ᠰᠢᠪᠡᠭᠡ ᠡᠪᠡᠰᠦШивээ өвсShivee övs ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠪᠡᠭᠡ ᠡᠪᠡᠰᠦШивээ өвсShivee övs

ᠰᠢᠪᠡᠭᠡ ᠡᠪᠡᠰᠦШивээ өвсShivee övs

2025-05-17

262

ᠰᠢᠪᠡᠭᠡ ᠡᠪᠡᠰᠦ

   ᠲᠤᠰ ᠡᠮ ᠪᠣᠯ ᠤᠳ᠋ᠪᠠᠯ᠎ᠠ ᠴᠡᠴᠡᠭ ᠦ᠋ᠨ ᠤᠷᠭᠤᠮᠠᠯ ᠪᠣᠯᠬᠤ ᠰᠢᠪᠡᠭᠡ ᠲᠦᠷᠦᠭᠦᠦ ᠶ᠋ᠢᠨ ᠵᠢᠮᠢᠰ ᠮᠥᠨ᠃ ᠪᠠᠰᠠ ᠵᠢᠰᠥ᠋ᠩ᠂ ᠯᠤᠰᠢᠭᠤ ᠭᠡᠳᠡᠭ᠃
   [ ᠤᠤᠯ ᠤᠷᠭᠤᠮᠠᠯ] ᠬᠣᠶᠠᠷ ᠨᠠᠰᠤᠲᠤ ᠡᠪᠡᠰᠦᠯᠢᠭ ᠤᠷᠭᠤᠮᠠᠯ᠃1~2m ᠥᠨᠳᠥᠷ᠂ ᠮᠢᠬᠠᠯᠢᠭ ᠲᠤᠷᠤᠭ ᠪᠦᠳᠦᠭᠦᠨ ᠱᠣᠷᠣᠯᠵᠢᠨ ᠦᠨᠳᠦᠰᠦ ᠲᠡᠢ᠃ ᠡᠰᠢ ᠨᠢ ᠰᠢᠯᠤᠭᠤᠨ᠂ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠂ ᠭᠤᠯᠳᠤ ᠢᠷᠮᠡᠭ ᠲᠡᠢ᠃ ᠤᠵᠠᠭᠤᠷ ᠤ᠋ᠨ ᠨᠠᠪᠴᠢ ᠨᠢ ᠲᠣᠮᠣ᠂ ᠪᠣᠳᠠᠯᠠᠨ᠎ᠠ᠂ ᠤᠷᠲᠤ ᠪᠠᠷᠢᠭᠤᠯ ᠲᠠᠢ᠂ ᠡᠰᠢᠨ ᠳ᠋ᠡᠬᠢ ᠨᠠᠪᠴᠢ ᠨᠢ ᠴᠤᠪᠤᠷᠠᠨ ᠤᠷᠭᠤᠨ᠎ᠠ᠃ ᠨᠠᠪᠴᠢᠨ ᠢᠯᠲᠠᠰᠤ ᠨᠢ ᠤᠷᠲᠤ ᠥᠨᠳᠡᠭᠡᠯᠵᠢᠨ ᠪᠤᠶᠤ ᠥᠷᠭᠡᠨ ᠥᠨᠳᠡᠭᠡᠯᠵᠢᠨ᠂20~50cm ᠤᠷᠲᠤ᠂15~40cm ᠥᠷᠭᠡᠨ᠂ ᠮᠤᠬᠤᠷ ᠪᠤᠶᠤ ᠥᠷᠭᠡᠰᠦ ᠪᠦᠬᠦᠢ ᠱᠣᠪᠣᠭᠣᠷ ᠦᠵᠦᠭᠦᠷ ᠲᠡᠢ᠂ ᠵᠢᠷᠦᠬᠡᠨ ᠬᠡᠯᠪᠡᠷᠢᠲᠦ ᠤᠭ ᠲᠠᠢ᠂ ᠪᠦᠲᠦᠨ ᠬᠥᠪᠡᠭᠡ ᠲᠡᠢ ᠪᠤᠶᠤ ᠲᠡᠭᠰᠢ ᠪᠤᠰᠤ ᠳᠣᠯᠭᠢᠶᠠᠯᠠᠭᠰᠠᠨ ᠵᠢᠭᠠᠬᠠᠨ ᠬᠡᠷᠴᠢᠶᠡᠰᠦ ᠲᠡᠢ᠂ ᠨᠠᠪᠴᠢᠨ ᠥᠪᠥᠷ ᠨᠢ ᠭᠦᠨ ᠨᠣᠭᠣᠭᠠᠨ᠂ ᠲᠠᠷᠠᠮᠠᠭ ᠦᠰᠦ ᠲᠡᠢ᠂ ᠠᠷᠤ ᠲᠠᠯ᠎ᠠ ᠨᠢ ᠴᠠᠢᠪᠤᠷ ᠨᠣᠭᠣᠭᠠᠨ᠂ ᠨᠢᠭ᠋ ᠴᠠᠭᠠᠨ ᠣᠬᠣᠷ ᠴᠡᠯᠮᠡᠨ ᠦᠰᠦ ᠲᠡᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠳ᠋ᠤ᠌ ᠪᠠᠭᠯᠠᠷᠠᠵᠤ ᠤᠷᠭᠤᠬᠤ ᠪᠤᠶᠤ ᠲᠡᠭᠰᠢ ᠣᠷᠣᠢᠲᠤ ᠪᠣᠯᠵᠤ ᠪᠠᠢᠷᠢᠯᠠᠨ᠎ᠠ᠂ ᠳ᠋ᠢᠶᠠᠮᠧᠲ᠋ᠷ ᠨᠢ2~4cm᠂ ᠪᠠᠭ ᠴᠡᠴᠡᠭ ᠦ᠋ᠨ ᠪᠠᠷᠢᠭᠤᠯ ᠨᠢ3~7cm ᠤᠷᠲᠤ᠂ ᠶᠡᠷᠦᠩᠬᠡᠢ ᠪᠠᠭᠯᠠᠭᠴᠢ ᠨᠢ ᠪᠥᠮᠪᠦᠭᠡᠨ ᠬᠡᠯᠪᠡᠷᠢ ᠲᠡᠢ᠂ ᠪᠠᠭᠯᠠᠭᠴᠢ ᠨᠢ ᠣᠯᠠᠨ᠂ ᠬᠠᠪᠲᠠᠭᠠᠢ ᠲᠡᠪᠡᠨᠡ ᠰᠢᠭ ᠵᠡᠭᠦᠦ ᠬᠡᠯᠪᠡᠷᠢ ᠲᠡᠢ᠂ ᠭᠣᠬᠠᠲᠤ ᠦᠵᠦᠭᠦᠷ ᠲᠡᠢ ᠪᠥᠭᠡᠳ ᠸᠠᠭᠠᠷᠯᠠᠵᠤ ᠪᠠᠢᠷᠢᠯᠠᠨ᠎ᠠ᠃ ᠴᠡᠴᠡᠭ ᠨᠢ ᠵᠢᠵᠢᠭ᠂ ᠤᠯᠠᠪᠤᠷ ᠪᠣᠷᠣ ᠬᠣᠭᠣᠯᠠᠢ ᠬᠡᠯᠪᠡᠷᠢ ᠲᠡᠢ᠂ ᠬᠣᠣᠰ ᠪᠡᠯᠭᠡ ᠲᠡᠢ᠂ ᠣᠷᠣᠢ ᠳ᠋ᠤᠨᠢ5 ᠭᠦᠢᠬᠡᠨ ᠣᠨᠢ ᠲᠠᠢ᠃ ᠨᠡᠢᠯᠡᠮᠡᠯ ᠲᠣᠭᠣᠰᠤᠪᠴᠢᠲᠦ5 ᠡᠷ᠎ᠡ ᠲᠣᠭᠣᠷᠴᠣᠭ ᠲᠠᠢ᠂ ᠴᠡᠴᠡᠭ ᠦ᠋ᠨ ᠳᠡᠯᠪᠢ ᠶ᠋ᠢᠨ ᠰᠡᠵᠢᠭᠦᠷ ᠢᠯᠲᠠᠰᠤ ᠲᠠᠢ ᠪᠠᠨ ᠴᠤᠪᠤᠷᠠᠨ ᠪᠠᠢᠷᠢᠯᠠᠨ᠎ᠠ᠃ ᠤᠮᠠᠢ ᠨᠢ ᠳᠣᠣᠷᠠᠲᠤ ᠣᠷᠣᠨ ᠲᠠᠢ᠂1 ᠲᠠᠰᠤᠭ ᠲᠠᠢ᠂ ᠦᠵᠦᠭᠦᠷ ᠨᠢ ᠫᠢᠯᠠ ᠰᠢᠭ᠋᠂ ᠳᠡᠭᠡᠷ᠎ᠡ ᠨᠢ ᠣᠬᠣᠷ ᠬᠠᠲᠠᠭᠤ ᠲᠢᠲᠢᠮ ᠦᠰᠦ ᠲᠡᠢ᠂ ᠠᠴᠠ ᠰᠢᠭ᠋ ᠤᠷᠲᠤ ᠴᠡᠴᠡᠭ ᠦ᠋ᠨ ᠪᠠᠭᠠᠨ᠎ᠠ ᠲᠠᠢ᠃ ᠲᠤᠷᠠᠩᠬᠠᠢ ᠵᠢᠮᠢᠰ ᠨᠢ ᠤᠷᠲᠤᠯᠵᠢᠨ ᠪᠥᠭᠡᠷᠡᠩᠬᠡᠢ ᠪᠤᠶᠤ ᠲᠣᠩᠭᠣᠷᠤᠤ ᠥᠨᠳᠡᠭᠡᠯᠵᠢᠨ᠂ ᠴᠠᠢᠪᠤᠷ ᠬᠦᠷᠡᠩ ᠥᠩᠭᠡ ᠲᠡᠢ᠂ ᠭᠤᠯᠳᠤ ᠥᠩᠭᠡ ᠲᠡᠢ᠂ ᠭᠤᠯᠳᠤ ᠢᠷᠮᠡᠭ ᠲᠡᠢ᠂ ᠥᠷᠭᠡᠰᠦ ᠰᠢᠭ ᠣᠬᠣᠷ ᠲᠢᠲᠢᠮ ᠦᠰᠦ ᠲᠡᠢ᠂ ᠰᠢᠷᠠᠩᠭᠤᠢ ᠤᠯᠠᠪᠤᠷ ᠥᠩᠭᠡ ᠲᠡᠢ᠃6~8 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠪᠤᠶᠤ ᠲᠠᠷᠬᠠᠴᠠ] ᠵᠠᠮ ᠤ᠋ᠨ ᠬᠠᠵᠠᠭᠤ᠂ ᠭᠣᠣ ᠰᠤᠪᠠᠭ ᠤ᠋ᠨ ᠬᠥᠪᠡᠭᠡ᠂ ᠣᠢ ᠮᠣᠳᠣᠨ ᠤ᠋ ᠵᠠᠬ᠎ᠠ᠂ ᠠᠭᠤᠯᠠ ᠶ᠋ᠢᠨ ᠡᠭᠡᠪᠦᠷ ᠬᠠᠵᠠᠭᠤ᠂ ᠠᠢᠯ ᠲᠣᠰᠬᠣᠨ ᠤ᠋ ᠣᠷᠴᠢᠮ ᠳ᠋ᠤ᠌ ᠤᠷᠭᠤᠨ᠎ᠠ᠃ ᠪᠦᠬᠦ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠨᠠᠮᠤᠷ᠂ ᠵᠢᠮᠢᠰ ᠨᠢ ᠪᠣᠯᠪᠠᠰᠤᠷᠠᠭᠰᠠᠨ ᠦᠶ᠎ᠡ ᠳ᠋ᠦ᠍ ᠬᠠᠢᠴᠢᠯᠠᠨ ᠠᠪᠴᠤ ᠬᠠᠲᠠᠭᠠᠭᠠᠳ᠂ ᠵᠢᠮᠢᠰ ᠢ᠋ ᠨᠢ ᠭᠦᠪᠢᠵᠦ ᠠᠪᠤᠭᠠᠳ ᠠᠷᠢᠯᠭᠠᠨ ᠴᠡᠪᠡᠷᠯᠡᠨ᠎ᠡ᠃
   [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ; ᠬᠦᠢᠲᠡᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠰᠢᠭᠡᠯᠭᠡᠬᠦ᠂ ᠰᠤᠳᠠᠯ ᠢ᠋ᠶ᠋ᠠᠷ ᠳᠣᠭᠣᠯᠭᠠᠬᠤ᠂ ᠴᠢᠯᠠᠭᠤᠰᠢᠷᠠᠭᠰᠠᠨ ᠪᠡᠲᠡᠭᠢ ᠶ᠋ᠢ ᠡᠪᠳᠡᠬᠦ ᠴᠢᠳᠠᠯ ᠲᠠᠢ᠃ ᠭᠣᠣᠯᠳᠠᠭᠤ ᠰᠢᠭᠡᠰᠦ ᠬᠠᠭᠠᠭᠳᠠᠭᠰᠠᠨ᠂ ᠴᠢᠯᠠᠭᠤᠰᠢᠷᠠᠭᠰᠠᠨ ᠪᠡᠲᠡᠭᠢ᠂ ᠰᠤᠳᠠᠯ ᠤ᠋ᠨ ᠪᠡᠲᠡᠭᠢ᠂ ᠰᠤᠳᠠᠯ ᠭᠡᠮᠲᠦᠭᠰᠡᠨ᠂ ᠬᠣᠢᠲᠤᠬᠢ ᠰᠠᠭᠠᠲᠠᠭᠰᠠᠨ᠂ ᠬᠡᠪᠡᠯᠢ ᠳ᠋ᠦ᠍ ᠬᠡᠦᠬᠡᠳ ᠦ᠋ᠨ ᠦᠬᠦᠳᠡᠯ ᠬᠣᠴᠣᠷᠤᠭᠰᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄牛蒡子
   ᠠᠩᠭ᠌ᠯᠢ ᠨᠡᠷ᠎ᠡ᠄(Arctium lappa L.)

   ᠦᠰᠦᠭ ᠠᠮᠢᠯᠠᠭᠤᠯᠤᠭᠴᠢ᠄ ᠠᠯᠲᠠᠨᠴᠡᠴᠡᠭ