ᠲᠡᠨᠡᠭ ᠡᠪᠡᠰᠦТэнэг өвсTeneg övs ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠨᠡᠭ ᠡᠪᠡᠰᠦТэнэг өвсTeneg övs

ᠲᠡᠨᠡᠭ ᠡᠪᠡᠰᠦТэнэг өвсTeneg övs

2025-05-14

217

     ᠲᠤᠰ ᠡᠮ ᠪᠣᠯ ᠬᠠᠰᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠲᠡᠨᠡᠭ ᠡᠪᠡᠰᠦ ᠶ᠋ᠢᠨ ᠪᠣᠯᠪᠠᠰᠤᠷᠠᠮᠠᠯ ᠦᠷ᠎ᠡ ᠮᠥᠨ᠃ ᠪᠠᠰᠠ ᠰᠢᠷ᠎ᠠ ᠲᠠᠩᠫᠣᠷᠣᠮ᠂ ᠶᠠ ᠲᠠᠩᠫᠤᠷᠤᠮ᠂ ᠡᠷᠢᠶᠡᠨ ᠳᠠᠩᠫᠣᠷᠣᠮ ᠭᠡᠳᠡᠭ᠃
    [ ᠤᠤᠯ ᠤᠷᠭᠤᠮᠠᠯ] ᠨᠢᠭᠡ ᠪᠤᠶᠤ ᠬᠣᠶᠠᠷ ᠨᠠᠰᠤᠲᠤ ᠡᠪᠡᠰᠦᠯᠢᠭ ᠤᠷᠭᠤᠮᠠᠯ᠃ ᠡᠲᠡᠭᠡᠳ ᠦᠮᠡᠬᠡᠢ ᠦᠨᠦᠷ ᠲᠡᠢ᠃ ᠦᠨᠳᠦᠰᠦ ᠨᠢ ᠮᠢᠬᠠᠯᠢᠭ᠂ ᠲᠤᠷᠤᠭ ᠪᠦᠳᠦᠭᠦᠨ᠂ ᠣᠯᠠᠨ ᠰᠠᠯᠠᠭᠠᠯᠠᠨ᠎ᠠ᠃ ᠡᠰᠢ ᠨᠢ40~80cm ᠥᠨᠳᠥᠷ᠂ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠂ ᠪᠦᠬᠦ ᠪᠡᠶ᠎ᠡ ᠳᠤᠨᠢ ᠴᠠᠭᠠᠨ ᠪᠤᠯᠴᠢᠷᠬᠠᠢ ᠦᠰᠦ ᠲᠡᠢ᠃ ᠤᠵᠠᠭᠤᠷ ᠤ᠋ᠨ ᠨᠠᠪᠴᠢ ᠨᠢ ᠲᠣᠮᠣ᠂ ᠨᠠᠪᠴᠢᠨ ᠪᠠᠷᠢᠭᠤᠯ ᠨᠢ ᠬᠠᠪᠲᠠᠭᠠᠢ ᠥᠷᠭᠡᠨ ᠮᠥᠷᠲᠡᠭᠡᠨ ᠣᠬᠣᠷ᠂ ᠨᠠᠪᠴᠢ ᠨᠢ ᠤᠷᠲᠤ ᠥᠨᠳᠡᠭᠡᠯᠵᠢᠨ ᠬᠡᠯᠪᠡᠷᠢ ᠲᠡᠢ᠂14~20cm ᠤᠷᠲᠤ᠂ ᠵᠢᠭᠳᠡ ᠪᠤᠰᠤ ᠥᠳᠥᠯᠢᠭ ᠭᠦᠢᠬᠡᠨ ᠣᠨᠢ ᠲᠠᠢ᠂ ᠰᠡᠵᠢᠭᠦᠷ ᠢᠯᠲᠠᠰᠤ ᠨᠢ ᠭᠤᠷᠪᠠᠯᠵᠢᠨ ᠪᠤᠶᠤ ᠨᠠᠷᠢᠨ ᠭᠤᠷᠪᠠᠯᠵᠢᠨ ᠬᠡᠯᠪᠡᠷᠢ ᠲᠡᠢ᠂ ᠱᠣᠪᠣᠭᠣᠷ ᠦᠵᠦᠭᠦᠷ ᠲᠡᠢ᠂ ᠬᠣᠶᠠᠷ ᠲᠠᠯ᠎ᠠ ᠪᠦᠷᠢ ᠳᠤᠨᠢ ᠴᠠᠭᠠᠨ ᠥᠩᠭᠡ ᠲᠡᠢ ᠪᠣᠰᠤᠭ᠎ᠠ ᠦᠰᠦ ᠲᠡᠢ᠂ ᠠᠷᠤ ᠳ᠋ᠠᠬᠢ ᠦᠰᠦ ᠨᠢ ᠵᠤᠵᠠᠭᠠᠨ᠂ ᠡᠰᠢᠨ ᠳ᠋ᠡᠬᠢ ᠨᠠᠪᠴᠢ ᠨᠢ ᠨᠡᠯᠢᠶᠡᠳ ᠢᠬᠴᠤ᠂ ᠴᠤᠪᠤᠷᠠᠨ ᠤᠷᠭᠤᠨ᠎ᠠ᠂ ᠪᠠᠷᠢᠭᠤᠯ ᠦᠭᠡᠢ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠲᠠᠯ᠎ᠠ ᠪᠦᠷᠢ ᠳᠤᠨᠢ2~5 ᠰᠡᠢᠷᠡᠭ ᠲᠣᠮᠣ ᠡᠮᠲᠡᠷᠬᠡᠢ ᠪᠤᠶᠤ ᠭᠦᠢᠬᠡᠨ ᠣᠨᠢ ᠲᠠᠢ᠂ ᠨᠠᠪᠴᠢ ᠨᠢ ᠳᠡᠭᠡᠭᠰᠢᠯᠡᠬᠦ ᠲᠤᠲᠤᠮ ᠵᠢᠵᠢᠭ ᠪᠣᠯᠳᠠᠭ᠃ ᠬᠠᠮᠤᠭ ᠳᠡᠭᠡᠷ᠎ᠡ ᠬᠡᠰᠡᠭ ᠦ᠋ᠨ ᠨᠠᠪᠴᠢ ᠨᠢ ᠶᠡᠷᠦ ᠳ᠋ᠡᠭᠡᠨ ᠰᠣᠯᠪᠢᠴᠠᠨ ᠴᠤᠪᠤᠷᠠᠭᠠᠳ2 ᠮᠥᠷ ᠰᠢᠭ ᠪᠣᠯᠳᠠᠭ᠃ ᠴᠡᠴᠡᠭ ᠨᠢ ᠭᠠᠭᠴᠠᠭᠠᠷ ᠨᠠᠪᠴᠢᠨ ᠰᠤᠭᠤ ᠳ᠋ᠤ᠌ ᠳᠡᠯᠭᠡᠷᠡᠨ᠎ᠡ᠃ ᠳ᠋ᠢᠶᠠᠮᠧᠲ᠋ᠷ ᠨᠢ2~3cm᠂ ᠴᠡᠴᠡᠭ ᠦ᠋ᠨ ᠲᠣᠭᠳᠣᠢ ᠨᠢ ᠴᠣᠮᠣ ᠰᠢᠭ᠋᠂ ᠨᠣᠭᠣᠭᠠᠨ ᠥᠩᠭᠡ ᠲᠡᠢ᠂5 ᠭᠦᠢᠬᠡᠨ ᠬᠡᠷᠴᠢᠶᠡᠰᠦ ᠣᠨᠢ ᠲᠠᠢ᠂ ᠭᠠᠳᠠᠭᠤᠷ ᠨᠢ ᠪᠣᠰᠤᠭ᠎ᠠ ᠴᠠᠭᠠᠨ ᠵᠥᠭᠡᠯᠡᠨ ᠦᠰᠦ ᠲᠡᠢ᠂ ᠴᠡᠴᠡᠭ ᠦ᠋ᠨ ᠳᠡᠯᠪᠢ ᠨᠢ ᠶᠡᠭᠦᠯᠡᠭᠦᠷ ᠰᠢᠭ᠂5 ᠭᠦᠢᠬᠡᠨ ᠣᠨᠢ ᠲᠠᠢ᠂ ᠶᠡᠷᠦ ᠳ᠋ᠡᠭᠡᠨ1 ᠣᠨᠢ ᠨᠢ ᠨᠡᠯᠢᠶᠡᠳ ᠭᠦᠨ᠂ ᠰᠡᠵᠢᠭᠦᠷ ᠢᠯᠲᠠᠰᠤ ᠶ᠋ᠢᠨ ᠦᠵᠦᠭᠦᠷ ᠨᠢ ᠮᠣᠬᠣᠭᠣ ᠲᠣᠭᠣᠷᠢᠭ᠂ ᠭᠦᠢᠬᠡᠨ ᠰᠢᠷ᠎ᠠ ᠥᠩᠭᠡ ᠲᠡᠢ᠂ ᠪᠣᠷᠣ ᠲᠣᠣᠷᠯᠢᠭ ᠰᠤᠳᠠᠯ ᠤ᠋ᠨ ᠠᠷᠲᠠᠢ᠂ ᠭᠠᠳᠠᠷ ᠨᠢ ᠣᠬᠣᠷ ᠵᠥᠭᠡᠯᠡᠨ ᠦᠰᠦ ᠲᠡᠢ᠃5 ᠡᠷ᠎ᠡ ᠲᠣᠭᠣᠷᠴᠣᠭ ᠲᠠᠢ᠂ ᠴᠡᠴᠡᠭ ᠦ᠋ᠨ ᠳᠡᠯᠪᠢ ᠶ᠋ᠢᠨ ᠬᠣᠭᠣᠯᠠᠢ ᠳᠡᠭᠡᠷ᠎ᠡ ᠤᠷᠭᠤᠨ᠎ᠠ᠃ ᠤᠷᠲᠤ ᠣᠬᠣᠷ ᠨᠢ ᠲᠡᠩᠴᠡᠭᠦᠦ ᠪᠤᠰᠤ᠂ ᠴᠡᠴᠡᠭ ᠦ᠋ᠨ ᠬᠡᠯᠲᠡᠰ ᠦ᠋ᠨ ᠬᠣᠭᠣᠯᠠᠢ ᠲᠠᠢ ᠪᠠᠨ ᠪᠠᠷᠤᠭ ᠲᠡᠩᠴᠡᠭᠦᠦ ᠤᠷᠲᠤ᠂ ᠲᠣᠭᠣᠰᠣᠪᠴᠢ ᠨᠢ ᠭᠦᠨ ᠬᠥᠬᠡᠪᠲᠦᠷ ᠪᠣᠷᠣ ᠥᠩᠭᠡ ᠲᠡᠢ᠃ ᠤᠮᠠᠢ ᠨᠢ ᠵᠣᠣᠪᠠᠩᠯᠢᠭ ᠬᠡᠯᠪᠡᠷᠢ ᠲᠡᠢ᠂ ᠭᠠᠭᠴᠠ ᠴᠡᠴᠡᠭ ᠦ᠋ᠨ ᠪᠠᠭᠠᠨ᠎ᠠ ᠲᠠᠢ᠂ ᠪᠠᠭᠠᠨ᠎ᠠ ᠶ᠋ᠢᠨ ᠠᠮᠠᠰᠠᠷ ᠨᠢ ᠲᠣᠯᠣᠭᠠᠢ ᠬᠡᠯᠪᠡᠷᠢ ᠲᠡᠢ᠂ ᠴᠡᠴᠡᠭ ᠦ᠋ᠨ ᠲᠣᠭᠳᠣᠢ ᠬᠣᠭᠣᠯᠠᠢ ᠶ᠋ᠢᠨ ᠤᠭ ᠨᠢ ᠲᠣᠮᠣᠷᠠᠵᠤ ᠮᠥᠩᠬᠡ ᠣᠷᠣᠰᠢᠬᠤ ᠪᠥᠭᠡᠳ ᠳᠡᠪᠦᠷ᠎ᠡ ᠬᠡᠯᠪᠡᠷᠢᠲᠦ ᠬᠣᠩᠭᠣᠷᠴᠣᠭᠲᠤ ᠵᠢᠮᠢᠰ ᠢ᠋ᠶ᠋ᠡᠨ ᠪᠠᠭᠯᠠᠵᠤ ᠪᠣᠢ᠂2 ᠲᠠᠰᠤᠭ ᠲᠠᠢ᠂ ᠬᠠᠪᠬᠠᠭᠳᠠᠨ ᠬᠠᠭᠠᠷᠠᠨ᠎ᠠ᠃ ᠮᠠᠰᠢ ᠣᠯᠠᠨ ᠦᠷ᠎ᠡ ᠲᠡᠢ᠂ ᠡᠮᠬᠢ ᠦᠭᠡᠢ ᠥᠷᠭᠡᠨ ᠪᠥᠭᠡᠷᠡᠨ ᠬᠡᠯᠪᠡᠷᠢ ᠲᠡᠢ᠂ ᠬᠥᠪᠦᠷᠡᠯ ᠨᠢ ᠮᠤᠷᠤᠢ ᠤᠷᠭᠤᠨ᠎ᠠ᠃6~8 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
    [ ᠤᠷᠭᠤᠬᠤ ᠣᠷᠴᠢᠨ ᠬᠢᠭᠡᠳ ᠲᠠᠷᠬᠠᠴᠠ] ᠠᠢᠯ ᠲᠣᠰᠬᠣᠨ᠂ ᠵᠠᠮ ᠤ᠋ᠨ ᠵᠠᠬ᠎ᠠ᠂ ᠬᠡᠭᠡᠷ᠎ᠡ ᠲᠠᠯ᠎ᠠ ᠳ᠋ᠤ᠌ ᠤᠷᠭᠤᠨ᠎ᠠ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠾᠧᠨᠠᠨ᠂ ᠱᠠᠨ ᠰᠢ᠂ ᠱᠠᠨᠰᠢ᠂ ᠨᠢᠩᠰᠢᠶᠠ᠂ ᠭᠠᠨᠰᠦ᠂ ᠬᠥᠬᠡᠨᠠᠭᠤᠷ᠂ ᠰᠢᠨᠵᠢᠶᠠᠩ᠂ ᠱᠠᠨᠳᠦ᠋ᠩ᠂ ᠵᠢᠶᠠᠩᠰᠦ᠂ ᠵᠧᠵᠢᠶᠠᠩ᠂ ᠵᠢᠶᠠᠩᠰᠢ᠂ ᠲᠥᠪᠡᠳ ᠲᠦ ᠲᠠᠷᠬᠠᠴᠠ ᠲᠠᠢ᠃
    [ ᠲᠡᠭᠦᠵᠦ ᠪᠣᠯᠪᠠᠰᠤᠷᠠᠭᠤᠯᠬᠤ]8~10 ᠳ᠋ᠤᠭᠠᠷ ᠰᠠᠷ᠎ᠠ ᠳ᠋ᠤ᠌ ᠵᠢᠮᠢᠰ ᠨᠢ ᠪᠣᠯᠪᠠᠰᠤᠷᠠᠪᠠᠯ ᠬᠠᠳᠤᠵᠤ ᠠᠪᠤᠭᠠᠳ᠂ ᠬᠠᠲᠠᠭᠠᠭᠰᠠᠨ ᠤ᠋ ᠰᠡᠭᠦᠯᠡᠷ ᠦᠷ᠎ᠡ ᠶ᠋ᠢ ᠨᠢ ᠭᠦᠪᠢᠵᠦ ᠠᠪᠤᠭᠠᠳ ᠠᠷᠢᠯᠭᠠᠨ᠎ᠠ᠃
    [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠲᠡᠭᠰᠢ ᠴᠢᠨᠠᠷ ᠲᠠᠢ᠂ ᠰᠢᠷᠦᠭᠦᠨ᠂ ᠮᠣᠬᠣᠳᠠᠭ᠂ ᠲᠣᠰᠣᠯᠢᠭ ᠡᠷᠳᠡᠮ ᠲᠡᠢ᠂ ᠶᠡᠬᠡ ᠬᠣᠣᠷ ᠲᠠᠢ᠃
    [ ᠴᠢᠳᠠᠯ ᠪᠠ ᠭᠣᠣᠯᠳᠠᠭᠤ ᠵᠠᠰᠠᠬᠤ] ᠬᠣᠷᠣᠬᠠᠢ ᠶ᠋ᠢ ᠨᠢᠲᠤᠯᠬᠤ᠂ ᠡᠪᠡᠳᠬᠦ ᠶ᠋ᠢ ᠵᠣᠭᠰᠣᠭᠠᠬᠤ᠂ ᠲᠠᠢᠳᠬᠤᠷᠠᠭᠤᠯᠬᠤ ᠴᠢᠳᠠᠯ ᠲᠠᠢ᠃ ᠭᠣᠣᠯᠳᠠᠭᠤ ᠠᠷᠠᠰᠤᠨ ᠤ᠋ ᠬᠣᠷᠣᠬᠠᠢ᠂ ᠳᠣᠲᠣᠷ ᠬᠣᠷᠣᠬᠠᠢ᠂ ᠤᠮᠠᠢ ᠶ᠋ᠢᠨ ᠬᠣᠷᠣᠬᠠᠢ᠂ ᠶᠠᠮ᠎ᠠ᠂ ᠬᠣᠳᠣᠭᠣᠳᠣ᠂ ᠣᠯᠣᠭᠠᠢ ᠶ᠋ᠢᠨ ᠴᠠᠩᠬ᠎ᠠ᠂ ᠰᠣᠯᠢᠶᠠᠷᠠᠬᠤ᠂ ᠮᠠᠨᠠᠷᠠᠬᠤ᠂ ᠤᠮᠠᠷᠲᠠᠬᠤ᠂ ᠤᠨᠠᠳᠠᠭ ᠡᠪᠡᠳᠴᠢᠨ᠂ ᠰᠡᠳᠬᠢᠯ ᠦ᠋ᠨ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
   
     ᠬᠢᠲᠠᠳ ᠨᠡᠷ᠎ᠡ᠄天仙子 (莨菪)
     ᠠᠩᠭ᠌ᠯᠢ ᠨᠡᠷ᠎ᠡ᠄ Hyoscyamus  niger  L.

      ᠦᠰᠦᠭ ᠠᠮᠢᠯᠠᠭᠤᠯᠤᠭᠴᠢ᠄ ᠤᠷᠠᠨᠴᠢᠮᠡᠭ
      ᠬᠢᠨᠠᠭᠴᠢ᠄ ᠲᠤᠶᠠᠭ᠎ᠠ