ᠮᠥᠩᠬᠡ ᠬᠠᠭᠠᠨ ᠶᠡᠬᠡ ᠰᠠᠭᠤᠷᠢᠨ ᠳ᠋ᠤ᠌ ᠰᠠᠭᠠᠲᠠᠭᠰᠠᠨМөнх хаан их сууринд саатсан ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠬᠠᠭᠠᠨ ᠶᠡᠬᠡ ᠰᠠᠭᠤᠷᠢᠨ ᠳ᠋ᠤ᠌ ᠰᠠᠭᠠᠲᠠᠭᠰᠠᠨМөнх хаан их сууринд саатсан

ᠮᠥᠩᠬᠡ ᠬᠠᠭᠠᠨ ᠶᠡᠬᠡ ᠰᠠᠭᠤᠷᠢᠨ ᠳ᠋ᠤ᠌ ᠰᠠᠭᠠᠲᠠᠭᠰᠠᠨМөнх хаан их сууринд саатсан

ᠠᠩᠭᠢᠯᠠᠯ:ᠲᠡᠦᠬᠡ ᠰᠣᠶᠣᠯ
2022-09-08

529

ᠮᠥᠩᠬᠡ ᠬᠠᠭᠠᠨ ᠶᠡᠬᠡ ᠰᠠᠭᠤᠷᠢᠨ ᠳ᠋ᠤ᠌ ᠰᠠᠭᠠᠲᠠᠭᠰᠠᠨ


ᠮᠥᠩᠬᠡ ᠬᠠᠭᠠᠨ 

ᠮᠥᠩᠬᠡ ᠪᠣᠯ ᠴᠢᠩᠭᠢᠰ ᠬᠠᠭᠠᠨ ᠤ᠋ ᠤᠳᠬᠤᠨ ᠬᠥᠪᠡᠭᠦᠨ ᠲᠤᠯᠤᠢ ᠶ᠋ᠢᠨ ᠠᠬᠠᠮᠠᠳ ᠬᠥᠪᠡᠭᠦᠨ ᠪᠣᠯᠤᠨ᠎ᠠ᠃ 1208 ᠣᠨ ᠤ᠋ ᠠᠷᠪᠠᠨ ᠬᠣᠶᠠᠳᠤᠭᠠᠷ ᠰᠠᠷ᠎ᠠ ᠶ᠋ᠢᠨ ᠭᠤᠷᠪᠠᠨ ᠤ᠋ ᠡᠳᠦᠷ ᠰᠤᠷᠬᠠᠭᠲᠠᠨᠢ ᠬᠠᠲᠤᠨ ᠡᠴᠡ ᠲᠥᠷᠥᠵᠡᠢ᠃ ᠮᠥᠩᠬᠡ ᠪᠣᠯ ᠬᠠᠭᠠᠨᠲᠤ ᠮᠣᠩᠭᠣᠯ ᠤᠯᠤᠰ ᠤ᠋ᠨ ᠳᠥᠷᠪᠡᠳᠦᠭᠡᠷ ᠦᠶ᠎ᠡ ᠶ᠋ᠢᠨ ᠶᠡᠬᠡ ᠬᠠᠭᠠᠨ ᠶᠤᠮ᠃ ᠲᠡᠷᠡ ᠠᠬ᠎ᠠ ᠳᠡᠭᠦᠦ ᠠᠷᠪᠠᠨ ᠨᠢᠭᠡᠭᠦᠯᠡ ᠪᠥᠭᠡᠳ ᠡᠭᠦᠨ ᠦ᠌ ᠳᠣᠲᠣᠷ᠎ᠠ ᠮᠥᠩᠬᠡ᠂ ᠬᠤᠪᠢᠯᠠᠢ᠂ ᠦᠯᠡᠬᠦ᠂ ᠠᠷᠢᠭᠪᠦ᠋ᠬᠡ ᠳᠥᠷᠪᠡᠭᠦᠯᠡ ᠪᠣᠯ ᠰᠤᠷᠬᠠᠭᠲᠠᠨᠢ ᠬᠠᠲᠤᠨ ᠡᠴᠡ ᠲᠥᠷᠥᠭᠰᠡᠨ ᠡᠬᠡ ᠨᠢᠭᠡᠲᠡᠢ ᠠᠬ᠎ᠠ ᠳᠡᠭᠦᠦ ᠪᠣᠯᠤᠨ᠎ᠠ᠃ᠥᠭᠡᠳᠡᠢ ᠬᠠᠭᠠᠨ ᠠᠮᠢᠳᠤ ᠰᠡᠷᠢᠭᠦᠨ ᠪᠠᠢᠬᠤ ᠳ᠋ᠠᠭᠠᠨ ᠥᠪᠡᠷ ᠦ᠋ᠨ ᠭᠤᠷᠪᠠᠳᠤᠭᠠᠷ ᠬᠥᠪᠡᠭᠦᠨ ᠬᠦᠴᠦ ᠪᠡᠷ ᠶᠡᠬᠡ ᠰᠠᠭᠤᠷᠢᠨ ᠢ᠋ ᠵᠠᠯᠭᠠᠮᠵᠢᠯᠠᠭᠤᠯᠬᠤ ᠪᠠᠷ ᠵᠢᠱ᠌ᠢᠵᠦ ᠪᠠᠢᠪᠠ᠃ ᠭᠡᠲᠡᠯ᠎ᠡ ᠬᠦᠴᠦ ᠡᠮᠦᠨᠡᠲᠦ ᠰᠥᠩ ᠤᠯᠤᠰ ᠲᠠᠢ ᠪᠠᠢᠯᠳᠤᠵᠤ ᠪᠠᠢᠭᠠᠳ ᠦᠷᠡᠭᠳᠡᠭᠰᠡᠨ ᠠᠵᠢ᠃ ᠡᠢᠮᠦ ᠡᠴᠡ ᠥᠭᠡᠳᠡᠢ ᠬᠠᠭᠠᠨ ᠬᠦᠴᠦ ᠶ᠋ᠢᠨ ᠠᠬᠠᠮᠠᠳ ᠬᠥᠪᠡᠭᠦᠨ ᠰᠢᠷᠡᠮᠦᠨ ᠪᠤᠶᠤ ᠲᠤᠯᠤᠢ ᠶ᠋ᠢᠨ ᠠᠬᠠᠮᠠᠳ ᠬᠥᠪᠡᠭᠦᠨ ᠮᠥᠩᠬᠡ ᠶ᠋ᠢ ᠬᠠᠭᠠᠨ ᠣᠷᠣ ᠵᠠᠯᠭᠠᠮᠵᠢᠯᠠᠭᠤᠯᠬᠤ ᠪᠠᠷ ᠵᠣᠷᠢᠵᠤ ᠪᠠᠢᠪᠠ᠃ ᠥᠭᠡᠳᠡᠢ ᠬᠠᠭᠠᠨ ᠢ᠋ ᠨᠠᠰᠤ ᠪᠠᠷᠠᠭᠰᠠᠨ ᠤ᠋ ᠳᠠᠷᠠᠭ᠎ᠠ ᠲᠡᠭᠦᠨ ᠦ᠌ ᠬᠠᠲᠤᠨ ᠲᠦᠷᠭᠡᠨ᠎ᠡ ᠲᠥᠷᠥ ᠶ᠋ᠢ ᠵᠠᠰᠠᠵᠤ ᠥᠭᠡᠳᠡᠢ ᠬᠠᠭᠠᠨ ᠤ᠋ ᠬᠦᠰᠡᠯ ᠱᠠᠭᠠᠷᠳᠠᠯᠭ᠎ᠠ ᠪᠠ ᠵᠠᠷᠯᠢᠭ ᠢ᠋ ᠵᠥᠷᠢᠴᠡᠵᠦ᠂ ᠬᠥᠪᠡᠭᠦᠨ ᠬᠥᠶᠦᠭ ᠢ᠋ᠶ᠋ᠡᠨ ᠬᠠᠭᠠᠨ ᠰᠠᠭᠤᠷᠢᠨ ᠳ᠋ᠤ᠌ ᠰᠠᠭᠤᠯᠭᠠᠭᠰᠠᠨ ᠪᠢᠯᠡ᠃ 1230 ᠣᠨ ᠳ᠋ᠤ᠌ ᠮᠥᠩᠬᠡ ᠥᠭᠡᠳᠡᠢ ᠬᠠᠭᠠᠨ ᠢ᠋ ᠳᠠᠭᠠᠵᠤ ᠠᠯᠲᠠᠨ ᠤᠯᠤᠰ ᠢ᠋ ᠳᠠᠢᠯᠠᠬᠤ ᠪᠠᠷ ᠮᠣᠷᠳᠠᠪᠠ᠃ 1234 ᠣᠨ ᠳ᠋ᠤ᠌ ᠮᠣᠩᠭᠣᠯ ᠤ᠋ᠨ ᠶᠡᠬᠡ ᠴᠡᠷᠢᠭ ᠠᠯᠲᠠᠨ ᠤᠯᠤᠰ ᠢ᠋ ᠮᠥᠬᠥᠭᠡᠭᠡᠳ ᠬᠠᠷ᠎ᠠ ᠬᠣᠷᠢᠨ ᠳ᠋ᠤ᠌ ᠪᠤᠴᠠᠵᠤ ᠢᠷᠡᠵᠡᠢ᠃ ᠡᠨᠡ ᠦᠶ᠎ᠡ ᠳ᠋ᠦ᠍ ᠲᠤᠯᠤᠢ ᠨᠢᠭᠡᠨᠲᠡ ᠨᠠᠰᠤ ᠪᠠᠷᠠᠭᠰᠠᠨ ᠲᠤᠯᠠ ᠥᠭᠡᠳᠡᠢ ᠬᠠᠭᠠᠨ ᠮᠥᠩᠬᠡ ᠶ᠋ᠢ ᠡᠴᠢᠭᠡ ᠶ᠋ᠢᠨ ᠬᠢᠨᠢ ᠣᠷᠳᠣᠨ ᠳ᠋ᠤ᠌ ᠪᠤᠴᠠᠭᠠᠵᠤ᠂ ᠲᠡᠭᠦᠨ ᠦ᠌ ᠵᠠᠬᠢᠷᠴᠤ ᠪᠠᠢᠭᠰᠠᠨ ᠴᠡᠷᠢᠭ ᠪᠠ ᠠᠷᠠᠳ ᠢᠷᠭᠡᠳ ᠢ᠋ ᠬᠠᠮᠢᠶᠠᠷᠤᠭᠤᠯᠤᠭᠰᠠᠨ ᠪᠠᠢᠨ᠎ᠠ᠃ 1235 ᠣᠨ ᠳ᠋ᠤ᠌ ᠥᠭᠡᠳᠡᠢ ᠬᠠᠭᠠᠨ ᠠᠬᠠᠮᠠᠳ ᠬᠥᠪᠡᠭᠦᠳ ᠦ᠋ᠨ ᠠᠶᠠᠨ ᠲᠡᠢᠨ ᠢ᠋ ᠵᠣᠬᠢᠶᠠᠨ ᠪᠠᠢᠭᠤᠯᠬᠤ ᠳ᠋ᠤ᠌ ᠮᠥᠩᠬᠡ᠂ ᠭᠦᠶᠦᠭ ᠨᠠᠷ ᠤᠯᠤᠰ ᠤ᠋ᠨ ᠭᠣᠣᠯ ᠴᠡᠷᠢᠭ ᠢ᠋ ᠵᠠᠬᠢᠷᠴᠤ ᠮᠣᠷᠳᠠᠵᠠᠢ᠃ ᠢᠩᠭᠢᠭᠡᠳ ᠪᠠᠲᠤ᠂ ᠰᠦᠪᠡᠭᠡᠳᠡᠢ ᠶ᠋ᠢᠨ ᠵᠢᠯᠣᠭᠣᠳᠤᠭᠰᠠᠨ ᠶᠡᠬᠡ ᠴᠡᠷᠢᠭ ᠲᠡᠢ ᠨᠡᠢᠯᠡᠵᠦ ᠤᠷᠢᠳ ᠢ᠋ᠶ᠋ᠠᠷ ᠪᠣᠯᠭᠠᠷᠢ᠂ ᠬᠢᠪᠴᠠᠭ ᠢ᠋ ᠡᠵᠡᠯᠡᠭᠰᠡᠨ ᠪᠠᠢᠨ᠎ᠠ᠃ ᠳᠠᠷᠠᠭ᠎ᠠ ᠪᠠᠷ ᠮᠥᠩᠬᠡ ᠨᠢᠭᠡ ᠵᠠᠮ ᠤ᠋ᠨ ᠴᠡᠷᠢᠭ ᠳᠠᠢᠴᠢᠯᠠᠨ ᠸᠣᠯᠭ᠎ᠠ ᠮᠥᠷᠡᠨ ᠪᠠ ᠳ᠋ᠤᠨ ᠮᠥᠷᠡᠨ ᠦ᠌ ᠠᠳᠠᠭ ᠢ᠋ᠶ᠋ᠠᠷ ᠪᠠᠢᠭᠰᠠᠨ ᠺᠤᠮᠠᠨᠴᠤᠳ ᠢ᠋ ᠳᠠᠭᠠᠷᠢᠵᠤ᠂ ᠺᠤᠮᠠᠨ ᠤ᠋ ᠲᠦᠷᠦᠭᠦᠦ ᠬᠤᠨᠠᠨ ᠡᠰᠡᠷᠭᠦᠴᠡᠭᠰᠡᠨ ᠦᠭᠡᠢ ᠪᠡᠷ ᠬᠣᠷᠢᠨ ᠲᠦᠮᠡᠨ ᠴᠡᠷᠢᠭ ᠠᠷᠠᠳ ᠢ᠋ᠶ᠋ᠠᠨ ᠳᠠᠭᠠᠭᠤᠯᠤᠨ ᠬᠠᠩᠭᠠᠷᠢ ᠤᠯᠤᠰ ᠲᠤ᠌ ᠳᠤᠲᠠᠭᠠᠨ ᠣᠷᠣᠵᠠᠢ᠃ 1240 ᠣᠨ ᠳ᠋ᠤ᠌ ᠮᠣᠩᠭᠣᠯ ᠤ᠋ᠨ ᠶᠡᠬᠡ ᠴᠡᠷᠢᠭ ᠣᠷᠣᠰ ᠲᠤ᠌ ᠳᠠᠬᠢᠨ ᠳᠣᠪᠲᠣᠯᠤᠯᠲᠠ ᠬᠢᠪᠡ᠃ ᠮᠥᠩᠬᠡ ᠨᠢᠭᠡᠨ ᠰᠠᠯᠠᠭ᠎ᠠ ᠴᠡᠷᠢᠭ ᠳᠠᠭᠠᠭᠤᠯᠤᠨ ᠣᠷᠣᠰ ᠤ᠋ᠨ ᠡᠷᠲᠡᠨ ᠦ᠌ ᠬᠣᠲᠠ ᠺᠠᠶᠧᠹ ᠢ᠋ ᠴᠢᠭᠯᠡᠨ ᠤᠷᠤᠭᠰᠢᠯᠠᠵᠤ᠂ ᠮᠥᠨ ᠵᠢᠯ ᠦ᠋ᠨ ᠠᠷᠪᠠᠨ ᠬᠣᠶᠠᠳᠤᠭᠠᠷ ᠰᠠᠷ᠎ᠠ ᠳ᠋ᠤ᠌ ᠲᠤᠰ ᠬᠣᠲᠠ ᠶ᠋ᠢ ᠪᠠᠢᠯᠳᠤᠨ ᠡᠵᠡᠯᠡᠵᠡᠢ᠃ ᠪᠠᠲᠤ ᠴᠡᠷᠢᠭ ᠢ᠋ᠶ᠋ᠡᠨ ᠬᠡᠳᠦᠨ ᠵᠠᠮ ᠬᠤᠪᠢᠶᠠᠵᠤ ᠬᠠᠩᠭᠠᠷᠢ᠂ ᠫᠤᠯᠠᠨᠳ᠋ ᠲᠤ᠌ ᠴᠥᠮᠥᠷᠡᠨ ᠣᠷᠣᠪᠠ᠃ ᠲᠡᠢᠨ ᠪᠠᠢᠯᠳᠤᠭᠠᠨ ᠨᠢ ᠬᠤᠷᠴᠠ ᠰᠢᠷᠦᠭᠦᠨ ᠢ᠋ᠶ᠋ᠡᠷ ᠶᠠᠪᠤᠭᠳᠠᠵᠤ ᠪᠠᠢᠲᠠᠯ᠎ᠠ ᠥᠭᠡᠳᠡᠢ ᠬᠠᠭᠠᠨ ᠤ᠋ ᠲᠡᠭᠷᠢ ᠳ᠋ᠦ᠍ ᠬᠠᠯᠢᠭᠰᠠᠨ ᠴᠢᠮᠡᠭᠡ ᠤᠯᠠᠮᠵᠢᠯᠠᠭᠳᠠᠨ ᠢᠷᠡᠭᠰᠡᠨ ᠲᠤᠯᠠ ᠪᠠᠲᠤ ᠶᠡᠬᠡ ᠴᠡᠷᠢᠭ ᠢ᠋ᠶ᠋ᠡᠨ ᠬᠤᠷᠢᠶᠠᠵᠤ ᠵᠡᠭᠦᠨᠰᠢ ᠪᠤᠴᠠᠵᠠᠢ᠃ 1246 ᠣᠨ ᠳ᠋ᠤ᠌ ᠮᠥᠩᠬᠡ ᠣᠯᠠᠨ ᠳᠡᠭᠦᠦ ᠨᠠᠷ ᠢ᠋ᠶ᠋ᠠᠨ ᠳᠠᠭᠠᠭᠤᠯᠤᠨ ᠬᠠᠷᠠᠬᠣᠷᠣᠮ ᠡᠴᠡ ᠳᠠᠯᠠᠨ ᠳᠠᠪᠠᠭ᠎ᠠ ᠳ᠋ᠤ᠌ ᠬᠦᠷᠴᠦ᠂ ᠬᠥᠶᠦᠭ ᠢ᠋ ᠶᠡᠬᠡ ᠬᠠᠭᠠᠨ ᠢ᠋ᠶ᠋ᠠᠷ ᠰᠣᠩᠭᠣᠪᠠ᠃ 1248 ᠣᠨ ᠤ᠋ ᠳᠥᠷᠪᠡᠳᠦᠭᠡᠷ ᠰᠠᠷ᠎ᠠ ᠶ᠋ᠢᠨ ᠬᠣᠷᠢᠨ ᠳᠥᠷᠪᠡᠨ ᠦ᠌ ᠡᠳᠦᠷ ᠬᠥᠶᠦᠭ ᠬᠠᠭᠠᠨ ᠡᠪᠡᠳᠴᠢᠨ ᠢ᠋ᠶ᠋ᠡᠷ ᠨᠠᠰᠤ ᠪᠠᠷᠠᠵᠠᠢ᠃ ᠢᠩᠭᠢᠭᠡᠳ ᠲᠡᠭᠦᠨ ᠦ᠌ ᠬᠠᠲᠤᠨ ᠬᠠᠢᠮᠢᠰᠢ ᠲᠦᠷ ᠲᠥᠷᠥ ᠵᠠᠰᠠᠭᠰᠠᠨ ᠪᠠᠢᠨ᠎ᠠ᠃ ᠬᠥᠶᠦᠭ ᠬᠠᠭᠠᠨ ᠢ᠋ ᠨᠠᠰᠤ ᠨᠥᠭᠴᠢᠭᠰᠡᠨ ᠦ᠌ ᠳᠠᠷᠠᠭ᠎ᠠ ᠵᠥᠴᠢ ᠶ᠋ᠢᠨ ᠬᠥᠪᠡᠭᠦᠨ ᠪᠠᠲᠤ ᠪᠠᠷ ᠲᠣᠯᠣᠭᠠᠢᠯᠠᠭᠤᠯᠤᠭᠰᠠᠨ ᠵᠥᠴᠢ᠂ ᠲᠤᠯᠤᠢ ᠶ᠋ᠢᠨ ᠦᠷ᠎ᠡ ᠬᠡᠦᠬᠡᠳ ᠨᠢᠭᠡ ᠪᠦᠯᠦᠭ ᠪᠣᠯᠵᠤ᠂ ᠬᠥᠶᠦᠭ ᠬᠠᠭᠠᠨ ᠤ᠋ ᠬᠠᠢᠮᠢᠰᠢ ᠬᠠᠲᠤᠨ ᠢ᠋ᠶ᠋ᠠᠷ ᠲᠣᠯᠣᠭᠠᠢᠯᠠᠭᠤᠯᠤᠭᠰᠠᠨ ᠥᠭᠡᠳᠡᠢ᠂ ᠴᠠᠭᠠᠲᠠᠢ ᠶ᠋ᠢᠨ ᠦᠷ᠎ᠡ ᠬᠡᠦᠬᠡᠳ ᠨᠢᠭᠡ ᠪᠦᠯᠦᠭ ᠪᠣᠯᠵᠤ ᠬᠠᠭᠠᠨ ᠰᠠᠭᠤᠷᠢᠨ ᠢ᠋ ᠪᠤᠯᠢᠶᠠᠯᠳᠤᠵᠤ ᠬᠤᠷᠴᠠ ᠰᠢᠷᠦᠭᠦᠨ ᠲᠡᠮᠡᠴᠡᠯᠳᠦᠭᠰᠡᠨ ᠪᠠᠢᠨ᠎ᠠ᠃ ᠪᠠᠲᠤ ᠡᠨᠡ ᠬᠦ ᠲᠡᠮᠡᠴᠡᠯ ᠳ᠋ᠦ᠍ ᠣᠷᠣᠯᠴᠠᠭᠰᠠᠨ ᠨᠢ ᠥᠪᠡᠷ ᠢ᠋ᠶ᠋ᠡᠨ ᠬᠠᠭᠠᠨ ᠰᠠᠭᠤᠷᠢᠨ ᠢ᠋ ᠣᠯᠬᠤ ᠶ᠋ᠢᠨ ᠲᠥᠯᠥᠭᠡ ᠪᠢᠰᠢ ᠶᠤᠮ᠃ ᠲᠡᠭᠦᠨ ᠦ᠌ ᠡᠮᠡᠭᠡ ᠡᠬᠡ ᠪᠥᠷᠲᠡ ᠬᠠᠲᠤᠨ ᠮᠡᠷᠭᠢᠳ ᠠᠢᠮᠠᠭ ᠲᠤ᠌ ᠣᠯᠵᠠᠯᠠᠭᠳᠠᠭᠰᠠᠨ ᠤ᠋ ᠳᠠᠷᠠᠭ᠎ᠠ ᠵᠥᠴᠢ ᠶ᠋ᠢ ᠲᠥᠷᠥᠵᠡᠢ᠃ ᠡᠭᠦᠨ ᠦ᠌ ᠤᠯᠠᠮ ᠡᠴᠡ ᠴᠢᠩᠭᠢᠰ ᠬᠠᠭᠠᠨ ᠤ᠋ ᠠᠯᠲᠠᠨ ᠤᠷᠤᠭ ᠤ᠋ᠨ ᠬᠢᠨ ᠵᠥᠴᠢ ᠶ᠋ᠢ ᠮᠡᠷᠭᠢᠳ ᠦ᠋ᠨ ᠣᠷᠬᠢᠳᠠᠰᠤ ᠭᠡᠵᠦ ᠦᠵᠡᠳᠡᠭ ᠪᠢᠯᠡ᠃ ᠣᠯᠠᠨ ᠵᠢᠯ ᠦ᠋ᠨ ᠲᠤᠷᠰᠢ ᠡᠨᠡ ᠬᠦ ᠨᠥᠯᠥᠭᠡ ᠨᠢ ᠦᠷᠭᠦᠯᠵᠢᠯᠡᠭᠰᠡᠭᠡᠷ ᠢᠷᠡᠭᠰᠡᠨ ᠪᠣᠯᠬᠣᠷ ᠶᠡᠬᠡ ᠬᠠᠭᠠᠨ ᠤ᠋ ᠣᠷᠣ ᠵᠥᠴᠢ ᠶ᠋ᠢᠨ ᠤᠭᠰᠠᠭ᠎ᠠ ᠳ᠋ᠤ᠌ ᠰᠢᠯᠵᠢᠵᠦ ᠡᠰᠡ ᠴᠢᠳᠠᠬᠤ ᠶ᠋ᠢ ᠪᠠᠲᠤ ᠲᠣᠳᠣᠷᠬᠠᠢ ᠣᠢᠯᠠᠭᠠᠵᠤ ᠪᠠᠢᠬᠤ ᠶᠤᠮ᠃ 1248 ᠣᠨ ᠤ᠋ ᠡᠬᠢ ᠪᠡᠷ ᠬᠥᠶᠦᠭ ᠬᠠᠭᠠᠨ ᠡᠪᠡᠳᠴᠢᠨ ᠢ᠋ᠶ᠋ᠡᠨ ᠰᠤᠪᠢᠯᠠᠬᠤ ᠪᠠᠷ ᠥᠪᠡᠷ ᠦ᠋ᠨ ᠡᠵᠡᠮᠰᠢᠯ ᠨᠤᠲᠤᠭ ᠡᠮᠢᠯ ᠵᠦᠭ ᠮᠣᠷᠢᠯᠠᠵᠠᠢ᠃ ᠡᠨᠡ ᠦᠶ᠎ᠡ ᠳ᠋ᠦ᠍ ᠮᠥᠩᠬᠡ ᠶ᠋ᠢᠨ ᠡᠬᠡ ᠰᠤᠷᠬᠠᠭᠲᠠᠨᠢ ᠬᠠᠲᠤᠨ ᠳᠠᠯᠳᠠᠭᠤᠷ ᠪᠠᠲᠤ ᠶ᠋ᠢᠨ ᠳᠡᠷᠭᠡᠳᠡ ᠡᠯᠴᠢ ᠲᠣᠮᠢᠯᠠᠨ 《ᠰᠡᠷᠡᠮᠵᠢ ᠲᠡᠢ ᠪᠠᠢᠭᠠᠷᠠᠢ!》ᠭᠡᠵᠦ ᠬᠡᠯᠡᠭᠦᠯᠪᠡ᠃ ᠪᠠᠲᠤ ᠡᠨᠡ ᠮᠡᠳᠡᠭᠡ ᠶ᠋ᠢ ᠣᠯᠤᠭᠠᠳ ᠨᠡᠩ ᠢᠯᠡᠭᠦᠦ ᠬᠣᠷᠣᠰᠴᠤ᠂ ᠶᠡᠬᠡ ᠴᠡᠷᠢᠭ ᠳᠠᠢᠴᠢᠯᠠᠨ ᠭᠦᠶᠦᠭ ᠢ᠋ ᠠᠮᠠᠳᠠᠨ ᠲᠤᠰᠬᠤ ᠪᠠᠷ ᠵᠡᠭᠦᠨᠰᠢ ᠮᠣᠷᠳᠠᠪᠠ᠃ ᠢᠩᠭᠢᠭᠡᠳ ᠠᠯᠲᠠᠢ ᠠᠭᠤᠯᠠ ᠶ᠋ᠢᠨ ᠡᠩᠭᠡᠷ ᠲᠡᠭᠷᠢ ᠠᠯᠠᠭ ᠲᠠᠭ ᠭᠡᠰᠡᠨ ᠭᠠᠵᠠᠷ ᠬᠦᠷᠴᠦ ᠬᠦᠷᠢᠶ᠎ᠡ ᠪᠠᠭᠤᠭᠠᠳ ᠪᠠᠢᠬᠤ ᠳ᠋ᠤ᠌ ᠴᠢᠪ ᠭᠡᠮᠡᠨ ᠬᠠᠢᠮᠢᠰᠢ ᠬᠠᠲᠤᠨ ᠤ᠋ ᠲᠣᠮᠢᠯᠠᠭᠰᠠᠨ ᠡᠯᠴᠢᠨ ᠬᠥᠶᠦᠭ ᠬᠠᠭᠠᠨ ᠤ᠋ ᠨᠥᠭᠴᠢᠭᠰᠡᠨ ᠭᠠᠰᠢᠭᠤᠳᠠᠯ ᠤ᠋ᠨ ᠮᠡᠳᠡᠭᠡ ᠶ᠋ᠢ ᠤᠯᠠᠮᠵᠢᠯᠠᠭᠰᠠᠨ ᠪᠠᠢᠨ᠎ᠠ᠃ ᠪᠠᠲᠤ ᠠᠬᠠᠮᠠᠳ ᠤ᠋ᠨ ᠬᠤᠪᠢ ᠪᠠᠷ ᠬᠠᠢᠮᠢᠰᠢ ᠬᠠᠲᠤᠨ ᠤ᠋ ᠲᠦᠷ ᠲᠥᠷᠥ ᠵᠠᠰᠠᠬᠤ ᠶ᠋ᠢ ᠵᠥᠪᠰᠢᠶᠡᠷᠡᠭᠰᠡᠨ ᠪᠣᠯᠪᠠᠴᠤ ᠡᠨᠡ ᠬᠦ ᠲᠣᠬᠢᠶᠠᠯ ᠢ᠋ ᠠᠰᠢᠭᠯᠠᠵᠤ ᠬᠠᠭᠠᠨ ᠰᠠᠭᠤᠷᠢᠨ ᠢ᠋ ᠥᠭᠡᠳᠡᠢ ᠶ᠋ᠢᠨ ᠤᠭᠰᠠᠭ᠎ᠠ ᠡᠴᠡ ᠲᠤᠯᠤᠢ ᠶ᠋ᠢᠨ ᠤᠭᠰᠠᠭ᠎ᠠ ᠳ᠋ᠤ᠌ ᠰᠢᠯᠵᠢᠭᠦᠯᠬᠦ ᠪᠡᠷ ᠡᠷᠡᠰ ᠰᠢᠢᠳᠪᠡ᠃ 1219 ᠣᠨ ᠳ᠋ᠤ᠌ ᠴᠢᠩᠭᠢᠰ ᠬᠠᠭᠠᠨ ᠰᠠᠷᠲᠠᠭᠤᠯ ᠢ᠋ ᠳᠠᠢᠯᠠᠬᠤ ᠪᠠᠷ ᠮᠣᠷᠳᠠᠬᠤ ᠶ᠋ᠢᠨ ᠡᠮᠦᠨ᠎ᠡ ᠥᠭᠡᠳᠡᠢ ᠶ᠋ᠢ ᠬᠠᠭᠠᠨ ᠣᠷᠣ ᠶ᠋ᠢᠨ ᠵᠠᠯᠭᠠᠮᠵᠢᠯᠠᠭᠴᠢ ᠪᠠᠷ ᠲᠣᠭᠲᠠᠭᠠᠵᠠᠢ᠃ ᠲᠤᠬᠠᠢ ᠶ᠋ᠢᠨ ᠦᠶ᠎ᠡ ᠳ᠋ᠦ᠍ ᠲᠡᠭᠦᠨ ᠦ᠌ ᠬᠡᠯᠡᠭᠰᠡᠨ ᠨᠢ᠄ 《 ᠥᠭᠡᠳᠡᠢ ᠶ᠋ᠢᠨ ᠦᠷ᠎ᠡ ᠬᠡᠦᠬᠡᠳ ᠡᠪᠡᠰᠦᠨ ᠳ᠋ᠦ᠍ ᠣᠷᠢᠶᠠᠪᠠᠴᠤ ᠦᠬᠡᠷ ᠲᠣᠭᠣᠵᠤ ᠢᠳᠡᠬᠦ ᠦᠭᠡᠢ᠂ ᠥᠭᠡᠬᠦᠨ ᠳ᠋ᠦ᠍ ᠪᠠᠭᠯᠠᠪᠠᠴᠤ ᠨᠣᠬᠠᠢ ᠲᠣᠭᠣᠵᠤ ᠢᠳᠡᠬᠦ ᠦᠭᠡᠢ ᠶᠠᠭᠤᠮ᠎ᠠ ᠲᠦᠷᠦᠪᠡᠰᠦ᠂ ᠮᠢᠨᠦ ᠤᠷᠤᠭ ᠲᠥᠷᠥᠯ ᠦ᠋ᠨ ᠳᠣᠲᠣᠷ᠎ᠠ ᠨᠢᠭᠡᠨ ᠬᠥᠪᠡᠭᠦᠨ ᠨᠢ ᠰᠠᠢᠨ ᠲᠥᠷᠥᠬᠦ ᠦᠭᠡᠢ ᠤᠤ》 ᠭᠡᠪᠡ᠃ ᠡᠨᠡ ᠦᠭᠡ ᠶ᠋ᠢᠨ ᠤᠳᠬ᠎ᠠ ᠨᠢ ᠬᠠᠭᠠᠨᠲᠤ ᠮᠣᠩᠭᠣᠯ ᠤᠯᠤᠰ ᠤ᠋ᠨ ᠬᠠᠭᠠᠨ ᠣᠷᠣ ᠥᠭᠡᠳᠡᠢ ᠶ᠋ᠢᠨ ᠤᠭᠰᠠᠭ᠎ᠠ ᠡᠴᠡ ᠰᠢᠯᠵᠢᠵᠦ ᠪᠣᠯᠤᠨ᠎ᠠ ᠭᠡᠰᠡᠨ ᠦᠭᠡ ᠮᠥᠨ ᠪᠢᠯᠡ᠃ ᠥᠭᠡᠳᠡᠢ ᠬᠠᠭᠠᠨ ᠠᠮᠢᠳᠤ ᠰᠡᠷᠡᠭᠦᠨ ᠪᠠᠢᠬᠤ ᠳ᠋ᠠᠭᠠᠨ ᠰᠢᠷᠡᠮᠦᠨ ᠬᠢᠭᠡᠳ ᠮᠥᠩᠬᠡ ᠶ᠋ᠢ ᠬᠠᠭᠠᠨ ᠣᠷᠣ ᠶ᠋ᠢᠨ ᠵᠠᠯᠭᠠᠮᠵᠢᠯᠠᠭᠴᠢ ᠪᠠᠷ ᠵᠢᠱ᠌ᠢᠵᠦ ᠪᠠᠢᠵᠠᠢ᠃ ᠴᠢᠩᠭᠢᠰ ᠬᠠᠭᠠᠨ ᠤ᠋ ᠬᠡᠯᠡᠭᠰᠡᠨ ᠦᠭᠡ ᠪᠠ ᠥᠭᠡᠳᠡᠢ ᠬᠠᠭᠠᠨ ᠤ᠋ ᠰᠢᠷᠡᠮᠦᠨ᠂ ᠮᠥᠩᠬᠡ ᠬᠣᠶᠠᠭᠤᠯᠠ ᠶ᠋ᠢ ᠵᠠᠯᠭᠠᠮᠵᠢᠯᠠᠭᠴᠢ ᠪᠠᠷ ᠵᠢᠱᠢᠭᠰᠡᠨ ᠶᠠᠪᠤᠳᠠᠯ ᠨᠢ ᠬᠣᠶᠠᠷ ᠪᠦᠯᠦᠭ ᠦ᠋ᠨ ᠬᠣᠭᠣᠷᠣᠨᠳᠣ ᠪᠠᠨ ᠬᠠᠭᠠᠨ ᠰᠠᠭᠤᠷᠢᠨ ᠢ᠋ ᠪᠤᠯᠢᠶᠠᠯᠳᠤᠬᠤ ᠪᠠᠲᠤ ᠦᠨᠳᠦᠰᠦ ᠪᠠᠷᠢᠮᠲᠠ ᠪᠣᠯᠤᠭᠰᠠᠨ ᠪᠠᠢᠨ᠎ᠠ᠃ ᠬᠠᠢᠮᠢᠰᠢ ᠬᠠᠲᠤᠨ ᠤ᠋ ᠪᠦᠯᠦᠭ ᠦ᠋ᠨ ᠬᠢᠨ ᠰᠢᠷᠡᠮᠦᠨ ᠪᠣᠯ ᠥᠭᠡᠳᠡᠢ ᠬᠠᠭᠠᠨ ᠤ᠋ ᠵᠠᠯᠭᠠᠮᠵᠢᠯᠠᠭᠴᠢ ᠪᠠᠷ ᠨᠡᠷ᠎ᠡ ᠵᠢᠭᠠᠭᠳᠠᠭᠰᠠᠨ ᠬᠥᠮᠦᠨ ᠪᠣᠯᠬᠣᠷ ᠬᠠᠭᠠᠨ ᠢ᠋ᠶ᠋ᠠᠷ ᠡᠷᠭᠦᠮᠵᠢᠯᠡᠭᠳᠡᠬᠦ ᠨᠢ ᠣᠯᠠᠨ ᠤ᠋ ᠶᠣᠰᠣ ᠣᠷᠴᠢᠯᠠᠩ ᠤ᠋ᠨ ᠵᠦᠢ ᠭᠡᠰᠡᠨ ᠦᠵᠡᠯᠲᠡ ᠪᠡᠨ ᠦᠬᠦᠨ ᠪᠠᠷᠢᠮᠲᠠᠯᠠᠵᠠᠢ᠃ ᠭᠡᠲᠡᠯ᠎ᠡ ᠪᠠᠲᠤ ᠶ᠋ᠢᠨ ᠡᠲᠡᠭᠡᠳ ᠦ᠋ᠨ ᠬᠢᠨ ᠬᠡᠳᠦᠨ ᠵᠢᠯ ᠦ᠋ᠨ ᠡᠮᠦᠨ᠎ᠡ ᠨᠡᠷ᠎ᠡ ᠵᠢᠭᠠᠭᠳᠠᠭᠰᠠᠨ ᠦᠭᠡᠢ ᠬᠥᠶᠦᠭ ᠬᠠᠭᠠᠨ ᠢ᠋ᠶ᠋ᠠᠷ ᠡᠷᠭᠦᠮᠵᠢᠯᠡᠭᠳᠡᠭᠰᠡᠨ ᠨᠢ ᠥᠭᠡᠳᠡᠢ ᠬᠠᠭᠠᠨ ᠤ᠋ ᠭᠡᠷᠢᠶᠡᠰᠯᠡᠯ ᠢ᠋ ᠵᠥᠷᠢᠴᠡᠭᠰᠡᠨ ᠶᠠᠪᠤᠳᠠᠯ ᠮᠥᠨ᠃ ᠮᠥᠩᠬᠡ ᠮᠥᠨ ᠴᠦ ᠥᠭᠡᠳᠡᠢ ᠬᠠᠭᠠᠨ ᠤ᠋ ᠵᠠᠯᠭᠠᠮᠵᠢᠯᠠᠭᠴᠢ ᠪᠠᠷ ᠨᠡᠷ᠎ᠡ ᠵᠢᠭᠠᠭᠳᠠᠭᠰᠠᠨ ᠬᠥᠮᠦᠨ ᠲᠤᠯᠠ ᠶᠡᠬᠡ ᠬᠠᠭᠠᠨ ᠢ᠋ᠶ᠋ᠠᠷ ᠰᠣᠩᠭᠣᠭᠳᠠᠬᠤ ᠨᠢ ᠵᠦᠢ ᠶᠣᠰᠣᠨ ᠳ᠋ᠤ᠌ ᠨᠡᠢᠴᠡᠬᠦ ᠶᠤᠮ ᠭᠡᠵᠦ ᠡᠷᠡᠰ ᠡᠰᠡᠷᠭᠦᠴᠡᠪᠡ᠃ ᠬᠣᠶᠠᠷ ᠪᠦᠯᠦᠭ ᠦ᠋ᠨ ᠰᠠᠨᠠᠯ ᠶᠡᠷᠦ ᠨᠢ ᠨᠢᠭᠡᠳᠬᠦ ᠦᠭᠡᠢ ᠪᠠᠢᠳᠠᠯ ᠳᠣᠣᠷ᠎ᠠ ᠪᠠᠲᠤ ᠶᠡᠬᠡ ᠬᠤᠷᠠᠯ ᠬᠤᠷᠠᠯᠳᠤᠭᠤᠯᠵᠤ᠂ 《ᠮᠥᠩᠬᠡ ᠪᠣᠯ ᠶᠢᠷᠲᠢᠨᠴᠦ ᠶ᠋ᠢᠨ ᠰᠠᠢᠨ ᠮᠠᠭᠤ ᠶ᠋ᠢ ᠦᠵᠡᠵᠦ ᠬᠠᠮᠤᠭ ᠬᠡᠷᠡᠭ ᠶᠠᠪᠤᠳᠠᠯ ᠤ᠋ᠨ ᠠᠰᠢᠭ ᠵᠣᠪᠠᠯᠠᠩ ᠢ᠋ ᠠᠮᠰᠠᠨ᠂ ᠶᠠᠩᠵᠤ ᠪᠦᠷᠢ ᠶ᠋ᠢᠨ ᠣᠷᠣᠨ ᠳ᠋ᠤ᠌ ᠣᠯᠠᠨ ᠤᠳᠠᠭ᠎ᠠ ᠶᠡᠬᠡ ᠴᠡᠷᠢᠭ ᠵᠠᠬᠢᠷᠤᠨ ᠪᠠᠢᠯᠳᠤᠵᠤ ᠶᠠᠪᠤᠭᠰᠠᠨ ᠭᠠᠪᠢᠶ᠎ᠠ ᠵᠢᠳᠬᠦᠯ ᠶᠡᠬᠡᠲᠡᠢ᠂ ᠠᠪᠢᠶᠠᠰ ᠪᠢᠯᠢᠭ ᠲᠡᠭᠦᠯᠳᠡᠷ᠂ ᠡᠷᠡᠯᠬᠡᠭ ᠪᠠᠭᠠᠲᠤᠷ ᠬᠠᠳᠠᠨ ᠵᠣᠷᠢᠭ ᠲᠠᠢ᠂ ᠣᠯᠠᠨ ᠡᠴᠡ ᠴᠣᠯᠭᠣᠷᠠᠭᠰᠠᠨ ᠰᠡᠴᠡᠨ ᠮᠡᠷᠭᠡᠨ ᠠᠷᠭ᠎ᠠ ᠪᠣᠳᠣᠯᠭ᠎ᠠ ᠲᠠᠢ ᠡᠷᠬᠢᠮ ᠬᠦᠨᠳᠦᠲᠦ ᠬᠥᠮᠦᠨ ᠲᠤᠯᠠ ᠭᠠᠭᠴᠠ ᠬᠦ ᠲᠡᠭᠦᠨ ᠢ᠋ ᠬᠠᠭᠠᠨ ᠡᠷᠭᠦᠮᠵᠢᠯᠡᠪᠡᠯ ᠰᠠᠶᠢ ᠮᠠᠨ ᠤ᠋ ᠡᠨᠡ ᠬᠦ ᠨᠠᠷᠠᠨ ᠮᠠᠨᠳᠤᠬᠤ ᠡᠴᠡ ᠨᠠᠷᠠᠨ ᠵᠢᠷᠭᠠᠬᠤ ᠭᠠᠵᠠᠷ ᠬᠦᠷᠲᠡᠯᠡᠬᠢ ᠥᠷᠭᠡᠨ ᠠᠭᠤᠳᠠᠮ ᠤᠯᠤᠰ ᠭᠦᠷᠦᠨ ᠢ᠋ ᠲᠣᠬᠢᠲᠠᠢ ᠰᠠᠢᠬᠠᠨ ᠵᠠᠰᠠᠵᠤ ᠴᠢᠳᠠᠨ᠎ᠠ᠃ ᠲᠡᠭᠡᠪᠡᠯ ᠰᠠᠶᠢ ᠲᠥᠷᠥ ᠤᠯᠤᠰ᠂ ᠴᠡᠷᠢᠭ ᠠᠷᠠᠳ᠂ ᠬᠠᠨ ᠬᠥᠪᠡᠭᠦᠳ ᠪᠢᠳᠡᠨ ᠦ᠌ ᠵᠣᠯ ᠵᠢᠷᠭᠠᠯ ᠪᠠᠲᠤᠯᠠᠭᠳᠠᠵᠤ ᠳᠡᠢᠯᠦᠨ᠎ᠡ》 ᠭᠡᠵᠦ ᠲᠡᠭᠦᠨ ᠦ᠌ ᠶᠡᠬᠡ ᠬᠠᠭᠠᠨ ᠢ᠋ᠶ᠋ᠠᠷ ᠡᠷᠭᠦᠮᠵᠢᠯᠡᠭᠳᠡᠬᠦ ᠨᠥᠬᠥᠴᠡᠯ ᠰᠢᠯᠲᠠᠭᠠᠨ ᠢ᠋ ᠪᠦᠬᠦ ᠲᠠᠯ᠎ᠠ ᠪᠠᠷ ᠳᠤᠷᠠᠳᠤᠭᠰᠠᠨ ᠢ᠋ᠶ᠋ᠠᠷ ᠦᠯᠦ ᠪᠠᠷᠠᠮ᠂ ᠪᠠᠰᠠ ᠵᠥᠪ ᠣᠨᠣᠪᠴᠢᠲᠠᠢ ᠦᠨᠡᠯᠡᠯᠲᠡ ᠬᠢᠭᠰᠡᠨ ᠪᠠᠢᠨ᠎ᠠ᠃ ᠪᠠᠲᠤ ᠶ᠋ᠢᠨ ᠡᠨᠡ ᠬᠦ ᠰᠠᠨᠠᠯ ᠢ᠋ ᠬᠤᠷᠠᠯᠳᠤᠭᠠᠨ ᠳ᠋ᠤ᠌ ᠣᠷᠣᠯᠴᠠᠭᠰᠠᠨ ᠠᠯᠲᠠᠨ ᠤᠷᠤᠭ (ᠬᠠᠢᠮᠢᠰᠢ ᠬᠠᠲᠤᠨ ᠬᠢᠭᠡᠳ ᠲᠡᠭᠦᠨ ᠦ᠌ ᠬᠡᠳᠦᠨ ᠬᠡᠦᠬᠡᠳ ᠨᠢ ᠣᠷᠣᠯᠴᠠᠭᠰᠠᠨ ᠦᠭᠡᠢ ᠪᠢᠯᠡ) ᠶ᠋ᠢᠨ ᠨᠣᠶᠠᠳ ᠪᠠ ᠲᠥᠷᠥ ᠶ᠋ᠢᠨ ᠲᠦᠰᠢᠮᠡᠳ ᠰᠠᠨᠠᠯ ᠨᠢᠭᠡᠲᠡᠢ ᠵᠥᠪᠰᠢᠶᠡᠷᠡᠵᠦ ᠮᠥᠩᠬᠡ ᠶ᠋ᠢ ᠬᠠᠭᠠᠨ ᠡᠷᠭᠦᠮᠵᠢᠯᠡᠬᠦ ᠪᠡᠷ ᠪᠣᠯᠵᠠᠢ᠃ ᠬᠡᠳᠦᠢᠪᠡᠷ ᠥᠭᠡᠳᠡᠢ᠂ ᠴᠠᠭᠠᠲᠠᠢ ᠶ᠋ᠢᠨ ᠦᠷ᠎ᠡ ᠠᠴᠢᠨᠠᠷ ᠤ᠋ᠨ ᠪᠦᠯᠦᠭ ᠦ᠋ᠨ ᠬᠢᠨ ᠴᠢᠩᠭ᠎ᠠ ᠡᠰᠡᠷᠭᠦᠴᠡᠯ ᠲᠠᠯᠪᠢᠭᠰᠠᠨ ᠪᠣᠯᠪᠠᠴᠤ ᠪᠠᠲᠤ ᠲᠦᠷᠦᠭᠦᠲᠡᠢ ᠵᠥᠴᠢ ᠲᠤᠯᠤᠢ ᠶ᠋ᠢᠨ ᠪᠦᠯᠦᠭ ᠦ᠋ᠨ ᠬᠢᠨ ᠮᠥᠩᠬᠡ ᠶ᠋ᠢ ᠶᠡᠬᠡ ᠬᠠᠭᠠᠨ ᠢ᠋ᠶ᠋ᠠᠷ ᠡᠷᠭᠦᠮᠵᠢᠯᠡᠬᠦ ᠲᠣᠭᠲᠠᠭᠠᠯ ᠢ᠋ᠶ᠋ᠠᠨ ᠦᠬᠦᠨ ᠪᠠᠷᠢᠮᠲᠠᠯᠠᠪᠠ᠃ ᠢᠩᠭᠢᠭᠡᠳ ᠬᠣᠶᠠᠷ ᠪᠦᠯᠦᠭ ᠦ᠋ᠨ ᠬᠣᠭᠣᠷᠣᠨᠳᠣᠬᠢ ᠬᠠᠭᠠᠨ ᠰᠠᠭᠤᠷᠢᠨ ᠪᠤᠯᠢᠶᠠᠯᠳᠤᠭᠰᠠᠨ ᠲᠡᠮᠡᠴᠡᠯ ᠨᠢ ᠬᠡᠳᠦᠨ ᠵᠢᠯ ᠬᠤᠷᠴᠠ ᠰᠢᠷᠦᠭᠦᠨ ᠶᠠᠪᠤᠭᠳᠠᠵᠤ᠂ ᠡᠴᠦᠰ ᠲᠡᠭᠡᠨ ᠪᠠᠲᠤ ᠶ᠋ᠢᠨ ᠪᠦᠯᠦᠭ ᠢᠯᠠᠭᠰᠠᠨ ᠪᠠᠢᠨ᠎ᠠ᠃ 1251 ᠣᠨ ᠤ᠋ ᠳᠣᠯᠣᠳᠤᠭᠠᠷ ᠰᠠᠷ᠎ᠠ ᠶ᠋ᠢᠨ ᠨᠢᠭᠡᠨ ᠦ᠌ ᠡᠳᠦᠷ ᠮᠥᠩᠬᠡ ᠬᠠᠭᠠᠨᠲᠤ ᠮᠣᠩᠭᠣᠯ ᠤᠯᠤᠰ ᠤ᠋ᠨ ᠶᠡᠬᠡ ᠬᠠᠭᠠᠨ ᠢ᠋ᠶ᠋ᠠᠷ ᠡᠷᠭᠦᠮᠵᠢᠯᠡᠭᠳᠡᠪᠡ᠃ ᠶᠣᠰᠣᠯᠠᠯ ᠨᠢ ᠦᠪᠡᠳᠡᠭᠰᠢ ᠶᠡᠬᠡ ᠪᠡᠷ ᠶᠠᠪᠤᠭᠳᠠᠵᠤ᠂ ᠪᠦᠬᠦᠯᠢ ᠳᠣᠯᠣᠭᠠᠨ ᠰᠥᠨᠢ ᠳᠣᠯᠣᠭᠠᠨ ᠡᠳᠦᠷ ᠦᠷᠭᠦᠯᠵᠢᠯᠡᠵᠡᠢ᠃ ᠥᠭᠡᠳᠡᠢ᠂ ᠴᠠᠭᠠᠲᠠᠢ ᠶ᠋ᠢᠨ ᠦᠷ᠎ᠡ ᠠᠴᠢᠨᠠᠷ ᠤ᠋ᠨ ᠪᠦᠯᠦᠭ ᠦ᠋ᠨ ᠬᠢᠨ ᠢᠯᠠᠭᠳᠠᠯ ᠳ᠋ᠠᠭᠠᠨ ᠵᠢᠷᠦᠬᠡ ᠨᠢ ᠦᠬᠦᠭᠰᠡᠨ ᠦᠭᠡᠢ ᠶᠤᠮ᠃ ᠲᠡᠳᠡᠨᠦᠰ ᠬᠤᠪᠢᠰᠤᠯ ᠭᠠᠷᠭᠠᠬᠤ ᠪᠠᠷ ᠬᠤᠤᠪᠢᠯᠳᠤᠵᠤ᠂ ᠡᠴᠦᠰ ᠲᠡᠭᠡᠨ ᠮᠥᠩᠬᠡ ᠬᠠᠭᠠᠨ ᠳ᠋ᠤ᠌ ᠰᠡᠷᠡᠭᠳᠡᠭᠡᠳ ᠴᠥᠮ ᠪᠠᠷᠢᠭᠳᠠᠪᠠ᠃ ᠬᠠᠢᠮᠢᠰᠢ ᠬᠠᠲᠤᠨ ᠬᠢᠭᠡᠳ ᠰᠢᠷᠡᠮᠦᠨ ᠦ᠌ ᠡᠬᠡ ᠬᠠᠳᠠᠭᠴᠢ ᠬᠠᠲᠤᠨ ᠢ᠋ ᠭᠣᠣᠯ ᠳ᠋ᠤ᠌ ᠬᠠᠶᠠᠵᠤ ᠴᠠᠴᠠᠭᠠᠨ ᠠᠯᠠᠵᠤ᠂ ᠰᠢᠷᠡᠮᠦᠨ᠂ ᠨᠤᠬᠤ ᠬᠣᠶᠠᠷ ᠢ᠋ ᠨᠠᠰᠤ ᠪᠠᠭ᠎ᠠ ᠮᠡᠳᠡᠯᠭᠡ ᠳᠤᠲᠠᠮᠠᠭ ᠭᠡᠵᠦ ᠠᠯᠠᠭᠰᠠᠨ ᠦᠭᠡᠢ ᠰᠢᠷ᠎ᠠ ᠭᠣᠷᠣᠬᠠᠨ ᠭᠡᠳᠡᠭ ᠭᠠᠵᠠᠷ ᠬᠣᠷᠢᠭᠰᠠᠨ ᠪᠠᠢᠨ᠎ᠠ᠃ ᠬᠠᠮᠲᠤ ᠬᠡᠷᠡᠭ ᠲᠦ᠍ ᠬᠣᠯᠪᠣᠭᠳᠠᠭᠰᠠᠨ ᠳᠠᠯᠠᠨ ᠬᠥᠮᠦᠨ ᠢ᠋ ᠦᠬᠦᠬᠦ ᠶᠠᠯ᠎ᠠ ᠪᠠᠷ ᠰᠢᠢᠳᠬᠡᠵᠡᠢ᠃ ᠢᠩᠭᠢᠭᠡᠳ ᠥᠭᠡᠳᠡᠢ ᠬᠠᠭᠠᠨ ᠤ᠋ ᠡᠵᠡᠮᠰᠢᠯ ᠨᠤᠲᠤᠭ ᠢ᠋ ᠬᠡᠰᠡᠭᠯᠡᠨ ᠬᠤᠪᠢᠶᠠᠵᠤ᠂ ᠦᠷ᠎ᠡ ᠠᠴᠢᠨᠠᠷ ᠲᠤ᠌ ᠨᠢ ᠬᠤᠪᠢᠳᠠᠵᠤ ᠦᠭᠭᠦᠭᠡᠳ 《ᠥᠭᠡᠳᠡᠢ ᠬᠠᠨ ᠤᠯᠤᠰ》 ᠢ᠋ ᠨᠡᠷ᠎ᠡ ᠨᠢ ᠪᠠᠢᠭᠠᠳ ᠨᠢᠳᠡᠷ ᠨᠢ ᠦᠭᠡᠢ ᠪᠣᠯᠲᠠᠯ᠎ᠠ ᠰᠠᠷᠨᠢᠭᠤᠯᠪᠠ᠃ ᠥᠭᠡᠳᠡᠢ ᠶ᠋ᠢᠨ ᠪᠦᠯᠦᠭ ᠦ᠋ᠨ ᠭᠣᠣᠯᠯᠠᠬᠤ ᠡᠲᠡᠭᠡᠳ ᠪᠣᠯᠬᠤ ᠴᠠᠭᠠᠲᠠᠢ ᠬᠠᠨ ᠤ᠋ ᠬᠥᠪᠡᠭᠦᠨ ᠶᠢᠰᠦᠮᠦ᠋ᠩᠬᠡ ᠬᠢᠭᠡᠳ ᠣᠮᠪᠣᠯᠣ ᠪᠦᠷᠢ ᠶ᠋ᠢ ᠪᠠᠷᠢᠪᠴᠢᠯᠠᠵᠤ ᠠᠯᠠᠭᠠᠳ᠂ ᠴᠠᠭᠠᠲᠠᠢ ᠶ᠋ᠢᠨ ᠣᠮᠪᠣᠯᠣ ᠬᠠᠷ᠎ᠠ ᠦᠯᠡᠬᠦ ᠶ᠋ᠢ ᠴᠠᠭᠠᠲᠠᠢ ᠬᠠᠨ ᠤᠯᠤᠰ ᠤ᠋ᠨ ᠡᠵᠡᠨ ᠪᠣᠯᠭᠠᠵᠠᠢ᠃ ᠪᠠᠰᠠ ᠶᠢᠰᠦᠮᠦ᠋ᠩᠬᠡ ᠶ᠋ᠢᠨ ᠳᠣᠣᠷᠠᠬᠢ ᠰᠠᠢᠳ ᠲᠦᠰᠢᠮᠡᠳ ᠢ᠋ ᠴᠥᠮ ᠠᠯᠠᠭᠰᠠᠨ ᠪᠠᠢᠨ᠎ᠠ᠃ ᠢᠩᠭᠢᠭᠡᠳ ᠮᠥᠩᠬᠡ ᠬᠠᠭᠠᠨ ᠴᠠᠭᠠᠲᠠᠢ᠂ ᠥᠭᠡᠳᠡᠢ ᠶ᠋ᠢᠨ ᠪᠦᠯᠦᠭ ᠦ᠋ᠨ ᠬᠢᠨ ᠢ᠋ ᠳᠠᠷᠤᠩᠭᠤᠢᠯᠠᠭᠠᠳ᠂ ᠰᠠᠮᠠᠭᠤᠷᠠᠯ ᠢ᠋ ᠲᠦᠪᠰᠢᠳᠬᠡᠵᠦ ᠥᠪᠡᠷ ᠦ᠋ᠨ ᠨᠣᠶᠠᠷᠬᠠᠬᠤ ᠪᠠᠢᠷᠢ ᠪᠠᠨ ᠪᠡᠬᠢᠵᠢᠭᠦᠯᠵᠦ ᠴᠢᠳᠠᠵᠠᠢ᠃ ᠥᠭᠡᠳᠡᠢ ᠬᠠᠭᠠᠨ ᠨᠠᠰᠤ ᠨᠥᠭᠴᠢᠭᠰᠡᠨ ᠡᠴᠡ ᠢᠨᠠᠭᠰᠢ ᠬᠠᠭᠠᠨ ᠣᠷᠣ ᠠᠷᠪᠠᠨ ᠬᠡᠳᠦᠨ ᠵᠢᠯ ᠬᠣᠭᠣᠰᠣᠨ ᠪᠠᠢᠪᠠ᠃ ᠡᠭᠦᠨ ᠦ᠌ ᠤᠯᠠᠮ ᠡᠴᠡ ᠤᠯᠤᠰ ᠭᠦᠷᠦᠨ ᠨᠢᠭᠡᠳᠦᠯ ᠢ᠋ᠶ᠋ᠡᠨ ᠠᠯᠳᠠᠵᠤ᠂ ᠡᠮᠬᠢ ᠵᠠᠮᠪᠠᠷᠠᠭ᠎ᠠ ᠦᠭᠡᠢ ᠪᠠᠢᠳᠠᠯ ᠳ᠋ᠤ᠌ ᠣᠷᠣᠭᠰᠠᠨ ᠪᠢᠯᠡ᠃ ᠮᠥᠩᠬᠡ ᠬᠠᠭᠠᠨ ᠡᠨᠡ ᠬᠦ ᠬᠡᠪ ᠦ᠋ᠨ ᠪᠤᠰᠤ ᠪᠠᠢᠳᠠᠯ ᠢ᠋ ᠥᠭᠡᠷᠡᠴᠢᠯᠡᠵᠦ ᠲᠥᠷᠥ ᠶ᠋ᠢᠨ ᠡᠷᠬᠡ ᠶ᠋ᠢ ᠲᠥᠪ ᠲᠦ᠍ ᠲᠥᠪᠯᠡᠷᠡᠭᠦᠯᠬᠦ ᠶ᠋ᠢᠨ ᠲᠥᠯᠥᠭᠡ᠂ ᠤᠯᠤᠰ ᠲᠥᠷᠥ ᠪᠠ ᠵᠣᠬᠢᠶᠠᠨ ᠪᠠᠢᠭᠤᠯᠤᠯᠲᠠ ᠶ᠋ᠢᠨ ᠲᠠᠯ᠎ᠠ ᠪᠠᠷ ᠬᠦᠴᠦᠲᠡᠢ ᠠᠷᠭ᠎ᠠ ᠬᠡᠮᠵᠢᠶ᠎ᠡ ᠠᠪᠴᠤ᠂ ᠴᠡᠷᠢᠭ ᠦ᠋ᠨ ᠶᠠᠪᠤᠳᠠᠯ ᠪᠠ ᠵᠠᠰᠠᠭ ᠵᠠᠬᠢᠷᠭ᠎ᠠ ᠶ᠋ᠢᠨ ᠪᠠᠢᠭᠤᠯᠤᠮᠵᠢ ᠶ᠋ᠢ ᠨᠢᠵᠡᠭᠡᠳ ᠵᠣᠬᠢᠶᠠᠨ ᠪᠠᠢᠭᠤᠯᠵᠤ᠂ ᠨᠠᠢᠳᠠᠪᠤᠷᠢᠲᠠᠢ ᠪᠥᠭᠡᠳ ᠴᠢᠳᠠᠪᠤᠷᠢᠲᠠᠢ ᠬᠥᠮᠦᠰ ᠢ᠋ ᠰᠣᠩᠭᠣᠨ ᠲᠣᠬᠢᠷᠠᠭᠤᠯᠵᠠᠢ᠃ ᠬᠠᠭᠠᠨᠲᠤ ᠮᠣᠩᠭᠣᠯ ᠤᠯᠤᠰ ᠤ᠋ᠨ ᠡᠮᠦᠨᠡᠲᠦ ᠬᠡᠰᠡᠭ ᠢ᠋ ᠤᠮᠠᠷᠠᠲᠤ ᠬᠢᠲᠠᠳ ᠢ᠋ᠶ᠋ᠠᠷ ᠭᠣᠣᠯ ᠪᠣᠯᠭᠠᠭᠠᠳ ᠵᠡᠭᠦᠨ ᠭᠠᠷ ᠭᠡᠵᠦ ᠳᠡᠭᠦᠦ ᠬᠤᠪᠢᠯᠠᠢ ᠳ᠋ᠠᠭᠠᠨ ᠳᠠᠭᠠᠭᠠᠯᠭᠠᠵᠤ᠂ ᠢᠷᠡᠨ ᠪᠣᠯᠤᠨ ᠲᠡᠭᠦᠨ ᠦ᠌ ᠣᠷᠴᠢᠨ ᠲᠣᠭᠣᠷᠢᠨ ᠢ᠋ ᠪᠠᠷᠠᠭᠤᠨ ᠭᠠᠷ ᠭᠡᠵᠦ ᠳᠡᠭᠦᠦ ᠦᠯᠡᠬᠦ ᠪᠡᠷ ᠵᠠᠬᠢᠷᠤᠭᠤᠯᠪᠠ᠃ ᠡᠭᠦᠨ ᠡᠴᠡ ᠪᠤᠰᠤᠳ ᠭᠠᠵᠠᠷ ᠲᠤ᠌ ᠪᠠᠰᠠ ᠰᠠᠢᠳ ᠲᠦᠰᠢᠮᠡᠳ ᠲᠣᠮᠢᠯᠠᠵᠤ ᠡᠵᠡᠮᠰᠢᠯ ᠢ᠋ᠶ᠋ᠡᠨ ᠴᠢᠩᠭᠠᠳᠬᠠᠵᠠᠢ᠃ ᠠᠵᠤ ᠠᠬᠤᠢ ᠶ᠋ᠢᠨ ᠲᠠᠯ᠎ᠠ ᠪᠠᠷ ᠨᠣᠶᠠᠳ ᠲᠦᠰᠢᠮᠡᠳ ᠦ᠋ᠨ ᠳᠤᠷ᠎ᠠ ᠪᠠᠷ ᠢ᠋ᠶ᠋ᠠᠨ ᠠᠯᠪᠠ ᠭᠤᠪᠴᠢᠭᠤᠷ ᠲᠠᠲᠠᠪᠤᠷᠢᠯᠠᠬᠤ ᠪᠠ ᠶᠣᠰᠣ ᠪᠤᠰᠤ ᠪᠠᠷ ᠥᠷᠲᠡᠭᠡ ᠤᠯᠠᠭ᠎ᠠ ᠬᠡᠷᠡᠭᠯᠡᠬᠦ ᠶ᠋ᠢ ᠬᠣᠷᠢᠭᠯᠠᠨ ᠵᠣᠭᠰᠣᠭᠠᠭᠠᠳ᠂ ᠠᠷᠠᠳ ᠢᠷᠭᠡᠳ ᠦ᠋ᠨ ᠡᠭᠦᠷᠭᠡ ᠳᠠᠷᠤᠭᠠᠰᠤ ᠶ᠋ᠢ ᠬᠥᠩᠭᠡᠯᠡᠪᠡ᠃ ᠥᠭᠡᠳᠡᠢ ᠬᠠᠭᠠᠨ ᠨᠠᠰᠤ ᠪᠠᠷᠠᠭᠰᠠᠨ ᠡᠴᠡ ᠬᠣᠢᠰᠢ᠂ ᠬᠠᠭᠠᠨᠲᠤ ᠮᠣᠩᠭᠣᠯ ᠤᠯᠤᠰ ᠤ᠋ᠨ ᠨᠣᠶᠠᠷᠬᠠᠭᠴᠢ ᠠᠩᠭᠢ ᠥᠪᠡᠷ ᠵᠠᠭᠤᠷ᠎ᠠ ᠪᠠᠨ ᠡᠷᠬᠡ ᠪᠤᠯᠢᠶᠠᠯᠳᠤᠨ ᠲᠡᠮᠡᠴᠡᠯᠳᠦᠭᠰᠡᠨ ᠡᠴᠡ ᠡᠮᠦᠨᠡᠲᠦ ᠰᠥᠩ ᠤᠯᠤᠰ ᠪᠠ ᠥᠷᠥᠨᠡᠳᠠᠬᠢᠨ ᠢ᠋ ᠳᠠᠢᠯᠠᠬᠤ ᠲᠡᠢᠨ ᠨᠢ ᠵᠣᠭᠰᠣᠩᠭᠤᠢᠷᠠᠬᠤ ᠪᠠᠢᠳᠠᠯ ᠳ᠋ᠤ᠌ ᠣᠷᠣᠭᠰᠠᠨ ᠶᠤᠮ᠃ ᠮᠥᠩᠬᠡ ᠬᠠᠭᠠᠨ ᠳᠣᠲᠣᠭᠠᠳᠤ ᠪᠠᠨ ᠴᠡᠭᠴᠡᠯᠡᠨ ᠲᠥᠷᠥ ᠪᠡᠨ ᠲᠦᠪᠰᠢᠷᠡᠭᠦᠯᠦᠮᠡᠭᠴᠡ ᠭᠠᠳᠠᠭᠰᠢ ᠲᠦᠷᠢᠬᠦ ᠲᠡᠢᠨ ᠦ᠌ ᠪᠡᠯᠡᠳᠬᠡᠯ ᠢ᠋ᠶ᠋ᠡᠨ ᠱᠠᠯᠠᠪᠳᠠᠨ ᠬᠢᠵᠦ ᠡᠬᠢᠯᠡᠵᠡᠢ᠃ 1252 ᠣᠨ ᠳ᠋ᠤ᠌ ᠮᠥᠩᠬᠡ ᠬᠠᠭᠠᠨ ᠳᠡᠭᠦᠦ ᠦᠯᠡᠬᠦ ᠪᠣᠯᠤᠨ ᠰᠦᠪᠡᠭᠡᠳᠡᠢ ᠳ᠋ᠦ᠍ ᠠᠷᠪᠠᠨ ᠬᠣᠶᠠᠷ ᠲᠦᠮᠡᠨ ᠮᠣᠩᠭᠣᠯ ᠴᠡᠷᠢᠭ ᠥᠭᠴᠦ ᠪᠠᠷᠠᠭᠤᠨᠰᠢ ᠳᠠᠢᠯᠠᠬᠤ ᠪᠠᠷ ᠮᠣᠷᠳᠠᠭᠤᠯᠪᠠ᠃ ᠦᠯᠡᠬᠦ ᠵᠢᠷᠭᠤᠭᠠᠨ ᠵᠢᠯ ᠰᠢᠬᠠᠮ ᠲᠡᠢᠨ ᠬᠢᠵᠦ ᠢᠷᠡᠨ᠂ ᠪᠠᠭᠳᠠᠳ᠋ ᠬᠣᠶᠠᠷ ᠤᠯᠤᠰ ᠢ᠋ ᠮᠥᠬᠥᠭᠡᠭᠡᠳ ᠢᠯ ᠬᠠᠭᠠᠨᠲᠤ ᠤᠯᠤᠰ ᠢ᠋ ᠪᠠᠢᠭᠤᠯᠵᠠᠢ᠃ 1252 ᠣᠨ ᠳ᠋ᠤ᠌ ᠮᠥᠩᠬᠡ ᠬᠠᠭᠠᠨ ᠳᠡᠭᠦᠦ ᠬᠤᠪᠢᠯᠠᠢ ᠪᠠ ᠶᠡᠬᠡ ᠥᠷᠯᠥᠭ ᠤᠷᠢᠶᠠᠩᠬᠠᠳᠠᠢ ᠳ᠋ᠤ᠌ ᠠᠷᠪᠠᠨ ᠲᠦᠮᠡᠨ ᠶᠡᠬᠡ ᠴᠡᠷᠢᠭ ᠥᠭᠴᠦ ᠳ᠋ᠠᠯᠢ ᠤᠯᠤᠰ ᠢ᠋ ᠳᠠᠢᠯᠠᠬᠤ ᠪᠠᠷ ᠮᠣᠷᠳᠠᠭᠤᠯᠪᠠ᠃ 1252 ᠣᠨ ᠡᠴᠡ 1258 ᠣᠨ ᠬᠦᠷᠲᠡᠯ᠎ᠡ ᠬᠤᠪᠢᠯᠠᠢ ᠪᠠ ᠤᠷᠢᠶᠠᠩᠬᠠᠳᠠᠢ ᠶ᠋ᠢᠨ ᠳᠠᠢᠴᠢᠯᠠᠭᠰᠠᠨ ᠶᠡᠬᠡ ᠴᠡᠷᠢᠭ ᠣᠯᠠᠨ ᠤᠳᠠᠭ᠎ᠠ ᠶ᠋ᠢᠨ ᠬᠤᠷᠴᠠ ᠰᠢᠷᠦᠭᠦᠨ ᠪᠠᠢᠯᠳᠤᠭᠠᠨ ᠢ᠋ ᠥᠩᠭᠡᠷᠡᠭᠡᠵᠦ ᠳ᠋ᠠᠯᠢ ᠤᠯᠤᠰ ᠢ᠋ ᠮᠥᠬᠥᠭᠡᠵᠦ᠂ ᠲᠥᠪᠡᠳ ᠢ᠋ ᠪᠠᠢᠯᠳᠤᠨ ᠳᠠᠭᠠᠭᠤᠯᠵᠤ᠂ ᠵᠢᠶᠣᠤ ᡁᠢ ᠤᠯᠤᠰ ᠢ᠋ ᠪᠠᠭᠤᠯᠭᠠᠵᠤ ᠠᠪᠴᠠᠢ᠃ 1254 ᠣᠨ ᠳ᠋ᠤ᠌ ᠮᠥᠩᠬᠡ ᠬᠠᠭᠠᠨ ᠧᠦ᠋ᠷᠣᠫᠠ ᠶ᠋ᠢᠨ ᠹᠠᠷᠠᠨᠺ ᠤ᠋ᠨ ᠯᠦᠢᠰ ᠸᠠᠩ ᠡᠴᠡ ᠮᠣᠩᠭᠣᠯ ᠤᠯᠤᠰ ᠲᠤ᠌ ᠲᠣᠮᠢᠯᠠᠵᠤ ᠢᠷᠡᠭᠦᠯᠦᠭᠰᠡᠨ ᠸᠢᠯᠢᠶᠡᠮ ᠷᠦᠪᠷᠦ᠋ᠭ ᠭᠡᠯᠦᠩ ᠢ᠋ ᠤᠷᠢᠳ ᠬᠣᠵᠢᠳ ᠬᠣᠶᠠᠷ ᠤᠳᠠᠭ᠎ᠠ ᠬᠦᠯᠢᠶᠡᠨ ᠠᠪᠴᠤ ᠠᠭᠤᠯᠵᠠᠭᠰᠠᠨ ᠪᠢᠯᠡ᠃ 《ᠸᠢᠯᠢᠶᠡᠮ ᠷᠦᠪᠷᠦ᠋ᠭ ᠦ᠋ᠨ ᠵᠢᠭᠤᠯᠴᠢᠯᠠᠯ ᠤ᠋ᠨ ᠲᠡᠮᠳᠡᠭᠯᠡᠯ》 ᠭᠡᠳᠡᠭ ᠵᠣᠬᠢᠶᠠᠯ ᠳ᠋ᠠᠭᠠᠨ ᠮᠥᠩᠬᠡ ᠬᠠᠭᠠᠨ ᠳ᠋ᠤ᠌ ᠪᠠᠷᠠᠯᠬᠠᠭᠰᠠᠨ ᠪᠠᠢᠳᠠᠯ ᠢ᠋ᠶ᠋ᠠᠨ ᠪᠢᠴᠢᠭᠰᠡᠨ ᠨᠢ᠄ 《ᠮᠠᠩᠭᠣ (ᠮᠥᠩᠬᠡ) ᠬᠠᠭᠠᠨ ᠡᠭᠡᠭᠡ ᠤᠰᠤᠨ ᠢᠷᠪᠢᠰ ᠦ᠋ᠨ ᠠᠷᠠᠰᠤ ᠮᠡᠲᠦ ᠲᠣᠯᠪᠣᠲᠠᠢ ᠦᠵᠡᠰᠬᠦᠯᠡᠩ ᠰᠠᠢᠬᠠᠨ ᠨᠡᠬᠡᠢ ᠳᠡᠪᠡᠯ ᠡᠮᠦᠰᠦᠭᠡᠳ ᠣᠷᠣ ᠳᠡᠭᠡᠷ᠎ᠡ ᠪᠡᠨ ᠰᠠᠭᠤᠵᠤ ᠪᠠᠢᠯ᠎ᠠ᠃ ᠲᠡᠷᠡ ᠪᠣᠯ ᠳᠥᠴᠢᠨ ᠲᠠᠪᠤᠨ ᠨᠠᠰᠤᠲᠠᠢ᠂ ᠮᠢᠯᠳᠠᠭᠠᠷᠬᠠᠨ ᠬᠠᠮᠠᠷ ᠲᠠᠢ᠂ ᠳᠤᠮᠳᠠ ᠶ᠋ᠢᠨ ᠪᠡᠶ᠎ᠡ ᠲᠡᠢ ᠬᠥᠮᠦᠨ ᠶᠤᠮ᠃ ᠵᠠᠯᠠᠭᠤ ᠬᠠᠲᠤᠨ ᠨᠢ ᠵᠡᠭᠦᠨ ᠲᠠᠯ᠎ᠠ ᠳ᠋ᠤᠨᠢ ᠣᠢᠷᠠᠬᠠᠨ ᠰᠠᠭᠤᠵᠤ᠂ ᠲᠡᠭᠦᠨ ᠦ᠌ ᠳᠠᠷᠠᠭᠠᠴᠢ ᠨᠢ ᠼᠠᠷᠢᠨ᠎ᠠ ᠭᠡᠳᠡᠭ ᠨᠢᠭᠡᠨ ᠰᠦᠷᠡᠬᠡᠢ ᠮᠠᠭᠤᠬᠠᠢ ᠵᠢᠰᠦ ᠲᠡᠢ ᠭᠡᠷᠯᠡᠭᠡᠳᠦᠢ ᠥᠬᠢᠨ ᠰᠠᠭᠤᠭᠰᠠᠨ ᠪᠠᠢᠬᠤ ᠪᠥᠭᠡᠳ ᠲᠡᠭᠦᠨ ᠦ᠌ ᠠᠷᠤ ᠳ᠋ᠤᠨᠢ ᠮᠥᠨ ᠢᠭᠢᠯᠬᠡᠨ ᠰᠠᠭᠤᠳᠠᠯ ᠳᠡᠭᠡᠷ᠎ᠡ ᠬᠡᠦᠬᠡᠳ ᠪᠠᠷ᠎ᠠ ᠪᠣᠯᠤᠨ ᠰᠠᠭᠤᠵᠠᠭᠠᠵᠠᠢ ᠁ ᠮᠠᠩᠭᠣ ᠬᠠᠭᠠᠨ ᠲᠡᠷᠡ ᠡᠮᠡᠭᠲᠡᠢ ᠶ᠋ᠢ ᠲᠤᠢᠯ ᠢ᠋ᠶ᠋ᠠᠷ ᠰᠠᠨᠠᠵᠤ ᠬᠠᠢᠷᠠᠯᠠᠳᠠᠭ ᠪᠠᠢᠭᠰᠠᠨ ᠪᠥᠭᠡᠳ ᠥᠨᠥᠬᠢ ᠡᠨᠡ ᠥᠬᠢᠨ ᠪᠣᠯ ᠲᠡᠷᠡ ᠡᠮᠡᠭᠲᠡᠢ ᠡᠴᠡ ᠲᠥᠷᠥᠭᠰᠡᠨ ᠶᠤᠮᠰᠠᠨᠵᠠᠢ᠃ ᠮᠠᠩᠭᠣ ᠬᠠᠭᠠᠨ ᠲᠡᠭᠦᠨ ᠦ᠌ ᠳᠠᠷᠠᠭ᠎ᠠ ᠨᠢ ᠰᠠᠶᠢ ᠥᠨᠥᠬᠢ ᠡᠨᠡ ᠵᠠᠯᠠᠭᠤ ᠬᠠᠲᠤᠨ ᠲᠠᠢ ᠪᠠᠨ ᠤᠷᠤᠭᠯᠠᠭᠰᠠᠨ ᠶᠤᠮ ᠪᠠᠢᠨ᠎ᠠ᠃ ᠭᠡᠲᠡᠯ᠎ᠡ ᠲᠡᠷᠡ ᠥᠬᠢᠨ ᠡᠨᠡ ᠣᠷᠳᠣᠨ ᠳ᠋ᠤ᠌ ᠬᠠᠲᠤᠨ ᠡᠴᠡ ᠢᠯᠡᠭᠦᠦ ᠡᠷᠬᠡ ᠮᠠᠲᠠᠯ ᠲᠠᠢ ᠪᠠᠢᠳᠠᠭ ᠠᠵᠢ᠃ ᠵᠠ ᠲᠡᠭᠡᠭᠡᠳ ᠶᠡᠬᠡ ᠬᠠᠭᠠᠨ ᠪᠢᠳᠡᠨ ᠢ᠋ ᠶᠠᠭᠤ ᠤᠤᠭᠤᠬᠤ ᠳᠤᠷ᠎ᠠ ᠲᠠᠢ ᠪᠣᠢ? ᠦᠵᠦᠮ ᠦ᠋ᠨ ᠠᠷᠢᠬᠢ᠂ ᠲᠧᠷᠡᠽᠢᠨ (ᠳᠡᠷᠡᠰᠦᠨ) ᠠᠷᠢᠬᠢ ᠪᠤᠶᠤ ᠪᠤᠳᠠᠭᠠᠨ ᠤ᠋ ᠠᠷᠢᠬᠢ᠂ ᠬᠠᠷ᠎ᠠ ᠺᠦᠮᠢᠰ᠂ ᠪᠠᠯᠲᠤ ᠠᠷᠢᠬᠢ ᠵᠡᠷᠭᠡ ᠡᠴᠡ ᠠᠯᠢ ᠶ᠋ᠢ ᠨᠢ ᠤᠤᠭᠤᠬᠤ ᠳᠤᠷ᠎ᠠ ᠲᠠᠢ ᠪᠣᠢ? ᠭᠡᠵᠦ ᠪᠤᠰᠤᠳ ᠬᠥᠮᠦᠨ ᠢ᠋ᠶ᠋ᠡᠷ ᠳᠠᠮᠵᠢᠭᠤᠯᠤᠨ ᠠᠰᠠᠭᠤᠪᠠ᠃ ᠲᠡᠳᠡ ᠨᠠᠷ ᠪᠣᠯ ᠡᠪᠦᠯ ᠳ᠋ᠡᠭᠡᠨ ᠡᠢᠮᠦ ᠳᠥᠷᠪᠡᠨ ᠵᠦᠢᠯ ᠦ᠋ᠨ ᠤᠮᠳᠠᠭᠠᠨ ᠢ᠋ ᠤᠤᠭᠤᠵᠤ ᠡᠳ᠋ᠯᠡᠳᠡᠭ ᠠᠵᠢ᠃ ᠲᠡᠭᠡᠬᠦᠯᠡᠷ ᠨᠢ ᠪᠢ ᠄ <ᠪᠢᠳᠡᠨ ᠪᠣᠯ ᠠᠷᠢᠬᠢ ᠰᠢᠯᠢᠵᠦ ᠤᠤᠭᠤᠳᠠᠭ ᠤᠯᠤᠰ ᠪᠢᠰᠢ ᠶᠤᠮ᠃ ᠠᠯᠢ ᠨᠢ ᠪᠣᠯᠪᠠᠴᠤ ᠡᠷᠬᠢᠮ ᠲᠠᠨ ᠤ᠋ ᠲᠠᠭᠠᠯᠠᠯ ᠲᠠᠢ ᠵᠦᠢᠯ ᠡᠴᠡ ᠯᠡ ᠠᠮᠰᠠᠵᠤ ᠬᠦᠷᠲᠡᠬᠦ ᠶ᠋ᠢ ᠬᠦᠰᠡᠵᠦ ᠪᠠᠢᠨ᠎ᠠ>ᠭᠡᠵᠦ ᠬᠠᠷᠢᠭᠤᠯᠪᠠ᠃ ᠢᠩᠭᠢᠬᠦᠯᠡᠷ ᠮᠠᠩᠭᠣ ᠬᠠᠭᠠᠨ ᠪᠢᠳᠡᠨ ᠳ᠋ᠦ᠍ ᠲᠧᠷᠡᠽᠢᠨ ᠡᠴᠡ ᠪᠡᠨ ᠬᠡᠮᠨᠡᠭᠦᠯᠵᠦ ᠥᠭᠪᠡ᠃ ᠥᠨᠥᠬᠢ ᠨᠢ ᠴᠡᠭᠡᠨ ᠲᠤᠩᠭᠠᠯᠠᠭ ᠮᠥᠷᠲᠡᠭᠡᠨ ᠴᠠᠭᠠᠨ ᠦᠵᠦᠮ ᠦ᠋ᠨ ᠠᠷᠢᠬᠢ ᠮᠡᠲᠦ ᠠᠩᠬᠢᠯᠤᠭᠤᠨ ᠰᠠᠢᠬᠠᠨ ᠦᠨᠦᠷᠲᠡᠢ ᠶᠤᠮ ᠪᠢᠯᠡ᠃ ᠪᠢᠳᠡᠨᠡᠷ ᠶᠡᠬᠡ ᠬᠠᠭᠠᠨ ᠳ᠋ᠤ᠌ ᠶᠣᠰᠣ ᠮᠡᠨᠳᠦᠴᠢᠯᠡᠯ ᠢ᠋ᠶ᠋ᠡᠨ ᠭᠦᠢᠴᠡᠳᠬᠡᠵᠦ ᠪᠠᠬᠠᠨ ᠤᠤᠭᠤᠵᠠᠭᠠᠪᠠ》 ᠭᠡᠵᠡᠢ᠃ ᠸᠢᠯᠢᠶᠡᠮ ᠷᠦᠪᠷᠦ᠋ᠭ ᠢ᠋ ᠤᠯᠤᠰ ᠲᠠᠭᠠᠨ ᠪᠤᠴᠠᠬᠤ ᠦᠶ᠎ᠡ ᠳ᠋ᠦ᠍ᠨᠢ ᠮᠥᠩᠬᠡ ᠬᠠᠭᠠᠨ ᠡᠴᠡ ᠹᠠᠷᠠᠨᠺ ᠤ᠋ᠨ ᠯᠦᠢᠰ ᠸᠠᠩ ᠳ᠋ᠤ᠌ ᠬᠠᠷᠢᠭᠤ ᠵᠠᠬᠢᠳᠠᠯ ᠢᠯᠡᠭᠡᠭᠰᠡᠨ ᠪᠢᠯᠡ᠃ 1256 ᠣᠨ ᠪᠣᠯᠬᠤ ᠳ᠋ᠤ᠌ ᠮᠥᠩᠬᠡ ᠬᠠᠭᠠᠨ ᠤ᠋ ᠲᠣᠮᠢᠯᠠᠭᠰᠠᠨ ᠬᠣᠶᠠᠷ ᠵᠠᠮ ᠤ᠋ᠨ ᠴᠡᠷᠢᠭ ᠤᠳᠠᠭ᠎ᠠ ᠳᠠᠷᠠᠭ᠎ᠠ ᠪᠠᠷ ᠢᠯᠠᠯᠲᠠ ᠣᠯᠵᠤ ᠪᠠᠢᠪᠠ᠃ ᠥᠷᠥᠨᠡᠳᠠᠬᠢᠨ ᠳ᠋ᠤ᠌ ᠮᠣᠷᠳᠠᠭᠰᠠᠨ ᠦᠯᠡᠬᠦ ᠶ᠋ᠢᠨ ᠶᠡᠬᠡ ᠴᠡᠷᠢᠭ ᠫᠧᠷᠰ ᠤᠯᠤᠰ ᠢ᠋ ᠲᠦᠪᠰᠢᠳᠬᠡᠭᠡᠳ᠂ ᠪᠠᠭᠳᠠᠳ᠋ ᠤᠯᠤᠰ ᠢ᠋ ᠴᠢᠭᠯᠡᠨ ᠤᠷᠤᠭᠰᠢᠯᠠᠵᠤ ᠪᠠᠢᠵᠠᠢ᠃ ᠢᠯᠠᠩᠭᠤᠶ᠎ᠠ ᠬᠤᠪᠢᠯᠠᠢ᠂ ᠤᠷᠢᠶᠠᠩᠬᠠᠳᠠᠢ ᠬᠣᠶᠠᠷ ᠤ᠋ᠨ ᠳᠠᠢᠴᠢᠯᠠᠭᠰᠠᠨ ᠶᠡᠬᠡ ᠴᠡᠷᠢᠭ ᠲᠥᠪᠡᠳ ᠢ᠋ ᠲᠦᠪᠰᠢᠳᠬᠡᠵᠦ᠂ ᠳ᠋ᠠᠯᠢ ᠤᠯᠤᠰ ᠢ᠋ ᠪᠠᠢᠯᠳᠤᠨ ᠳᠠᠭᠠᠭᠤᠯᠪᠠ᠃ ᠡᠨᠡ ᠨᠢ ᠮᠥᠩᠬᠡ ᠬᠠᠭᠠᠨ ᠤ᠋ ᠡᠮᠦᠨᠡᠲᠦ ᠰᠥᠩ ᠤᠯᠤᠰ ᠢ᠋ ᠪᠦᠰᠡᠯᠡᠨ ᠴᠣᠬᠢᠬᠤ ᠲᠥᠯᠥᠪᠯᠡᠭᠡ ᠨᠢᠭᠡᠨᠲᠡ ᠪᠡᠶᠡᠯᠡᠭᠳᠡᠭᠰᠡᠨ ᠢ᠋ ᠬᠠᠷᠠᠭᠤᠯᠵᠤ ᠪᠠᠢᠨ᠎ᠠ᠃ ᠡᠮᠦᠨᠡᠲᠦ ᠰᠥᠩ ᠤᠯᠤᠰ ᠡᠮᠦᠨ᠎ᠡ᠂ ᠬᠣᠢᠨ᠎ᠠ᠂ ᠪᠠᠷᠠᠭᠤᠨ ᠭᠤᠷᠪᠠᠨ ᠲᠠᠯ᠎ᠠ ᠪᠠᠷ ᠢ᠋ᠶ᠋ᠠᠨ ᠬᠠᠭᠠᠨᠲᠤ ᠮᠣᠩᠭᠣᠯ ᠤᠯᠤᠰ ᠲᠤ᠌ ᠪᠦᠰᠡᠯᠡᠭᠳᠡᠭᠡᠳ ᠶᠠᠭ ᠨᠡᠯᠦᠭᠡᠷ ᠶᠡᠬᠡ ᠳᠠᠯᠠᠢ ᠳᠤᠮᠳᠠᠬᠢ ᠥᠨᠥᠴᠢᠨ ᠠᠷᠠᠯ ᠰᠢᠭ᠋ ᠭᠠᠭᠴᠠᠭᠠᠷᠳᠠᠭᠰᠠᠨ ᠪᠠᠢᠳᠠᠯ ᠳ᠋ᠤ᠌ ᠣᠷᠣᠪᠠ᠃ ᠮᠥᠩᠬᠡ ᠬᠠᠭᠠᠨ ᠡᠮᠦᠨᠡᠲᠦ ᠰᠥᠩ ᠤᠯᠤᠰ ᠢ᠋ ᠳᠠᠢᠯᠠᠬᠤ ᠪᠠᠷ ᠲᠣᠭᠲᠠᠵᠤ᠂ ᠲᠡᠢᠨ ᠳ᠋ᠦ᠍ ᠮᠣᠷᠳᠠᠬᠤ ᠪᠠᠷ ᠴᠡᠷᠢᠭ ᠮᠣᠷᠢ ᠪᠠᠨ ᠪᠡᠯᠡᠳᠬᠡᠵᠦ ᠡᠬᠢᠯᠡᠵᠡᠢ᠃ 1258 ᠣᠨ ᠳ᠋ᠤ᠌ ᠮᠥᠩᠬᠡ ᠬᠠᠭᠠᠨ ᠴᠡᠷᠢᠭ ᠢ᠋ᠶ᠋ᠡᠨ ᠭᠤᠷᠪᠠᠨ ᠵᠠᠮ ᠬᠤᠪᠢᠶᠠᠵᠤ᠂ ᠥᠪᠡᠷ ᠢ᠋ᠶ᠋ᠡᠨ ᠳᠤᠮᠳᠠ ᠵᠠᠮ ᠤ᠋ᠨ ᠴᠡᠷᠢᠭ ᠢ᠋ ᠳᠠᠢᠴᠢᠯᠠᠵᠤ ᠰᠧᠴᠤᠸᠠᠨ ᠤᠷᠤᠭᠤ ᠣᠷᠣᠵᠠᠢ᠃ ᠮᠥᠩᠬᠡ ᠬᠠᠭᠠᠨ ᠤ᠋ ᠭᠤᠷᠪᠠᠨ ᠵᠠᠮ ᠤ᠋ᠨ ᠴᠡᠷᠢᠭ ᠨᠢᠰᠬᠦ ᠮᠡᠲᠦ ᠤᠷᠤᠭᠰᠢᠯᠠᠵᠤ᠂ ᠣᠯᠠᠨ ᠤᠳᠠᠭ᠎ᠠ ᠶ᠋ᠢᠨ ᠰᠢᠷᠦᠭᠦᠨ ᠪᠠᠢᠯᠳᠤᠭᠠᠨ ᠢ᠋ ᠥᠩᠭᠡᠷᠡᠭᠦᠯᠵᠦ ᠴᠧᠩᠳᠦ᠋ ᠵᠡᠷᠭᠡ ᠬᠣᠲᠠ ᠪᠣᠭᠣᠮᠲᠠ ᠶ᠋ᠢ ᠡᠵᠡᠯᠡᠭᠰᠡᠨ ᠪᠠᠢᠨ᠎ᠠ᠃ 1259 ᠣᠨ ᠳ᠋ᠤ᠌ ᠮᠥᠩᠬᠡ ᠬᠠᠭᠠᠨ ᠣᠯᠠᠨ ᠵᠠᠮ ᠤ᠋ᠨ ᠴᠡᠷᠢᠭ ᠢ᠋ ᠶᠡᠷᠦᠩᠬᠡᠢᠯᠡᠨ ᠵᠠᠬᠢᠷᠴᠤ ᠡᠾᠧᠵᠸᠦ (ᠣᠳᠣᠬᠢ ᠰᠧᠴᠤᠸᠠᠨ ᠤ᠋ ᠡᠾᠧᠴᠤᠸᠠᠨ ᠪᠣᠯᠤᠨ᠎ᠠ) ᠬᠣᠲᠠ ᠶ᠋ᠢ ᠪᠦᠰᠡᠯᠡᠨ ᠪᠠᠢᠯᠳᠤᠪᠠ᠃ ᠡᠨᠡ ᠦᠶ᠎ᠡ ᠳ᠋ᠦ᠍ ᠴᠢᠪ ᠭᠡᠮᠡᠨ ᠵᠤᠨ ᠤ᠋ ᠤᠯᠠᠷᠢᠯ ᠪᠠᠢᠵᠤ᠂ ᠠᠭᠤᠷ ᠠᠮᠢᠰᠬᠤᠯ ᠪᠦᠭᠴᠢᠮ ᠬᠠᠯᠠᠭᠤᠨ ᠪᠥᠭᠡᠳ ᠴᠢᠭᠢᠭ ᠬᠤᠷ᠎ᠠ ᠶᠡᠬᠡ᠂ ᠪᠠᠰᠠ ᠡᠪᠡᠳᠴᠢᠨ ᠡᠮᠭᠡᠭ ᠳᠡᠯᠭᠡᠷᠡᠭᠰᠡᠨ ᠪᠣᠯᠬᠣᠷ ᠨᠡᠯᠢᠶᠡᠳ ᠣᠯᠠᠨ ᠴᠡᠷᠢᠭ ᠡᠪᠡᠳᠴᠢᠯᠡᠭᠰᠡᠨ ᠪᠠᠢᠨ᠎ᠠ᠃ ᠮᠥᠩᠬᠡ ᠬᠠᠭᠠᠨ ᠴᠦ ᠬᠦᠨᠳᠦ ᠡᠪᠡᠳᠴᠢᠯᠡᠭᠡᠳ ᠴᠡᠷᠢᠭ ᠦ᠋ᠨ ᠬᠤᠸᠠᠷᠠᠨ ᠳ᠋ᠠᠭᠠᠨ ᠨᠠᠰᠤ ᠪᠠᠷᠠᠪᠠ᠃ ᠡᠨᠡ ᠨᠢ 1259 ᠣᠨ ᠤ᠋ ᠨᠠᠢ᠍ᠮᠠᠳᠤᠭᠠᠷ ᠰᠠᠷ᠎ᠠ ᠶ᠋ᠢᠨ ᠠᠷᠪᠠᠨ ᠨᠢᠭᠡᠨ ᠦ᠌ ᠡᠳᠦᠷ ᠭᠠᠷᠤᠭᠰᠠᠨ ᠬᠡᠷᠡᠭ ᠪᠢᠯᠡ᠃ ᠲᠡᠷᠡ ᠦᠶ᠎ᠡ ᠳ᠋ᠦ᠍ ᠮᠥᠩᠬᠡ ᠬᠠᠭᠠᠨ ᠰᠠᠶᠢ ᠲᠠᠪᠢᠨ ᠬᠣᠶᠠᠷ ᠲᠠᠢ ᠪᠥᠯᠥᠭᠡ᠃ ᠶᠡᠬᠡ ᠰᠠᠭᠤᠷᠢᠨ ᠳ᠋ᠤ᠌ ᠶᠢᠰᠦᠨ ᠵᠢᠯ ᠰᠠᠭᠤᠪᠠ᠃ ᠮᠥᠩᠬᠡ ᠬᠠᠭᠠᠨ ᠤᠤᠯ ᠨᠢ ᠡᠸ᠋ᠵᠸᠦ (ᠬᠤᠪᠧᠢ ᠶ᠋ᠢᠨ ᠦᠴᠠᠩ ᠬᠣᠲᠠ) ᠳ᠋ᠤ᠌ ᠬᠤᠪᠢᠯᠠᠢ᠂ ᠤᠷᠢᠶᠠᠩᠬᠠᠳᠠᠢ ᠲᠠᠢ ᠨᠡᠢᠯᠡᠵᠦ᠂ ᠭᠤᠷᠪᠠᠨ ᠵᠠᠮ ᠤ᠋ᠨ ᠴᠡᠷᠢᠭ ᠴᠤᠭᠭᠠᠷ ᠵᠡᠭᠦᠨᠰᠢ ᠳᠠᠢᠯᠠᠵᠤ ᠰᠥᠩ ᠤᠯᠤᠰ ᠢ᠋ ᠮᠥᠬᠥᠭᠡᠬᠦ ᠪᠡᠷ ᠲᠥᠯᠥᠪᠯᠡᠵᠦ ᠪᠠᠢᠵᠠᠢ᠃ ᠭᠡᠲᠡᠯ᠎ᠡ ᠲᠡᠷᠡ ᠵᠠᠪᠰᠢᠶᠠᠨ ᠪᠤᠰᠤ ᠪᠠᠷ ᠨᠠᠰᠤ ᠪᠠᠷᠠᠭᠠᠳ᠂ ᠲᠡᠭᠦᠨ ᠦ᠌ ᠠᠤᠭ᠎ᠠ ᠵᠣᠷᠢᠯᠭ᠎ᠠ ᠨᠢ ᠪᠡᠶᠡᠯᠡᠭᠳᠡᠵᠦ ᠡᠰᠡ ᠴᠢᠳᠠᠪᠠ᠃ ᠬᠤᠪᠢᠯᠠᠢ ᠬᠠᠭᠠᠨ ᠣᠷᠣ ᠶ᠋ᠢ ᠵᠠᠯᠭᠠᠮᠵᠢᠯᠠᠭᠰᠠᠨ ᠤ᠋ ᠳᠠᠷᠠᠭ᠎ᠠ᠂ ᠮᠥᠩᠬᠡ ᠬᠠᠭᠠᠨ ᠢ᠋ ᠰᠢᠶᠠᠨᠽᠦ᠋ᠩ ᠬᠤᠸᠠᠩᠳᠢ ᠬᠠᠭᠠᠨ ᠭᠡᠵᠦ ᠨᠡᠬᠡᠮᠵᠢᠯᠡᠨ ᠡᠷᠭᠦᠮᠵᠢᠯᠡᠪᠡ᠃ ᠮᠥᠩᠬᠡ ᠬᠠᠭᠠᠨ ᠳᠥᠷᠪᠡᠨ ᠬᠥᠪᠡᠭᠦᠨ ᠲᠡᠢ᠂ ᠲᠡᠳᠡᠭᠡᠷ ᠨᠢ ᠪᠠᠯᠲᠤ᠂ ᠠᠰᠤᠲᠠᠢ᠂ ᠦᠷᠭᠡᠨᠳᠠᠰᠢ᠂ ᠰᠢᠷᠭᠢ ᠨᠠᠷ ᠪᠣᠯᠤᠨ᠎ᠠ᠃
 

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах