ᠪᠣᠳᠢᠰᠠᠳ᠋ᠸ᠎ᠠ ᠶ᠋ᠢᠨ ᠭᠤᠴᠢᠨ ᠳᠣᠯᠣᠭᠠᠨ ᠭᠠᠷ ᠤ᠋ᠨ ᠠᠪᠤᠯᠭ᠎ᠠ ᠬᠡᠮᠡᠭᠳᠡᠬᠦ ᠣᠷᠣᠰᠢᠪᠠᠢ – ᠬᠤᠲᠤᠭᠲᠤ ᠳᠣᠭᠮᠢᠳ Бодисадвын гучин долоон гарын авлага хэмээгдэх оршивой – Хутагт Догмид
ᠪᠣᠳᠢᠰᠤᠩ ᠤᠨ ᠭᠠᠷ ᠤᠨ ᠠᠪᠤᠯᠭ᠎ᠠ ᠣᠷᠣᠰᠢᠪᠠ
ᠬᠤᠲᠤᠭᠲᠤ ᠳᠣᠭᠮᠢᠳ ᠵᠣᠬᠢᠶᠠᠪᠠ
ᠯᠤᠭᠠᠰᠢᠷᠢ ᠳ᠋ᠤᠷ ᠮᠥᠷᠭᠥᠮᠦ
ᠠᠯᠢᠨ ᠨᠣᠮ ᠪᠦᠬᠦᠢ ᠣᠳᠬᠤ ᠢᠷᠡᠬᠦ ᠦᠭᠡᠢ ᠶ᠋ᠢ ᠪᠣᠯᠭᠣᠭᠠᠪᠠᠴᠤ
ᠠᠮᠢᠲᠠᠨ ᠤ᠋ ᠲᠤᠰᠠ ᠶ᠋ᠢ ᠭᠠᠭᠴᠠ ᠬᠢᠴᠢᠶᠡᠩᠭᠦᠢᠯᠡᠨ ᠵᠣᠬᠢᠶᠠᠭᠴᠢ
ᠠᠴᠢᠲᠤ ᠳᠡᠭᠡᠳᠦ ᠯᠠᠮᠠ ᠬᠢᠭᠡᠳ ᠠᠪᠤᠷᠠᠯᠲᠤ ᠵᠠᠩᠷᠠᠢᠰᠠᠭ ᠲᠠᠨ᠎ᠠ
ᠠᠰᠢᠳᠠ ᠦᠷᠭᠦᠯᠵᠢ ᠭᠤᠷᠪᠠᠨ ᠡᠭᠦᠳᠡᠨ ᠡᠴᠡ ᠪᠢᠰᠢᠷᠡᠩᠭᠦᠢ ᠪᠡᠷ ᠮᠥᠷᠭᠥᠮᠦ ᠃
ᠲᠤᠰᠠ ᠠᠮᠤᠭᠤᠯᠠᠩ ᠭᠠᠷᠬᠤ ᠶ᠋ᠢᠨ ᠣᠷᠣᠨ ᠲᠤᠭᠤᠯᠤᠭᠰᠠᠨ ᠪᠤᠷᠬᠠᠨ ᠨᠤᠭᠤᠳ
ᠲᠤᠰᠠᠲᠤ ᠳᠡᠭᠡᠳᠦ ᠶ᠋ᠢᠨ ᠨᠣᠮ ᠢ᠋ ᠪᠦᠲᠦᠭᠡᠭᠰᠡᠨ ᠢ᠋ᠶ᠋ᠡᠷ ᠲᠥᠷᠥᠭᠰᠡᠨ ᠪᠥᠭᠡᠳ ᠲᠡᠳᠡᠭᠡᠷ ᠨᠢ
ᠲᠡᠳᠡᠭᠡᠷ ᠦ᠋ᠨ ᠭᠠᠷ ᠤ᠋ᠨ ᠠᠪᠤᠯᠭ᠎ᠠ ᠶ᠋ᠢ ᠮᠡᠳᠡᠬᠦ ᠳ᠋ᠦ᠍ ᠬᠠᠷᠠᠭᠠᠯᠵᠠᠬᠤ ᠲᠤᠯᠠ
ᠲᠡᠷᠡ ᠬᠦ᠌ ᠪᠣᠳᠢᠰᠠᠳ᠋ᠸ᠎ᠠ ᠨᠤᠭᠤᠳ ᠤ᠋ᠨ ᠭᠠᠷ ᠤ᠋ᠨ ᠠᠪᠤᠯᠭ᠎ᠠ ᠶ᠋ᠢ ᠨᠣᠮᠯᠠᠵᠤ ᠦᠢᠯᠡᠳᠦᠶ᠎ᠡ᠃

1 ᠴᠢᠯᠥᠭᠡ ᠤᠴᠠᠷᠠᠯ ᠤ᠋ᠨ ᠶᠡᠬᠡ ᠣᠩᠭᠣᠴᠠ ᠶ᠋ᠢ ᠣᠯᠬᠤ ᠳ᠋ᠤ᠌ ᠪᠡᠷᠬᠡ ᠪᠠ ᠣᠯᠤᠭᠰᠠᠨ ᠡᠨᠡ ᠴᠠᠭ
ᠥᠪᠡᠷ ᠪᠤᠰᠤᠳ ᠢ᠋ ᠣᠷᠴᠢᠯᠠᠩ ᠤ᠋ᠨ ᠳᠠᠯᠠᠢ ᠠ᠋ᠴᠠ ᠭᠡᠲᠦᠯᠭᠡᠬᠦ ᠶ᠋ᠢᠨ ᠲᠤᠯᠠᠳᠠ
ᠡᠳᠦᠷ ᠬᠢᠭᠡᠳ ᠰᠥᠨᠢ ᠳ᠋ᠦ᠍ ᠠᠯᠭᠠᠰᠠᠷᠠᠬᠤ ᠦᠭᠡᠢ ᠪᠠᠢᠵᠤ
ᠰᠣᠨᠣᠰᠬᠤᠢ ᠰᠡᠳᠬᠢᠯ ᠢ᠋ ᠳᠠᠳᠤᠭᠤᠯᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
2 ᠠᠮᠠᠷᠠᠭ ᠰᠠᠳᠤᠨ ᠤ᠋ ᠵᠦᠭ ᠲᠦ᠍ ᠲᠠᠴᠢᠶᠠᠯ ᠤᠰᠤ ᠮᠡᠲᠦ ᠬᠥᠳᠡᠯᠵᠦ
ᠠᠲᠠᠭᠠᠲᠠᠨ ᠳᠠᠢᠰᠤᠨ ᠤ᠋ ᠵᠦᠭ ᠲᠦ᠍ ᠠᠭᠤᠷ ᠭᠠᠯ ᠮᠡᠲᠦ ᠪᠠᠳᠠᠷᠠᠵᠤ
ᠠᠪᠴᠤ ᠣᠷᠬᠢᠬᠤ ᠶ᠋ᠢ ᠮᠠᠷᠲᠠᠭᠰᠠᠨ ᠮᠤᠩᠬᠠᠭ ᠤ᠋ᠨ ᠬᠠᠷᠠᠩᠭᠤᠢᠲᠦ
ᠠᠶ᠎ᠠ ᠡᠴᠢᠭᠡ ᠶ᠋ᠢᠨ ᠣᠷᠣᠨ ᠢ᠋ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
3 ᠮᠠᠭᠤ ᠣᠷᠣᠨ ᠢ᠋ ᠲᠡᠪᠴᠢᠭᠰᠡᠨ ᠢ᠋ᠶ᠋ᠡᠷ ᠨᠢᠰᠸᠠᠨᠢᠰ ᠵᠡᠷᠭᠡᠴᠡᠭᠡᠯᠡᠨ ᠬᠣᠷᠣᠭᠳᠠᠬᠤ
ᠨᠡᠩ ᠠᠯᠭᠠᠰᠠᠷᠠᠯ ᠦᠭᠡᠢ ᠲᠤᠯᠠ ᠪᠤᠶᠠᠨ ᠤ᠋ ᠨᠠᠢᠷᠠᠭᠤᠯᠭ᠎ᠠ ᠠᠶᠠᠨᠳᠠᠭᠠᠨ ᠠᠷᠪᠢᠵᠢᠬᠤ
ᠲᠤᠩᠭᠠᠯᠠᠭ ᠣᠶᠤᠨ ᠢ᠋ᠶ᠋ᠠᠷ ᠨᠣᠮ ᠳ᠋ᠤ᠌ ᠪᠠᠲᠤᠲᠠᠢ ᠮᠠᠲᠠᠯ ᠲᠥᠷᠥᠭᠦᠯᠬᠦ ᠲᠤᠯᠠ
ᠠᠭᠯᠠᠭ ᠣᠷᠣᠨ ᠢ᠋ ᠰᠢᠲᠦᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃

4 ᠥᠨᠢᠳᠡ ᠤᠳᠠᠭᠠᠨ ᠨᠥᠬᠥᠷᠯᠡᠭᠰᠡᠨ ᠤᠷᠤᠭ ᠰᠠᠳᠤᠨ ᠠ᠋ᠴᠠ ᠲᠤᠰ ᠲᠤᠰ ᠬᠠᠭᠠᠴᠠᠬᠤ
ᠰᠢᠮᠲᠡᠯᠡᠨ ᠪᠦᠲᠦᠭᠡᠭᠰᠡᠨ ᠡᠳ᠋ ᠪᠠᠶᠠᠯᠢᠭ ᠨᠢ ᠬᠣᠢᠨ᠎ᠠ ᠬᠣᠴᠣᠷᠬᠤ
ᠪᠡᠶ᠎ᠡ ᠴᠣᠭᠴᠠᠰ ᠤ᠋ᠨ ᠵᠣᠴᠢᠨ ᠤ᠋ ᠪᠠᠢᠰᠢᠩ ᠢ᠋ ᠰᠦᠨᠡᠰᠦᠨ ᠦ᠌ ᠵᠣᠴᠢᠨ ᠣᠷᠬᠢᠬᠤ
ᠡᠨᠡ ᠨᠠᠰᠤ ᠶ᠋ᠢ ᠣᠶᠤᠨ ᠢ᠋ᠶ᠋ᠠᠷ ᠣᠷᠬᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
5 ᠠᠯᠢᠨ ᠯᠤᠭ᠎ᠠ ᠨᠥᠬᠥᠷᠯᠡᠪᠡᠰᠦ ᠭᠤᠷᠪᠠᠨ ᠬᠣᠣᠷ ᠠᠷᠪᠢᠵᠢᠬᠤ ᠪᠥᠭᠡᠳ
ᠰᠣᠨᠣᠰᠬᠤ᠂ᠰᠠᠨᠠᠬᠤ᠂ᠳᠠᠳᠤᠭᠤᠯᠤᠨ ᠦᠢᠯᠡᠳᠬᠦ ᠶ᠋ᠢ ᠳᠣᠷᠣᠢᠲᠠᠭᠤᠯᠬᠤ
ᠠᠰᠠᠷᠠᠬᠤᠢ ᠬᠢᠭᠡᠳ ᠨᠢᠭᠦᠯᠡᠰᠦᠩᠭᠦᠢ ᠪᠣᠯᠭᠠᠵᠤ ᠦᠯᠦ ᠦᠢᠯᠡᠳᠦᠭᠴᠢ
ᠠᠶᠤᠯᠲᠤ ᠨᠥᠬᠥᠷ ᠢ᠋ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
6 ᠠᠯᠢᠨ ᠨᠢᠭᠡ ᠶ᠋ᠢ ᠰᠢᠲᠦᠪᠡᠰᠦ ᠭᠡᠮ ᠪᠠᠷᠠᠭᠳᠠᠬᠤ ᠪᠣᠯᠬᠤ ᠪᠥᠭᠡᠳ
ᠡᠷᠳᠡᠮ ᠨᠢ ᠰᠢᠨ᠎ᠡ ᠶ᠋ᠢᠨ ᠰᠠᠷᠠᠨ ᠮᠡᠲᠦ ᠠᠷᠪᠢᠵᠢᠬᠤ
ᠳᠡᠭᠡᠳᠦ ᠶ᠋ᠢᠨ ᠪᠠᠭᠰᠢ ᠰᠠᠳᠤᠨ ᠢ᠋ ᠥᠪᠡᠷ ᠦ᠋ᠨ ᠪᠡᠶ᠎ᠡ ᠡᠴᠡ ᠢᠯᠡᠭᠦᠦ
ᠡᠩᠬᠦᠷᠡᠢᠯᠡᠨ ᠪᠠᠷᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
7 ᠥᠪᠡᠷ ᠢ᠋ᠶ᠋ᠡᠨ ᠣᠷᠴᠢᠯᠠᠩ ᠤ᠋ᠨ ᠱᠣᠷᠣᠩ ᠳ᠋ᠤ᠌ ᠬᠦᠯᠢᠭᠳᠡᠭᠰᠡᠨ
ᠡᠭᠡᠯ ᠶᠢᠷᠲᠢᠨᠴᠦ ᠶ᠋ᠢᠨ ᠲᠡᠭᠷᠢ ᠬᠡᠨ ᠢ᠋ ᠠᠪᠤᠷᠠᠵᠤ ᠴᠢᠳᠠᠬᠤ ᠪᠢᠯᠡ ᠤᠤ?
ᠲᠡᠢᠮᠦ ᠶ᠋ᠢᠨ ᠲᠤᠯᠠᠳᠠ ᠠᠯᠢᠨ ᠳ᠋ᠤ᠌ ᠢᠲᠡᠭᠡᠪᠡᠰᠦ ᠬᠠᠭᠤᠷᠮᠠᠭ ᠦᠭᠡᠢ ᠠᠪᠤᠷᠠᠵᠤ ᠴᠢᠳᠠᠬᠤ
ᠴᠤᠬᠠᠭ ᠳᠡᠭᠡᠳᠦ ᠳ᠋ᠦ᠍ ᠠᠪᠤᠷᠠᠯ ᠣᠲᠣᠭᠤᠯᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
8 ᠮᠠᠰᠢᠳᠠ ᠲᠡᠰᠬᠦᠶ᠎ᠡ ᠪᠡᠷᠬᠡᠲᠡᠢ ᠮᠠᠭᠤ ᠵᠠᠶᠠᠭᠠᠨ ᠤ᠋ ᠵᠣᠪᠠᠯᠠᠩ ᠨᠤᠭᠤᠳ
ᠬᠢᠯᠢᠨᠴᠡ ᠶ᠋ᠢᠨ ᠦᠢᠯᠡ ᠶ᠋ᠢᠨ ᠦᠷ᠎ᠡ ᠪᠣᠯᠬᠤ ᠶ᠋ᠢ ᠪᠤᠷᠬᠠᠨ ᠢ᠋ᠶ᠋ᠠᠷ ᠵᠠᠷᠯᠢᠭᠯᠠᠭᠰᠠᠨ
ᠲᠡᠢᠮᠦ ᠶ᠋ᠢᠨ ᠲᠤᠯᠠ ᠠᠮᠢᠨ ᠳ᠋ᠤ᠌ ᠪᠠᠨ ᠲᠤᠯᠤᠭᠰᠠᠨ ᠴᠤ᠌ ᠬᠢᠯᠢᠨᠴᠡ ᠶ᠋ᠢᠨ ᠦᠢᠯᠡ ᠶ᠋ᠢ
ᠬᠡᠵᠢᠶ᠎ᠡ ᠴᠦ᠍ ᠦᠯᠦ ᠦᠢᠯᠡᠳᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
9 ᠭᠤᠷᠪᠠᠨ ᠣᠷᠴᠢᠯᠠᠩ ᠤ᠋ᠨ ᠠᠮᠤᠭᠤᠯᠠᠩ ᠡᠪᠡᠰᠦᠨ ᠦ᠌ ᠰᠢᠭᠦᠳᠡᠷᠢ ᠮᠡᠲᠦ
ᠲᠦᠷ ᠲᠡᠳᠦᠢ ᠨᠢᠭᠡ ᠡᠪᠳᠡᠷᠡᠬᠦ ᠮᠥᠨ ᠴᠢᠨᠠᠷ ᠲᠠᠢ ᠲᠤᠯᠠ
ᠬᠡᠵᠢᠶ᠎ᠡ ᠴᠦ᠍ ᠦᠯᠦ ᠤᠷᠪᠠᠬᠤ ᠲᠣᠨᠢᠯᠬᠤᠢ ᠶ᠋ᠢᠨ ᠳᠡᠭᠡᠳᠦ ᠬᠤᠲᠤᠭ ᠢ᠋
ᠲᠤᠰᠠ ᠳ᠋ᠤ᠌ ᠴᠢᠬᠤᠯᠠᠴᠢᠯᠠᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
10 ᠲᠡᠷᠢᠭᠦᠯᠡᠰᠢ ᠦᠭᠡᠢ ᠴᠠᠭ ᠠ᠋ᠴᠠ ᠨᠠᠮ᠎ᠠ ᠶ᠋ᠢ ᠡᠩᠬᠦᠷᠡᠢᠯᠡᠭᠴᠢ
ᠡᠬᠡ ᠨᠦ᠍ᠭᠦᠳ ᠵᠣᠪᠠᠵᠤ ᠪᠠᠢᠬᠤ ᠳ᠋ᠤ᠌ ᠥᠪᠡᠷ ᠢ᠋ᠶ᠋ᠡᠨ ᠠᠮᠤᠭᠤᠯᠠᠩ ᠢ᠋ᠶ᠋ᠠᠷ ᠶᠠᠭᠤ ᠨᠢᠭᠡ ᠦᠢᠯᠡᠳᠬᠦ
ᠲᠡᠢᠮᠦ ᠡᠴᠡ ᠲᠣᠭᠠᠯᠠᠰᠢ ᠦᠭᠡᠢ ᠠᠮᠢᠲᠠᠨ ᠢ᠋ ᠭᠡᠲᠦᠯᠭᠡᠬᠦ ᠶ᠋ᠢᠨ ᠲᠤᠯᠠᠳᠠ
ᠪᠣᠳᠢ ᠰᠡᠳᠬᠢᠯ ᠢ᠋ ᠲᠥᠷᠥᠭᠦᠯᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
11 ᠬᠠᠮᠤᠭ ᠵᠣᠪᠠᠯᠠᠩ ᠥᠪᠡᠷ ᠦ᠋ᠨ ᠠᠮᠤᠭᠤᠯᠠᠩ ᠢ᠋ ᠬᠦᠰᠡᠭᠰᠡᠨ ᠡᠴᠡ ᠭᠠᠷᠬᠤ
ᠲᠤᠭᠤᠯᠤᠭᠰᠠᠨ ᠪᠤᠷᠬᠠᠳ ᠴᠤ᠌ ᠪᠤᠰᠤᠳ ᠤ᠋ᠨ ᠲᠥᠯᠥᠭᠡ ᠰᠡᠳᠬᠢᠯ ᠡᠴᠡ ᠮᠡᠨᠳᠦᠯᠡᠭᠰᠡᠨ
ᠲᠡᠢᠮᠦ ᠶ᠋ᠢᠨ ᠲᠤᠯᠠᠳᠠ ᠥᠪᠡᠷ ᠦ᠋ᠨ ᠠᠮᠤᠭᠤᠯᠠᠩ ᠢ᠋ ᠪᠤᠰᠤᠳ ᠤ᠋ᠨ ᠵᠣᠪᠠᠯᠠᠩ ᠢ᠋ᠶ᠋ᠠᠷ
ᠦᠨᠡᠬᠡᠷ ᠰᠣᠯᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
12 ᠬᠡᠨ ᠨᠢᠭᠡᠨ ᠶᠡᠬᠡ ᠰᠢᠨᠤᠯ ᠤ᠋ᠨ ᠡᠷᠬᠡ ᠪᠡᠷ
ᠮᠢᠨᠦ ᠡᠳ᠋ ᠪᠦᠭᠦᠳᠡ ᠶ᠋ᠢ ᠪᠤᠯᠢᠶᠠᠬᠤ ᠪᠤᠶᠤ ᠪᠤᠯᠢᠶᠠᠯᠭᠠᠬᠤ ᠳ᠋ᠤ᠌ ᠬᠦᠷᠭᠡᠪᠡᠴᠦ
ᠪᠡᠶ᠎ᠡ ᠬᠢᠭᠡᠳ ᠲᠡᠭᠦᠰ ᠡᠳ᠋ᠯᠡᠯ᠂ ᠭᠤᠷᠪᠠᠨ ᠴᠠᠭ ᠤ᠋ᠨ ᠪᠤᠶᠠᠨ ᠨᠤᠭᠤᠳ ᠢ᠋ᠶ᠋ᠠᠨ
ᠲᠡᠳᠡᠨ ᠳ᠋ᠦ᠍ ᠵᠣᠷᠢᠭᠤᠯᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
13 ᠥᠪᠡᠷ ᠲᠦ᠍ ᠭᠡᠮ ᠥᠴᠦᠬᠡᠨ ᠴᠦ᠍ ᠦᠭᠡᠢᠴᠢᠯᠡᠨ ᠳ᠋ᠦ᠍
ᠠᠯᠢᠨ ᠨᠤᠭᠤᠳ ᠮᠢᠨᠦ ᠲᠣᠯᠣᠭᠠᠢ ᠶ᠋ᠢ ᠲᠠᠰᠤᠯᠵᠤ ᠦᠢᠯᠡᠳᠪᠡᠴᠦ
ᠨᠢᠭᠦᠯᠡᠰᠦᠩᠭᠦᠢ ᠶ᠋ᠢᠨ ᠰᠡᠳᠬᠢᠯ ᠦ᠋ᠨ ᠡᠷᠬᠡ ᠪᠡᠷ ᠲᠡᠭᠦᠨ ᠦ᠌ ᠬᠢᠯᠢᠨᠴᠡ ᠪᠦᠭᠦᠳᠡ ᠶ᠋ᠢ
ᠥᠪᠡᠷ ᠲᠡᠭᠡᠨ ᠠᠪᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
14 ᠵᠠᠷᠢᠮ ᠨᠢᠭᠡ ᠨᠠᠳᠠ ᠳ᠋ᠤ᠌ ᠡᠯᠳᠡᠪ ᠢᠷᠠᠭᠤ ᠪᠤᠰᠤ ᠶ᠋ᠢ
ᠭᠤᠷᠪᠠᠨ ᠣᠷᠴᠢᠯᠠᠩ ᠢ᠋ᠶ᠋ᠠᠷ ᠴᠤᠤᠷᠢᠶᠠᠲᠤᠭᠤᠯᠤᠨ ᠦᠢᠯᠡᠳᠪᠡᠴᠦ
ᠠᠰᠠᠷᠠᠬᠤ ᠶ᠋ᠢᠨ ᠰᠡᠳᠬᠢᠯ ᠢ᠋ᠶ᠋ᠡᠷ ᠬᠠᠷᠢᠭᠤ ᠳ᠋ᠤ᠌ ᠨᠢ ᠲᠡᠷᠡ ᠢᠮᠠᠭᠲᠠ ᠶ᠋ᠢᠨ
ᠡᠷᠳᠡᠮ ᠢ᠋ ᠥᠭᠦᠯᠡᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
15 ᠬᠥᠮᠦᠨ ᠣᠯᠠᠨ ᠬᠤᠷᠠᠭᠰᠠᠨ ᠤ᠋ ᠭᠣᠣᠯ ᠳ᠋ᠤ᠌ ᠵᠠᠷᠢᠮ ᠨᠢᠭᠡ ᠪᠡᠷ
ᠬᠣᠷᠢᠭ ᠢ᠋ ᠠᠭᠤᠳᠠᠯᠤᠨ ᠮᠠᠭᠤ ᠦᠭᠡ ᠥᠭᠦᠯᠡᠪᠡᠴᠦ
ᠲᠡᠭᠦᠨ᠎ᠡ ᠪᠤᠶᠠᠨ ᠤ᠋ ᠰᠠᠳᠤᠨ ᠤ᠋ ᠬᠤᠷᠠᠨ ᠮᠠᠲᠠᠯ ᠢ᠋ᠶ᠋ᠠᠷ
ᠪᠢᠰᠢᠷᠡᠨ ᠮᠥᠷᠭᠥᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
16 ᠥᠪᠡᠷ ᠦ᠋ᠨ ᠬᠦᠦ ᠰᠢᠭ ᠢ᠋ᠶ᠋ᠡᠨ ᠡᠩᠬᠦᠷᠡᠢᠯᠡᠨ ᠠᠰᠠᠷᠠᠭᠰᠠᠨ ᠬᠥᠮᠦᠨ ᠴᠢᠨᠢ
ᠥᠪᠡᠷ ᠲᠦ᠍ ᠳᠠᠢᠰᠤᠨ ᠰᠢᠭ᠋ ᠬᠠᠨᠳᠤᠵᠤ ᠦᠢᠯᠡᠳᠪᠡᠴᠦ
ᠡᠪᠡᠳᠴᠢᠨ ᠳ᠋ᠦ᠍ ᠨᠡᠷᠪᠡᠭᠳᠡᠭᠰᠡᠨ ᠬᠦᠦ ᠪᠡᠨ ᠡᠩᠬᠦᠷᠡᠢᠯᠡᠬᠦ ᠡᠬᠡ ᠮᠡᠲᠦ
ᠦᠯᠡᠮᠵᠢ ᠡᠨᠡᠷᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
17 ᠥᠪᠡᠷ ᠯᠤᠭᠡ ᠰᠠᠴᠠᠭᠤ ᠪᠤᠶᠤ ᠳᠣᠣᠷᠠᠲᠤ ᠲᠥᠷᠥᠯᠬᠢᠲᠡᠨ
ᠣᠮᠣᠭ ᠤ᠋ᠨ ᠡᠷᠬᠡ ᠪᠡᠷ ᠮᠠᠭᠤᠰᠢᠶᠠᠵᠤ ᠦᠢᠯᠡᠳᠪᠡᠴᠦ
ᠪᠠᠭᠰᠢ ᠶᠠᠮᠠᠷᠴᠢᠯᠠᠨ ᠪᠢᠰᠢᠷᠡᠩᠭᠦᠢ ᠪᠡᠷ
ᠥᠪᠡᠷ ᠦ᠋ᠨ ᠣᠷᠣᠢ ᠳ᠋ᠤ᠌ ᠪᠠᠷᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
18 ᠠᠮᠢᠵᠢᠷᠠᠭ᠎ᠠ ᠪᠠᠷ ᠳᠣᠷᠣᠢᠲᠠᠭᠰᠠᠨ ᠢ᠋ ᠬᠥᠮᠦᠨ ᠢ᠋ᠶ᠋ᠡᠷ ᠦᠷᠭᠦᠯᠵᠢᠳᠡ ᠮᠠᠭᠤᠰᠢᠶᠠᠬᠤ
ᠶᠡᠬᠡ ᠬᠠᠯᠠᠭᠤᠨ ᠡᠪᠡᠳᠴᠢᠨ ᠬᠢᠭᠡᠳ ᠠᠳᠠ ᠪᠠᠷ ᠪᠠᠷᠢᠭᠳᠠᠭᠰᠠᠨ ᠴᠤ᠌
ᠠᠮᠢᠲᠠᠨ ᠪᠦᠭᠦᠳᠡ ᠶ᠋ᠢᠨ ᠵᠣᠪᠠᠯᠠᠩ ᠬᠢᠯᠢᠨᠴᠡ ᠶ᠋ᠢ ᠥᠪᠡᠷ ᠲᠡᠭᠡᠨ ᠠᠪᠬᠤ ᠪᠥᠭᠡᠳ
ᠰᠢᠨᠲᠠᠷᠠᠬᠤ ᠦᠭᠡᠢ ᠪᠠᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃

19 ᠢᠷᠠᠭᠤ ᠠᠯᠳᠠᠷ ᠲᠦᠭᠡᠨ ᠣᠯᠠᠨ ᠠᠮᠢᠲᠠᠨ ᠣᠷᠣᠢ ᠪᠠᠷ ᠬᠦᠨᠳᠦᠯᠡᠨ
ᠨᠠᠮᠰᠠᠷᠠᠢ ᠪᠤᠷᠬᠠᠨ ᠤ᠋ ᠡᠳ᠋ ᠠᠳᠠᠯᠢ ᠶ᠋ᠢ ᠣᠯᠬᠤ ᠨᠢ ᠴᠦ᠍
ᠣᠷᠴᠢᠯᠠᠩ ᠤ᠋ᠨ ᠴᠣᠭ ᠤᠴᠠᠷᠠᠯ ᠤ᠋ᠨ ᠰᠢᠮ᠎ᠡ ᠦᠭᠡᠢ ᠶ᠋ᠢ ᠪᠣᠯᠭᠣᠭᠠᠵᠤ
ᠣᠮᠣᠭ ᠦᠭᠡᠢ ᠪᠠᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
20 ᠥᠪᠡᠷ ᠦ᠋ᠨ ᠠᠭᠤᠷ ᠤ᠋ᠨ ᠳᠠᠢᠰᠤᠨ ᠢ᠋ ᠡᠰᠡ ᠨᠣᠮᠣᠬᠠᠳᠬᠠᠪᠠᠰᠤ
ᠭᠠᠳᠠᠭᠠᠳᠤ ᠶ᠋ᠢᠨ ᠳᠠᠢᠰᠤᠨ ᠦᠯᠦ ᠨᠣᠮᠣᠬᠠᠷᠠᠨ ᠂ ᠤᠯᠠᠮ ᠢ᠋ᠶ᠋ᠠᠷ ᠠᠷᠪᠢᠵᠢᠬᠤ
ᠲᠡᠢᠮᠦ ᠶ᠋ᠢᠨ ᠲᠤᠯᠠ ᠠᠰᠠᠷᠠᠬᠤᠢ ᠬᠢᠭᠡᠳ ᠡᠨᠡᠷᠢᠬᠦᠢ ᠰᠡᠳᠬᠢᠯ ᠦ᠋ᠨ ᠴᠡᠷᠢᠭ ᠦ᠋ᠨ ᠥᠮᠥᠭ ᠢ᠋ᠶ᠋ᠡᠷ
ᠥᠪᠡᠷ ᠦ᠋ᠨ ᠦᠨᠳᠦᠰᠦ ᠶ᠋ᠢ ᠨᠣᠮᠣᠬᠠᠳᠬᠠᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
21 ᠬᠦᠰᠡᠯ ᠦ᠋ᠨ ᠡᠷᠳᠡᠮ ᠨᠢ ᠳᠠᠪᠤᠰᠤ ᠲᠠᠢ ᠤᠰᠤ ᠯᠤᠭ᠎ᠠ ᠠᠳᠠᠯᠢ
ᠬᠢᠷᠢ ᠲᠡᠳᠦᠢ ᠡᠳ᠋ᠯᠡᠪᠡᠴᠦ ᠰᠢᠨᠤᠯ ᠢ᠋ ᠠᠷᠪᠢᠵᠢᠭᠤᠯᠬᠤ ᠲᠤᠯᠠ
ᠠᠯᠢᠪᠠ ᠰᠢᠨᠤᠯ ᠲᠥᠷᠥᠳᠡᠭ ᠪᠣᠳᠠᠲᠠᠢ ᠨᠤᠭᠤᠳ ᠢ᠋
ᠳᠠᠷᠤᠢ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
22 ᠶᠠᠮᠠᠷ ᠮᠡᠲᠦ ᠦᠵᠡᠭᠳᠡᠬᠦ ᠡᠳᠡᠭᠡᠷ ᠨᠢ ᠥᠪᠡᠷ ᠦ᠋ᠨ ᠰᠡᠳᠬᠢᠯ
ᠰᠡᠳᠬᠢᠯ ᠢᠮᠠᠭᠲᠠ ᠶ᠋ᠢᠨ ᠢᠵᠠᠭᠤᠷ ᠤ᠋ᠨ ᠰᠠᠴᠤᠷᠠᠯ ᠤ᠋ᠨ ᠡᠴᠦᠰ ᠯᠦ᠍ᠭᠡ ᠬᠠᠭᠠᠴᠠᠭᠰᠠᠨ
ᠲᠡᠷᠡ ᠢᠮᠠᠭᠲᠠ ᠶ᠋ᠢ ᠮᠡᠳᠡᠭᠡᠳ ᠣᠷᠣᠨ ᠢ᠋ ᠪᠠᠷᠢᠭᠴᠢ ᠲᠡᠮᠳᠡᠭ ᠦ᠋ᠳ ᠢ᠋
ᠰᠡᠳᠬᠢᠯ ᠳ᠋ᠦ᠍ ᠪᠡᠨ ᠡᠰᠡ ᠦᠢᠯᠡᠳᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
23 ᠰᠡᠳᠬᠢᠯ ᠳ᠋ᠦ᠍ ᠵᠣᠬᠢᠰᠲᠤ ᠣᠷᠣᠨ ᠯᠤᠭ᠎ᠠ ᠤᠴᠠᠷᠠᠪᠠᠰᠤ
ᠵᠤᠨ ᠴᠠᠭ ᠤ᠋ᠨ ᠰᠣᠯᠣᠩᠭ᠎ᠠ ᠠᠳᠠᠯᠢ ᠦᠵᠡᠰᠬᠦᠯᠡᠩ ᠲᠡᠢ ᠦᠵᠡᠭᠳᠡᠪᠡᠴᠦ
ᠦᠨᠡᠨ ᠳ᠋ᠦ᠍ ᠦᠯᠦ ᠦᠵᠡᠭᠴᠢᠯᠡᠨ
ᠰᠢᠨᠤᠯ ᠲᠠᠴᠢᠶᠠᠯ ᠢ᠋ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
24 ᠡᠯᠳᠡᠪ ᠵᠣᠪᠠᠯᠠᠩ ᠨᠢ ᠵᠡᠭᠦᠳᠦᠨ᠎ᠡ ᠬᠦᠦ ᠨᠢ ᠦᠬᠦᠬᠦ ᠮᠡᠲᠦ ᠶ᠋ᠢᠨ
ᠡᠨᠳᠡᠭᠦᠷᠡᠯᠳᠦ ᠦᠵᠡᠭᠳᠡᠯ ᠢ᠋ ᠦᠨᠡᠨ ᠳ᠋ᠦ᠍ ᠪᠠᠷᠢᠭᠰᠠᠨ ᠢ᠋ᠶ᠋ᠠᠷ ᠲᠠᠮᠢᠷ ᠨᠢ ᠲᠠᠰᠤᠷᠠᠬᠤ
ᠲᠡᠢᠮᠦ ᠶ᠋ᠢᠨ ᠲᠤᠯᠠᠳᠠ ᠦᠯᠦ ᠵᠣᠬᠢᠯᠳᠤᠬᠤ ᠰᠢᠯᠲᠠᠭᠠᠨ ᠯᠤᠭ᠎ᠠ ᠤᠴᠠᠷᠠᠬᠤ ᠶ᠋ᠢᠨ ᠴᠠᠭ ᠲᠤ᠌
ᠡᠨᠳᠡᠭᠦᠷᠡᠯᠳᠦ ᠭᠡᠵᠦ ᠦᠵᠡᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
25 ᠪᠣᠳᠢ ᠶ᠋ᠢ ᠬᠦᠰᠡᠬᠦᠶᠡ ᠪᠡᠶ᠎ᠡ ᠪᠡᠨ ᠴᠦ᠍ ᠥᠭᠬᠦ ᠬᠡᠷᠡᠭᠲᠡᠢ ᠲᠤᠯᠠ
ᠭᠠᠳᠠᠭᠠᠳᠤ ᠪᠣᠳᠠᠲᠠᠢ ᠨᠤᠭᠤᠳ ᠢ᠋ ᠬᠡᠯᠡᠭᠡᠳ ᠶᠠᠭᠠᠬᠢᠬᠤᠪ
ᠲᠡᠢᠮᠦ ᠶ᠋ᠢᠨ ᠲᠤᠯᠠ ᠤᠷᠰᠢᠭ ᠬᠢᠭᠡᠳ ᠲᠡᠢᠨ ᠪᠣᠯᠪᠠᠰᠤᠷᠠᠯ ᠢ᠋ ᠦᠯᠦ ᠭᠣᠷᠢᠯᠠᠬᠤᠢ
ᠥᠭᠯᠢᠭᠡ ᠰᠠᠢᠲᠤᠷ ᠥᠭᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
26 ᠱᠠᠭᠱᠠᠪᠠᠳ ᠦᠭᠡᠢ ᠪᠡᠷ ᠥᠪᠡᠷ ᠦ᠋ᠨ ᠲᠤᠰᠠ ᠶ᠋ᠢ ᠡᠰᠡ ᠪᠦᠲᠦᠭᠡᠬᠦ ᠲᠤᠯᠠ
ᠪᠤᠰᠤᠳ ᠤ᠋ᠨ ᠲᠤᠰᠠ ᠶ᠋ᠢ ᠪᠦᠲᠦᠭᠡᠬᠦ ᠬᠦᠰᠡᠯ ᠨᠢ ᠢᠨᠢᠶᠡᠳᠦᠮ ᠦ᠋ᠨ ᠣᠷᠣᠨ
ᠲᠡᠢᠮᠦ ᠶ᠋ᠢᠨ ᠲᠤᠯᠠ ᠣᠷᠴᠢᠯᠠᠩ ᠳ᠋ᠤ᠌ ᠪᠠᠬᠠᠷᠬᠠᠯ ᠦᠭᠡᠢ
ᠱᠠᠭᠱᠠᠪᠠᠳ ᠢ᠋ᠶ᠋ᠠᠨ ᠰᠠᠬᠢᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
27 ᠪᠤᠶᠠᠨ ᠤ᠋ ᠲᠡᠭᠦᠰ ᠡᠳ᠋ᠯᠡᠯ ᠢ᠋ ᠬᠦᠰᠡᠭᠰᠡᠨ ᠪᠤᠷᠬᠠᠨ ᠤ᠋ ᠱᠠᠪᠢ ᠳ᠋ᠤ᠌
ᠬᠣᠣᠷᠯᠠᠵᠤ ᠦᠢᠯᠡᠳᠦᠭᠰᠡᠨ ᠪᠦᠬᠦᠨ ᠶᠡᠬᠡ ᠡᠷᠳᠡᠨᠢ ᠶ᠋ᠢᠨ ᠰᠠᠩ ᠯᠤᠭ᠎ᠠ ᠠᠳᠠᠯᠢ
ᠲᠡᠢᠮᠦ ᠶ᠋ᠢᠨ ᠲᠤᠯᠠ ᠪᠦᠬᠦᠨ ᠳ᠋ᠦ᠍ ᠠᠭᠤᠷᠯᠠᠨ ᠮᠥᠴᠡᠭᠡᠷᠬᠡᠯ ᠦᠭᠡᠢ
ᠲᠡᠰᠪᠦᠷᠢ ᠶ᠋ᠢ ᠪᠢᠰᠢᠯᠭᠠᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃

28 ᠥᠪᠡᠷ ᠦ᠋ᠨ ᠲᠤᠰᠠ ᠢᠮᠠᠭᠲᠠ ᠶ᠋ᠢ ᠪᠦᠲᠦᠭᠡᠭᠴᠢ ᠰᠢᠷᠸᠠᠩᠭᠡ᠂ ᠪᠠᠷᠠᠳᠢᠭᠠᠪᠤᠳ ᠴᠤ᠌
ᠲᠣᠯᠣᠭᠠᠢ ᠳ᠋ᠤ᠌ ᠪᠠᠨ ᠭᠠᠯ ᠠᠯᠳᠠᠭᠰᠠᠨ ᠢ᠋ ᠤᠨᠲᠠᠷᠠᠭᠠᠬᠤ ᠮᠡᠲᠦ ᠬᠢᠴᠢᠶᠡᠬᠦ ᠶ᠋ᠢ ᠦᠵᠡᠪᠡᠰᠦ
ᠠᠮᠢᠲᠠᠨ ᠪᠦᠭᠦᠳᠡ ᠶ᠋ᠢᠨ ᠲᠤᠰᠠ ᠳ᠋ᠤ᠌ ᠡᠷᠳᠡᠮ ᠭᠠᠷᠬᠤ ᠣᠷᠣᠨ ᠤ᠋ ᠵᠦᠭ ᠲᠦ᠍
ᠬᠢᠴᠢᠶᠡᠯ ᠢ᠋ ᠵᠣᠬᠢᠶᠠᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
29 ᠮᠠᠰᠢᠳᠠ ᠠᠮᠤᠷᠯᠢᠩᠭᠤᠢ ᠲᠡᠭᠦᠯᠳᠡᠷ ᠦᠯᠡᠮᠵᠢ ᠶ᠋ᠢᠨ ᠦᠵᠡᠯ ᠢ᠋ᠶ᠋ᠡᠷ
ᠨᠢᠰᠸᠠᠨᠢᠰ ᠢ᠋ ᠨᠡᠩ ᠪᠠᠲᠤᠲᠠᠢ ᠳᠠᠷᠤᠬᠤ ᠶ᠋ᠢ ᠮᠡᠳᠡᠵᠦ ᠦᠢᠯᠡᠳᠦᠭᠡᠳ
ᠳᠦᠷᠰᠦ ᠦᠭᠡᠢ ᠳᠥᠷᠪᠡ ᠡᠴᠡ ᠦᠨᠡᠬᠡᠷ ᠨᠥᠬᠥᠴᠡᠵᠦ
ᠰᠠᠮᠠᠳᠢ ᠶ᠋ᠢ ᠳᠠᠳᠤᠭᠤᠯᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
30 ᠪᠢᠯᠢᠭᠦᠨ ᠦᠭᠡᠢ ᠪᠣᠯᠪᠠᠰᠤ ᠲᠠᠪᠤᠨ ᠪᠠᠷᠠᠮᠢᠳ ᠢ᠋ᠶ᠋ᠠᠷ
ᠲᠤᠭᠤᠯᠤᠭᠰᠠᠨ ᠪᠣᠳᠢ ᠶ᠋ᠢ ᠣᠯᠵᠤ ᠴᠢᠳᠠᠬᠤ ᠦᠭᠡᠢ ᠲᠤᠯᠠ
ᠠᠷᠭ᠎ᠠ ᠯᠤᠭ᠎ᠠ ᠲᠡᠭᠦᠰ ᠪᠥᠭᠡᠳ ᠭᠤᠷᠪᠠᠨ ᠣᠷᠣᠨ ᠢ᠋ ᠠᠳᠬᠠᠭᠯᠠᠭᠴᠢ
ᠪᠢᠯᠢᠭᠦᠨ ᠢ᠋ ᠪᠢᠰᠢᠯᠭᠠᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
31 ᠥᠪᠡᠷ ᠦ᠋ᠨ ᠡᠨᠳᠡᠭᠦᠷᠡᠯ ᠢ᠋ ᠥᠪᠡᠷ ᠢ᠋ᠶ᠋ᠡᠨ ᠡᠰᠡ ᠠᠵᠢᠭᠯᠠᠪᠠᠰᠤ
ᠵᠢᠮ᠎ᠡ ᠶᠣᠰᠣ ᠶ᠋ᠢ ᠵᠢᠮ᠎ᠡ ᠪᠤᠰᠤ ᠪᠠᠷ ᠦᠢᠯᠡᠳᠴᠦ ᠪᠣᠯᠬᠤ
ᠲᠡᠢᠮᠦ ᠶ᠋ᠢᠨ ᠲᠤᠯᠠ ᠦᠷᠭᠦᠯᠵᠢ ᠥᠪᠡᠷ ᠦ᠋ᠨ ᠡᠨᠳᠡᠭᠦᠷᠡᠯ ᠢ᠋
ᠠᠵᠢᠭᠯᠠᠭᠠᠳ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
32 ᠨᠢᠰᠸᠠᠨᠢᠰ ᠤ᠋ᠨ ᠡᠷᠬᠡ ᠪᠡᠷ ᠪᠣᠳᠢᠰᠠᠳ᠋ᠸ᠎ᠠ ᠪᠤᠰᠤᠳ ᠨᠤᠭᠤᠳ ᠤ᠋ᠨ
ᠭᠡᠮ ᠢ᠋ ᠳᠤᠷᠠᠳᠪᠠᠰᠤ ᠥᠪᠡᠷ ᠢᠮᠠᠭᠲᠠ ᠶ᠋ᠢ ᠳᠣᠷᠣᠢᠲᠠᠭᠤᠯᠬᠤ ᠲᠤᠯᠠ
ᠶᠡᠬᠡ ᠬᠥᠯᠭᠡᠨᠡ ᠣᠷᠣᠰᠢᠭᠰᠠᠨ ᠪᠣᠳᠠᠭᠠᠯᠢᠰ ᠤ᠋ᠨ ᠭᠡᠮ ᠢ᠋
ᠡᠰᠡ ᠥᠭᠦᠯᠡᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
33 ᠡᠷᠭᠦᠯ ᠬᠦᠨᠳᠦᠯᠡᠯ ᠦ᠋ᠨ ᠲᠤᠬᠠᠢ ᠳ᠋ᠤ᠌ ᠢᠨᠠᠭᠰᠢ ᠴᠢᠨᠠᠭᠰᠢ ᠲᠡᠮᠡᠴᠡᠯᠳᠦᠪᠡᠰᠦ
ᠰᠣᠨᠣᠰᠬᠤ᠂ ᠰᠠᠨᠠᠬᠤ᠂ ᠳᠠᠳᠤᠭᠤᠯᠬᠤ ᠦᠢᠯᠡᠳᠪᠦᠷᠢ ᠶ᠋ᠢ ᠳᠣᠷᠣᠢᠲᠠᠭᠤᠯᠬᠤ ᠲᠤᠯᠠ
ᠤᠷᠤᠭ ᠰᠠᠳᠤᠨ ᠭᠡᠷᠭᠡᠢᠲᠡᠨ ᠬᠢᠭᠡᠳ ᠥᠭᠯᠢᠭᠡ ᠶ᠋ᠢᠨ ᠡᠵᠡᠨ ᠨᠤᠭᠦᠳ ᠲᠦ᠍
ᠰᠢᠨᠤᠬᠤ ᠶ᠋ᠢ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
34 ᠰᠢᠷᠦᠭᠦᠨ ᠦᠭᠡ ᠪᠡᠷ ᠪᠤᠰᠤᠳ ᠤ᠋ᠨ ᠰᠡᠳᠬᠢᠯ ᠢ᠋ ᠬᠢᠮᠤᠷᠠᠭᠤᠯᠬᠤ ᠪᠥᠭᠡᠳ
ᠪᠣᠳᠢᠰᠠᠳ᠋ᠸ᠎ᠠ ᠶ᠋ᠢᠨ ᠶᠠᠪᠤᠳᠠᠯ ᠶᠣᠰᠣ ᠶ᠋ᠢ ᠳᠣᠷᠣᠢᠲᠠᠭᠤᠯᠬᠤ ᠪᠣᠯᠬᠤ
ᠲᠡᠢᠮᠦ ᠶ᠋ᠢᠨ ᠲᠤᠯᠠ ᠪᠤᠰᠤᠳ ᠤ᠋ᠨ ᠰᠡᠳᠬᠢᠯ ᠳ᠋ᠦ᠍ ᠵᠣᠬᠢᠰ ᠦᠭᠡᠢ
ᠰᠢᠷᠦᠭᠦᠨ ᠦᠭᠡ ᠶ᠋ᠢ ᠲᠡᠪᠴᠢᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
35 ᠨᠢᠰᠸᠠᠨᠢᠰ ᠲᠤ᠌ ᠳᠠᠳᠪᠠᠰᠤ ᠶᠡᠷᠦᠨᠳᠡᠭ ᠢ᠋ᠶ᠋ᠡᠷ ᠨᠢ ᠪᠤᠴᠠᠭᠠᠬᠤ ᠳ᠋ᠤ᠌ ᠪᠡᠷᠬᠡ ᠲᠤᠯᠠ
ᠳᠤᠷᠠᠳᠤᠯ᠂ᠮᠠᠲᠠᠯ ᠲᠡᠭᠦᠯᠳᠡᠷ ᠲᠥᠷᠥᠯᠬᠢᠲᠡᠨ ᠢ᠋ᠶ᠋ᠡᠷ ᠶᠡᠷᠦᠨᠳᠡᠭ ᠦ᠋ᠨ ᠮᠡᠰᠡ ᠶ᠋ᠢ ᠪᠠᠷᠢᠭᠠᠳ
ᠲᠠᠴᠢᠶᠠᠯ ᠲᠡᠷᠢᠭᠦᠲᠡᠨ ᠨᠢᠰᠸᠠᠨᠢᠰ ᠢ᠋ ᠲᠥᠷᠥᠬᠦ ᠳᠠᠷᠤᠢ ᠳ᠋ᠤᠨᠢ
ᠨᠠᠮ ᠳᠠᠷᠤᠵᠤ ᠦᠢᠯᠡᠳᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ ᠃
36 ᠲᠣᠪᠴᠢᠯᠠᠪᠠᠰᠤ ᠬᠡᠵᠢᠶᠡᠳᠡ ᠶᠠᠪᠤᠳᠠᠯ᠂ ᠮᠥᠷ ᠶᠠᠭᠤ ᠦᠢᠯᠡᠳᠬᠦ ᠨᠢ ᠴᠦ᠍
ᠥᠪᠡᠷ ᠦ᠋ᠨ ᠰᠡᠳᠬᠢᠯ ᠦ᠋ᠨ ᠠᠬᠤᠢ ᠦᠶᠡᠰ ᠶᠠᠭᠤ ᠠᠳᠠᠯᠢ ᠭᠡᠮᠡᠨ
ᠦᠷᠭᠦᠯᠵᠢ ᠳᠤᠷᠠᠳᠤᠯ ᠬᠢᠭᠡᠳ ᠮᠠᠲᠠᠯ ᠲᠡᠭᠦᠯᠳᠡᠷ ᠢ᠋ᠶ᠋ᠡᠷ
ᠪᠤᠰᠤᠳ ᠤ᠋ᠨ ᠲᠤᠰᠠ ᠶ᠋ᠢ ᠪᠦᠲᠦᠭᠡᠬᠦ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠶᠤᠮ ᠃
37 ᠲᠡᠷᠡ ᠮᠡᠲᠦ ᠬᠢᠴᠢᠶᠡᠨ ᠪᠦᠲᠦᠭᠡᠭᠰᠡᠨ ᠪᠤᠶᠠᠨ ᠨᠤᠭᠤᠳ ᠢ᠋ᠶ᠋ᠠᠨ
ᠬᠢᠵᠠᠭᠠᠷ ᠦᠭᠡᠢ ᠠᠮᠢᠲᠠᠨ ᠤ᠋ ᠵᠣᠪᠠᠯᠠᠩ ᠢ᠋ ᠠᠷᠢᠯᠭᠠᠨ ᠦᠢᠯᠡᠳᠬᠦ ᠶ᠋ᠢᠨ ᠲᠤᠯᠠᠳᠠ
ᠭᠤᠷᠪᠠᠨ ᠨᠥᠬᠥᠷ ᠲᠡᠢᠨ ᠠᠷᠢᠯᠤᠭᠰᠠᠨ ᠪᠢᠯᠢᠭ ᠣᠶᠤᠨ ᠢ᠋ᠶ᠋ᠠᠷ
ᠪᠣᠳᠢ ᠬᠤᠲᠤᠭ ᠲᠤ᠌ ᠵᠣᠷᠢᠭᠤᠯᠬᠤ ᠨᠢ ᠪᠣᠳᠢᠰᠠᠳ᠋ᠸ᠎ᠠ ᠶ᠋ᠢᠨ ᠭᠠᠷ ᠤ᠋ᠨ ᠠᠪᠤᠯᠭ᠎ᠠ ᠮᠥᠨ᠃
ᠦᠰᠦᠭ ᠠᠮᠢᠯᠠᠭᠤᠯᠤᠭᠴᠢ᠄ ᠲᠦᠮᠡᠨᠴᠡᠴᠡᠭ
ᠬᠢᠨᠠᠯᠲᠠ ᠬᠢᠭ᠌ᠰᠠᠨ᠄ ᠱᠠᠰᠢᠨ ᠰᠢᠲᠦᠯᠭᠡ ᠬᠣᠯᠪᠣᠭ᠎ᠠ
