ》ᠭᠡᠬᠦ ᠥᠭᠦᠯᠡᠯ ᠪᠢᠴᠢᠵᠦ᠂ ᠰᠢᠯᠢ ᠶ᠋ᠢᠨ ᠭᠣᠣᠯ ᠤ᠋ᠨ ᠡᠳᠦᠷ ᠦ᠋ᠨ ᠰᠣᠨᠢᠨ ᠪᠠ《ᠬᠡᠯᠡ ᠪᠢᠴᠢᠭ》ᠰᠡᠳᠬᠦᠯ ᠳ᠋ᠦ᠍ ᠨᠡᠢᠲᠡᠯᠡᠭᠦᠯᠵᠦ ᠥᠩᠭᠡᠷᠡᠵᠡᠢ᠃ ᠥᠪᠥᠷ ᠮᠣᠩᠭᠣᠯ ᠤ᠋ᠨ ᠡᠳᠦᠷ ᠦ᠋ᠨ ᠰᠣᠨᠢᠨ᠂ ᠰᠢᠯᠢ ᠶ᠋ᠢᠨ ᠭᠣᠣᠯ ᠤ᠋ᠨ ᠡᠳᠦᠷ ᠦ᠋ᠨ ᠰᠣᠨᠢᠨ ᠳᠡᠭᠡᠷ᠎ᠡ ᠪᠠᠰᠠ ᠲᠡᠭᠦᠨ ᠦ᠌ ᠲᠤᠬᠠᠢ《ᠥᠩᠭᠡᠷᠡᠭᠰᠡᠨ ᠦ᠌ ᠭᠡᠭᠡᠨ ᠥᠨᠥᠳᠥᠷ ᠦ᠋ᠨ ᠤᠷᠠᠨ ᠪᠢᠴᠢᠯᠭᠡᠳᠡᠨ ᠪᠣᠯᠪᠠ》ᠭᠡᠬᠦ ᠮᠡᠳᠡᠭᠡᠯᠡᠯ ᠭᠠᠷᠴᠤ ᠪᠠᠢᠭᠰᠠᠨ᠃ ᠲᠡᠷᠡ ᠪᠡᠷ ᠦᠰᠦᠨ ᠪᠢᠷ ᠲᠡᠢ ᠤᠷᠲᠤ ᠬᠤᠭᠤᠴᠠᠭ᠎ᠠ ᠨᠥᠬᠥᠷᠯᠡᠭᠡᠳ᠂ ᠣᠷᠣᠨ᠂ ᠠᠢᠮᠠᠭ ᠬᠣᠲᠠ ᠶ᠋ᠢᠨ ᠮᠣᠩᠭᠣᠯ ᠤᠷᠠᠨ ᠪᠢᠴᠢᠯᠭᠡ ᠶ᠋ᠢᠨ ᠤᠷᠤᠯᠳᠤᠭᠠᠨ ᠦᠵᠡᠰᠬᠦᠯᠡᠩ ᠳ᠋ᠦ᠍ ᠣᠯᠠᠨᠲᠠ ᠣᠷᠣᠯᠴᠠᠵᠤ ᠠᠳᠠᠯᠢ ᠪᠤᠰᠤ ᠳᠡᠰ ᠦ᠋ᠨ ᠱᠠᠩᠨᠠᠯ ᠬᠥᠬᠢᠭᠦᠯᠦᠯ ᠬᠦᠷᠲᠡᠭᠰᠡᠨ ᠪᠠᠢᠵᠠᠢ᠃
1995 ᠣᠨ ᠳ᠋ᠤ᠌ ᠥᠪᠥᠷ ᠮᠣᠩᠭᠣᠯ ᠤ᠋ᠨ ᠬᠣᠶᠠᠳᠤᠭᠠᠷ ᠬᠤᠭᠤᠴᠠᠭᠠᠨ ᠤ᠋ ᠮᠣᠩᠭᠣᠯ ᠤᠷᠠᠨ ᠪᠢᠴᠢᠯᠭᠡ ᠶ᠋ᠢᠨ ᠦᠵᠡᠰᠬᠦᠯᠡᠩ ᠳ᠋ᠦ᠍ ᠬᠣᠶᠠᠳᠤᠭᠠᠷ ᠳᠡᠰ ᠦ᠋ᠨ ᠱᠠᠩᠨᠠᠯ ᠬᠦᠷᠲᠡᠵᠦ᠂ 2003 ᠣᠨ ᠳ᠋ᠤ᠌《ᠪᠤᠭᠤᠲᠤ ᠬᠤᠨᠳᠠᠭᠠᠲᠤ》ᠪᠦᠬᠦ ᠣᠷᠣᠨ ᠤ᠋ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠨᠠᠰᠤᠲᠠᠢᠴᠤᠤᠯ ᠤ᠋ᠨ ᠳᠤᠭᠤᠢᠯᠠᠩ ᠤ᠋ᠨ ᠨᠢᠭᠡᠳᠦᠭᠡᠷ ᠳᠡᠰ ᠦ᠋ᠨ ᠱᠠᠩᠨᠠᠯ ᠬᠦᠷᠲᠡᠵᠡᠢ᠃ 2006 ᠣᠨ ᠤ᠋ 6 ᠰᠠᠷ᠎ᠠ ᠳ᠋ᠤ᠌ ᠮᠣᠩᠭᠣᠯ ᠤᠯᠤᠰ ᠲᠤ᠌ ᠬᠤᠪᠢ ᠬᠥᠮᠦᠨ ᠦ᠌ ᠦᠵᠡᠰᠬᠦᠯᠡᠩ ᠭᠠᠷᠭᠠᠵᠤ《ᠠᠺᠠᠳᠧᠮᠢᠴᠢ》ᠴᠣᠯᠠ ᠬᠦᠷᠲᠡᠵᠡᠢ᠃12 ᠰᠠᠷ᠎ᠠ ᠳ᠋ᠤ᠌ ᠴᠢᠩᠭᠢᠰ ᠦ᠋ᠨ ᠪᠢᠯᠢᠭ ᠰᠤᠷᠭᠠᠯ ᠢ᠋ ᠰᠡᠢᠷᠡᠭᠦᠯᠦᠭᠰᠡᠨ ᠪᠦᠲᠦᠭᠡᠯ ᠢ᠋ᠶ᠋ᠡᠷ ᠢ᠋ᠶ᠋ᠡᠨ《ᠰᠠᠷᠠᠨ᠎ᠠ》ᠱᠠᠩᠨᠠᠯ ᠣᠯᠵᠠᠢ᠃ 2009 ᠣᠨ ᠤ᠋10 ᠰᠠᠷ᠎ᠠ ᠶ᠋ᠢᠨ1 ᠦ᠌ ᠡᠳᠦᠷ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ 60 ᠵᠢᠯ ᠦ᠋ᠨ ᠣᠢ ᠳ᠋ᠤ᠌ ᠪᠦᠬᠦ ᠤᠯᠤᠰ ᠤ᠋ᠨ ᠵᠢᠷᠤᠭ ᠪᠢᠴᠢᠯᠭᠡ ᠶ᠋ᠢᠨ ᠦᠵᠡᠰᠬᠦᠯᠡᠩ ᠢ᠋ ᠵᠣᠬᠢᠶᠠᠨ ᠪᠠᠢᠭᠤᠯᠤᠭᠰᠠᠨ ᠭᠠᠵᠠᠷ ᠠ᠋ᠴᠠ《 ᠳᠤᠮᠳᠠᠳᠤᠴᠤᠳ ᠤ᠋ᠨ ᠤᠯᠤᠰ ᠢ᠋ᠶ᠋ᠠᠨ ᠬᠠᠢᠷᠠᠯᠠᠭᠰᠠᠨ ᠤᠷᠠᠯᠢᠭᠴᠢᠨ 》ᠭᠡᠰᠡᠨ ᠲᠡᠮᠳᠡᠭ ᠣᠯᠭᠣᠪᠠ᠃ 2011 ᠣᠨ ᠤ᠋ 9 ᠰᠠᠷ᠎ᠠ ᠶ᠋ᠢᠨ 20 ᠤ᠋ ᠡᠳᠦᠷ ᠳᠡᠯᠡᠬᠡᠢ ᠶ᠋ᠢᠨ ᠳᠤᠮᠳᠠᠳᠤᠴᠤᠳ ᠪᠠ ᠬᠠᠷᠢᠶᠠᠲᠤ ᠨᠠᠷ ᠤ᠋ᠨ ᠬᠣᠯᠪᠣᠭᠠᠲᠤ ᠬᠤᠷᠠᠯ ᠠ᠋ᠴᠠ《ᠳᠤᠮᠳᠠᠳᠤᠴᠤᠳ ᠤ᠋ᠨ ᠳᠡᠯᠡᠬᠡᠢ ᠶ᠋ᠢᠨ ᠰᠢᠯᠭᠠᠷᠠᠭᠰᠠᠨ ᠤᠷᠠᠯᠢᠭᠴᠢᠨ 》ᠭᠡᠬᠦ ᠣᠳᠣᠨ ᠵᠡᠭᠦᠯᠭᠡᠪᠡ᠃ ᠲᠤᠰ ᠵᠢᠯ ᠦ᠋ᠨ 9 ᠰᠠᠷ᠎ᠠ ᠳ᠋ᠤ᠌ ᠡᠪ ᠬᠠᠮᠲᠤ ᠨᠠᠮ ᠪᠠᠢᠭᠤᠯᠤᠭᠳᠠᠭᠰᠠᠨ 90 ᠵᠢᠯ ᠦ᠋ᠨ ᠣᠢ ᠪᠣᠯᠤᠨ ᠴᠠᠭᠠᠭᠴᠢᠨ ᠭᠠᠬᠠᠢ ᠵᠢᠯ ᠦ᠋ᠨ ᠬᠤᠪᠢᠰᠬᠠᠯ ᠤ᠋ᠨ 100 ᠵᠢᠯ ᠦ᠋ᠨ ᠣᠢ ᠶ᠋ᠢᠨ ᠳᠦᠷᠰᠦ ᠪᠢᠴᠢᠯᠭᠡ ᠵᠢᠷᠤᠭ ᠤᠷᠠᠯᠢᠭ ᠤ᠋ᠨ ᠦᠵᠡᠰᠬᠦᠯᠡᠩ ᠡᠴᠡ《ᠳᠤᠮᠳᠠᠳᠤᠴᠤᠳ ᠤ᠋ᠨ ᠨᠠᠰᠤᠨ ᠲᠤᠷᠰᠢᠲᠠ ᠤᠷᠠᠯᠢᠭ ᠤ᠋ᠨ ᠠᠮᠵᠢᠯᠲᠠ ᠲᠠᠢ ᠱᠠᠩᠨᠠᠯ》ᠣᠯᠭᠣᠪᠠ᠃ 2011ᠣᠨ ᠳ᠋ᠤ᠌《ᠮᠣᠩᠭᠣᠯ ᠤ᠋ᠨ ᠨᠢᠭᠤᠴᠠ ᠲᠣᠪᠴᠢᠶᠠᠨ 》 ᠢ᠋ ᠦᠰᠦᠨ ᠪᠢᠷ ᠢ᠋ᠶ᠋ᠡᠷ ᠰᠡᠢᠷᠡᠭᠦᠯᠵᠦ ᠬᠡᠪᠯᠡᠭᠦᠯᠵᠡᠢ᠃
ᠪᠣᠷᠵᠢᠭᠢᠨ ᠵᠢᠳᠬᠦᠯᠳᠦ ᠪᠠᠭᠰᠢ 2025 ᠣᠨ ᠤ᠋ 2 ᠰᠠᠷ᠎ᠠ ᠶ᠋ᠢᠨ11 ᠦ᠌ ᠡᠳᠦᠷ ᠦ᠋ᠨ ᠦᠳᠡ ᠶ᠋ᠢᠨ1 ᠴᠠᠭ 57 ᠮᠢᠨᠦ᠋ᠲ ᠲᠦ᠍ ᠰᠢᠯᠢ ᠶ᠋ᠢᠨ ᠬᠣᠲᠠ ᠳ᠋ᠤ᠌ ᠨᠠᠰᠤ ᠪᠠᠷᠠᠵᠠᠢ ᠃ 92 ᠨᠠᠰᠤᠲᠠᠢ ᠲᠠᠭᠠᠯᠠᠯ ᠲᠡᠭᠦᠰᠪᠡ᠃
ᠪᠣᠷᠵᠢᠭᠢᠨ ᠵᠢᠳᠬᠦᠯᠳᠦ ᠪᠠᠭᠰᠢ ᠶ᠋ᠢᠨ ᠬᠦᠷᠲᠡᠭᠰᠡᠨ ᠱᠠᠩᠨᠠᠯ ᠬᠥᠬᠢᠭᠦᠯᠦᠯ ᠦ᠋ᠳ᠄ 1990 ᠣᠨ ᠤ᠋ 3 ᠰᠠᠷ᠎ᠠ ᠳ᠋ᠤ᠌ ᠰᠢᠯᠢ ᠶ᠋ᠢᠨ ᠭᠣᠣᠯ ᠠᠢᠮᠠᠭ ᠤ᠋ᠨ ᠠᠵᠢᠯᠲᠠᠨ ᠠᠵᠢᠯᠴᠢᠨ ᠤ᠋ ᠡᠪᠯᠡᠯ ᠦ᠋ᠨ ᠡᠷᠬᠢᠯᠡᠭᠰᠡᠨ ᠰᠢᠯᠢ ᠶ᠋ᠢᠨ ᠬᠣᠲᠠ ᠣᠷᠣᠨ ᠤ᠋ ᠠᠵᠢᠯ ᠤ᠋ᠨ ᠴᠢᠯᠥᠭᠡᠨ ᠦ᠌ ᠤᠷᠠᠨ ᠪᠢᠴᠢᠯᠭᠡᠲᠠᠳ ᠤ᠋ᠨ ᠭᠤᠷᠪᠠᠳᠤᠭᠠᠷ ᠬᠤᠭᠤᠴᠠᠭᠠᠨ ᠤ᠋ ᠪᠦᠲᠦᠭᠡᠯ ᠦ᠋ᠨ ᠳᠡᠯᠭᠡᠨ ᠦᠵᠡᠬᠦᠯᠭᠡ ᠳ᠋ᠦ᠍ ᠨᠢᠭᠡᠳᠦᠭᠡᠷ ᠳᠡᠰ ᠦ᠋ᠨ ᠱᠠᠩᠨᠠᠯ ᠬᠦᠷᠲᠡᠵᠡᠢ᠃ 1991 ᠣᠨ ᠳ᠋ᠤ᠌ ᠪᠡᠭᠡᠵᠢᠩ ᠬᠣᠲᠠ᠂ ᠰᠢᠯᠢ ᠶ᠋ᠢᠨ ᠭᠣᠣᠯ ᠠᠢᠮᠠᠭ᠂ ᠤᠯᠠᠭᠠᠨᠴᠠᠪ ᠬᠣᠲᠠ᠂ ᠲᠦᠩᠯᠢᠶᠣᠣ ᠬᠣᠲᠠ᠂ ᠬᠢᠩᠭᠠᠨ ᠠᠢᠮᠠᠭ ᠵᠡᠷᠭᠡ ᠭᠠᠵᠠᠷ ᠤ᠋ᠳ ᠢ᠋ᠶ᠋ᠠᠷ ᠤᠷᠠᠨ ᠪᠢᠴᠢᠯᠭᠡ ᠶ᠋ᠢᠨ ᠪᠦᠲᠦᠭᠡᠯ ᠦ᠋ᠨ ᠲᠣᠭᠣᠷᠢᠨ ᠦᠵᠡᠬᠦᠯᠭᠡ ᠡᠷᠬᠢᠯᠡᠵᠦ ᠱᠠᠩᠨᠠᠯ ᠬᠦᠷᠲᠡᠵᠦ ᠶᠠᠪᠤᠵᠠᠢ᠃ 1991ᠣᠨ ᠳ᠋ᠤ᠌ ᠰᠢᠯᠢ ᠶ᠋ᠢᠨ ᠭᠣᠣᠯ ᠠᠢᠮᠠᠭ ᠤ᠋ᠨ《ᠳᠤᠮᠳᠠᠳᠤ ᠤᠯᠤᠰ ᠤ᠋ᠨ ᠡᠪ ᠬᠠᠮᠲᠤ ᠨᠠᠮ ᠪᠠᠢᠭᠤᠯᠤᠭᠳᠠᠭᠰᠠᠨ70 ᠵᠢᠯ ᠦ᠋ᠨ ᠣᠢ ᠶ᠋ᠢ ᠪᠡᠯᠭᠡᠯᠡᠬᠦ ᠤᠷᠠᠨ ᠪᠢᠴᠢᠯᠭᠡ ᠶ᠋ᠢᠨ ᠦᠵᠡᠬᠦᠯᠭᠡ》 ᠳ᠋ᠦ᠍ ᠬᠣᠶᠠᠳᠤᠭᠠᠷ ᠳᠡᠰ ᠦ᠋ᠨ ᠱᠠᠩᠨᠠᠯ ᠬᠦᠷᠲᠡᠪᠡ᠃ 1992 ᠣᠨ ᠪᠣᠯᠤᠨ 1994 ᠣᠨ ᠳ᠋ᠤ᠌ ᠪᠦᠬᠦ ᠣᠷᠣᠨ ᠤ᠋ ᠭᠤᠷᠪᠠᠳᠤᠭᠠᠷ᠂ ᠳᠥᠷᠪᠡᠳᠦᠭᠡᠷ ᠬᠤᠭᠤᠴᠠᠭᠠᠨ ᠤ᠋ ᠨᠠᠰᠤᠲᠠᠢᠴᠤᠳ ᠤ᠋ᠨ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠬᠢᠨᠠᠭᠴᠢ ᠪᠠᠷ ᠠᠵᠢᠯᠯᠠᠪᠠ ᠃ 1995 ᠣᠨ ᠳ᠋ᠤ᠌ ᠪᠦᠬᠦ ᠣᠷᠣᠨ ᠤ᠋ ᠬᠣᠶᠠᠳᠤᠭᠠᠷ ᠬᠤᠭᠤᠴᠠᠭᠠᠨ ᠤ᠋ ᠮᠣᠩᠭᠣᠯ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠬᠣᠶᠠᠳᠤᠭᠠᠷ ᠳᠡᠰ ᠦ᠋ᠨ ᠱᠠᠩᠨᠠᠯ ᠬᠦᠷᠲᠡᠪᠡ᠃ 1997 ᠣᠨ ᠳ᠋ᠤ᠌ ᠰᠢᠯᠢ ᠶ᠋ᠢᠨ ᠬᠤᠣᠯ ᠠᠢᠮᠠᠭ ᠤ᠋ᠨ ᠠᠩᠬᠠᠳᠤᠭᠠᠷ ᠬᠤᠭᠤᠴᠠᠭᠠᠨ ᠤ᠋ ᠠᠬᠠᠮᠠᠳ ᠺᠠᠲᠠᠷᠴᠤᠳ ᠤ᠋ᠨ ᠤᠷᠠᠨ ᠪᠢᠴᠢᠯᠭᠡ ᠶ᠋ᠢᠨ ᠤᠷᠤᠯᠳᠤᠭᠠᠨ ᠳ᠋ᠤ᠌ ᠲᠡᠷᠢᠭᠦᠨ ᠱᠠᠩᠨᠠᠯ ᠲᠤᠰᠪᠠ᠃ 1998 ᠣᠨ ᠳ᠋ᠤ᠌ ᠰᠢᠯᠢ ᠶ᠋ᠢᠨ ᠭᠣᠣᠯ ᠠᠢᠮᠠᠭ ᠤ᠋ᠨ ᠪᠦᠬᠦ ᠠᠢᠮᠠᠭ ᠤ᠋ᠨ《ᠬᠢᠯᠢ ᠬᠢᠵᠠᠭᠠᠷ ᠢ᠋ᠶ᠋ᠠᠨ ᠬᠠᠮᠠᠭᠠᠯᠠᠵᠤ ᠤᠯᠤᠰ ᠢ᠋ᠶ᠋ᠠᠨ ᠬᠦᠴᠦᠷᠬᠡᠭᠵᠢᠭᠦᠯᠬᠦ》ᠤᠷᠠᠨ ᠪᠢᠴᠢᠯᠭᠡ ᠶ᠋ᠢᠨ ᠦᠵᠡᠰᠬᠦᠯᠡᠩ ᠳ᠋ᠦ᠍ ᠭᠤᠷᠪᠠᠳᠤᠭᠠᠷ ᠳᠡᠰ ᠦ᠋ᠨ ᠱᠠᠩᠨᠠᠯ ᠬᠦᠷᠲᠡᠪᠡ᠃ 1999 ᠣᠨ ᠳ᠋ᠤ᠌《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ 50 ᠵᠢᠯ ᠦ᠋ᠨ ᠣᠢ ᠶ᠋ᠢ ᠪᠡᠯᠭᠡᠯᠡᠬᠦ ᠤᠷᠠᠨ ᠵᠢᠷᠤᠭ ᠤᠷᠠᠨ ᠪᠢᠴᠢᠯᠭᠡ ᠶ᠋ᠢᠨ ᠰᠣᠳᠣᠨ ᠪᠦᠲᠦᠭᠡᠯ ᠦ᠋ᠨ ᠦᠵᠡᠬᠦᠯᠭᠡ》 ᠳ᠋ᠦ᠍ ᠬᠣᠶᠠᠳᠤᠭᠠᠷ ᠳᠡᠰ ᠦ᠋ᠨ ᠱᠠᠩᠨᠠᠯ ᠬᠦᠷᠲᠡᠪᠡ ᠃ 2000 ᠣᠨ ᠳ᠋ᠤ᠌《ᠨᠠᠢ᠍ᠮᠠᠨ ᠮᠣᠵᠢ ᠣᠷᠣᠨ ᠤ᠋ ᠠᠩᠬᠠᠳᠠᠭᠴᠢ ᠮᠣᠩᠭᠣᠯ ᠦᠨᠳᠦᠰᠦᠲᠡᠨ ᠦ᠌ ᠣᠨᠴᠠᠯᠢᠭᠲᠤ ᠮᠣᠩᠭᠣᠯ ᠤᠷᠠᠨ ᠪᠢᠴᠢᠯᠭᠡ ᠶ᠋ᠢᠨ ᠦᠵᠡᠬᠦᠯᠭᠡ》 ᠳ᠋ᠦ᠍ ᠰᠢᠯᠢᠳᠡᠭ ᠱᠠᠩᠨᠠᠯ ᠬᠦᠷᠲᠡᠪᠡ᠃

2000 ᠣᠨ ᠳ᠋ᠤ᠌ ᠲᠦᠩᠯᠢᠶᠣᠣ ᠬᠣᠲᠠ ᠳ᠋ᠤ᠌ ᠶᠠᠪᠤᠭᠳᠠᠭᠰᠠᠨ ᠳᠣᠯᠣᠳᠤᠭᠠᠷ ᠬᠤᠭᠤᠴᠠᠭᠠᠨ ᠤ᠋ ᠨᠠᠰᠤᠲᠠᠢᠴᠤᠳ ᠤ᠋ᠨ ᠤᠷᠠᠨ ᠪᠢᠴᠢᠯᠭᠡ ᠶ᠋ᠢᠨ ᠦᠵᠡᠰᠬᠦᠯᠡᠩ ᠳ᠋ᠦ᠍ ᠬᠢᠨᠠᠭᠴᠢ ᠪᠠᠷ ᠠᠵᠢᠯᠯᠠᠵᠠᠢ᠃ 2001 ᠣᠨ ᠳ᠋ᠤ᠌ ᠰᠢᠯᠢ ᠶ᠋ᠢᠨ ᠬᠣᠲᠠ ᠣᠷᠣᠨ ᠤ᠋《ᠳᠤᠮᠳᠠᠳᠤ ᠤᠯᠤᠰ ᠤ᠋ᠨ ᠡᠪ ᠬᠠᠮᠲᠤ ᠨᠠᠮ ᠪᠠᠢᠭᠤᠯᠤᠭᠳᠠᠭᠰᠠᠨ 80 ᠵᠢᠯ ᠦ᠋ᠨ ᠣᠢ ᠶ᠋ᠢ ᠪᠡᠯᠭᠡᠯᠡᠬᠦ ᠤᠷᠠᠨ ᠪᠢᠴᠢᠯᠭᠡ ᠶ᠋ᠢᠨ ᠦᠵᠡᠬᠦᠯᠭᠡ》 ᠳ᠋ᠦ᠍ ᠬᠣᠶᠠᠳᠤᠭᠠᠷ ᠳᠡᠰ ᠦ᠋ᠨ ᠱᠠᠩᠨᠠᠯ ᠬᠦᠷᠲᠡᠪᠡ᠃ 2002 ᠣᠨ ᠤ᠋ 8 ᠰᠠᠷ᠎ᠠ ᠳ᠋ᠤ᠌《ᠮᠠᠤ ᠽᠧ ᠳ᠋ᠦᠩ ᠦ᠋ᠨ ᠶᠠᠨ ᠠᠨ ᠤ᠋ ᠤᠳᠬ᠎ᠠ ᠤᠷᠠᠯᠢᠭ ᠤ᠋ᠨ ᠶᠠᠷᠢᠯᠴᠠᠬᠤ ᠬᠤᠷᠠᠯ ᠳᠡᠭᠡᠷᠡᠬᠢ ᠶᠠᠷᠢᠶ᠎ᠠ》ᠨᠡᠢᠲᠡᠯᠡᠭᠳᠡᠭᠰᠡᠨ 60 ᠵᠢᠯ ᠦ᠋ᠨ ᠣᠢ ᠶ᠋ᠢ ᠳᠤᠷᠠᠰᠬᠠᠬᠤ ᠪᠦᠬᠦ ᠤᠯᠤᠰ ᠤ᠋ᠨ ᠤᠷᠠᠨ ᠪᠢᠴᠢᠯᠭᠡ ᠤᠷᠠᠨ ᠵᠢᠷᠤᠭ ᠤ᠋ᠨ ᠦᠵᠡᠬᠦᠯᠭᠡ ᠳ᠋ᠦ᠍ ᠬᠦᠷᠡᠯ ᠮᠸᠲᠡᠯ ᠭᠠᠷᠲᠠᠪᠠ᠃ 2007 ᠣᠨ ᠳ᠋ᠤ᠌ ᠥᠪᠥᠷ ᠮᠣᠩᠭᠣᠯ ᠤ᠋ᠨ ᠤᠳᠬ᠎ᠠ ᠤᠷᠠᠯᠢᠭ ᠤ᠋ᠨ ᠬᠠᠮᠤᠭ ᠤ᠋ᠨ ᠳᠡᠭᠡᠳᠦ ᠱᠠᠩᠨᠠᠯ ᠪᠣᠯᠬᠤ 《ᠰᠠᠷᠠᠨ᠎ᠠ》 ᠱᠠᠩᠨᠠᠯ ᠢ᠋ ᠬᠦᠷᠲᠡᠵᠡᠢ᠃ 2018 ᠣᠨ ᠳ᠋ᠤ᠌ ᠰᠢᠯᠢ ᠶ᠋ᠢᠨ ᠭᠣᠣᠯ ᠤᠳᠬ᠎ᠠ ᠵᠣᠬᠢᠶᠠᠯ ᠤᠷᠠᠯᠢᠭ ᠤ᠋ᠨ ᠳᠠᠷᠬᠠᠨ ᠱᠠᠩᠨᠠᠯ ᠢ᠋ ᠬᠦᠷᠲᠡᠵᠡᠢ᠃ 《ᠮᠥᠩᠬᠡ ᠲᠡᠭᠷᠢ ᠶ᠋ᠢᠨ ᠪᠢᠴᠢᠭ 》 2016 ᠣᠨ ᠤ᠋ ᠣᠯᠠᠨ ᠤᠯᠤᠰ ᠤ᠋ᠨ ᠮᠣᠩᠭᠣᠯ ᠤᠷᠠᠨ ᠪᠢᠴᠢᠯᠭᠡ ᠶ᠋ᠢᠨ ᠦᠵᠡᠬᠦᠯᠭᠡ ᠳ᠋ᠦ᠍ ᠣᠷᠣᠯᠴᠠᠵᠤ᠂ ᠮᠣᠩᠭᠣᠯ ᠤᠯᠤᠰ ᠤ᠋ᠨ ᠶᠡᠷᠦᠩᠬᠡᠢᠯᠡᠭᠴᠢ ᠶ᠋ᠢᠨ ᠠᠯᠪᠠᠨ ᠲᠢᠩᠬᠢᠮ ᠡᠴᠡ ᠣᠯᠭᠣᠭᠰᠠᠨ ᠢᠷᠠᠭᠤ ᠠᠯᠳᠠᠷ ᠤ᠋ᠨ ᠦᠨᠡᠮᠯᠡᠯ ᠢ᠋ ᠣᠯᠪᠠ ᠃ ᠪᠠᠰᠠ ᠰᠢᠯᠢ ᠶ᠋ᠢᠨ ᠭᠣᠣᠯ ᠠᠢᠮᠠᠭ ᠤ᠋ᠨ ᠡᠳᠦᠷ ᠦ᠋ᠨ ᠰᠣᠨᠢᠨ ᠤ᠋ ᠬᠣᠷᠢᠶᠠᠨ ᠳ᠋ᠤ᠌ ᠠᠵᠢᠯᠯᠠᠵᠤ ᠪᠠᠢᠬᠤ ᠬᠤᠭᠤᠴᠭᠠᠨ ᠳ᠋ᠤ᠌ ᠪᠠᠨ ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠨᠠᠢᠳᠠᠯᠭ᠎ᠠ ᠪᠠᠷ ᠳᠥᠷᠪᠡᠨ ᠬᠤᠪᠢ ᠲᠡᠦᠬᠡᠨ ᠮᠠᠲ᠋ᠧᠷᠢᠶᠠᠯ ᠪᠠ ᠨᠠ᠊· ᠰᠠᠢᠨᠴᠣᠭᠲᠣ ᠶ᠋ᠢᠨ ᠨᠡᠢᠲᠡᠯᠡᠭᠳᠡᠭᠡ ᠦᠭᠡᠢ ᠰᠢᠯᠦᠭ ᠦ᠋ᠳ ᠢ᠋ ᠬᠠᠭᠤᠯᠤᠨ ᠪᠢᠴᠢᠭᠰᠡᠨ ᠥᠩᠭᠡᠷᠡᠯᠲᠡ ᠲᠡᠢ᠃
ᠪᠣᠷᠵᠢᠭᠢᠨ ᠵᠢᠳᠬᠦᠯᠳᠦ ᠪᠠᠭᠰᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠪᠤᠷᠬᠠᠨ ᠱᠠᠰᠢᠨ ᠤ᠋ ᠨᠡᠢᠭᠡᠮᠯᠢᠭ ᠦ᠋ᠨ ᠬᠡᠷᠡᠭ ᠡᠷᠬᠢᠯᠡᠭᠴᠢ᠂ ᠰᠢᠯᠢ ᠶ᠋ᠢᠨ ᠭᠣᠣᠯ ᠠᠢᠮᠠᠭ ᠤ᠋ᠨ ᠪᠤᠷᠬᠠᠨ ᠱᠠᠰᠢᠨ ᠤ᠋ ᠨᠡᠢᠭᠡᠮᠯᠢᠭ ᠦ᠋ᠨ ᠪᠠᠢᠩᠭᠤ ᠶ᠋ᠢᠨ ᠳᠡᠳ᠋ ᠲᠡᠷᠢᠭᠦᠯᠡᠭᠴᠢ ᠪᠣᠯᠤᠨ ᠨᠠᠷᠢᠨ ᠪᠢᠴᠢᠭᠡᠴᠢ ᠶ᠋ᠢᠨ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ ᠥᠩᠭᠡᠷᠡᠭᠰᠡᠨ ᠪᠥᠭᠡᠳ ᠰᠢᠯᠢ ᠶ᠋ᠢᠨ ᠭᠣᠣᠯ ᠠᠢᠮᠠᠭ ᠤ᠋ᠨ ᠤᠯᠤᠰ ᠲᠥᠷᠥ ᠶ᠋ᠢᠨ ᠵᠥᠪᠯᠡᠯᠭᠡᠨ ᠦ᠌ ᠵᠢᠷᠭᠤᠭ᠎ᠠ ᠳᠣᠯᠣᠭ᠎ᠠ ᠨᠠᠢ᠍ᠮᠠᠳᠤᠭᠠᠷ ᠬᠤᠭᠤᠴᠠᠭᠠᠨ ᠤ᠋ ᠭᠡᠰᠢᠭᠦᠨ ᠢ᠋ᠶ᠋ᠡᠷ ᠠᠵᠢᠯᠯᠠᠵᠤ ᠶᠠᠪᠤᠭᠰᠠᠨ ᠲᠡᠦᠬᠡ ᠲᠡᠢ ᠶᠦᠮ᠃

