ᠲᠠᠬᠢᠶᠠᠨ ᠲᠣᠯᠣᠭᠠᠢ ᠯᠢᠩᠬᠤ᠎ᠠТахиан толгой лянхуаTakhian tolgoi lyankhua
ᠲᠠᠬᠢᠶᠠᠨ ᠲᠣᠯᠣᠭᠠᠢ ᠯᠢᠩᠬᠤ᠎ᠠ
ᠲᠤᠰ ᠡᠮ ᠪᠣᠯ ᠯᠢᠩᠬᠤ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠲᠠᠬᠢᠶᠠᠨ ᠲᠣᠯᠣᠭᠠᠢ ᠯᠢᠩᠬᠤ᠎ᠠ ᠶ᠋ᠢᠨ ᠬᠠᠲᠠᠭᠠᠭᠰᠠᠨ ᠪᠣᠯᠪᠠᠰᠤᠷᠠᠮᠠᠯ ᠦᠷ᠎ᠡ ᠶ᠋ᠢᠨ ᠴᠥᠮ᠎ᠡ ᠮᠥᠨ᠃ ᠪᠠᠰᠠ ᠭᠠᠷᠠᠨᠽᠠ᠂ ᠯᠠᠭᠪᠢᠲ᠋ᠠᠯᠵᠤᠷ ᠭᠡᠳᠡᠭ᠃
[ᠤᠤᠯ ᠤᠷᠭᠤᠮᠠᠯ] ᠤᠰᠤᠨ ᠳ᠋ᠤ᠌ ᠤᠷᠭᠤᠬᠤ ᠨᠢᠭᠡ ᠨᠠᠰᠤᠲᠤ ᠡᠪᠡᠰᠦᠯᠢᠭ ᠤᠷᠭᠤᠮᠠᠯ᠃ ᠣᠯᠠᠨ ᠥᠷᠭᠡᠰᠦ ᠲᠡᠢ᠃ ᠦᠨᠳᠦᠰᠦ ᠮᠡᠲᠦ ᠡᠰᠢ ᠨᠢ ᠢᠯᠡ ᠪᠤᠰᠤ᠃ ᠡᠬᠢᠨ ᠦ᠌ ᠨᠠᠪᠴᠢ ᠨᠢ ᠵᠢᠵᠢᠭ᠂ ᠬᠠᠯᠢᠰᠤᠯᠢᠭ᠂ ᠰᠤᠮᠤᠨ ᠦᠵᠦᠭᠦᠷ ᠮᠡᠲᠦ ᠪᠥᠭᠡᠳ ᠤᠰᠤᠨ ᠳ᠋ᠤ᠌ ᠲᠤᠨᠵᠤ ᠤᠷᠭᠤᠨ᠎ᠠ᠃ ᠰᠡᠭᠦᠯᠡᠷ ᠤᠷᠭᠤᠭᠰᠠᠨ ᠨᠠᠪᠴᠢ ᠨᠢ ᠰᠠᠷᠢᠰᠤᠯᠢᠭ᠂ ᠤᠰᠤᠨ ᠳᠡᠭᠡᠷ᠎ᠡ ᠬᠥᠪᠦᠵᠦ ᠤᠷᠭᠤᠨ᠎ᠠ᠃ ᠵᠤᠤᠪᠠᠩ ᠰᠢᠭ᠋ ᠪᠥᠭᠡᠷᠡᠨ ᠬᠡᠯᠪᠡᠷᠢᠲᠦ ᠡᠴᠡ ᠲᠣᠭᠣᠷᠢᠭ ᠰᠢᠭ᠋ ᠪᠠᠮᠪᠠᠢ ᠬᠡᠯᠪᠡᠷᠢ ᠲᠡᠢ᠂ ᠳᠣᠲᠣᠭᠰᠢ ᠬᠤᠮᠢᠭᠠᠷ ᠬᠥᠪᠡᠭᠡ ᠲᠡᠢ᠂ ᠬᠠᠮᠤᠭ ᠶᠡᠬᠡ ᠶ᠋ᠢᠨ ᠬᠢᠨᠢ ᠳ᠋ᠢᠶᠠᠮᠧᠲ᠋ᠷ ᠨᠢ130cm ᠬᠦᠷᠳᠡᠭ᠂ ᠳᠡᠭᠡᠳᠦ ᠲᠠᠯ᠎ᠠ ᠨᠢ ᠭᠦᠨ ᠨᠣᠭᠣᠭᠠᠨ ᠪᠥᠭᠡᠳ ᠣᠯᠠᠨ ᠠᠲᠤᠷᠢᠶ᠎ᠠ ᠲᠠᠢ᠂ ᠳᠣᠣᠷ᠎ᠠ ᠲᠠᠯ᠎ᠠ ᠨᠢ ᠪᠣᠷᠣ᠂ ᠨᠠᠪᠴᠢᠨ ᠰᠤᠳᠠᠯ ᠢ᠋ ᠨᠢ ᠳᠠᠭᠠᠭᠠᠳ ᠥᠷᠭᠡᠰᠦ ᠲᠡᠢ᠂ ᠨᠠᠪᠴᠢᠨ ᠪᠠᠷᠢᠭᠤᠯ ᠨᠢ ᠤᠷᠲᠤ᠂ ᠨᠢᠭ᠋ ᠭᠣᠬ᠎ᠠ ᠰᠢᠭ᠋ ᠥᠷᠭᠡᠰᠦ ᠲᠡᠢ᠂ ᠴᠡᠴᠡᠭ ᠦ᠋ᠨ ᠬᠡᠯᠲᠡᠰ ᠨᠢ20 ᠰᠢᠬᠠᠮ᠂ ᠪᠣᠷᠣ ᠤᠯᠠᠭᠠᠨ᠃ ᠣᠯᠠᠨ ᠡᠷ᠎ᠡ ᠲᠣᠭᠣᠷᠴᠣᠭ ᠲᠠᠢ᠂ ᠤᠮᠠᠢ ᠨᠢ ᠳᠣᠣᠷᠠᠲᠤ ᠣᠷᠣᠨ ᠲᠠᠢ᠂ ᠣᠯᠠᠨ ᠲᠠᠰᠤᠭ ᠲᠠᠢ᠂ ᠲᠣᠮᠣᠷᠠᠭᠰᠠᠨ ᠴᠡᠴᠡᠭ ᠦ᠋ᠨ ᠰᠠᠭᠤᠳᠠᠯ ᠤ᠋ᠨ ᠣᠷᠣᠢ ᠳ᠋ᠤ᠌ ᠰᠢᠭᠢᠳᠦᠨ ᠣᠷᠣᠭᠰᠠᠨ ᠪᠠᠢᠳᠠᠭ᠃ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠲᠡᠭᠰᠢᠬᠡᠨ ᠰᠢᠭ ᠪᠤᠶᠤ ᠬᠣᠲᠣᠭᠣᠷ ᠰᠢᠭᠦᠰᠦᠯᠢᠭ ᠵᠢᠮᠢᠰ ᠨᠢ ᠪᠥᠮᠪᠥᠭᠡᠯᠢᠭ᠂ ᠳ᠋ᠢᠶᠠᠮᠧᠲ᠋ᠷ ᠨᠢ3~5cm ᠭᠦᠢᠬᠡᠨ ᠪᠣᠷᠣ ᠤᠯᠠᠭᠠᠨ ᠪᠥᠭᠡᠳ ᠨᠢᠭ᠋ ᠬᠤᠷᠴᠠ ᠥᠷᠭᠡᠰᠦ ᠲᠡᠢ ᠲᠤᠯᠠ ᠲᠠᠬᠢᠶᠠᠨ ᠲᠣᠯᠣᠭᠠᠢ ᠰᠢᠭ᠋ ᠪᠠᠢᠳᠠᠭ᠃ ᠦᠷ᠎ᠡ ᠨᠢ ᠪᠥᠮᠪᠥᠭᠡᠯᠢᠭ ᠬᠠᠷ᠎ᠠ᠃6~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂7~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠨᠠᠭᠤᠷ ᠴᠥᠭᠥᠷᠥᠮ ᠦ᠋ᠨ ᠤᠰᠤᠨ ᠳ᠋ᠤ᠌ ᠤᠷᠭᠤᠨ᠎ᠠ᠃ ᠪᠦᠬᠦ ᠤᠯᠤᠰ ᠤ᠋ᠨ ᠣᠯᠠᠩᠬᠢ ᠭᠠᠵᠠᠷ ᠲᠤ᠌ ᠪᠦᠷ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] 9~10 ᠳ᠋ᠤᠭᠠᠷ ᠰᠠᠷ᠎ᠠ ᠳ᠋ᠤ᠌ ᠪᠣᠯᠪᠠᠰᠤᠷᠠᠬᠤ ᠳ᠋ᠤᠨᠢ ᠵᠢᠮᠢᠰ ᠢ᠋ ᠨᠢ ᠪᠠᠷᠢᠭᠤᠯ ᠲᠠᠢ ᠨᠢ ᠬᠠᠳᠤᠵᠤ ᠠᠪᠤᠭᠠᠳ᠂ ᠬᠠᠯᠢᠰᠤ ᠶ᠋ᠢ ᠨᠢ ᠠᠷᠢᠯᠭᠠᠵᠤ ᠦᠷ᠎ᠡ ᠶ᠋ᠢ ᠨᠢ ᠠᠪᠤᠭᠠᠳ᠂ ᠳᠠᠬᠢᠨ ᠬᠠᠲᠠᠭᠤ ᠬᠠᠯᠢᠰᠤ ᠶ᠋ᠢ ᠨᠢ ᠠᠷᠢᠯᠭᠠᠵᠤ ᠬᠠᠶᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ; ᠬᠠᠯᠠᠭᠤᠨ ᠴᠢᠨᠠᠷ ᠲᠠᠢ; ᠬᠥᠩᠭᠡᠨ᠂ ᠬᠤᠷᠴᠠ᠂ ᠰᠢᠷᠦᠭᠦᠨ᠂ ᠬᠠᠭᠤᠷᠠᠢ᠂ ᠭᠦᠯᠪᠡᠷᠢᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠪᠥᠭᠡᠷᠡᠨ ᠦ᠌ ᠬᠦᠢᠲᠡᠨ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠬᠣᠳᠣᠭᠣᠳᠣᠨ ᠤ᠋ ᠭᠠᠯ ᠤ᠋ᠨ ᠢᠯᠴᠢ ᠮᠠᠭᠤᠳᠠᠭᠰᠠᠨ᠂ ᠬᠣᠳᠣᠭᠣᠳᠣ ᠴᠦᠩᠬᠦᠢᠬᠦ᠂ ᠭᠡᠳᠡᠰᠦ ᠬᠥᠭᠡᠭᠡᠬᠦ᠂ ᠳᠤᠷ᠎ᠠ ᠬᠠᠭᠠᠭᠳᠠᠬᠤ᠂ ᠪᠥᠭᠡᠷᠡᠨ ᠦ᠌ ᠬᠦᠢᠲᠡᠨ᠂ ᠪᠡᠲᠡᠭᠢ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄芡实
ᠠᠩᠭ᠌ᠯᠢ ᠨᠡᠷ᠎ᠡ᠄(Euryale ferox Salaisb)
ᠦᠰᠦᠭ ᠠᠮᠢᠯᠠᠭᠤᠯᠤᠭᠴᠢ᠄ ᠠᠯᠲᠠᠨᠴᠡᠴᠡᠭ
ᠬᠢᠨᠠᠭᠴᠢ᠄ ᠲᠤᠶᠠᠭ᠎ᠠ
