ᠰᠢᠯᠦᠭᠡᠢ ᠨᠣᠭᠣᠭ᠎ᠠ ᠶ᠋ᠢᠨ ᠦᠷ᠎ᠡШүлхий ногоогийн үрShülkhii nogoogiin ür ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠦᠭᠡᠢ ᠨᠣᠭᠣᠭ᠎ᠠ ᠶ᠋ᠢᠨ ᠦᠷ᠎ᠡШүлхий ногоогийн үрShülkhii nogoogiin ür

ᠰᠢᠯᠦᠭᠡᠢ ᠨᠣᠭᠣᠭ᠎ᠠ ᠶ᠋ᠢᠨ ᠦᠷ᠎ᠡШүлхий ногоогийн үрShülkhii nogoogiin ür

2025-05-18

193

ᠰᠢᠯᠦᠭᠡᠢ ᠨᠣᠭᠣᠭ᠎ᠠ ᠶ᠋ᠢᠨ ᠦᠷ᠎ᠡ

    ᠲᠤᠰ ᠡᠮ ᠪᠣᠯ ᠤᠳ᠋ᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠰᠢᠯᠦᠭᠡᠢ ᠨᠣᠭᠣᠭ᠎ᠠ ᠶ᠋ᠢᠨ ᠪᠣᠯᠪᠠᠰᠤᠷᠠᠮᠠᠯ ᠦᠷ᠎ᠡ ᠮᠥᠨ᠃ ᠪᠠᠰᠠ ᠭᠡᠷ ᠦ᠋ᠨ ᠢᠳᠡᠷ᠎ᠡ ᠭᠡᠳᠡᠭ᠃ ᠰᠠᠢᠷᠠ ᠪᠠᠷ ᠬᠡᠷᠡᠭᠯᠡᠳᠡᠭ᠃
   [ ᠤᠤᠯ ᠤᠷᠭᠤᠮᠠᠯ]  ᠨᠢᠭᠡ ᠪᠤᠶᠤ ᠬᠣᠶᠠᠷ ᠨᠠᠰᠤᠲᠤ ᠡᠪᠡᠰᠦᠯᠢᠭ ᠤᠷᠭᠤᠮᠠᠯ᠃30~90cm ᠥᠨᠳᠥᠷ᠂ ᠪᠦᠬᠦ ᠪᠡᠶ᠎ᠡ ᠳᠤᠨᠢ ᠰᠦ ᠲᠡᠢ᠃ ᠭᠦᠢᠬᠡᠨ ᠬᠦᠷᠡᠩ ᠰᠢᠯᠤᠭᠤᠨ ᠦᠨᠳᠦᠰᠦ ᠲᠡᠢ᠃ ᠡᠰᠢ ᠨᠢ ᠰᠢᠯᠤᠭᠤᠨ᠂ ᠲᠤᠷᠤᠭ᠂ ᠭᠤᠯᠳᠤ ᠬᠣᠪᠢᠯ ᠲᠠᠢ᠃ ᠤᠵᠠᠭᠤᠷ ᠤ᠋ᠨ ᠨᠠᠪᠴᠢ ᠨᠢ ᠪᠤᠲᠠᠯᠠᠨ᠎ᠠ᠂ ᠲᠣᠩᠭᠤᠷᠤᠤ ᠥᠨᠳᠡᠭᠡᠯᠵᠢᠨ ᠪᠤᠶᠤ ᠵᠤᠤᠪᠠᠩ ᠬᠡᠯᠪᠡᠷᠢ ᠲᠡᠢ᠂10~30cm ᠤᠷᠲᠤ᠂ ᠲᠣᠭᠣᠷᠢᠭ ᠦᠵᠦᠭᠦᠷ ᠲᠡᠢ᠂ ᠪᠠᠷᠢᠭᠤᠯ ᠲᠠᠢ᠂ ᠱᠣᠪᠬᠣ ᠬᠡᠷᠴᠢᠶᠡᠰᠦᠲᠦ ᠬᠥᠪᠡᠭᠡ ᠲᠡᠢ᠂ ᠪᠦᠲᠦᠨ ᠬᠥᠪᠡᠭᠡ ᠲᠡᠢ ᠨᠢ ᠬᠣᠪᠣᠷ᠂ ᠨᠠᠪᠴᠢᠨ ᠢᠯᠲᠠᠰᠤ ᠨᠢ ᠦᠷᠴᠢᠭᠢᠷ᠂ ᠬᠣᠶᠠᠷ ᠲᠠᠯ᠎ᠠ ᠳᠤᠨᠢ ᠪᠦᠷ ᠦᠰᠦ ᠦᠭᠡᠢ᠂ ᠡᠰᠢᠨ ᠳ᠋ᠡᠬᠢ ᠨᠠᠪᠴᠢ ᠳᠡᠭᠡᠭᠰᠢᠯᠡᠬᠦ ᠲᠤᠲᠤᠮ ᠨᠠᠷᠢᠰᠤᠨ ᠵᠢᠵᠢᠭ ᠪᠣᠯᠳᠠᠭ᠂ ᠵᠤᠤᠪᠠᠩ ᠪᠤᠶᠤ ᠭᠤᠷᠪᠠᠯᠵᠢᠨ ᠰᠢᠭ᠋ ᠥᠨᠳᠡᠭᠡᠯᠵᠢᠨ ᠬᠡᠯᠪᠡᠷᠢ ᠲᠡᠢ᠂ ᠶᠡᠷᠦ ᠳ᠋ᠡᠭᠡᠨ ᠥᠳᠥᠯᠢᠭ ᠣᠨᠢ ᠭᠠᠷᠤᠨ᠎ᠠ᠂ ᠬᠤᠷᠴᠠ ᠱᠣᠪᠬᠣ ᠦᠵᠦᠭᠦᠷ ᠲᠡᠢ᠂ ᠡᠰᠢ ᠪᠡᠨ ᠪᠠᠭᠯᠠᠭᠰᠠᠨ ᠴᠢᠬᠢ ᠬᠡᠯᠪᠡᠷᠢᠲᠦ ᠤᠭ ᠲᠠᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠣᠯᠠᠨ᠂ ᠡᠰᠢ ᠰᠠᠯᠠᠭ᠎ᠠ ᠶ᠋ᠢᠨ ᠣᠷᠣᠢ ᠳ᠋ᠤ᠌ ᠲᠣᠮᠣ ᠱᠣᠷᠣᠯᠵᠢᠨ ᠬᠡᠯᠪᠡᠷᠢᠲᠦ ᠪᠠᠭ ᠴᠡᠴᠡᠭ ᠪᠣᠯᠵᠤ ᠳᠡᠯᠭᠡᠷᠡᠨ᠎ᠡ᠃ ᠶᠡᠷᠦᠩᠬᠡᠢ ᠪᠠᠭᠯᠠᠭᠴᠢ ᠨᠢ ᠪᠣᠷᠲᠣᠭᠣ ᠶ᠋ᠢᠨ ᠬᠡᠯᠪᠡᠷᠢ ᠲᠡᠢ᠂8~10mm ᠤᠷᠲᠤ᠂3~5mm ᠥᠷᠭᠡᠨ᠃ ᠶᠡᠷᠦᠩᠬᠡᠢ ᠪᠠᠭᠯᠠᠭᠴᠢ ᠢᠯᠲᠠᠰᠤ ᠨᠢ ᠮᠢᠬᠠᠯᠢᠭ᠂3~4 ᠮᠥᠷ᠂ ᠭᠠᠳᠠᠷ ᠮᠥᠷ ᠳᠠᠬᠢ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠳᠣᠲᠣᠷ᠎ᠠ ᠮᠥᠷ ᠳᠠᠬᠢ ᠨᠢ ᠨᠡᠯᠢᠶᠡᠳ ᠨᠠᠷᠢᠨ ᠤᠷᠲᠤ᠃ ᠪᠦᠬᠦᠨ ᠢ᠋ᠶ᠋ᠡᠷ ᠢ᠋ᠶ᠋ᠡᠨ ᠬᠡᠯᠡ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠰᠢᠷ᠎ᠠ᠃ ᠲᠤᠷᠠᠩᠬᠠᠢ ᠵᠢᠮᠢᠰ ᠨᠢ ᠵᠤᠤᠪᠠᠩᠯᠢᠭ ᠲᠣᠩᠭᠤᠷᠤᠤ ᠥᠨᠳᠡᠭᠡᠯᠵᠢᠨ᠂ ᠪᠠᠷᠤᠭ 4mm ᠤᠷᠲᠤ᠂ ᠴᠠᠢᠪᠤᠷ ᠬᠦᠷᠡᠩ᠂ ᠭᠤᠯᠳᠤ ᠢᠷᠮᠡᠭ ᠲᠡᠢ᠂ ᠣᠷᠣᠢ ᠳᠤᠨᠢ ᠮᠠᠰᠢ ᠤᠷᠲᠤ ᠨᠠᠷᠢᠨ ᠬᠣᠰᠢᠭᠤ ᠲᠠᠢ᠂ ᠲᠢᠲᠢᠮ ᠦᠰᠦ ᠨᠢ ᠴᠠᠭᠠᠨ ᠥᠩᠭᠡ ᠲᠡᠢ᠃7~8 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
    [ ᠤᠷᠭᠤᠬᠤ ᠣᠷᠴᠢᠨ ᠬᠢᠭᠡᠳ ᠲᠠᠷᠬᠠᠴᠠ]  ᠤᠤᠯ ᠳ᠋ᠠᠭᠠᠨ ᠭᠠᠵᠠᠷ ᠤ᠋ᠨ ᠳᠤᠮᠳᠠᠳᠤ ᠲᠠᠩᠭᠢᠰ ᠤ᠋ᠨ ᠬᠥᠪᠡᠭᠡ ᠳᠠᠭᠠᠤ ᠣᠷᠣᠨ ᠳ᠋ᠤ᠌ ᠭᠠᠷᠴᠤ ᠪᠠᠢᠭᠰᠠᠨ ᠪᠣᠯᠪᠠᠴᠤ ᠣᠳᠣ ᠮᠠᠨ ᠤ᠋ ᠤᠯᠤᠰ ᠲᠤ᠌ ᠨᠡᠢᠳᠡᠮ ᠠᠷᠠᠴᠢᠯᠠᠨ ᠲᠠᠷᠢᠵᠤ ᠪᠠᠢᠨ᠎ᠠ᠃
    [ ᠲᠡᠭᠦᠵᠦ ᠪᠣᠯᠪᠠᠰᠤᠷᠠᠭᠤᠯᠬᠤ]  ᠵᠤᠨ᠂ ᠨᠠᠮᠤᠷ ᠵᠢᠮᠢᠰ ᠨᠢ ᠪᠣᠯᠪᠠᠰᠤᠷᠠᠭᠰᠠᠨ ᠦᠶ᠎ᠡ ᠳ᠋ᠦ᠍ ᠬᠠᠳᠤᠵᠤ ᠠᠪᠤᠭᠠᠳ᠂ ᠨᠠᠷᠠᠨ ᠳ᠋ᠤ᠌ ᠬᠠᠲᠠᠭᠠᠭᠰᠠᠨ ᠤ᠋ ᠰᠡᠭᠦᠯᠡᠷ ᠦᠷ᠎ᠡ ᠶ᠋ᠢ ᠨᠢ ᠭᠦᠪᠢᠵᠦ ᠤᠨᠠᠭᠠᠭᠠᠳ ᠠᠷᠢᠯᠭᠠᠨ ᠴᠡᠪᠡᠷᠯᠡᠨ᠎ᠡ᠃
    [ ᠠᠮᠲᠠ᠂ ᠴᠢᠨᠠᠷ᠂ ᠡᠷᠳᠡᠮ]  ᠥᠴᠦᠬᠡᠨ ᠠᠮᠲᠠᠯᠢᠭ ᠠᠮᠲᠠ ᠲᠠᠢ; ᠲᠡᠭᠰᠢ ᠴᠢᠨᠠᠷ ᠲᠠᠢ; ᠬᠥᠩᠭᠡᠨ᠂ ᠰᠢᠷᠦᠭᠦᠨ᠂ ᠮᠣᠬᠣᠳᠠᠭ᠂ ᠬᠠᠭᠤᠷᠠᠢ ᠡᠷᠳᠡᠮ ᠲᠡᠢ᠃
    [ ᠴᠢᠳᠠᠯ ᠪᠠ ᠭᠣᠣᠯᠳᠠᠭᠤ ᠵᠠᠰᠠᠬᠤ]  ᠠᠭᠤᠰᠬᠢᠨ ᠤ᠋ ᠬᠠᠯᠠᠭᠤᠨ ᠢ᠋ ᠠᠷᠢᠯᠭᠠᠬᠤ᠂ ᠠᠮᠢᠰᠬᠤᠯ ᠢ᠋ ᠠᠭᠤᠵᠢᠷᠠᠭᠤᠯᠵᠤ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ ᠴᠢᠳᠠᠯ ᠲᠠᠢ᠃ ᠭᠣᠣᠯᠳᠠᠭᠤ ᠠᠭᠤᠰᠬᠢᠨ ᠬᠠᠯᠠᠭᠤᠨ ᠢ᠋ᠶ᠋ᠠᠷ ᠬᠠᠨᠢᠶᠠᠬᠤ᠂ ᠥᠭᠡᠷᠢ ᠴᠢᠰᠤ ᠲᠠᠢ ᠴᠡᠷᠯᠡᠬᠦ᠂ ᠠᠭᠤᠰᠬᠢᠨ ᠥᠭᠡᠷᠢ᠂ ᠨᠣᠢᠷ ᠬᠤᠯᠵᠢᠬᠤ᠂ ᠡᠰᠡ ᠰᠢᠩᠭᠡᠭᠰᠡᠨ᠂ ᠳᠤᠷ᠎ᠠ ᠪᠤᠯᠭᠢᠬᠤ ᠵᠡᠷᠭᠡ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
       
       ᠬᠢᠲᠠᠳ ᠨᠡᠷ᠎ᠡ᠄苣胜子
       ᠠᠩᠭ᠌ᠯᠢ ᠨᠡᠷ᠎ᠡ᠄(Lactuca satiua L.)

        ᠦᠰᠦᠭ ᠠᠮᠢᠯᠠᠭᠤᠯᠤᠭᠴᠢ᠄ ᠠᠯᠲᠠᠨᠴᠡᠴᠡᠭ
        ᠬᠢᠨᠠᠭᠴᠢ᠄ ᠲᠤᠶᠠᠭ᠎ᠠ