ᠠᠩᠴᠢᠳxᠠᠩᠴᠢᠳ01-10- ᠶᠠᠫᠥᠨ ᠤ ᠬᠡᠦᠬᠡᠯᠳᠡᠢ ᠺᠢᠨᠣ᠋Анчид x Анчид Anchid x Anchid ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠩᠴᠢᠳxᠠᠩᠴᠢᠳ01-10- ᠶᠠᠫᠥᠨ ᠤ ᠬᠡᠦᠬᠡᠯᠳᠡᠢ ᠺᠢᠨᠣ᠋Анчид x Анчид Anchid x Anchid

ᠠᠩᠴᠢᠳxᠠᠩᠴᠢᠳ01-10- ᠶᠠᠫᠥᠨ ᠤ ᠬᠡᠦᠬᠡᠯᠳᠡᠢ ᠺᠢᠨᠣ᠋Анчид x Анчид Anchid x Anchid

2022-09-07

491

ᠪᠤᠰᠤᠳ ᠪᠦᠯᠦᠭ ᠲᠠᠢ ᠵᠠᠯᠭᠠᠬᠤ

ᠠᠩᠴᠢᠳ x ᠠᠩᠴᠢᠳ (Hunter x Hunter)

ᠠᠩᠴᠢᠳ x ᠠᠩᠴᠢᠳ(Hunter x Hunter) ᠨᠢ ᠶᠣᠰᠢᠭᠢᠷᠣ ᠲᠣᠭᠠᠰᠢ ᠶ᠋ᠢᠨ ᠶᠠᠫᠣᠨ ᠮᠠᠩᠭ᠎ᠠ ᠪᠦᠲᠦᠭᠡᠯ ᠶᠦᠮ᠃Weekly Shonen Jump ᠰᠡᠳᠬᠦᠯ ᠦ᠋ᠨ 1998 ᠣᠨ ᠤ᠋ 14 ᠳ᠋ᠦ᠍ᠭᠡᠷ ᠳ᠋ᠦ᠍ᠭᠡᠷ ᠡᠴᠡ ᠴᠤᠪᠤᠷᠠᠯ ᠢ᠋ᠶ᠋ᠠᠷ ᠭᠠᠷᠴᠤ ᠡᠬᠢᠯᠡᠭᠰᠡᠨ᠃ 2022 ᠣᠨ ᠤ᠋ 7 ᠳ᠋ᠤᠭᠠᠷ ᠰᠠᠷ᠎ᠠ ᠶ᠋ᠢᠨ ᠪᠠᠢᠳᠠᠯ ᠢ᠋ᠶ᠋ᠠᠷ ᠴᠤᠪᠤᠷᠠᠯ ᠤ᠋ᠨ ᠬᠤᠷᠠᠮᠳᠤᠯᠠᠭᠳᠠᠭᠰᠠᠨ ᠡᠷᠭᠢᠯᠲᠡ (ᠳ᠋ᠢᠵᠢᠲᠠᠯ᠎ᠠ ᠬᠤᠪᠢᠯᠪᠤᠷᠢ ᠶ᠋ᠢ ᠣᠷᠣᠭᠤᠯᠤᠭᠠᠳ) 84 ᠰᠠᠶ᠎ᠠ ᠳᠠᠪᠠᠵᠠᠢ᠃ ᠲᠣᠪᠴᠢᠯᠠᠯ ᠨᠢ 《H×H》᠃ ᠡᠨᠡ ᠨᠢ 《ONE PIECE》 ᠦ᠋ᠨ  ᠳᠠᠷᠠᠭᠠᠬᠢ ᠬᠣᠶᠠᠷ ᠳᠠᠬᠢ ᠤᠷᠲᠤ ᠪᠦᠲᠦᠭᠡᠯ ᠶᠦᠮ᠃

ᠭᠣᠣᠯ ᠳᠦᠷᠢ ᠭᠣᠩ ᠹᠷᠢᠺᠰ ᠬᠡᠵᠢᠶ᠎ᠡ ᠴᠦ᠍ ᠠᠭᠤᠯᠵᠠᠵᠤ ᠪᠠᠢᠭ᠎ᠠ ᠦᠭᠡᠢ ᠵᠢᠩ ᠠᠪᠤ ᠲᠠᠢ ᠪᠠᠨ ᠠᠭᠤᠯᠵᠠᠬᠤ ᠶ᠋ᠢᠨ ᠲᠤᠯᠠᠳᠠ ᠠᠪᠤ ᠶ᠋ᠢᠨ ᠢ᠋ᠶ᠋ᠡᠨ ᠮᠡᠷᠭᠡᠵᠢᠯ ᠪᠠᠢᠭᠰᠠᠨ ᠠᠩᠴᠢᠨ ᠪᠣᠯᠵᠤ᠂ ᠨᠠᠢᠵᠠ ᠨᠠᠷ ᠲᠠᠢ ᠪᠠᠨ ᠬᠠᠷᠢᠯᠴᠠᠭ᠎ᠠ ᠪᠠᠨ ᠭᠦᠨᠵᠡᠭᠡᠢᠷᠡᠭᠦᠯᠬᠦ ᠶ᠋ᠢᠨ ᠵᠡᠷᠭᠡᠴᠡᠭᠡ ᠬᠡᠷᠬᠢᠨ ᠬᠥᠭᠵᠢᠵᠦ ᠪᠠᠢᠭ᠎ᠠ ᠶ᠋ᠢ ᠬᠠᠷᠠᠭᠤᠯᠤᠭᠰᠠᠨ ᠰᠢᠷᠦᠭᠦᠨ ᠬᠥᠳᠡᠯᠭᠡᠨᠲᠦ ᠵᠦᠴᠦᠭᠡ ᠶᠦᠮ᠃
ᠴᠤᠭᠯᠠᠭᠤᠯᠳᠠᠭ ᠵᠤᠷᠰᠢᠯ ᠲᠠᠢ ᠲᠣᠭᠠᠰᠢ 《ᠠᠩᠴᠢᠨ》 ᠨᠡᠷ᠎ᠡ ᠲᠡᠢ ᠪᠦᠲᠦᠭᠡᠯ ᠴᠤᠭᠯᠠᠭᠤᠯᠬᠤ ᠵᠤᠭ᠎ᠠ ᠲᠠᠢ ᠰᠡᠳᠦᠪ ᠢ᠋ᠶ᠋ᠡᠷ ᠵᠣᠬᠢᠶᠠᠭᠰᠠᠨ ᠪᠠᠢᠨ᠎ᠠ᠃ ᠶᠠᠩᠵᠤ ᠪᠦᠷᠢ ᠶ᠋ᠢᠨ ᠠᠩᠴᠢᠳ ᠢ᠋ ᠵᠢᠷᠤᠬᠤ ᠶᠤᠮᠰᠠᠨ ᠭᠡᠰᠡᠨ ᠰᠠᠨᠠᠭ᠎ᠠ ᠪᠠᠨ ᠥᠷᠭᠡᠵᠢᠭᠦᠯᠦᠭᠰᠡᠨ᠃ ᠮᠥᠨ ᠬᠣᠲᠠ ᠶ᠋ᠢᠨ ᠲᠥᠪ ᠦ᠋ᠨ ᠨᠡᠪᠲᠡᠷᠡᠭᠦᠯᠭᠡ ᠳ᠋ᠦ᠍ 《ᠢᠵᠢᠯ ᠦᠭᠡ ᠶ᠋ᠢ ᠳᠠᠪᠲᠠᠬᠤ》 ᠰᠡᠳᠦᠪ ᠡᠴᠡ 《АНЧИН×АНЧИН》 ᠬᠡᠮᠡᠬᠦ ᠪᠦᠲᠦᠭᠡᠯ ᠦ᠋ᠨ ᠨᠡᠷ᠎ᠡ ᠲᠥᠷᠥᠭᠰᠡᠨ᠃
ᠡᠨᠡ ᠪᠦᠲᠦᠭᠡᠯ ᠨᠢ Shonen ᠮᠠᠩᠭ᠎ᠠ ᠶ᠋ᠢᠨ ᠳᠤᠮᠳᠠ ᠴᠣᠴᠢᠷᠳᠠᠮᠠᠷ ᠳᠦᠷᠰᠦᠯᠡᠯ ᠶᠡᠬᠡ ᠲᠡᠢ ᠪᠥᠭᠡᠳ ᠬᠥᠭᠵᠢᠯ ᠨᠢ ᠬᠠᠷᠭᠢᠰ ᠬᠡᠷᠴᠡᠭᠡᠢ᠂ ᠥᠷᠥᠰᠢᠶᠡᠯ ᠦᠭᠡᠢ ᠶᠦᠮ᠃ ᠢᠯᠠᠩᠭᠤᠶ᠎ᠠ Chimera-Ant ᠬᠡᠪᠯᠡᠯ ᠳ᠋ᠦ᠍ ᠤᠷᠢᠳ ᠡᠮᠦᠨᠡᠬᠢ ᠡᠴᠡ ᠪᠡᠨ ᠢᠯᠡᠭᠦᠦ ᠷᠠᠳᠢᠺᠠᠯ ᠳᠦᠷᠰᠦᠯᠡᠯ ᠦ᠋ᠳ ᠵᠢᠷᠤᠭᠰᠠᠨ᠃ ᠳᠡᠭᠡᠷ᠎ᠡ ᠡᠴᠡ ᠨᠢ ᠶᠢᠷᠲᠢᠨᠴᠦ ᠶ᠋ᠢ ᠦᠵᠡᠬᠦ ᠦᠵᠡᠯ᠂ ᠳᠦᠷᠢ ᠨᠦ᠍ᠭᠦᠳ ᠨᠢ ᠨᠠᠷᠢᠨ ᠪᠦᠲᠦᠭᠡᠭᠳᠡᠭᠰᠡᠨ᠂ Shonen ᠮᠠᠩᠭ᠎ᠠ ᠶ᠋ᠢᠨ ᠬᠤᠪᠢ ᠳ᠋ᠤ᠌ ᠲᠣᠬᠢᠷᠠᠭ᠎ᠠ ᠨᠢ ᠮᠠᠰᠢ ᠲᠦᠪᠡᠭᠲᠡᠢ᠂ ᠪᠢᠴᠢᠪᠦᠷᠢ ᠳ᠋ᠦ᠍ ᠣᠯᠠᠨ ᠲᠠᠢᠯᠪᠤᠷᠢ ᠪᠠᠢᠳᠠᠭ᠃ ᠢᠯᠠᠩᠭᠤᠶ᠎ᠠ ᠬᠠᠮᠤᠭ ᠤ᠋ᠨ ᠰᠡᠭᠦᠯ ᠦ᠋ᠨ ᠪᠦᠯᠦᠭ ᠪᠣᠯᠬᠤ 《ᠬᠠᠷᠠᠩᠭᠤᠢ ᠲᠢᠪ》 ᠦ᠋ᠨ ᠠᠭᠤᠯᠭ᠎ᠠ ᠡᠮᠦᠨᠡᠬᠢ ᠡᠴᠡ ᠪᠡᠨ ᠢᠯᠡᠭᠦᠦ ᠬᠡᠴᠡᠭᠦᠦ ᠪᠣᠯᠤᠭᠰᠠᠨ᠃ ᠬᠡᠳᠦᠢᠪᠡᠷ ᠬᠠᠷᠠᠩᠭᠤᠢ ᠲᠢᠪ ᠭᠡᠵᠦ ᠶᠠᠷᠢᠳᠠᠭ ᠴᠦ᠍ ᠬᠠᠷᠠᠩᠭᠤᠢ ᠲᠢᠪ ᠲᠦ᠍ ᠬᠠᠷᠠᠬᠠᠨ ᠢᠷᠡᠭᠡ ᠦᠭᠡᠢ ᠪᠠᠢᠭ᠎ᠠ ᠪᠥᠭᠡᠳ ᠵᠠᠮ ᠳ᠋ᠤ᠌ ᠨᠢ ᠬᠦᠯᠦᠭ ᠣᠩᠭᠣᠴᠠᠨ ᠳᠡᠭᠡᠷ᠎ᠡ ᠲᠣᠮᠣᠬᠠᠨ ᠭᠦᠷᠦᠨ ᠦ᠌ ᠬᠠᠭᠠᠨ ᠰᠢᠷᠡᠭᠡᠨ ᠦ᠌ ᠲᠥᠯᠥᠭᠡ ᠤᠯᠤᠰ ᠲᠥᠷᠥ ᠶ᠋ᠢᠨ ᠮᠠᠷᠭᠤᠭᠠᠨ ᠥᠷᠨᠢᠵᠦ ᠪᠠᠢᠨ᠎ᠠ᠃