ᠲᠡᠪ ᠲᠡᠭᠷᠢ – ᠮᠡᠩᠯᠢᠭ ᠦᠨ ᠰᠣᠯᠢᠶᠠᠲᠦ - ᠴᠢᠩᠭᠢᠰ ᠬᠠᠭᠠᠨ ᠊ᠤ᠌ ᠨᠢᠭᠤᠴᠠ ᠲᠡᠦᠬᠡ 07 Тэв тэнгэр –Мэнлэгийн солиот - Чингис хаан оо нууц түүх 07
ᠲᠡᠪ ᠲᠡᠭᠷᠢ ——
ᠮᠡᠩᠯᠢᠭ ᠦ᠋ᠨ ᠰᠣᠯᠢᠶᠠᠲᠤ
ᠲᠡᠮᠦᠵᠢᠨ᠂ ᠳᠠᠪ ᠲᠩᠷᠢ ᠶ᠋ᠢᠨ ᠢᠳᠢ ᠰᠢᠳᠢ ᠶ᠋ᠢ ᠦᠵᠡᠵᠦ ᠮᠡᠳᠡᠭᠰᠡᠨ ᠲᠤᠯᠠ ᠳᠣᠲᠣᠷ᠎ᠠ ᠪᠠᠨ ᠡᠮᠢᠶᠡᠵᠦ᠂ ᠲᠡᠭᠦᠨ ᠲᠡᠢ ᠶᠡᠬᠡ ᠯᠡ ᠠᠶᠠᠲᠠᠢ ᠵᠥᠭᠡᠯᠡᠨ᠂ ᠬᠦᠨᠳᠦᠳᠬᠡᠯᠲᠡᠢ ᠬᠠᠷᠢᠴᠠᠬᠤ ᠶ᠋ᠢ ᠬᠢᠴᠢᠶᠡᠨ᠎ᠡ᠃ ᠢᠩᠭᠢᠬᠦ ᠵᠠᠢᠯᠠᠰᠢ ᠦᠭᠡᠢ ᠤᠴᠢᠷ ᠰᠢᠯᠲᠠᠭᠠᠨ ᠲᠡᠮᠦᠵᠢᠨ ᠳ᠋ᠦ᠍ ᠪᠠᠢᠭᠰᠠᠨ ᠪᠢᠯᠡ᠃ ᠶᠢᠰᠦᠭᠡᠢ ᠶ᠋ᠢᠨ ᠬᠠᠷᠠᠴᠤ ᠮᠡᠩᠯᠢᠭ ᠦ᠋ᠨ ᠬᠥᠪᠡᠭᠦᠨ ᠬᠥᠭᠡᠴᠦ᠂ ᠲᠡᠮᠦᠵᠢᠨ ᠡᠴᠡ ᠬᠣᠶᠠᠷ ᠨᠠᠰᠤ ᠪᠠᠷ ᠳᠡᠭᠦᠦ ᠪᠥᠭᠡᠳ ᠡᠴᠢᠭᠡ ᠶ᠋ᠢ ᠪᠡᠨ ᠳᠠᠭᠠᠵᠤ ᠵᠠᠮᠤᠬ᠎ᠠ ᠶ᠋ᠢᠨ ᠬᠠᠷᠢᠶᠠᠨ ᠳ᠋ᠤ᠌ ᠣᠴᠢᠭᠰᠠᠨ ᠠ᠋ᠴᠠ ᠪᠠᠨ ᠬᠣᠢᠰᠢ ᠲᠩᠷᠢ ᠲᠡᠢ ᠶᠠᠷᠢᠵᠤ᠂ ᠥᠪᠡᠷ ᠦ᠋ᠨ ᠢᠳᠢ ᠰᠢᠳᠢ ᠪᠡᠷ ᠴᠠᠰᠤ ᠪᠣᠷᠣᠭ᠎ᠠ ᠶ᠋ᠢ ᠬᠠᠷᠢᠭᠤᠯᠵᠤ᠂ ᠡᠪᠡᠳᠴᠢᠨ ᠬᠠᠭᠤᠴᠢᠨ ᠢ᠋ ᠡᠳᠡᠭᠡᠨ ᠭᠠᠢ ᠵᠣᠪᠠᠯᠠᠩ ᠠ᠋ᠴᠠ ᠵᠠᠢᠯᠠᠭᠤᠯᠵᠤ ᠴᠢᠳᠠᠳᠠᠭ ᠳᠠᠯᠳᠠ ᠶ᠋ᠢᠨ ᠬᠦᠴᠦ ᠪᠡᠷ ᠢ᠋ᠶ᠋ᠡᠨ ᠣᠯᠠᠨ ᠤ᠋ ᠳᠤᠮᠳᠠ ᠰᠢᠳᠦᠭᠳᠡᠨ ᠳᠠᠷᠬᠠᠯᠠᠭᠳᠠᠭᠰᠠᠨ ᠨᠡᠷᠡᠲᠡᠢ ᠪᠥᠬᠡ ᠪᠣᠯᠵᠤ ᠳᠠᠪ ᠲᠩᠷᠢ ᠴᠣᠯᠠ ᠶ᠋ᠢ ᠣᠯᠵᠠᠢ᠃ ᠮᠡᠩᠯᠢᠭ ᠬᠠᠷ᠎ᠠ ᠪᠠᠭ᠎ᠠ ᠠ᠋ᠴᠠ ᠶᠢᠰᠦᠭᠡᠢ ᠶ᠋ᠢᠨ ᠠᠭᠲᠠᠨ ᠤ᠋ ᠠᠯᠪᠠᠨ ᠳ᠋ᠤ᠌ ᠵᠠᠷᠤᠭᠳᠠᠨ ᠲᠡᠳᠡᠨ ᠦ᠌ ᠬᠠᠶᠠᠭ᠎ᠠ ᠶ᠋ᠢ ᠰᠠᠬᠢᠵᠤ ᠶᠠᠪᠤᠭᠰᠠᠨ ᠲᠤᠯᠠ ᠬᠥᠪᠡᠭᠦᠳ ᠨᠢ ᠲᠡᠮᠦᠵᠢᠨ᠂ ᠬᠠᠰᠠᠷ ᠨᠠᠷ ᠲᠠᠢ ᠲᠣᠭᠯᠠᠵᠤ ᠥᠰᠦᠭᠰᠡᠨ ᠶᠦᠮ᠃ ᠶᠢᠰᠦᠭᠡᠢ ᠶ᠋ᠢᠨ ᠦᠬᠦᠭᠰᠡᠨ ᠡᠴᠡ ᠬᠣᠢᠨ᠎ᠠ ᠥᠭᠡᠯᠦᠨ ᠦ᠌ ᠠᠯᠪᠠᠲᠤ ᠨᠤᠭᠤᠳ ᠢ᠋ ᠰᠠᠯᠵᠤ ᠨᠡᠭᠦᠬᠦ ᠭᠡᠵᠦ ᠪᠠᠢᠬᠤ ᠳ᠋ᠤ᠌ ᠣᠴᠢᠵᠤ ᠪᠣᠯᠢᠭᠤᠯᠬᠤ ᠭᠡᠵᠦ ᠢᠳᠬᠠᠭᠰᠠᠨ ᠠ᠋ᠴᠠ ᠪᠠᠨ ᠪᠣᠯᠵᠤ ᠲᠠᠢᠴᠢᠭᠤᠳ ᠤ᠋ᠨ ᠲᠣᠯᠣᠭᠠᠢᠯᠠᠭᠴᠢ ᠲᠠᠷᠭᠤᠲᠠᠢ ᠳ᠋ᠤ᠌ ᠵᠢᠳᠠᠯᠠᠭᠳᠠᠭᠰᠠᠨ ᠮᠡᠩᠯᠢᠭ ᠦ᠋ᠨ ᠡᠴᠢᠭᠡ ᠴᠠᠷᠠᠬ᠎ᠠ ᠡᠪᠦᠭᠡᠨ ᠢ᠋ ᠬᠡᠪᠲᠡᠷᠢ ᠳ᠋ᠦ᠍ ᠠᠬᠤᠢ ᠳ᠋ᠤᠨᠢ ᠲᠡᠮᠦᠵᠢᠨ ᠡᠷᠭᠢᠵᠦ ᠣᠴᠢᠪᠠ᠃ ᠥᠪᠡᠷᠰᠡᠳ ᠦ᠋ᠨ ᠬᠢᠨᠢ ᠲᠥᠯᠥᠭᠡ ᠶᠠᠪᠤᠭᠠᠳ ᠦᠬᠦᠯ ᠦ᠋ᠨ ᠰᠢᠷᠬ᠎ᠠ ᠣᠯᠤᠭᠰᠠᠨ ᠬᠥᠭᠡᠷᠦᠬᠦᠢ ᠡᠪᠦᠭᠡᠨ ᠢ᠋ ᠦᠵᠡᠭᠡᠳ ᠲᠡᠮᠦᠵᠢᠨ ᠦ᠌ ᠪᠢᠴᠢᠬᠠᠨ ᠵᠢᠷᠦᠬᠡ ᠠᠩᠬ᠎ᠠ ᠤᠳᠠᠭ᠎ᠠ ᠬᠥᠮᠦᠨ ᠦ᠌ ᠲᠤᠰᠠ ᠶ᠋ᠢ ᠬᠡᠵᠢᠶ᠎ᠡ ᠴᠦ᠍ ᠮᠠᠷᠲᠠᠵᠤ ᠪᠣᠯᠬᠤ ᠦᠭᠡᠢ ᠶ᠋ᠢ ᠭᠦᠨᠵᠡᠭᠡᠢ ᠤᠬᠠᠭᠠᠷᠠᠭᠰᠠᠨ ᠪᠢᠯᠡ᠃ ᠶᠢᠰᠦᠭᠡᠢ ᠡᠵᠡᠨ ᠳ᠋ᠡᠭᠡᠨ ᠦᠨᠡᠨᠴᠢ ᠴᠠᠷᠠᠬ᠎ᠠ ᠡᠪᠦᠭᠡᠨ ᠳᠡᠮᠡᠢ ᠶᠠᠭᠤᠮ᠎ᠠ ᠬᠢᠵᠡᠢ᠃ ᠪᠣᠷᠵᠢᠭᠢᠨ ᠠᠢᠮᠠᠭ ᠤ᠋ᠨ ᠬᠠᠪᠰᠤᠷᠭ᠎ᠠ ᠪᠣᠯᠵᠤ ᠶᠠᠪᠤᠭᠰᠠᠨ ᠲᠠᠢᠴᠢᠭᠤᠳ ᠲᠤ᠌ ᠶᠢᠰᠦᠭᠡᠢ ᠶ᠋ᠢᠨ ᠦᠬᠦᠯ ᠳᠠᠬᠢᠨ ᠣᠯᠳᠠᠰᠢ ᠦᠭᠡᠢ ᠰᠠᠢᠬᠠᠨ ᠪᠣᠯᠤᠮᠵᠢ ᠣᠯᠭᠣᠭᠰᠠᠨ ᠲᠤᠯᠠ ᠲᠡᠳᠡ ᠤᠶᠠᠭᠠᠨ ᠠ᠋ᠴᠠ ᠠᠯᠳᠠᠭᠤᠷᠠᠭᠰᠠᠨ ᠨᠣᠬᠠᠳ ᠮᠡᠲᠦ ᠵᠢᠭᠤᠲᠠᠭᠠᠨ ᠣᠳᠴᠠᠢ᠃ ᠲᠡᠳᠡᠨ ᠲᠡᠢ ᠶᠡᠬᠡᠳᠡ ᠵᠢᠭᠤᠷᠠᠯᠳᠤᠨ ᠬᠠᠭᠤᠴᠢᠨ ᠶᠠᠪᠤᠳᠠᠯ ᠢ᠋ ᠰᠠᠨᠠᠭᠤᠯᠤᠨ ᠪᠤᠴᠠᠭᠠᠬᠤ ᠭᠡᠵᠦ ᠣᠷᠣᠯᠳᠣᠪᠠᠯ ᠬᠡᠨ ᠴᠦ᠍ ᠪᠠᠢᠭᠰᠠᠨ ᠠᠯᠠᠭᠤᠯᠵᠤ ᠪᠣᠯᠬᠤ ᠪᠠᠢᠪᠠ᠃
ᠡᠨᠡ ᠴᠠᠭ ᠲᠤ᠌ ᠲᠡᠮᠦᠵᠢᠨ ᠠᠷᠪᠠᠨ ᠨᠠᠰᠤ ᠠᠷᠠᠢ ᠬᠦᠷᠦᠭᠡ ᠦᠭᠡᠢ ᠪᠠᠢᠵᠠᠢ᠃ ᠶᠢᠰᠦᠭᠡᠢ ᠦᠬᠦᠬᠦ ᠳ᠋ᠡᠭᠡᠨ ᠳᠡᠷᠭᠡᠳᠡ ᠪᠡᠨ ᠣᠢᠷ᠎ᠠ ᠪᠠᠢᠭᠰᠠᠨ ᠥᠪᠡᠷ ᠦ᠋ᠨ ᠵᠠᠷᠤᠴᠠ ᠮᠡᠩᠯᠢᠭ ᠢ᠋ ᠥᠨᠥᠴᠢᠨ ᠬᠥᠪᠡᠭᠦᠳ ᠢ᠋ᠶ᠋ᠡᠨ᠂ ᠪᠡᠯᠪᠡᠰᠦᠨ ᠡᠮᠡᠰ ᠢ᠋ᠶ᠋ᠡᠨ ᠠᠰᠠᠷᠠᠵᠤ ᠶᠠᠪᠤᠬᠤ ᠶ᠋ᠢ ᠭᠡᠷᠢᠶᠡᠰᠯᠡᠨ ᠦᠯᠡᠳᠡᠭᠡᠭᠰᠡᠨ ᠨᠢ ᠲᠡᠷᠡ ᠴᠠᠭ ᠤ᠋ᠨ ᠶᠣᠰᠣ ᠪᠠᠷ ᠪᠣᠯ ᠮᠡᠩᠯᠢᠭ᠂ ᠥᠭᠡᠯᠦᠨ ᠪᠣᠯᠤᠭᠠᠳ ᠶᠢᠰᠦᠭᠡᠢ ᠶ᠋ᠢᠨ ᠨᠥᠭᠦᠭᠡ ᠡᠬᠡᠨᠡᠷ ᠰᠣᠴᠢᠭᠠᠯ ᠤ᠋ᠨ ᠬᠠᠤᠯᠢ ᠶᠣᠰᠣᠨ ᠤ᠋ ᠡᠷ᠎ᠡ ᠨᠥᠬᠥᠷ ᠪᠣᠯᠬᠤ ᠡᠷᠬᠡ ᠲᠡᠢ ᠶ᠋ᠢ ᠪᠠᠲᠤᠯᠠᠭᠰᠠᠨ ᠬᠡᠷᠡᠭ ᠪᠠᠢᠪᠠ᠃ ᠡᠨᠡ ᠶᠠᠪᠤᠳᠠᠯ ᠣᠯᠠᠨ ᠤ᠋ ᠳᠤᠮᠳᠠ ᠮᠡᠩᠯᠢᠭ ᠦ᠋ᠨ ᠨᠡᠷ᠎ᠡ ᠬᠦᠨᠳᠦ ᠶ᠋ᠢ ᠥᠰᠬᠡᠵᠦ᠂ ᠲᠡᠳᠡᠨ ᠦ᠌ ᠭᠡᠷ ᠪᠦᠯᠢ᠂ ᠦᠷ᠎ᠡ ᠬᠡᠦᠬᠡᠳ ᠦ᠋ᠨ ᠬᠣᠭᠣᠷᠣᠨᠳᠣ ᠣᠨᠴᠠᠭᠠᠢ ᠳᠣᠲᠣᠨᠣ ᠬᠠᠷᠢᠴᠠᠭ᠎ᠠ ᠡᠭᠦᠰᠬᠡᠵᠡᠢ᠃ ᠮᠡᠩᠯᠢᠭ ᠦ᠋ᠨ ᠳᠣᠯᠣᠭᠠᠨ ᠬᠥᠪᠡᠭᠦᠳ ᠦ᠋ᠨ ᠳᠤᠮᠳᠠᠬᠢ ᠨᠢ ᠪᠣᠯᠬᠤ ᠬᠥᠭᠡᠴᠦ ᠤᠭ ᠠ᠋ᠴᠠ ᠡᠲᠡᠭᠡᠳ ᠰᠣᠨᠢᠨ ᠠᠭᠠᠰᠢᠲᠠᠢ᠂ ᠵᠠᠷᠢᠮ ᠳ᠋ᠠᠭᠠᠨ ᠤᠬᠠᠭᠠᠨ ᠮᠡᠳᠡᠷᠡᠯ ᠮᠠᠭᠤᠲᠠᠢ ᠮᠡᠲᠦ ᠦᠵᠡᠭᠳᠡᠳᠡᠭ ᠲᠤᠯᠠ ᠬᠠᠰᠠᠷ ᠪᠡᠯᠭᠦᠳᠡᠢ ᠬᠣᠶᠠᠷ ᠪᠦᠷ ᠴᠦ᠍ ᠦᠵᠡᠳᠡᠭ ᠦᠭᠡᠢ᠂ ᠲᠣᠭᠣᠵᠤ ᠬᠠᠮᠲᠤ ᠲᠣᠭᠯᠠᠳᠠᠭ ᠦᠭᠡᠢ ᠪᠠᠢᠪᠠ᠃ ᠬᠠᠷᠢᠨ ᠬᠥᠭᠡᠴᠦ ᠲᠡᠮᠦᠵᠢᠨ ᠳ᠋ᠦ᠍ ᠬᠠᠷ᠎ᠠ ᠪᠠᠭ᠎ᠠ ᠠ᠋ᠴᠠ ᠪᠠᠨ ᠣᠨᠴᠠᠭᠠᠢ ᠡᠯᠢᠭᠡᠮᠰᠦᠭ᠂ ᠥᠪᠡᠷᠦᠮᠰᠦᠭ ᠬᠠᠨᠳᠤᠳᠠᠭ ᠪᠠᠢᠭᠰᠠᠨ ᠪᠥᠭᠡᠳ ᠲᠡᠮᠦᠵᠢᠨ ᠴᠦ᠍ ᠬᠥᠭᠡᠴᠦ ᠲᠡᠢ ᠦᠷᠦ ᠡᠪᠡᠳᠦᠨ ᠡᠨᠡᠷᠢᠬᠦ ᠰᠡᠳᠬᠢᠯ ᠢ᠋ᠶ᠋ᠡᠷ ᠬᠠᠷᠢᠴᠠᠵᠤ ᠦᠷᠭᠦᠯᠵᠢ ᠪᠤᠰᠤᠳ ᠠ᠋ᠴᠠ ᠥᠮᠥᠭᠡᠷᠡᠨ ᠬᠠᠮᠠᠭᠠᠯᠠᠵᠤ ᠢᠷᠡᠵᠡᠢ᠃ ᠲᠡᠮᠦᠵᠢᠨ ᠡᠬᠢᠨ ᠦ᠌ ᠦᠶ᠎ᠡ ᠳ᠋ᠡᠭᠡᠨ ᠬᠥᠭᠡᠴᠦ ᠶ᠋ᠢ ᠵᠦᠭᠡᠷ ᠯᠡ ᠶᠠᠳᠠᠷᠠᠭᠤ ᠳᠣᠷᠣᠢ᠂ ᠤᠬᠠᠭᠠᠨ ᠰᠠᠨᠠᠭ᠎ᠠ ᠨᠢ ᠰᠠᠮᠠᠭᠤᠨ ᠲᠠᠢ ᠂ ᠦᠷᠦ ᠡᠪᠡᠳᠦᠯᠲᠡᠢ ᠬᠡᠦᠬᠡᠳ ᠭᠡᠵᠦ ᠦᠵᠡᠳᠡᠭ ᠪᠠᠢᠯ᠎ᠠ᠃ ᠮᠡᠩᠯᠢᠭ ᠦ᠋ᠨ ᠡᠴᠢᠭᠡ ᠴᠠᠷᠠᠬ᠎ᠠ ᠡᠪᠦᠭᠡᠨ ᠲᠠᠢᠴᠢᠭᠤᠳ ᠤ᠋ᠨ ᠲᠠᠷᠭᠤᠲᠠᠢ ᠳ᠋ᠤ᠌ ᠵᠢᠳᠠᠯᠠᠭᠳᠠᠭᠠᠳ ᠰᠢᠷᠬ᠎ᠠ ᠪᠠᠨ ᠳᠠᠭᠠᠭᠠᠯ ᠦᠭᠡᠢ ᠦᠬᠦᠵᠦ ᠪᠦᠭᠦᠳᠡ ᠣᠢ ᠭᠠᠰᠢᠭᠤ ᠪᠣᠯᠪᠠ᠃ᠴᠠᠷᠠᠬ᠎ᠠ ᠡᠪᠦᠭᠡᠨ ᠦ᠌ ᠦᠬᠦᠯ ᠳ᠋ᠦ᠍ ᠲᠡᠮᠦᠵᠢᠨ ᠭᠦᠨ ᠴᠣᠴᠢᠷᠳᠠᠨ ᠶᠠᠭᠠᠬᠢᠭᠠᠳ ᠴᠤ᠌ ᠶᠤᠮ ᠪᠣᠢ ᠭᠡᠵᠦ ᠲᠡᠭᠦᠨ ᠦ᠌ ᠦᠬᠦᠯ ᠳ᠋ᠦ᠍ ᠥᠪᠡᠷ ᠢ᠋ ᠪᠡᠨ ᠪᠤᠷᠤᠭᠤᠳᠬᠠᠨ ᠶᠡᠬᠡᠳᠡ ᠤᠬᠢᠯᠠᠵᠠᠢ᠃ ᠨᠡᠩ ᠢᠯᠠᠩᠭᠤᠶ᠎ᠠ ᠴᠠᠷᠠᠬ᠎ᠠ ᠡᠪᠦᠭᠡᠨ ᠦ᠌ ᠶᠠᠷᠢᠳᠠᠭ ᠦᠯᠢᠭᠡᠷ ᠳᠣᠮᠣᠭ ᠢ᠋ ᠳᠠᠬᠢᠨ ᠰᠣᠨᠣᠰᠬᠤ ᠦᠭᠡᠢ ᠭᠡᠬᠦ ᠳ᠋ᠦ᠍ ᠳᠡᠩᠳᠡᠭᠦᠦ ᠬᠠᠷᠠᠮᠰᠠᠯᠲᠠᠢ ᠪᠠᠢᠪᠠ᠃ ᠦᠨᠡᠬᠡᠷ ᠴᠠᠷᠠᠬ᠎ᠠ ᠡᠪᠦᠭᠡᠨ ᠰᠢᠭ ᠦᠯᠢᠭᠡᠷ ᠳᠣᠮᠣᠭ ᠬᠡᠯᠡᠬᠦ ᠬᠥᠮᠦᠨ ᠶᠢᠰᠦᠭᠡᠢ ᠶ᠋ᠢᠨ ᠬᠦᠷᠢᠶᠡᠨ ᠳ᠋ᠦ᠍ ᠪᠠᠢᠬᠤ ᠦᠭᠡᠢ ᠪᠢᠯᠡ᠃ ᠡᠪᠦᠯ ᠦ᠋ᠨ ᠤᠷᠲᠤ ᠰᠥᠨᠢ ᠵᠢᠵᠢᠭ ᠲᠣᠮᠣ ᠦᠭᠡᠢ ᠴᠠᠷᠠᠬ᠎ᠠ ᠡᠪᠦᠭᠡᠨ ᠦ᠌ ᠭᠡᠷ ᠲᠦ᠍ ᠴᠢᠬᠢᠯᠳᠦᠭᠡᠳ ᠪᠣᠷᠵᠢᠭᠢᠨ ᠠᠢᠮᠠᠭ ᠤ᠋ᠨ ᠲᠡᠦᠬᠡ ᠱᠠᠰᠲᠢᠷ᠂ ᠡᠷᠡᠯᠬᠡᠭ ᠡᠪᠦᠭᠡᠳ ᠦ᠋ᠨ ᠪᠠᠢᠭᠤᠯᠤᠭᠰᠠᠨ ᠭᠠᠪᠢᠶ᠎ᠠ ᠶ᠋ᠢ ᠮᠠᠭᠲᠠᠭᠰᠠᠨ ᠳᠣᠮᠣᠭ ᠢ᠋ ᠦᠷ ᠴᠠᠢᠲᠠᠯ᠎ᠠ ᠠᠩᠭᠠᠢᠨ ᠰᠣᠨᠣᠰᠴᠠᠭᠠᠳᠠᠭ ᠪᠠᠢᠵᠠᠢ᠃ ᠬᠠᠷᠠᠴᠤ ᠶᠠᠳᠠᠭᠤ ᠴᠠᠷᠠᠬ᠎ᠠ ᠡᠪᠦᠭᠡᠨ ᠢ᠋ ᠪᠣᠷᠵᠢᠭᠢᠨ ᠠᠢᠮᠠᠭ ᠤ᠋ᠨ ᠶᠡᠬᠡᠰ ᠳᠡᠭᠡᠳᠦᠰ ᠪᠦᠭᠦᠳᠡᠭᠡᠷ ᠬᠦᠨᠳᠦᠳᠬᠡᠨ ᠦᠵᠡᠳᠡᠭ ᠨᠢ ᠴᠣᠬᠣᠮ ᠡᠭᠦᠨ ᠲᠡᠢ ᠬᠣᠯᠪᠣᠭᠠᠲᠠᠢ ᠪᠠᠢᠪᠠ᠃ ᠴᠠᠷᠠᠬ᠎ᠠ ᠡᠪᠦᠭᠡᠨ ᠢ᠋ ᠬᠠᠮᠤᠭ ᠤ᠋ᠨ ᠶᠡᠬᠡ ᠪᠡᠷ ᠪᠠᠬᠠᠳᠤᠨ ᠪᠢᠰᠢᠷᠡᠭᠴᠢ ᠨᠢ ᠲᠡᠮᠦᠵᠢᠨ᠂ ᠬᠥᠭᠡᠴᠦ ᠬᠣᠶᠠᠷ ᠪᠢᠯᠡ᠃ ᠲᠡᠢᠮᠦ ᠤᠴᠢᠷ ᠠ᠋ᠴᠠ ᠲᠡᠮᠦᠵᠢᠨ ᠶᠡᠬᠡᠳᠡ ᠬᠠᠷᠠᠮᠰᠠᠨ ᠭᠠᠰᠢᠭᠤᠳᠠᠵᠠᠢ᠃ ᠬᠥᠨᠳᠡᠯᠡᠨ ᠤ ᠬᠠᠷᠠᠴᠤ ᠡᠪᠦᠭᠡᠨ ᠦ᠌ ᠦᠬᠦᠯ ᠳ᠋ᠦ᠍ ᠲᠡᠮᠦᠵᠢᠨ ᠬᠥᠪᠡᠭᠦᠨ ᠢ᠋ᠶ᠋ᠡᠨ ᠢᠩᠭᠢᠵᠦ ᠡᠮᠭᠡᠨᠢᠨ ᠰᠢᠨᠠᠯᠵᠤ ᠶᠡᠬᠡ ᠪᠡᠷ ᠬᠠᠷᠠᠮᠰᠠᠬᠤ ᠳ᠋ᠤ᠌ ᠥᠭᠡᠯᠦᠨ ᠶᠡᠬᠡᠳᠡ ᠭᠠᠢᠬᠠᠵᠠᠢ᠃ ᠲᠡᠷᠡ ᠦᠶ᠎ᠡ ᠳ᠋ᠦ᠍ ᠬᠥᠭᠡᠴᠦ ᠳᠡᠷᠭᠡᠳᠡ ᠨᠢ ᠢᠷᠡᠵᠦ ᠴᠢᠮᠡᠭᠡ ᠦᠭᠡᠢ ᠬᠡᠰᠡᠭ ᠰᠠᠭᠤᠭᠠᠳ
| ᠲᠡᠮᠦᠵᠢᠨ᠂ ᠴᠢ ᠠᠩ ᠭᠡᠭᠡᠴᠢ ᠭᠡᠵᠦ ᠳᠠᠭᠤᠳᠠᠪᠠ᠃ ᠲᠡᠮᠦᠵᠢᠨ ᠰᠤᠷᠤᠭᠰᠠᠨ ᠵᠠᠩ ᠢ᠋ᠶ᠋ᠠᠷ ᠲᠡᠭᠦᠨ ᠦ᠌ ᠦᠭᠡ ᠶ᠋ᠢ ᠠᠩᠬᠠᠷᠤᠨ ᠰᠣᠨᠣᠰᠬᠤ ᠬᠡᠷᠡᠭᠲᠡᠢ ᠪᠣᠯᠵᠤ ᠨᠢᠰᠦ ᠪᠡᠨ ᠲᠡᠳᠡᠨ ᠨᠢᠯᠪᠤᠰᠤ ᠪᠠᠨ ᠠᠷᠴᠢᠵᠤ ᠰᠡᠬᠡᠭᠡᠷᠡᠪᠡ᠃ ᠬᠣᠯᠠ ᠦᠭᠡᠢ ᠪᠠᠢᠬᠤ ᠴᠠᠷᠠᠬ᠎ᠠ ᠡᠪᠦᠭᠡᠨ ᠦ᠌ ᠭᠡᠷ ᠦ᠋ᠨ ᠡᠭᠦᠳᠡᠨ ᠳ᠋ᠦ᠍ ᠭᠠᠰᠢᠭᠤᠳᠠᠵᠤ ᠭᠤᠨᠢᠭᠯᠠᠭᠰᠠᠨ ᠲᠣᠮᠣᠴᠤᠤᠯ ᠪᠥᠭᠡᠮᠨᠡᠷᠡᠵᠦ ᠮᠡᠩᠯᠢᠭ ᠦ᠋ᠨ ᠤᠬᠢᠯᠠᠬᠤ ᠰᠣᠨᠣᠰᠳᠠᠭᠰᠠᠭᠠᠷ ᠠᠵᠢ᠃ ᠴᠠᠷᠠᠬ᠎ᠠ ᠡᠪᠦᠭᠡᠨ ᠦ᠌ ᠦᠬᠦᠯ ᠳ᠋ᠦ᠍ ᠭᠠᠰᠢᠭᠤᠳᠠᠵᠤ ᠬᠠᠷᠠᠮᠰᠠᠭ᠎ᠠ ᠦᠭᠡᠢ ᠬᠥᠮᠦᠨ ᠲᠡᠳᠡᠨ ᠦ᠌ ᠬᠡᠳᠦᠨ ᠭᠡᠷ ᠲᠦ᠍ ᠪᠠᠢᠭᠰᠠᠨ ᠦᠭᠡᠢ᠃
| ᠲᠡᠮᠦᠵᠢᠨ ᠴᠢ ᠪᠦᠦ ᠤᠬᠢᠯᠠ᠃ ᠬᠠᠷᠢᠨ ᠴᠢ ᠡᠪᠦᠭᠡ ᠡᠴᠢᠭᠡ ᠶ᠋ᠢᠨ ᠦᠬᠦᠭᠰᠡᠨ ᠳ᠋ᠦ᠍ ᠪᠠᠶᠠᠷᠯᠠᠬᠤ ᠬᠡᠷᠡᠭᠲᠡᠢ ᠰᠢᠦ ᠭᠡᠵᠦ ᠰᠢᠪᠡᠨᠡᠭᠡᠳ ᠬᠥᠭᠡᠴᠦ ᠥᠪᠡᠷ ᠢ᠋ᠶ᠋ᠡᠨ ᠴᠦ᠍ ᠪᠠᠶᠠᠰᠬᠤᠯᠠᠩᠲᠠᠢ ᠪᠠᠷ ᠴᠠᠩᠭᠢᠨᠠᠭᠤᠯᠤᠨ ᠢᠨᠢᠶᠡᠵᠦ ᠪᠠᠢᠪᠠ᠃ ᠡᠪᠦᠭᠡ ᠡᠴᠢᠭᠡ ᠪᠡᠨ ᠦᠬᠦᠭᠰᠡᠨ ᠳ᠋ᠦ᠍ ᠪᠠᠶᠠᠷᠯᠠᠨ ᠢᠨᠢᠶᠡᠵᠦ ᠪᠠᠢᠳᠠᠭ ᠬᠥᠮᠦᠨ ᠬᠥᠭᠡᠴᠦ ᠡᠴᠡ ᠥᠭᠡᠷ᠎ᠡ ᠦᠭᠡᠢ ᠪᠢᠵᠡ᠃ ᠲᠡᠨᠡᠭ ᠬᠥᠭᠡᠴᠦ ᠶ᠋ᠢᠨ ᠦᠭᠡᠨ ᠳ᠋ᠦ᠍ ᠣᠷᠣᠵᠤ ᠢᠨᠢᠶᠡᠵᠦ ᠪᠡᠶᠡᠰᠦᠨ᠂ ᠨᠠᠰᠤᠲᠠᠨ ᠨᠤᠭᠤᠳ ᠪᠣᠯᠤᠨ ᠣᠢᠷᠠᠮᠠᠭ ᠪᠠᠢᠬᠤ ᠬᠡᠦᠬᠡᠳ ᠦ᠋ᠳ ᠲᠦ᠍ ᠮᠡᠳᠡᠭᠳᠡᠬᠦ ᠪᠣᠢ ᠭᠡᠵᠦ ᠡᠮᠢᠶᠡᠬᠦ ᠳ᠋ᠡᠭᠡᠨ ᠲᠡᠮᠦᠵᠢᠨ ᠲᠡᠭᠦᠨ ᠢ᠋ ᠬᠥᠲᠥᠯᠦᠨ ᠭᠤᠯᠳᠤᠴᠢᠭᠰᠠᠭᠠᠷ ᠦᠳᠲᠡᠷ ᠲᠦᠷᠭᠡᠨ ᠬᠣᠯᠠᠳᠪᠠ᠃ ᠡᠵᠢ ᠨᠢ ᠮᠡᠳᠡᠪᠡᠯ ᠶᠠᠭᠤ ᠪᠣᠯᠬᠤ ᠶ᠋ᠢ ᠲᠡᠮᠦᠵᠢᠨ ᠲᠠᠭᠠᠮᠠᠭᠯᠠᠭᠠᠳ ᠶᠡᠬᠡ ᠠᠶᠤᠵᠠᠢ᠃ ᠡᠨᠡ ᠪᠣᠯ ᠲᠤᠩ ᠣᠰᠣᠯ ᠲᠠᠢ ᠲᠣᠭᠯᠠᠭᠠᠮ ᠪᠠᠢᠵᠤ ᠮᠡᠳᠡᠬᠦ ᠪᠠᠢᠪᠠ᠃ ᠬᠥᠭᠡᠴᠦ ᠶ᠋ᠢᠨ ᠤᠴᠢᠷ ᠦᠭᠡᠢ ᠬᠥᠭᠡᠷᠴᠦ ᠳᠣᠭᠳᠣᠯᠤᠭᠰᠠᠨ ᠳᠦᠷᠯᠡᠭᠡᠷ ᠨᠢᠳᠦ᠂ ᠰᠢᠯᠦᠰᠦ᠂ ᠬᠥᠯᠥᠰᠥ ᠨᠢ ᠭᠣᠭᠣᠵᠢᠭᠰᠠᠨ ᠴᠢᠷᠠᠢ ᠶ᠋ᠢ ᠦᠵᠡᠬᠦ ᠳ᠋ᠦ᠍ ᠲᠡᠭᠦᠨ ᠢ᠋ ᠡᠷᠡᠭᠦᠯ ᠤᠬᠠᠭᠠᠨ ᠲᠠᠢ ᠭᠡᠵᠦ ᠬᠡᠯᠡᠬᠦ ᠠᠷᠭ᠎ᠠ ᠦᠭᠡᠢ ᠠᠵᠢ᠃
| ᠴᠢ ᠦᠨᠡᠮᠰᠢᠬᠦ ᠦᠭᠡᠢ ᠪᠠᠢᠨ᠎ᠠ ᠤᠤ? ᠲᠠᠢᠴᠢᠭᠤᠳ ᠤ᠋ᠨ ᠲᠠᠷᠭᠤᠲᠠᠢ ᠤᠭ ᠨᠢ ᠲᠡᠮᠦᠵᠢᠨ ᠴᠢᠮ᠎ᠠ ᠶ᠋ᠢ ᠠᠯᠠᠬᠤ ᠪᠠᠢᠪᠠ᠃ ᠬᠠᠷᠢᠨ ᠣᠳᠣ ᠡᠪᠦᠭᠡ ᠡᠴᠢᠭᠡ ᠴᠢᠨᠦ ᠣᠷᠣᠨ ᠳ᠋ᠤ᠌ ᠦᠬᠦᠭᠰᠡᠨ ᠲᠤᠯᠠ ᠴᠢ ᠠᠮᠢᠳᠤ ᠦᠯᠡᠳᠡᠪᠡ ᠭᠡᠰᠡᠨ ᠢᠲᠡᠭᠡᠬᠦ ᠳ᠋ᠦ᠍ ᠪᠡᠷᠬᠡ ᠰᠣᠯᠢᠶᠠᠲᠠᠢ ᠬᠥᠮᠦᠨ ᠦ᠌ ᠦᠭᠡ ᠶ᠋ᠢ ᠬᠥᠭᠡᠴᠦ ᠬᠡᠯᠡᠭᠰᠡᠨ ᠨᠢ ᠲᠡᠮᠦᠵᠢᠨ ᠢ᠋ ᠪᠦᠷ ᠴᠦ᠍ ᠭᠠᠢᠬᠠᠰᠢᠷᠠᠭᠤᠯᠪᠠ᠃
| ᠬᠡᠨ ᠲᠡᠭᠡᠵᠦ ᠪᠠᠢᠨ᠎ᠠ? ᠭᠡᠵᠦ ᠲᠡᠮᠦᠵᠢᠨ ᠲᠡᠭᠦᠨ ᠦ᠌ ᠡᠨᠡ ᠦᠭᠡᠨ ᠳ᠋ᠦ᠍ ᠢᠲᠡᠭᠡᠭᠰᠡᠨ ᠳ᠋ᠡᠭᠡᠨ ᠪᠢᠰᠢ ᠬᠠᠷᠢᠨ ᠡᠰᠡᠷᠭᠦᠴᠡᠨ ᠮᠣᠬᠣᠭᠠᠬᠤ ᠭᠡᠵᠦ ᠬᠡᠯᠡᠪᠡ᠃ ᠬᠥᠭᠡᠴᠦ ᠶ᠋ᠢ ᠬᠡᠯᠡᠬᠦ ᠦᠭᠡ ᠦᠭᠡᠢ ᠪᠣᠯᠤᠨ᠎ᠠ ᠭᠡᠵᠦ ᠰᠠᠨᠠᠲᠠᠯᠠ ᠲᠡᠭᠦᠨ ᠦ᠌ ᠳᠠᠷᠠᠭ᠎ᠠ ᠶ᠋ᠢᠨ ᠦᠭᠡ ᠪᠦᠷ ᠭᠠᠢᠬᠠᠯᠲᠠᠢ ᠪᠠᠢᠪᠠ᠃
| ᠲᠩᠷᠢ ᠨᠠᠳᠠᠳᠤ ᠬᠡᠯᠡᠯ᠎ᠡ᠃ ᠪᠢ ᠲᠡᠭᠷᠢ ᠲᠡᠢ ᠶᠠᠷᠢᠭᠰᠠᠨ ᠶᠤᠮ᠃ ᠴᠢ ᠬᠡᠨ ᠳ᠋ᠦ᠍ ᠴᠦ᠍ ᠪᠦᠦ ᠬᠡᠯᠡ᠃ ᠬᠠᠷᠢᠨ ᠴᠢ ᠲᠠᠢᠴᠢᠭᠤᠳ ᠲᠤ᠌ ᠳᠠᠬᠢᠭᠠᠳ ᠪᠠᠷᠢᠭᠳᠠᠨ᠎ᠠ᠃ ᠲᠡᠳᠡ ᠴᠢᠮᠠᠶ᠋ᠢ ᠵᠦᠭᠡᠷ ᠣᠷᠬᠢᠬᠤ ᠦᠭᠡᠢ ᠭᠡᠨ᠎ᠡ᠃ ᠭᠡᠬᠦ ᠳ᠋ᠡᠭᠡᠨ ᠴᠢᠮᠠᠶ᠋ᠢ ᠲᠡᠳᠡ ᠠᠯᠠᠵᠤ ᠵᠢᠷᠦᠬᠡᠯᠡᠬᠦ ᠦᠭᠡᠢ᠃ ᠴᠢᠮᠠᠶ᠋ᠢ ᠲᠠᠢᠴᠢᠭᠤᠳ ᠲᠤ᠌ ᠪᠤᠤ ᠠᠯᠠᠭᠤᠯᠤᠭᠠᠴᠢ ᠭᠡᠵᠦ ᠪᠢ ᠲᠡᠭᠷᠢ ᠡᠴᠡ ᠭᠤᠶᠤᠭᠰᠠᠨ᠃
ᠬᠥᠭᠡᠴᠦ ᠶ᠋ᠢᠨ ᠬᠣᠶᠠᠷ ᠨᠢᠳᠦ ᠡᠷᠡᠭᠦᠯ ᠪᠢᠰᠢ ᠥᠩᠭᠡ ᠪᠡᠷ ᠭᠢᠯᠠᠯᠵᠠᠵᠤ ᠵᠢᠷᠦᠬᠡ ᠨᠢ ᠳᠡᠯᠡᠰᠴᠦ ᠯᠤᠭᠰᠢᠬᠤ ᠨᠢ ᠲᠡᠮᠦᠵᠢᠨ ᠳ᠋ᠦ᠍ ᠲᠣᠳᠣ ᠰᠣᠨᠣᠰᠳᠠᠪᠠ᠃ ᠬᠥᠮᠦᠨ ᠦ᠌ ᠵᠢᠷᠦᠬᠡ ᠢᠩᠭᠢᠵᠦ ᠴᠢᠩᠭ᠎ᠠ ᠴᠣᠬᠢᠯᠠᠬᠤ ᠶ᠋ᠢ ᠲᠡᠮᠦᠵᠢᠨ ᠠᠩᠬ᠎ᠠ ᠤᠳᠠᠭ᠎ᠠ ᠰᠣᠨᠣᠰᠴᠠᠢ᠃ ᠬᠥᠭᠡᠴᠦ ᠶ᠋ᠢᠨ ᠵᠢᠷᠦᠬᠡ ᠶᠠᠭ ᠯᠠ ᠬᠡᠩᠭᠡᠷᠭᠡ ᠳᠡᠯᠡᠳᠬᠦ ᠰᠢᠭ ᠲᠣᠳᠣ ᠳᠤᠤᠭᠠᠷᠴᠤ ᠪᠠᠢᠵᠠᠢ᠃ ᠬᠥᠭᠡᠴᠦ ᠲᠣᠬᠣᠢ ᠠ᠋ᠴᠠ ᠬᠣᠶᠠᠷ ᠭᠠᠷ ᠢ᠋ᠶ᠋ᠠᠷ ᠠᠳᠬᠤᠭᠰᠠᠨ ᠨᠢ ᠲᠡᠮᠦᠵᠢᠨ ᠢ᠋ ᠬᠥᠳᠡᠯᠭᠡᠬᠦ ᠦᠭᠡᠢ ᠶᠠᠭ ᠵᠣᠭᠰᠣᠭᠠᠵᠤ᠂ ᠲᠣᠯᠣᠭᠠᠢ ᠨᠢ ᠬᠠᠴᠢᠨ ᠳᠦᠩᠭᠢᠨᠡᠨ ᠳᠤᠤᠭᠠᠷᠴᠤ ᠭᠠᠷ ᠢ᠋ᠶ᠋ᠠᠷ ᠨᠢ ᠳᠠᠮᠵᠢᠨ ᠬᠥᠭᠡᠴᠦ ᠶ᠋ᠢᠨ ᠵᠢᠷᠦᠬᠡᠨ ᠡᠴᠡ ᠬᠠᠯᠠᠭᠤᠨ ᠴᠢᠰᠤ ᠪᠡᠶ᠎ᠡ ᠳ᠋ᠦ᠍ᠨᠢ ᠶᠡᠭᠦᠯᠡᠭᠳᠡᠬᠦ ᠰᠢᠭ ᠪᠣᠯᠪᠠ᠃ ᠲᠡᠷᠡ ᠪᠦᠦ ᠬᠡᠯᠡ ᠡᠵᠢ ᠨᠢ ᠳᠠᠭᠤᠳᠠᠬᠤ ᠶ᠋ᠢ ᠰᠣᠨᠣᠰᠤᠭᠰᠠᠨ ᠴᠤ᠌ ᠬᠥᠳᠡᠯᠵᠦ ᠴᠢᠳᠠᠭᠰᠠᠨ ᠦᠭᠡᠢ ᠭᠠᠵᠠᠷ ᠲᠤ᠌ ᠵᠣᠭᠣᠭᠳᠠᠭᠰᠠᠨ ᠮᠡᠲᠦ ᠵᠣᠭᠰᠣᠭᠰᠠᠭᠠᠷ ᠪᠠᠢᠪᠠ᠃
| ᠡᠵᠢ ᠴᠢᠨᠢ ᠳᠠᠭᠤᠳᠠᠪᠠ᠃
ᠢᠩᠭᠢᠵᠦ ᠬᠡᠯᠡᠭᠡᠳ ᠬᠥᠭᠡᠴᠦ ᠭᠠᠷ ᠢ᠋ᠶ᠋ᠠᠨ ᠲᠣᠬᠣᠢ ᠠ᠋ᠴᠠ ᠨᠢ ᠠᠪᠬᠤ ᠳ᠋ᠤ᠌ ᠰᠠᠶᠢ ᠬᠠᠮᠢᠭ᠎ᠠ ᠨᠢᠭᠡᠲᠡᠢ ᠡᠴᠡ ᠡᠷᠭᠢᠨ ᠢᠷᠡᠵᠦ ᠬᠥᠯ ᠢ᠋ᠶ᠋ᠡᠨ ᠵᠥᠭᠡᠭᠡᠬᠦ ᠲᠡᠢ ᠪᠣᠯᠵᠠᠢ᠃ ᠪᠦᠷ ᠲᠡᠷᠡ ᠰᠥᠨᠢᠵᠢᠨ ᠢ᠋ᠶ᠋ᠡᠨ ᠲᠣᠬᠣᠢ ᠨᠢ ᠬᠥᠭᠡᠴᠦ ᠶ᠋ᠢᠨ ᠪᠠᠷᠢᠭᠰᠠᠨ ᠬᠡᠰᠡᠭ ᠢ᠋ᠶ᠋ᠡᠷ ᠢ᠋ᠶ᠋ᠡᠨ ᠬᠠᠯᠠᠭᠤᠨ ᠣᠷᠬᠢᠭᠰᠠᠭᠠᠷ ᠬᠣᠨᠣᠵᠠᠢ᠃ ᠥᠷᠯᠥᠭᠡ ᠨᠢ ᠦᠵᠡᠪᠡᠯ ᠵᠤᠵᠠᠭᠠᠨ ᠳᠡᠪᠡᠯ ᠲᠡᠢ ᠪᠠᠢᠭᠰᠠᠨ ᠮᠥᠷᠥᠲᠦ ᠪᠤᠯᠠᠭᠠᠨ ᠳᠡᠭᠡᠷ᠎ᠡ ᠨᠢ ᠬᠥᠭᠡᠴᠦ ᠶ᠋ᠢᠨ ᠭᠠᠷ ᠤ᠋ᠨ ᠣᠷᠣᠮ ᠢ᠋ᠶ᠋ᠠᠷ ᠤᠯᠠᠭᠠᠨ ᠭᠦᠪᠳᠦᠷᠦᠦ ᠦᠯᠡᠳᠡᠵᠦ ᠬᠣᠷᠣᠰᠤᠭᠰᠠᠭᠠᠷ ᠪᠠᠢᠪᠠ᠃ ᠡᠨᠡ ᠶᠠᠪᠤᠳᠠᠯ ᠠ᠋ᠴᠠ ᠬᠣᠢᠰᠢ ᠲᠡᠮᠦᠵᠢᠨ ᠬᠥᠭᠡᠴᠦ ᠶ᠋ᠢ ᠥᠭᠡᠷ᠎ᠡ ᠪᠡᠷ ᠦᠵᠡᠬᠦ ᠪᠣᠯᠤᠯ᠎ᠠ᠃ ᠲᠩᠷᠢ ᠲᠡᠢ ᠶᠠᠷᠢᠪᠠ ᠭᠡᠰᠡᠨ ᠬᠥᠭᠡᠴᠦ ᠶ᠋ᠢᠨ ᠬᠥᠭᠡᠷᠦᠦ ᠦᠭᠡ ᠲᠡᠮᠦᠵᠢᠨ ᠢ᠋ ᠢᠩᠭᠢᠵᠦ ᠬᠦᠴᠦᠲᠡᠢ ᠨᠥᠯᠥᠭᠡᠯᠡᠨ᠎ᠡ ᠭᠡᠵᠦ ᠲᠡᠷᠡ ᠳᠠᠭᠠᠭᠰᠠᠨ ᠦᠭᠡᠢ᠃ ᠦᠨᠡᠨ ᠴᠦ᠍ ᠪᠠᠢ᠂ ᠬᠤᠳᠠᠯ ᠴᠤ᠌ ᠪᠠᠢ ᠬᠥᠭᠡᠴᠦ ᠥᠪᠡᠷ ᠲᠡᠢ ᠨᠢ ᠠᠳᠠᠯᠢ ᠲᠩᠷᠢ ᠲᠡᠢ ᠶᠠᠷᠢᠬᠤ ᠶ᠋ᠢ ᠬᠦᠰᠡᠳᠡᠭ ᠪᠣᠯᠬᠤ ᠶ᠋ᠢ ᠮᠡᠳᠡᠭᠰᠡᠨ ᠨᠢ ᠴᠢᠬᠤᠯᠠ ᠪᠠᠢᠪᠠ᠃ ᠥᠪᠡᠷ ᠲᠦ᠋ᠨᠢ ᠪᠠᠢᠬᠤ ᠦᠭᠡᠢ ᠳᠠᠯᠳᠠ ᠶ᠋ᠢᠨ ᠬᠦᠴᠦ ᠬᠥᠭᠡᠴᠦ ᠳ᠋ᠦ᠍ ᠪᠠᠢᠭ᠎ᠠ ᠶ᠋ᠢ ᠲᠡᠮᠦᠵᠢᠨ ᠮᠡᠳᠡᠷᠡᠵᠡᠢ᠃ ᠭᠡᠨ᠎ᠡ ᠭᠡᠨ᠎ᠡ ᠨᠢᠭᠡ ᠵᠦᠭ ᠰᠢᠷᠲᠡᠨ ᠭᠥᠯᠢᠷᠡᠵᠦ ᠣᠷᠬᠢᠳᠠᠭ ᠬᠥᠭᠡᠴᠦ ᠶ᠋ᠢᠨ ᠬᠠᠴᠢᠨ ᠡᠲᠡᠭᠡᠳ ᠵᠠᠩ ᠤ᠋ᠨ ᠳᠠᠯᠳᠠ ᠤᠴᠢᠷ ᠢ᠋ ᠲᠡᠮᠦᠵᠢᠨ ᠲᠠᠭᠠᠮᠠᠭᠯᠠᠵᠤ ᠡᠬᠢᠯᠡᠪᠡ᠃ ᠭᠡᠪᠡᠴᠦ ᠤᠴᠢᠷ ᠢ᠋ ᠨᠢ ᠦᠯᠦ ᠣᠢᠯᠠᠭᠠᠬᠤ ᠲᠤᠯᠠ ᠲᠡᠷᠡ ᠨᠢ ᠶᠠᠭᠤ ᠶᠤᠮ ᠪᠣᠯ ᠭᠡᠬᠦ ᠡᠴᠡ ᠪᠠᠢᠵᠤ ᠶᠠᠳᠠᠬᠤ ᠪᠥᠯᠥᠭᠡ᠃ ᠭᠡᠬᠦ ᠳ᠋ᠡᠭᠡᠨ ᠥᠪᠡᠷ ᠦ᠋ᠨ ᠶᠠᠭᠤ ᠲᠠᠭᠠᠮᠠᠭᠯᠠᠭᠰᠠᠨ ᠢ᠋ ᠬᠠᠰᠠᠷ᠂ ᠪᠡᠭᠲᠡᠷ ᠶᠡᠷᠦ ᠨᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠶ᠋ᠢ ᠪᠠᠰᠠ ᠮᠡᠳᠡᠵᠦ ᠪᠠᠢᠪᠠ᠃ ᠬᠥᠭᠡᠴᠦ ᠶ᠋ᠢᠨ ᠳᠠᠯᠳᠠ ᠶ᠋ᠢᠨ ᠬᠦᠴᠦ ᠶ᠋ᠢ ᠭᠠᠭᠴᠠᠭᠠᠷ ᠮᠡᠳᠡᠵᠦ ᠪᠠᠢᠬᠤ᠂ ᠲᠡᠭᠦᠨ ᠢ᠋ ᠥᠪᠡᠷ ᠦ᠋ᠨ ᠦᠨᠡᠨᠴᠢ ᠨᠥᠬᠥᠷ ᠪᠣᠯᠭᠠᠬᠤ ᠰᠠᠨᠠᠭ᠎ᠠ ᠲᠡᠮᠦᠵᠢᠨ ᠦ᠌ ᠰᠡᠳᠬᠢᠯ ᠳ᠋ᠦ᠍ ᠲᠦᠷᠦᠭᠰᠡᠭᠡᠷ ᠤᠳᠠᠵᠠᠢ᠃ ᠢᠩᠭᠢᠪᠡᠯ ᠲᠡᠷᠡ ᠥᠪᠡᠷ ᠦ᠋ᠨ ᠢ᠋ᠶ᠋ᠡᠨ ᠡᠴᠢᠭᠡ ᠨᠢᠭᠡᠲᠡᠢ᠂ ᠡᠬᠡ ᠥᠭᠡᠷ᠎ᠡ ᠲᠡᠢ ᠳᠡᠭᠦᠦ ᠪᠡᠭᠲᠡᠷ ᠦ᠋ᠨ ᠳᠡᠭᠡᠷᠡᠩᠭᠦᠢ ᠵᠠᠩ ᠤ᠋ᠨ ᠡᠰᠡᠷᠭᠦ ᠲᠡᠮᠡᠴᠡᠵᠦ ᠪᠣᠯᠤᠨ᠎ᠠ ᠭᠡᠵᠦ ᠬᠠᠮᠤᠭ ᠤ᠋ᠨ ᠲᠦᠷᠦᠭᠦᠨ ᠳ᠋ᠦ᠍ ᠲᠣᠭᠠᠴᠠᠵᠠᠢ᠃ ᠶᠢᠰᠦᠭᠡᠢ ᠶ᠋ᠢᠨ ᠦᠬᠦᠯ ᠦ᠋ᠨ ᠳᠠᠷᠠᠭ᠎ᠠ ᠬᠥᠪᠡᠭᠦᠳ ᠦ᠋ᠨ ᠬᠣᠭᠣᠷᠣᠨᠳᠣ ᠬᠡᠷᠡᠭᠦᠯ ᠵᠣᠳᠣᠭᠠᠨ ᠪᠠᠢᠩᠭᠤ ᠡᠭᠦᠰᠴᠦ ᠲᠡᠷᠡ ᠪᠦᠷᠢ ᠳ᠋ᠦ᠍ ᠲᠡᠮᠦᠵᠢᠨ ᠪᠡᠭᠲᠡᠷ ᠲᠦ᠍ ᠢᠯᠡᠳᠲᠡ ᠳᠡᠢᠯᠦᠭᠳᠡᠬᠦ ᠪᠣᠯᠤᠭᠰᠠᠨ ᠨᠢ ᠲᠡᠭᠦᠨ ᠢ᠋ ᠡᠢᠨ ᠪᠣᠳᠣᠬᠤ ᠳ᠋ᠤ᠌ ᠬᠦᠷᠭᠡᠵᠡᠢ᠃ ᠬᠡᠷᠪᠡ ᠬᠥᠭᠡᠴᠦ ᠦᠨᠡᠬᠡᠷ ᠢᠳᠢ ᠰᠢᠳᠢᠲᠡᠢ ᠪᠠᠢᠪᠠᠯ ᠲᠡᠮᠦᠵᠢᠨ ᠳ᠋ᠦ᠍ ᠠᠪᠤᠷᠠᠯ ᠢᠷᠡᠬᠦ ᠭᠡᠵᠦ ᠢᠲᠡᠭᠡᠵᠡᠢ᠃ ᠲᠡᠮᠦᠵᠢᠨ ᠦ᠌ ᠵᠦᠩ ᠰᠤᠪᠢᠩ ᠲᠡᠭᠦᠨ ᠢ᠋ ᠬᠠᠭᠤᠷᠤᠭᠰᠠᠨ ᠦᠭᠡᠢ᠃ ᠤᠳᠠᠯ ᠦᠭᠡᠢ ᠲᠡᠮᠦᠵᠢᠨ ᠬᠥᠭᠡᠴᠦ ᠶ᠋ᠢᠨ ᠣᠯᠠᠨ ᠢᠳᠢ ᠰᠢᠳᠢ ᠶ᠋ᠢ ᠦᠵᠡᠪᠡ᠃ ᠤᠨᠤᠨ ᠮᠥᠷᠡᠨ ᠦ᠌ ᠤᠰᠤᠨ ᠳᠡᠭᠡᠭᠦᠷ ᠵᠢᠪᠬᠦ ᠨᠢ ᠪᠦᠦ ᠬᠡᠯᠡ ᠬᠥᠯ ᠢ᠋ᠶ᠋ᠡᠨ ᠴᠦ᠍ ᠨᠣᠷᠭᠠᠬᠤ ᠦᠭᠡᠢ ᠪᠡᠷ ᠭᠦᠶᠦᠨ ᠭᠠᠷᠴᠤ ᠴᠢᠳᠠᠳᠠᠭ ᠢ᠋ ᠦᠵᠡᠪᠡ᠃ ᠬᠠᠳᠠᠨ ᠬᠢᠰᠠᠭᠠᠨ ᠳ᠋ᠤ᠌ ᠠᠭᠠᠯᠵᠢ ᠰᠢᠭ᠋ ᠠᠪᠠᠷᠢᠬᠤ ᠶ᠋ᠢ ᠦᠵᠡᠪᠡ᠃ ᠪᠠᠰᠠ ᠮᠢᠬ᠎ᠠ ᠪᠣᠯᠲᠠᠯ᠎ᠠ ᠪᠠᠨ ᠤᠯᠠᠢᠳᠠᠭᠰᠠᠨ ᠴᠢᠯᠠᠭᠤ ᠶ᠋ᠢ ᠭᠠᠷ ᠲᠠᠭᠠᠨ ᠵᠥᠪ ᠵᠦᠭᠡᠷ ᠠᠳᠬᠤᠵᠤ ᠦᠵᠡᠭᠦᠯᠪᠡ᠃ ᠮᠥᠨ ᠬᠣᠶᠠᠷ ᠭᠠᠷ ᠢ᠋ᠶ᠋ᠠᠨ ᠠᠮᠠᠨ ᠳ᠋ᠠᠭᠠᠨ ᠪᠠᠷᠢᠭᠠᠳ ᠣᠯᠢᠬᠤ ᠳ᠋ᠤᠨᠢ ᠡᠷᠭᠢᠨ ᠲᠣᠭᠣᠷᠢᠨ ᠳ᠋ᠤᠨᠢ ᠴᠢᠨᠣ᠎ᠠ ᠱᠠᠭᠢᠨ ᠣᠯᠢᠯᠳᠤᠬᠤ ᠶ᠋ᠢ ᠰᠣᠨᠣᠰᠤᠭᠠᠳ ᠲᠡᠮᠦᠵᠢᠨ ᠦᠰᠦ ᠪᠡᠨ ᠪᠣᠰᠴᠤ᠂ ᠰᠦᠨᠡᠰᠦ ᠪᠡᠨ ᠰᠣᠴᠢᠲᠠᠯ᠎ᠠ ᠠᠶᠤᠭᠰᠠᠨ ᠪᠢᠯᠡ᠃ ᠡᠨᠡ ᠶᠠᠪᠤᠳᠠᠯ ᠠᠩᠬᠠᠨ ᠤ᠋ ᠴᠠᠰᠤ ᠪᠠᠷ ᠴᠢᠨᠣ᠎ᠠ ᠶ᠋ᠢᠨ ᠦᠷᠭᠦᠭᠡᠯᠭᠡ ᠶ᠋ᠢᠨ ᠦᠶ᠎ᠡ ᠪᠡᠷ ᠪᠣᠯᠵᠠᠢ᠃ ᠬᠥᠭᠡᠴᠦ ᠣᠯᠢᠵᠤ᠂ ᠦᠷᠭᠦᠭᠡᠭᠴᠢᠳ ᠡᠴᠡ ᠵᠢᠭᠤᠲᠠᠵᠤ ᠶᠠᠪᠤᠭᠰᠠᠨ ᠴᠢᠨᠣ᠎ᠠ ᠨᠤᠭᠤᠳ ᠲᠤ᠌ ᠵᠠᠮ ᠵᠢᠭᠠᠵᠤ ᠲᠡᠳᠡᠨ ᠢ᠋ ᠠᠪᠤᠷᠠᠭᠰᠠᠨ ᠪᠥᠭᠡᠳ ᠴᠢᠨᠣ᠎ᠠ ᠨᠤᠭᠤᠳ ᠳᠠᠯᠳᠠᠷᠬᠠᠨ ᠠᠯᠤᠰ ᠤ᠋ᠨ ᠠᠭᠤᠯᠠᠨ ᠠ᠋ᠴᠠ ᠣᠯᠢᠬᠤ ᠶ᠋ᠢ ᠲᠡᠮᠦᠵᠢᠨ ᠦᠵᠡᠵᠦ ᠰᠣᠨᠣᠰᠴᠠᠢ᠃ ᠠᠩᠴᠢᠳ ᠬᠥᠭᠡᠴᠦ ᠶ᠋ᠢᠨ ᠣᠯᠢᠬᠤ ᠶ᠋ᠢ ᠴᠢᠨᠣ᠎ᠠ ᠭᠡᠵᠦ ᠠᠨᠳᠠᠭᠤᠷᠠᠨ ᠳᠠᠪᠬᠢᠨ ᠢᠷᠡᠬᠦ ᠳ᠋ᠦ᠍ ᠲᠡᠷᠡ ᠬᠣᠶᠠᠷ ᠶᠠᠭᠤ ᠴᠤ᠌ ᠪᠣᠯᠤᠭ᠎ᠠ ᠦᠭᠡᠢ ᠮᠡᠲᠦ ᠰᠠᠭᠤᠵᠤ ᠪᠠᠢᠭᠰᠠᠨ ᠨᠢ ᠲᠡᠮᠦᠵᠢᠨ ᠳ᠋ᠦ᠍ ᠲᠤᠢᠯ ᠤ᠋ᠨ ᠪᠠᠬᠠᠷᠬᠠᠯᠲᠠᠢ ᠪᠠᠢᠭᠰᠠᠨ ᠪᠢᠯᠡ᠃ ᠬᠥᠭᠡᠴᠦ ᠦᠨᠡᠬᠡᠷ ᠴᠢᠨᠣ᠎ᠠ ᠶ᠋ᠢᠨ ᠬᠡᠯᠡ ᠮᠡᠳᠡᠳᠡᠭ ᠪᠠᠢᠯ᠎ᠠ᠃ ᠲᠡᠷᠡ ᠰᠥᠨᠢ ᠬᠡᠭᠡᠷ᠎ᠡ ᠴᠠᠰᠤᠨ ᠳᠤᠮᠳᠠ ᠬᠣᠨᠣᠬᠤ ᠳ᠋ᠠᠭᠠᠨ ᠲᠡᠮᠦᠵᠢᠨ ᠨᠢᠭᠡᠨ ᠬᠠᠴᠢᠨ ᠵᠢᠭᠲᠡᠢ ᠵᠡᠭᠦᠳᠦ ᠵᠡᠭᠦᠳᠦᠯᠡᠵᠡᠢ᠃ᠡᠨᠡ ᠪᠣᠯ ᠭᠠᠯᠲᠤ ᠴᠢᠨᠣ᠎ᠠ ᠶ᠋ᠢᠨ ᠲᠤᠬᠠᠢ ᠪᠠᠢᠪᠠ᠃ ᠪᠦᠬᠦ ᠪᠡᠶ᠎ᠡ ᠨᠢ ᠳᠦᠷᠡᠯᠵᠡᠨ ᠰᠢᠲᠠᠵᠤ ᠪᠣᠢ ᠲᠡᠷᠡ ᠠᠰᠤᠷᠤ ᠲᠣᠮᠣ ᠭᠠᠯᠲᠤ ᠴᠢᠨᠣ᠎ᠠ ᠪᠤᠷᠬᠠᠨ ᠬᠠᠯᠳᠤᠨ ᠠᠭᠤᠯᠠ ᠶ᠋ᠢᠨ ᠳᠡᠭᠡᠭᠦᠷ ᠭᠡᠨᠡᠳᠲᠡ ᠨᠢᠰᠦᠨ ᠭᠠᠷᠴᠤ ᠢᠷᠡᠭᠡᠳ ᠲᠡᠳᠡᠨ ᠦ᠌ ᠬᠦᠷᠢᠶᠡᠨ ᠳᠡᠭᠡᠭᠦᠷ ᠥᠩᠭᠡᠷᠡᠬᠦ ᠳ᠋ᠦ᠍ ᠲᠩᠷᠢ ᠬᠠᠭᠠᠭᠳᠠᠵᠤ᠂ ᠡᠷᠭᠢᠨ ᠲᠣᠭᠣᠷᠢᠨ ᠭᠠᠯ ᠤ᠋ᠨ ᠴᠢᠰ ᠤᠯᠠᠭᠠᠨ ᠭᠡᠷᠡᠯ ᠳ᠋ᠦ᠍ ᠪᠦᠷᠬᠦᠭᠳᠡᠵᠡᠢ᠃ ᠪᠦᠬᠦ ᠬᠥᠮᠦᠰ᠂ ᠭᠡᠷ ᠪᠠᠷᠠᠭ᠎ᠠ ᠲᠦᠯᠡᠭᠳᠡᠨ ᠪᠥᠭᠡᠮ ᠭᠠᠯ ᠪᠣᠯᠵᠤ ᠪᠠᠢᠬᠤ ᠳ᠋ᠤ᠌ ᠲᠡᠮᠦᠵᠢᠨ ᠯᠡ ᠵᠥᠪ ᠵᠦᠭᠡᠷ ᠦᠯᠡᠳᠡᠭᠡᠳ ᠭᠠᠭᠴᠠᠭᠠᠷ ᠭᠠᠯᠲᠤ ᠴᠢᠨᠣ᠎ᠠ ᠶ᠋ᠢ ᠳᠠᠭᠤᠳᠠᠨ ᠳᠠᠭᠠᠵᠤ ᠭᠦᠶᠦᠭᠰᠡᠨ ᠪᠣᠯᠪᠠᠴᠤ ᠭᠠᠯᠲᠤ ᠴᠢᠨᠣ᠎ᠠ ᠲᠡᠭᠦᠨ ᠢ᠋ ᠲᠣᠭᠣᠭᠰᠠᠨ ᠦᠭᠡᠢ ᠬᠠᠮᠢᠭᠠᠰᠢ ᠪᠠᠨ ᠴᠤ᠌ ᠶᠤᠮ ᠰᠢᠩᠭᠡᠨ ᠠᠯᠠᠭ᠎ᠠ ᠪᠣᠯᠵᠠᠢ᠃ ᠲᠡᠭᠡᠬᠦ ᠳ᠋ᠦ᠍ᠨᠢ ᠶᠡᠬᠡᠳᠡ ᠬᠠᠷᠠᠮᠰᠠᠨ ᠤᠬᠢᠯᠠᠵᠤ ᠪᠠᠢᠨ᠎ᠠ ᠭᠡᠵᠦ ᠵᠡᠭᠦᠳᠦᠯᠡᠭᠡᠳ ᠰᠡᠷᠡᠵᠡᠢ᠃ ᠰᠡᠷᠡᠭᠰᠡᠨ ᠬᠣᠢᠨ᠎ᠠ ᠪᠠᠨ《ᠶᠠᠭᠤᠨ ᠤ᠋ ᠤᠴᠢᠷ ᠨᠠᠮᠠᠶ᠋ᠢ ᠲᠣᠭᠣᠭᠰᠠᠨ ᠦᠭᠡᠢ ᠪᠣᠢ? ᠲᠡᠷᠡ ᠭᠠᠯᠲᠤ ᠴᠢᠨᠣ᠎ᠠ ᠬᠠᠮᠢᠭ᠎ᠠ ᠣᠴᠢᠭᠰᠠᠨ ᠪᠣᠯ? ᠶᠠᠮᠠᠷ ᠭᠠᠵᠠᠷ ᠪᠠᠢᠳᠠᠭ ᠪᠣᠯ? ᠦᠵᠡᠬᠦ ᠰᠠᠨ 》 ᠭᠡᠵᠦ ᠲᠤᠢᠯ ᠦᠭᠡᠢ ᠶᠡᠬᠡ ᠪᠡᠷ ᠬᠦᠰᠡᠵᠡᠢ᠃ ᠬᠣᠵᠢᠮ ᠬᠣᠢᠨ᠎ᠠ《 ᠲᠡᠷᠡ ᠭᠠᠯᠲᠤ ᠴᠢᠨᠣ᠎ᠠ ᠬᠠᠮᠢᠭ᠎ᠠ ᠪᠠᠢᠭ᠎ᠠ ᠶᠤᠮ ᠪᠣᠯ?》 ᠭᠡᠵᠦ ᠭᠡᠨ᠎ᠡ ᠭᠡᠨ᠎ᠡ ᠪᠣᠳᠣᠭᠳᠠᠳᠠᠭ ᠪᠠᠢᠯ᠎ᠠ᠃ ᠬᠠᠷᠢᠨ ᠬᠥᠭᠡᠴᠦ ᠶ᠋ᠢᠨ ᠬᠡᠯᠡᠭᠰᠡᠨ ᠢ᠋ᠶ᠋ᠡᠷ ᠵᠡᠭᠦᠳᠦᠨ ᠳ᠋ᠦ᠍ ᠣᠷᠣᠭᠰᠠᠨ ᠭᠠᠯᠲᠤ ᠴᠢᠨᠣ᠎ᠠ ᠶ᠋ᠢᠨ ᠬᠤᠷᠴᠠ ᠭᠡᠷᠡᠯ ᠳ᠋ᠦ᠍ ᠲᠦᠯᠡᠭᠳᠡᠵᠦ ᠴᠠᠰ ᠤᠯᠠᠢᠭᠰᠠᠨ ᠨᠢᠳᠦ ᠶ᠋ᠢ ᠨᠢ ᠬᠥᠭᠡᠴᠦ ᠳᠣᠯᠢᠶᠠᠵᠤ ᠡᠳᠡᠭᠡᠵᠡᠢ᠃ ᠭᠠᠯᠲᠤ ᠴᠢᠨᠣ᠎ᠠ ᠶ᠋ᠢᠨ ᠤᠴᠢᠷ ᠢ᠋ ᠬᠥᠭᠡᠴᠦ ᠴᠦ᠍ ᠪᠠᠰᠠ ᠲᠣᠳᠣᠷᠬᠠᠢ ᠰᠠᠢᠨ ᠮᠡᠳᠡᠬᠦ ᠦᠭᠡᠢ ᠴᠦ᠍《ᠲᠡᠷᠡ ᠭᠠᠯᠲᠤ ᠴᠢᠨᠣ᠎ᠠ ᠶ᠋ᠢ ᠲᠡᠮᠦᠵᠢᠨ ᠴᠢ ᠳᠠᠬᠢᠨ ᠬᠠᠷᠠᠬᠤ ᠦᠭᠡᠢ》 ᠭᠡᠵᠦ ᠪᠠᠲᠤ ᠬᠡᠯᠡᠵᠡᠢ᠃ ᠲᠡᠷᠡ ᠭᠠᠢᠬᠠᠮᠰᠢᠭᠲᠤ ᠭᠠᠯᠲᠤ ᠴᠢᠨᠣ᠎ᠠ ᠰᠡᠳᠬᠢᠯ ᠳ᠋ᠦ᠍ᠨᠢ ᠳᠡᠩᠳᠡᠭᠦᠦ ᠭᠦᠨᠵᠡᠭᠡᠢ ᠲᠣᠳᠣ ᠬᠠᠳᠠᠭᠳᠠᠨ ᠦᠯᠡᠳᠡᠭᠰᠡᠨ ᠤᠴᠢᠷ ᠬᠥᠭᠡᠴᠦ ᠶ᠋ᠢᠨ ᠡᠨᠡ ᠦᠭᠡᠨ ᠳ᠋ᠦ᠍ ᠲᠡᠮᠦᠵᠢᠨ ᠣᠭᠲᠣ ᠢᠲᠡᠭᠡᠭᠡ ᠦᠭᠡᠢ ᠪᠥᠭᠡᠳ ᠬᠡᠴᠢᠨᠡᠨ ᠣᠯᠠᠨ ᠤᠳᠠᠭ᠎ᠠ ᠵᠡᠭᠦᠳᠦ ᠪᠡᠨ ᠮᠠᠨᠠᠵᠤ ᠬᠣᠨᠣᠭᠰᠠᠨ ᠴᠤ᠌ ᠭᠠᠯᠲᠤ ᠴᠢᠨᠣ᠎ᠠ ᠳᠠᠬᠢᠨ ᠢᠷᠡᠭᠡ ᠦᠭᠡᠢ ᠪᠢᠯᠡ᠃
ᠬᠥᠭᠡᠴᠦ ᠥᠪᠡᠷ ᠦ᠋ᠨ ᠢᠳᠢ ᠰᠢᠳᠢ ᠪᠡᠨ ᠭᠠᠭᠴᠠᠬᠠᠨ ᠲᠡᠮᠦᠵᠢᠨ ᠳ᠋ᠦ᠍ ᠯᠡ ᠨᠢᠭᠤᠴᠠ ᠪᠠᠷ ᠢᠳᠡᠭᠡᠨ ᠦᠵᠡᠭᠦᠯᠦᠭᠰᠡᠨ ᠪᠥᠭᠡᠳ ᠠᠵᠢᠷᠭᠠᠨ ᠪᠣᠷᠣᠭᠠᠨ ᠳ᠋ᠤ᠌ ᠨᠣᠷᠬᠤ ᠦᠭᠡᠢ ᠪᠡᠷ ᠬᠣᠪ ᠬᠠᠭᠤᠷᠠᠢ ᠶᠠᠪᠤᠵᠤ ᠴᠢᠳᠠᠬᠤ ᠪᠠᠨ ᠦᠵᠡᠭᠦᠯᠦᠭᠰᠡᠨ ᠦ᠌ ᠬᠣᠢᠨ᠎ᠠ ᠲᠡᠮᠦᠵᠢᠨ ᠲᠡᠭᠦᠨ ᠢ᠋ ᠨᠢᠭᠡᠮᠦᠰᠦᠨ ᠪᠢᠰᠢᠷᠡᠨ ᠰᠢᠲᠦᠪᠡ᠃ ᠪᠠᠰᠠ ᠬᠥᠭᠡᠴᠦ ᠶ᠋ᠢᠨ ᠠᠳᠠᠯᠢ ᠬᠣᠶᠠᠷ ᠨᠢᠳᠦ ᠪᠡᠷ ᠬᠣᠶᠠᠷ ᠲᠡᠢᠰᠢ ᠵᠡᠷᠭᠡᠪᠡᠷ ᠬᠠᠷᠠᠵᠤ ᠴᠢᠳᠠᠳᠠᠭ ᠢ᠋ ᠰᠤᠷᠬᠤ ᠭᠡᠵᠦ ᠨᠢᠳᠦ ᠪᠡᠨ ᠡᠴᠡᠲᠡᠯᠡ ᠣᠷᠣᠯᠳᠣᠭᠠᠳ ᠡᠴᠦᠰ ᠲᠦ᠋ᠨᠢ ᠳᠣᠲᠣᠷ᠎ᠠ ᠬᠠᠷᠠᠩᠭᠤᠢᠯᠠᠨ ᠮᠠᠭᠤᠵᠢᠷᠠᠨ ᠤᠨᠠᠵᠠᠢ᠃ ᠶᠠᠭᠠᠬᠢᠭᠠᠳ ᠢᠩᠭᠢᠵᠦ ᠴᠢᠳᠠᠳᠠᠭ ᠢ᠋ᠶ᠋ᠠᠨ ᠬᠥᠭᠡᠴᠦ ᠲᠠᠢᠯᠪᠤᠷᠢᠯᠠᠵᠤ ᠦᠯᠦ ᠮᠡᠳᠡᠨ᠎ᠡ᠃ ᠭᠠᠭᠴᠠᠬᠠᠨ ᠲᠩᠷᠢ ᠡᠴᠡ ᠭᠤᠶᠤᠭᠰᠠᠨ ᠶᠠᠭᠤᠮ᠎ᠠ ᠨᠢ ᠪᠦᠲᠦᠳᠡᠭ ᠭᠡᠬᠦ ᠡᠴᠡ ᠴᠠᠭᠠᠰᠢ ᠦᠭᠡᠢ᠃ ᠬᠥᠭᠡᠴᠦ ᠪᠦᠰᠡ ᠪᠡᠨ ᠬᠦᠵᠦᠭᠦᠨ ᠳ᠋ᠡᠭᠡᠨ ᠲᠣᠬᠣᠭᠠᠳ ᠲᠩᠷᠢ ᠳ᠋ᠦ᠍ ᠭᠠᠷ ᠰᠤᠩᠭᠠᠨ ᠨᠢᠳᠦ ᠪᠡᠨ ᠠᠨᠢᠵᠤ ᠤᠳᠠᠭᠠᠨ ᠰᠠᠭᠤᠬᠤ ᠪᠥᠯᠥᠭᠡ᠃ ᠡᠨᠡ ᠦᠶ᠎ᠡ ᠳ᠋ᠦ᠍ ᠲᠡᠷᠡ ᠬᠠᠵᠠᠭᠤᠳᠠᠬᠢ ᠪᠠᠨ ᠦᠯᠦ ᠰᠣᠨᠣᠰᠤᠨ᠎ᠠ᠃ ᠲᠡᠮᠦᠵᠢᠨ ᠲᠡᠭᠦᠨ ᠢ᠋ ᠳᠠᠭᠤᠷᠢᠶᠠᠨ ᠰᠠᠭᠤᠵᠤ ᠲᠩᠷᠢ ᠳ᠋ᠦ᠍ ᠮᠥᠷᠭᠥᠬᠦ ᠠᠪᠠᠴᠤ ᠬᠠᠷᠢᠭᠤ ᠰᠣᠨᠣᠰᠬᠤ ᠶ᠋ᠢ ᠪᠤᠤ ᠬᠡᠯᠡ ᠬᠤᠪᠴᠠᠰᠤ ᠨᠢ ᠨᠡᠪᠲᠡ ᠨᠣᠷᠤᠭᠰᠠᠨ ᠪᠠᠢᠬᠤ ᠳ᠋ᠤ᠌ ᠳᠡᠷᠭᠡᠳᠡ ᠨᠢ ᠰᠠᠭᠤᠭᠰᠠᠨ ᠬᠥᠭᠡᠴᠦ ᠳ᠋ᠦ᠍ ᠪᠣᠷᠣᠭᠠᠨ ᠳᠤᠰᠤᠯ ᠬᠦᠷᠬᠦ ᠦᠭᠡᠢ᠂ ᠲᠣᠯᠣᠭᠠᠢ ᠳᠡᠭᠡᠷ᠎ᠡ ᠨᠢ ᠬᠡᠨ ᠨᠢᠭᠡᠨ ᠦᠯᠦ ᠦᠵᠡᠭᠳᠡᠭᠴᠢ ᠬᠥᠮᠦᠨ ᠬᠠᠯᠬ᠎ᠠ ᠪᠠᠷᠢᠭᠰᠠᠨ ᠮᠡᠲᠦ ᠬᠣᠪ ᠬᠠᠭᠤᠷᠠᠢ ᠦᠯᠡᠳᠡᠨ᠎ᠡ᠃ ᠪᠣᠷᠣᠭᠠᠨ ᠤ᠋ ᠳᠤᠰᠤᠯ ᠤ᠋ᠳ ᠬᠥᠭᠡᠴᠦ ᠶ᠋ᠢᠨ ᠲᠣᠯᠣᠭᠠᠢ ᠠ᠋ᠴᠠ ᠠᠯᠲᠠ ᠬᠢᠷᠢ ᠶ᠋ᠢᠨ ᠵᠠᠢ ᠳ᠋ᠤ᠌ ᠢᠷᠡᠮᠡᠭᠴᠡ ᠪᠡᠨ ᠨᠠᠯᠠᠤ ᠶᠠᠭᠤᠮ᠎ᠠ ᠳ᠋ᠠᠭᠠᠨ ᠤᠷᠤᠰᠬᠤ ᠰᠢᠭ᠋ ᠬᠠᠵᠠᠢᠨ ᠲᠡᠭᠦᠨ ᠦ᠌ ᠬᠠᠵᠠᠭᠤ ᠪᠠᠷ ᠭᠠᠵᠠᠷ ᠲᠤ᠌ ᠠᠰᠬᠠᠷᠠᠬᠤ ᠶ᠋ᠢ ᠲᠡᠮᠦᠵᠢᠨ ᠲᠣᠳᠣ ᠬᠠᠷᠠᠳᠠᠭ ᠪᠠᠢᠪᠠ᠃
| ᠴᠢ ᠶᠠᠭᠠᠬᠢᠵᠤ ᠢᠩᠭᠢᠵᠦ ᠴᠢᠳᠠᠵᠤ ᠪᠠᠢᠨ᠎ᠠ ᠪᠣᠢ? ᠨᠠᠳᠠᠳᠤ ᠵᠢᠭᠠᠵᠤ ᠥᠭ ᠭᠡᠪᠡᠯ ᠬᠥᠭᠡᠴᠦ ᠢᠨᠢᠶᠡᠵᠦ᠄
| ᠴᠢ ᠥᠪᠡᠷ ᠢ᠋ᠶ᠋ᠡᠨ ᠲᠩᠷᠢ ᠡᠴᠡ ᠭᠣᠶᠣ ᠬᠡᠮᠡᠬᠦ ᠪᠥᠯᠥᠭᠡ᠃ ᠲᠡᠮᠦᠵᠢᠨ ᠲᠡᠭᠦᠨ ᠢ᠋ ᠳᠠᠭᠤᠷᠢᠶᠠᠨ ᠲᠩᠷᠢ ᠡᠴᠡ ᠭᠤᠶᠤᠬᠤ ᠪᠠᠷ ᠢ᠋ᠶ᠋ᠠᠨ ᠨᠢᠭᠡ ᠪᠣᠯᠤᠭᠰᠠᠨ ᠪᠢᠯᠡ ᠭᠡᠳ ᠲᠤᠰᠠ ᠶ᠋ᠢ ᠡᠰᠡ ᠣᠯᠤᠭᠰᠠᠨ ᠳ᠋ᠤ᠌ ᠬᠥᠭᠡᠴᠦ ᠳ᠋ᠦ᠍ ᠠᠲᠠᠭᠠᠷᠬᠠᠭᠰᠠᠨ ᠳ᠋ᠠᠭᠠᠨ ᠦᠬᠦᠬᠦ ᠰᠢᠬᠠᠨ᠎ᠠ᠃
| ᠪᠢ ᠭᠤᠶᠤᠭᠰᠠᠭᠠᠷ ᠴᠥᠬᠥᠷᠡᠯᠡ᠃ ᠭᠡᠪᠡᠴᠦ ᠲᠩᠷᠢ ᠶᠠᠭᠤ ᠴᠤ᠌ ᠬᠡᠯᠡᠭᠰᠡᠨ ᠦᠭᠡᠢ᠃ ᠴᠢ ᠲᠩᠷᠢ ᠳ᠋ᠦ᠍ ᠬᠡᠯᠡ᠃ ᠲᠡᠮᠦᠵᠢᠨ ᠢ᠋ ᠨᠠᠳᠠᠲᠠᠢ ᠠᠳᠠᠯᠢ ᠪᠣᠯᠭᠠᠭᠠᠴᠢ ᠭᠡᠵᠦ ᠭᠣᠶᠣ᠃ ᠲᠡᠭᠡᠪᠡᠯ ᠪᠢ ᠴᠢᠮᠠᠲᠤ ᠶᠠᠭᠤ ᠪᠠᠨ ᠴᠤ᠌ ᠬᠠᠢᠷᠠᠯᠠᠬᠤ ᠦᠭᠡᠢ ᠥᠭᠭᠦᠨ᠎ᠡ ᠭᠡᠵᠦ ᠲᠡᠮᠦᠵᠢᠨ ᠴᠢᠩ ᠦᠨᠡᠨ ᠢ᠋ᠶ᠋ᠡᠷ ᠭᠣᠶᠣᠳᠠᠭ ᠪᠠᠢᠪᠠ᠃ ᠢᠳᠢ ᠰᠢᠳᠢᠲᠡᠢ ᠪᠣᠯᠬᠤ ᠨᠢ ᠲᠡᠭᠦᠨ ᠦ᠌ ᠭᠠᠭᠴᠠ ᠬᠦᠰᠡᠯᠡᠩ ᠪᠣᠯᠪᠠ᠃ ᠲᠡᠮᠦᠵᠢᠨ ᠳ᠋ᠦ᠍ ᠶᠠᠭ ᠣᠳᠣ ᠯᠠ ᠢᠳᠢ ᠰᠢᠳᠢ ᠬᠡᠷᠡᠭᠲᠡᠢ ᠪᠠᠢᠯ᠎ᠠ᠃ ᠲᠡᠭᠡᠪᠡᠯ ᠲᠡᠮᠦᠵᠢᠨ ᠪᠡᠭᠲᠡᠷ ᠲᠦ᠍ ᠬᠡᠵᠢᠶ᠎ᠡ ᠴᠦ᠍ ᠳᠡᠢᠯᠦᠭᠳᠡᠬᠦ ᠦᠭᠡᠢ ᠪᠣᠯᠤᠨ᠎ᠠ ᠭᠡᠵᠦ ᠪᠣᠳᠣᠵᠠᠢ᠃ ᠬᠥᠭᠡᠴᠦ ᠲᠡᠭᠦᠨ ᠦ᠌ ᠬᠡᠯᠡᠭᠰᠡᠨ ᠢ᠋ᠶ᠋ᠡᠷ ᠲᠩᠷᠢ ᠡᠴᠡ ᠣᠯᠠᠨᠲᠠ ᠭᠤᠶᠤᠭᠰᠠᠨ ᠪᠣᠯᠪᠠᠴᠤ ᠲᠡᠮᠦᠵᠢᠨ ᠳ᠋ᠦ᠍ ᠥᠴᠦᠬᠡᠨ ᠲᠡᠳᠦᠢ ᠴᠦ᠍ ᠢᠳᠢ ᠰᠢᠳᠢ ᠪᠣᠢ ᠪᠣᠯᠤᠭᠰᠠᠨ ᠦᠭᠡᠢ᠃ ᠶᠠᠳᠠᠵᠤ ᠤᠨᠤᠨ ᠮᠥᠷᠡᠨ ᠦ᠌ ᠤᠰᠤᠨ ᠳᠡᠭᠡᠭᠦᠷ ᠭᠦᠶᠦᠵᠦ ᠭᠠᠷᠳᠠᠭ ᠴᠢᠳᠠᠯ ᠴᠤ᠌ ᠣᠯᠳᠠᠭᠰᠠᠨ ᠦᠭᠡᠢ᠃ ᠡᠨᠡ ᠨᠢ ᠬᠡᠴᠢᠨᠡᠨ ᠶᠡᠬᠡ ᠬᠠᠷᠠᠮᠰᠠᠯᠲᠠᠢ᠂ ᠪᠠᠰᠠ ᠠᠲᠠᠭᠠᠷᠬᠠᠯᠲᠠᠢ ᠶᠠᠪᠤᠳᠠᠯ ᠪᠢᠯᠡ᠃ ᠪᠤᠰᠤᠳ ᠠ᠋ᠴᠠ ᠳᠣᠣᠷᠠᠲᠤ ᠳᠣᠷᠣᠢ᠂ ᠴᠢᠳᠠᠯ ᠮᠡᠬᠦᠰ ᠪᠠᠢᠬᠤ ᠶ᠋ᠢᠨ ᠵᠣᠪᠠᠯᠠᠩ ᠢ᠋ ᠲᠡᠮᠦᠵᠢᠨ ᠬᠠᠨᠤᠵᠤ ᠴᠠᠳᠲᠠᠯ᠎ᠠ ᠠᠮᠰᠠᠵᠤ ᠪᠠᠢᠯ᠎ᠠ᠃ ᠭᠡᠪᠡᠴᠦ ᠲᠩᠷᠢ ᠲᠡᠭᠦᠨ ᠢ᠋ ᠲᠠᠭᠠᠯᠠᠭᠰᠠᠨ ᠦᠭᠡᠢ ᠴᠦ᠍ ᠲᠡᠮᠦᠵᠢᠨ ᠴᠥᠬᠥᠷᠡᠯᠲᠡ ᠦᠭᠡᠢ ᠪᠡᠷ ᠭᠤᠶᠤᠭᠰᠠᠭᠠᠷ ᠪᠠᠢᠪᠠ᠃ ᠢᠳᠢ ᠰᠢᠳᠢᠲᠡᠢ ᠪᠣᠯᠲᠠᠯ᠎ᠠ ᠪᠠᠨ ᠲᠩᠷᠢ ᠡᠴᠡ ᠭᠤᠶᠤᠶ᠎ᠠ ᠭᠡᠵᠦ ᠲᠡᠮᠦᠵᠢᠨ ᠳᠣᠲᠣᠷ᠎ᠠ ᠪᠠᠨ ᠬᠠᠲᠠᠭᠤ ᠰᠢᠢᠳᠴᠡᠢ᠃ ᠲᠡᠷᠡ ᠪᠡᠭᠲᠡᠷ ᠡᠴᠡ᠂ ᠬᠥᠭᠡᠴᠦ ᠡᠴᠡ ᠴᠢᠳᠠᠯ ᠮᠡᠬᠦᠰ ᠪᠠᠢᠭ᠎ᠠ ᠪᠠᠨ ᠲᠡᠪᠴᠢᠵᠦ ᠴᠢᠳᠠᠬᠤ ᠦᠭᠡᠢ ᠪᠠᠢᠪᠠ᠃ ᠦᠷᠭᠦᠯᠵᠢ ᠯᠡ ᠲᠩᠷᠢ ᠳ᠋ᠦ᠍ ᠮᠥᠷᠭᠥᠬᠦ ᠪᠣᠯᠤᠭᠰᠠᠨ ᠲᠡᠮᠦᠵᠢᠨ ᠦ᠌ ᠡᠨᠡ ᠬᠠᠴᠢᠨ ᠵᠠᠩ ᠢ᠋ ᠳᠡᠭᠦᠦ ᠨᠠᠷ ᠨᠢ ᠭᠠᠢᠬᠠᠳᠠᠭ ᠪᠣᠯᠪᠠ᠃
ᠳ᠋ᠠᠢ ᠰᠡᠴᠡᠨ ᠦ᠌ ᠭᠡᠷ ᠲᠦ᠍ ᠲᠦᠷ ᠣᠴᠢᠭᠠᠳ ᠪᠠᠢᠭᠰᠠᠨ ᠲᠡᠮᠦᠵᠢᠨ ᠢ᠋ ᠪᠤᠴᠠᠵᠤ ᠢᠷᠡᠭᠰᠡᠨ ᠦ᠌ ᠳᠠᠷᠠᠭᠠᠬᠠᠨ ᠦᠷᠭᠦᠯᠵᠢ ᠴᠣᠭ᠂ ᠠᠢᠯ ᠰᠠᠭᠠᠬᠠᠯᠲᠠ ᠠᠮᠢᠳᠤᠷᠠᠨ ᠰᠠᠭᠤᠭᠰᠠᠨ ᠥᠭᠡᠯᠦᠨ ᠡᠬᠡ ᠲᠡᠢ ᠨᠢ ᠳᠣᠲᠣᠨᠣ ᠰᠠᠢᠬᠠᠨ ᠬᠠᠷᠢᠴᠠᠭ᠎ᠠ ᠲᠠᠢ ᠮᠡᠩᠯᠢᠭ ᠭᠡᠨᠡᠳᠲᠡ ᠰᠠᠯᠵᠤ ᠵᠠᠮᠤᠬ᠎ᠠ ᠶ᠋ᠢᠨ ᠵᠦᠭ ᠨᠡᠭᠦᠭᠰᠡᠨ ᠨᠢ ᠲᠡᠮᠦᠵᠢᠨ ᠦ᠌ ᠬᠤᠪᠢ ᠳ᠋ᠤ᠌ ᠰᠠᠨᠠᠮᠰᠠᠷ ᠦᠭᠡᠢ ᠬᠦᠨᠳᠦ ᠴᠣᠬᠢᠯᠲᠠ ᠪᠣᠯᠤᠯ᠎ᠠ᠃ ᠤᠴᠢᠷ ᠨᠢ ᠬᠥᠭᠡᠴᠦ ᠲᠡᠮᠦᠵᠢᠨ ᠦ᠌ ᠰᠡᠳᠬᠢᠯ ᠳ᠋ᠦ᠍ ᠢᠲᠡᠭᠡᠯ ᠪᠢᠰᠢᠷᠡᠯ ᠢ᠋ ᠲᠥᠷᠥᠭᠦᠯᠵᠦ᠂ ᠪᠠᠰᠠ ᠭᠠᠳᠠᠨ᠎ᠠ ᠶ᠋ᠢᠨ ᠠᠶᠤᠯ ᠠ᠋ᠴᠠ ᠲᠡᠭᠦᠨ ᠢ᠋ ᠠᠪᠤᠷᠠᠨ ᠬᠠᠮᠠᠭᠠᠯᠠᠳᠠᠭ ᠮᠡᠲᠦ ᠰᠠᠨᠠᠭᠳᠠᠨ ᠡᠨᠡ ᠬᠢᠷᠢ ᠪᠡᠷ ᠲᠡᠮᠦᠵᠢᠨ ᠵᠢᠷᠦᠬᠡ ᠵᠣᠷᠢᠭ ᠳᠦᠭᠦᠷᠡᠩ ᠪᠠᠢᠭᠰᠠᠨ ᠢ᠋ᠶ᠋ᠠᠨ ᠮᠡᠳᠡᠵᠡᠢ᠃ ᠬᠥᠮᠦᠨ ᠦ᠌ ᠰᠡᠳᠬᠢᠯ ᠳ᠋ᠦ᠍ ᠢᠲᠡᠭᠡᠯ ᠪᠢᠰᠢᠷᠡᠯ ᠲᠥᠷᠥᠭᠦᠯᠵᠦ ᠴᠢᠳᠠᠪᠠᠯ ᠬᠦᠴᠦᠲᠡᠢ᠂ ᠵᠣᠷᠢᠭᠲᠠᠢ ᠪᠣᠯᠳᠠᠭ ᠡᠩ ᠦ᠋ᠨ ᠦᠨᠡᠨ ᠢ᠋ ᠲᠡᠮᠦᠵᠢᠨ ᠥᠪᠡᠷ ᠦ᠋ᠨ ᠪᠡᠶ᠎ᠡ ᠪᠡᠷ ᠠᠩᠬ᠎ᠠ ᠤᠳᠠᠭ᠎ᠠ ᠢᠩᠭᠢᠵᠦ ᠮᠡᠳᠡᠭᠰᠡᠨ ᠪᠢᠯᠡ᠃ ᠬᠥᠭᠡᠴᠦ ᠳ᠋ᠦ᠍ ᠴᠦ᠍ ᠲᠡᠮᠦᠵᠢᠨ ᠡᠴᠡ ᠰᠠᠯᠵᠤ ᠨᠡᠭᠦᠬᠦ ᠨᠢ ᠬᠡᠴᠡᠭᠦᠦ ᠪᠠᠢᠪᠠ᠃ ᠤᠴᠢᠷ ᠨᠢ ᠲᠡᠮᠦᠵᠢᠨ ᠪᠣᠯ ᠲᠡᠭᠦᠨ ᠢ᠋ ᠵᠢᠩᠬᠢᠨᠢ ᠶᠣᠰᠣᠭᠠᠷ ᠦᠨᠡᠯᠡᠵᠦ ᠬᠦᠨᠳᠦᠯᠡᠭᠰᠡᠨ ᠠᠩᠬᠠᠨ ᠤ᠋ ᠠᠨᠳᠠ ᠨᠢ ᠦᠷᠭᠦᠯᠵᠢ ᠲᠤᠰᠠᠯᠠᠵᠤ ᠬᠠᠮᠠᠭᠠᠯᠠᠭᠴᠢ ᠨᠥᠬᠥᠷ ᠨᠢ ᠪᠢᠯᠡ᠃ ᠰᠠᠯᠵᠤ ᠬᠠᠭᠠᠴᠠᠬᠤ ᠶ᠋ᠢᠨ ᠡᠮᠦᠨ᠎ᠡ ᠲᠡᠳᠡ ᠤᠳᠠᠭᠠᠨ ᠳᠤᠭᠤᠢ ᠵᠣᠭᠰᠣᠪᠠ᠃ ᠲᠡᠷᠡ ᠬᠣᠶᠠᠷ ᠬᠡᠵᠢᠶ᠎ᠡ ᠳᠠᠬᠢᠵᠤ ᠠᠭᠤᠯᠵᠠᠬᠤ ᠶ᠋ᠢ ᠲᠡᠮᠦᠵᠢᠨ ᠮᠡᠳᠡᠬᠦ ᠦᠭᠡᠢ᠂ ᠪᠦᠷ ᠳᠠᠬᠢᠨ ᠠᠭᠤᠯᠵᠠᠬᠤ ᠦᠭᠡᠢ ᠮᠡᠲᠦ ᠰᠠᠨᠠᠭᠳᠠᠬᠤ ᠳ᠋ᠤ᠌ ᠦᠨᠡᠬᠡᠷ ᠠᠶᠤᠮᠰᠢᠭᠲᠠᠢ ᠪᠠᠢᠵᠠᠢ᠃ ᠬᠠᠷᠢᠨ ᠬᠥᠭᠡᠴᠦ ᠲᠡᠭᠦᠨ ᠦ᠌ ᠡᠨᠡ ᠪᠣᠳᠣᠯ ᠢ᠋ ᠳᠠᠭᠠᠭᠠᠭᠰᠠᠨ ᠮᠡᠲᠦ
| ᠲᠡᠮᠦᠵᠢᠨ ᠴᠢ ᠪᠦᠦ ᠰᠠᠨᠠᠭ᠎ᠠ ᠪᠠᠨ ᠵᠤᠪᠠᠭ᠎ᠠ᠃ ᠴᠢᠮᠠᠶ᠋ᠢ ᠪᠢ ᠬᠠᠮᠠᠭᠠᠯᠠᠨ᠎ᠠ᠃ ᠬᠠᠷᠢᠨ ᠴᠢ ᠪᠡᠭᠲᠡᠷ ᠢ᠋ ᠵᠠᠪᠠᠯ ᠠᠯᠠᠭᠠᠷᠠᠢ᠃ ᠦᠭᠡᠢ ᠪᠣᠯ ᠲᠡᠷᠡ ᠴᠢᠮᠠᠶ᠋ᠢ ᠠᠯᠠᠨ᠎ᠠ᠃ ᠲᠠ ᠬᠣᠶᠠᠷ ᠤ᠋ᠨ ᠬᠡᠨ ᠠᠮᠢᠳᠤ ᠦᠯᠡᠳᠡᠭᠰᠡᠨ ᠨᠢ ᠶᠢᠰᠦᠭᠡᠢ ᠡᠴᠢᠭᠡ ᠪᠡᠨ ᠵᠠᠯᠭᠠᠮᠵᠢᠯᠠᠬᠤ ᠪᠣᠯᠤᠨ᠎ᠠ᠃ ᠠᠮᠢᠳᠤ ᠦᠯᠡᠳᠡᠭᠰᠡᠨ ᠨᠢ ᠬᠠᠨ ᠪᠣᠯᠤᠨ᠎ᠠ᠃ ᠴᠢᠮᠠᠶ᠋ᠢ ᠪᠡᠭᠲᠡᠷ ᠢ᠋ ᠠᠯᠠᠵᠤ᠂ ᠪᠣᠷᠵᠢᠭᠢᠨ ᠠᠢᠮᠠᠭ ᠤ᠋ᠨ ᠬᠠᠨ ᠪᠣᠯᠬᠤ ᠳ᠋ᠤ᠌ ᠪᠢ ᠪᠤᠴᠠᠵᠤ ᠢᠷᠡᠨ᠎ᠡ ᠭᠡᠵᠦ ᠬᠠᠯᠠᠭᠤᠨ ᠨᠢᠯᠪᠤᠰᠤ ᠪᠠᠨ ᠬᠠᠯᠲᠠᠷ ᠨᠢᠭᠤᠷ ᠤᠷᠤᠭᠤ ᠪᠠᠨ ᠤᠷᠤᠰᠬᠠᠨ ᠤᠷᠤᠰᠬᠠᠨ ᠰᠢᠪᠡᠨᠡᠵᠡᠢ᠃ ᠬᠥᠭᠡᠴᠦ ᠨᠢᠭᠡ ᠨᠢᠳᠦ ᠪᠡᠷ ᠲᠡᠮᠦᠵᠢᠨ ᠢ᠋᠂ ᠨᠥᠭᠦᠭᠡ ᠨᠢᠳᠦ ᠪᠡᠷ ᠬᠣᠯᠠᠳᠤᠨ ᠣᠳᠴᠤ ᠪᠣᠢ ᠠᠴᠢᠶ᠎ᠠ ᠬᠥᠰᠬᠡ ᠶ᠋ᠢ ᠰᠢᠷᠲᠡᠵᠦ ᠪᠠᠢᠭᠠᠳ ᠡᠢᠨ ᠬᠡᠯᠡᠬᠦ ᠳ᠋ᠦ᠍ ᠲᠡᠮᠦᠵᠢᠨ ᠴᠦ᠍ ᠮᠥᠨ ᠠᠳᠠᠯᠢ ᠭᠠᠰᠢᠭᠤᠨ ᠨᠢᠯᠪᠤᠰᠤ ᠪᠠᠨ ᠤᠷᠤᠰᠬᠠᠵᠤ ᠵᠣᠭᠰᠣᠯ᠎ᠠ᠃ ᠬᠥᠭᠡᠴᠦ ᠶ᠋ᠢᠨ ᠵᠡᠭᠦᠨ ᠨᠢᠳᠦ ᠲᠡᠭᠦᠨ ᠢ᠋ ᠦᠷᠦ ᠡᠪᠡᠳᠦᠭᠰᠡᠨ ᠪᠠᠰᠠ ᠵᠣᠷᠢᠭᠵᠢᠭᠤᠯᠤᠭᠰᠠᠨ ᠮᠡᠲᠦ ᠭᠢᠯᠠᠯᠵᠠᠨ ᠰᠢᠷᠲᠡᠨ᠎ᠡ᠃ ᠡᠢᠮᠦ ᠰᠡᠳᠬᠢᠯ ᠳ᠋ᠦ᠍ ᠳᠣᠲᠣᠨᠣ ᠳᠤᠯᠠᠭᠠᠬᠠᠨ ᠬᠠᠷᠠᠴᠠ ᠶ᠋ᠢ ᠲᠡᠮᠦᠵᠢᠨ ᠤᠷᠢᠳᠠ ᠨᠢ ᠦᠵᠡᠭᠡ ᠦᠭᠡᠢ ᠪᠠᠢᠪᠠ᠃ ᠶᠢᠰᠦᠭᠡᠢ ᠡᠴᠢᠭᠡ ᠨᠢ ᠦᠬᠦᠬᠦ ᠳ᠋ᠦ᠍ ᠲᠡᠮᠦᠵᠢᠨ ᠶᠠᠭ ᠢᠩᠭᠢᠵᠦ ᠭᠠᠭᠴᠠᠭᠠᠷᠳᠠᠵᠤ᠂ ᠠᠶᠤᠵᠤ ᠲᠦᠭᠰᠢᠵᠦ ᠪᠠᠰᠠ ᠬᠡᠨ ᠳ᠋ᠦ᠍ ᠴᠦ᠍ ᠶᠦᠮ ᠪᠣᠢ ᠬᠢᠵᠠᠭᠠᠷ ᠦᠭᠡᠢ ᠶᠡᠬᠡ ᠪᠡᠷ ᠭᠣᠮᠣᠳᠠᠨ ᠤᠬᠢᠯᠠᠭᠰᠠᠨ ᠪᠢᠯᠡ᠃
| ᠲᠡᠮᠦᠵᠢᠨ᠂ ᠴᠢ ᠲᠩᠷᠢ ᠳ᠋ᠦ᠍ ᠮᠥᠷᠭᠥᠵᠦ ᠭᠣᠶᠣ᠃ ᠪᠢᠲᠡᠭᠡᠢ ᠴᠥᠬᠥᠷᠡ᠃ ᠴᠢᠮᠠᠶ᠋ᠢ ᠵᠠᠪᠠᠯ ᠰᠣᠨᠣᠰᠤᠨ᠎ᠠ ᠭᠡᠵᠦ ᠬᠥᠭᠡᠴᠦ ᠲᠡᠭᠦᠨ ᠦ᠌ ᠤᠬᠢᠯᠠᠬᠤ ᠶ᠋ᠢ ᠦᠵᠡᠭᠡᠳ ᠰᠡᠳᠬᠢᠯ ᠢ᠋ ᠨᠢ ᠵᠠᠰᠠᠵᠤ ᠬᠡᠯᠡᠪᠡ᠃ ᠬᠥᠭᠡᠴᠦ ᠬᠣᠶᠠᠷ ᠪᠤᠭᠤᠯᠤᠭ ᠳᠡᠭᠡᠷ᠎ᠡ ᠡᠴᠡ ᠨᠢ ᠬᠠᠯᠠᠭᠤ ᠣᠷᠭᠢᠭᠤᠯᠤᠨ ᠠᠳᠬᠤᠭᠠᠳ ᠭᠦᠶᠦᠵᠦ ᠣᠳᠤᠯ᠎ᠠ᠃ ᠲᠡᠮᠦᠵᠢᠨ ᠦ᠌ ᠪᠡᠶ᠎ᠡ ᠡᠴᠡ ᠵᠥᠪᠬᠡᠨ ᠬᠥᠭᠡᠴᠦ ᠶ᠋ᠢᠨ ᠠᠳᠬᠤᠭᠰᠠᠨ ᠬᠡᠰᠡᠭ ᠭᠠᠵᠠᠷ ᠯᠠ ᠥᠪᠡᠷ ᠲᠤᠨᠢ ᠮᠡᠳᠡᠷᠡᠭᠳᠡᠵᠦ᠂ ᠪᠡᠶ᠎ᠡ ᠨᠢ ᠬᠣᠪ ᠬᠣᠭᠣᠰᠣᠨ ᠪᠣᠯᠵᠠᠢ᠃ ᠭᠡᠲᠡᠯ᠎ᠡ ᠬᠥᠰᠬᠡ ᠲᠡᠷᠭᠡᠨ ᠦ᠌ ᠳᠡᠷᠭᠡᠳᠡ ᠬᠦᠷᠴᠦ ᠶᠠᠪᠤᠭᠰᠠᠨ ᠬᠥᠭᠡᠴᠦ ᠭᠡᠨᠡᠳᠲᠡ ᠡᠷᠭᠢᠨ ᠭᠦᠶᠦᠵᠦ ᠢᠷᠡᠬᠦ ᠳ᠋ᠦ᠍ ᠬᠠᠷᠠᠭᠰᠠᠨ ᠪᠦᠭᠦᠳᠡ ᠭᠠᠢᠬᠠᠵᠠᠢ᠃ ᠬᠥᠭᠡᠴᠦ ᠲᠡᠮᠦᠵᠢᠨ ᠦ᠌ ᠳᠡᠷᠭᠡᠳᠡ ᠢᠷᠡᠮᠡᠭᠴᠡ ᠲᠡᠭᠦᠨ ᠦ᠌ ᠨᠢᠭᠤᠷ ᠤᠷᠤᠭᠤ ᠡᠭᠴᠡ ᠰᠢᠷᠲᠡᠭᠡᠳ
| ᠲᠡᠮᠦᠵᠢᠨ ᠴᠢ ᠶᠠᠭᠤ ᠴᠤ᠌ ᠪᠣᠯᠤᠭᠰᠠᠨ ᠦᠬᠦᠵᠦ ᠯᠡ ᠪᠣᠯᠬᠤ ᠦᠭᠡᠢ ᠰᠢᠦ᠃ ᠡᠨᠡ ᠪᠣᠯ《ᠲᠩᠷᠢ ᠶ᠋ᠢᠨ ᠵᠠᠷᠯᠢᠭ》 ᠭᠡᠵᠦ ᠰᠢᠪᠡᠨᠡᠭᠡᠳ ᠡᠷᠭᠢᠵᠦ ᠭᠦᠶᠦᠪᠡ᠃ ᠤᠴᠢᠷ ᠨᠢ ᠨᠡᠭᠦᠳᠡᠯ ᠦ᠋ᠨ ᠳᠡᠷᠭᠡᠳᠡ ᠡᠴᠡ ᠮᠡᠩᠯᠢᠭ ᠦ᠋ᠨ ᠠᠭᠤᠷᠰᠠᠨ ᠬᠠᠰᠬᠢᠷᠴᠤ ᠳᠠᠭᠤᠳᠠᠬᠤ ᠰᠣᠨᠣᠰᠤᠭᠳᠠᠵᠠᠢ᠃ ᠲᠡᠮᠦᠵᠢᠨ ᠠᠮᠢᠳᠤᠷᠠᠯ ᠳ᠋ᠠᠭᠠᠨ ᠠᠩᠬ᠎ᠠ ᠤᠳᠠᠭ᠎ᠠ ᠰᠣᠨᠣᠰᠤᠭᠰᠠᠨ《ᠲᠩᠷᠢ ᠶ᠋ᠢᠨ ᠵᠠᠷᠯᠢᠭ》 ᠬᠡᠮᠡᠬᠦ ᠦᠭᠡ ᠶ᠋ᠢ ᠲᠡᠷᠡ ᠳᠠᠷᠤᠢ ᠤᠬᠠᠭᠠᠷᠠᠨ ᠣᠢᠯᠠᠭᠠᠭᠰᠠᠨ ᠦᠭᠡᠢ ᠲᠡᠢ ᠠᠳᠠᠯᠢ ᠬᠥᠭᠡᠴᠦ ᠴᠦ᠍ ᠥᠪᠡᠷ ᠦ᠋ᠨ ᠬᠡᠯᠡᠭᠰᠡᠨ ᠦᠭᠡᠨ ᠦ᠌ ᠴᠠᠭᠠᠳᠤ ᠨᠠᠭᠠᠳᠤ ᠤᠴᠢᠷ ᠢ᠋ ᠣᠯᠬᠤ ᠦᠭᠡᠢ ᠤᠳᠠᠵᠠᠢ᠃ ᠴᠥᠭᠡᠨ ᠲᠡᠷᠭᠡ ᠴᠤᠪᠤᠷᠠᠭᠰᠠᠨ ᠮᠡᠩᠯᠢᠭ ᠦ᠋ᠨ ᠬᠥᠩᠭᠡᠨ ᠨᠡᠭᠦᠳᠡᠯ ᠵᠡᠭᠦᠨ ᠳᠥᠷᠥᠯᠵᠢ ᠳᠠᠪᠠᠨ ᠳᠠᠯᠳᠠ ᠣᠷᠣᠲᠠᠯ᠎ᠠ ᠲᠡᠮᠦᠵᠢᠨ ᠵᠣᠭᠰᠣᠭᠰᠠᠨ ᠭᠠᠵᠠᠷ ᠠ᠋ᠴᠠ ᠬᠥᠳᠡᠯᠦᠭᠰᠡᠨ ᠦᠭᠡᠢ᠃ ᠨᠡᠭᠦᠳᠡᠯ ᠢ᠋ ᠳ᠋ᠡᠭᠡᠨ ᠶᠠᠪᠤᠭᠰᠠᠨ ᠪᠡᠭᠲᠡᠷ᠂ ᠪᠡᠯᠭᠦᠳᠡᠢ᠂ ᠬᠠᠰᠠᠷ ᠨᠠᠷ ᠢ᠋ ᠪᠤᠴᠠᠵᠤ ᠢᠷᠡᠲᠡᠯ᠎ᠡ ᠪᠠᠢᠷᠢᠨ ᠳ᠋ᠠᠭᠠᠨ ᠬᠥᠮᠦᠨ ᠴᠢᠯᠠᠭᠤ ᠠᠳᠠᠯᠢ ᠵᠣᠭᠰᠣᠭᠰᠠᠭᠠᠷ ᠪᠠᠢᠬᠤ ᠶ᠋ᠢ ᠦᠵᠡᠭᠡᠳ ᠪᠦᠭᠦᠳᠡ ᠭᠠᠢᠬᠠᠵᠠᠢ᠃ ᠭᠡᠰᠡᠨ ᠴᠦ᠍ ᠬᠥᠭᠡᠴᠦ ᠶ᠋ᠢᠨ ᠬᠡᠯᠡᠭᠰᠡᠨ ᠦᠭᠡ ᠲᠡᠭᠦᠨ ᠦ᠌ ᠰᠡᠳᠬᠢᠯ ᠦ᠋ᠨ ᠳᠣᠲᠣᠷᠠᠬᠢ ᠨᠢᠭᠤᠴᠠ ᠶ᠋ᠢ ᠬᠡᠨ ᠴᠦ᠍ ᠳᠠᠭᠠᠭᠰᠠᠨ ᠦᠭᠡᠢ᠃ ᠬᠠᠷᠢᠨ ᠭᠠᠭᠴᠠ ᠥᠭᠡᠯᠦᠨ ᠡᠬᠡ ᠲᠣᠯᠣᠭᠠᠢ ᠶ᠋ᠢ ᠨᠢ ᠡᠯᠢᠭᠡᠨ ᠳ᠋ᠡᠭᠡᠨ ᠨᠠᠭᠠᠨ ᠴᠢᠮᠡᠭᠡ ᠦᠭᠡᠢ ᠲᠡᠪᠡᠷᠢᠭᠰᠡᠨ ᠨᠢ ᠲᠡᠮᠦᠵᠢᠨ ᠦ᠌ ᠭᠠᠰᠢᠭᠤᠳᠠᠯ ᠢ᠋ ᠣᠢᠯᠠᠭᠠᠭᠰᠠᠨ ᠤ᠋ ᠬᠢ ᠪᠠᠢᠪᠠ᠃ ᠮᠡᠩᠯᠢᠭ ᠦ᠋ᠨ ᠬᠢ ᠨᠡᠭᠦᠵᠦ ᠣᠳᠤᠭᠰᠠᠨ ᠤ᠋ ᠳᠠᠷᠠᠭ᠎ᠠ ᠡᠷᠭᠢᠨ ᠲᠣᠭᠣᠷᠢᠨ ᠡᠯᠦᠢ ᠬᠤᠯᠤᠢ᠂ ᠨᠠᠮ ᠭᠦᠮ ᠪᠣᠯᠤᠭᠠᠳ ᠲᠡᠷᠡ ᠢᠳᠢ ᠰᠢᠳᠢᠲᠡᠢ ᠬᠥᠭᠡᠴᠦ ᠰᠡᠳᠬᠢᠯ ᠵᠢᠷᠦᠬᠡᠨ ᠳ᠋ᠦ᠍ᠨᠢ ᠬᠡᠴᠢᠨᠡᠨ ᠭᠦᠨᠵᠡᠭᠡᠢ ᠰᠢᠩᠭᠡᠵᠦ ᠨᠡᠪᠲᠡᠷᠡᠭᠰᠡᠨ ᠢ᠋ ᠲᠡᠮᠦᠵᠢᠨ ᠮᠡᠳᠡᠷᠡᠭᠰᠡᠨ ᠪᠢᠯᠡ᠃ ᠬᠡᠳᠦᠢ ᠵᠤᠨ ᠤ᠋ ᠳᠡᠯᠭᠡᠷ ᠴᠠᠭ ᠢᠷᠡᠵᠦ ᠤᠷᠠᠨ ᠪᠠᠢᠭᠠᠯᠢ ᠵᠠᠭᠤᠨ ᠥᠩᠭᠡ ᠪᠡᠷ ᠠᠯᠠᠭᠯᠠᠨ ᠪᠠᠢᠭᠰᠠᠨ ᠢ᠋ᠶ᠋ᠠᠨ ᠭᠡᠨᠡᠳᠲᠡ ᠪᠦᠬᠦ ᠶᠠᠭᠤᠮᠠᠰ ᠬᠣᠷᠣᠮ ᠤ᠋ᠨ ᠳᠣᠲᠣᠷ᠎ᠠ ᠥᠩᠭᠡ ᠪᠡᠨ ᠠᠯᠲᠠᠨ ᠰᠡᠭᠦᠳᠡᠷᠲᠦᠨ ᠬᠠᠷᠠᠯᠠᠬᠤ ᠶ᠋ᠢ ᠲᠡᠮᠦᠵᠢᠨ ᠠᠩᠬ᠎ᠠ ᠤᠳᠠᠭ᠎ᠠ ᠦᠵᠡᠵᠡᠢ᠃ ᠬᠠᠷᠢᠨ ᠬᠥᠭᠡᠴᠦ ᠳ᠋ᠦ᠍ ᠶᠠᠭ ᠢᠩᠭᠢᠵᠦ ᠬᠠᠷᠠᠭᠳᠠᠭᠰᠠᠨ ᠢ᠋ ᠲᠡᠷᠡ ᠮᠡᠳᠡᠭᠰᠡᠨ ᠦᠭᠡᠢ᠃
ᠬᠥᠭᠡᠴᠦ ᠶ᠋ᠢ ᠶᠠᠪᠤᠭᠰᠠᠨ ᠠ᠋ᠴᠠ ᠬᠣᠢᠰᠢ ᠲᠡᠭᠦᠨ ᠦ᠌ ᠠᠳᠠᠯᠢ ᠢᠳᠢ ᠰᠢᠳᠢᠲᠡᠢ ᠪᠣᠯᠵᠤ ᠲᠩᠷᠢ ᠲᠡᠢ ᠶᠠᠷᠢᠬᠤ ᠭᠡᠰᠡᠨ ᠲᠡᠮᠦᠵᠢᠨ ᠦ᠌ ᠬᠦᠰᠡᠯ ᠨᠢ ᠳᠠᠷᠤᠭᠳᠠᠭᠰᠠᠨ ᠦᠭᠡᠢ ᠬᠠᠷᠢᠨ ᠴᠤ᠌ ᠪᠦᠷ ᠢᠯᠡᠭᠦᠦ ᠬᠦᠴᠦᠲᠡᠢ ᠪᠣᠯᠤᠭᠰᠠᠨ ᠶᠤᠮ᠃ ᠥᠪᠡᠷ ᠦ᠋ᠨ ᠳᠠᠭᠤ ᠬᠣᠭᠣᠯᠠᠢ ᠶ᠋ᠢ ᠲᠩᠷᠢ ᠳ᠋ᠦ᠍ ᠰᠣᠨᠣᠰᠬᠠᠬᠤ ᠭᠡᠰᠡᠨ ᠲᠡᠮᠦᠵᠢᠨ ᠦ᠌ ᠬᠢᠴᠢᠶᠡᠯ ᠵᠢᠳᠬᠦᠯ ᠲᠤᠰᠠ ᠶ᠋ᠢ ᠣᠯᠤᠭ᠎ᠠ ᠦᠭᠡᠢ ᠴᠦ᠍ ᠲᠡᠷᠡ ᠨᠢᠭᠡ ᠴᠦ᠍ ᠡᠳᠦᠷ ᠥᠨᠵᠢᠵᠦ ᠰᠠᠭᠠᠲᠠᠭᠠᠭᠰᠠᠨ ᠦᠭᠡᠢ᠃ ᠬᠥᠭᠡᠴᠦ ᠶ᠋ᠢᠨ ᠵᠠᠬᠢᠭᠰᠠᠨ ᠢ᠋ᠶ᠋ᠠᠷ ᠲᠡᠪᠴᠢᠶᠡᠷᠢ ᠲᠡᠢ ᠪᠡᠷ ᠮᠥᠷᠭᠥᠭᠰᠡᠭᠡᠷ ᠪᠠᠢᠭᠰᠠᠨ ᠲᠤᠯᠠ ᠢᠩᠭᠢᠵᠦ ᠲᠩᠷᠢ ᠳ᠋ᠦ᠍ ᠮᠥᠷᠭᠥᠬᠦ᠂ ᠲᠡᠭᠦᠨ ᠳ᠋ᠦ᠍ ᠰᠡᠳᠬᠢᠯ ᠦ᠋ᠨ ᠳᠣᠲᠣᠷᠠᠬᠢ ᠬᠦᠰᠡᠯ ᠵᠣᠷᠢᠯᠭ᠎ᠠ ᠪᠠᠨ ᠢᠯᠡᠴᠢᠯᠡᠨ ᠶᠠᠷᠢᠬᠤ ᠨᠢ ᠨᠢᠭᠡ ᠯᠡ ᠮᠡᠳᠡᠬᠦ ᠳ᠋ᠦ᠍ ᠡᠳᠦᠷ ᠳᠣᠳᠣᠮ ᠤ᠋ᠨ ᠠᠮᠢᠳᠤᠷᠠᠯ ᠤ᠋ᠨ ᠵᠢᠷ ᠦ᠋ᠨ ᠳᠠᠳᠤᠯ ᠪᠣᠯᠤᠨ ᠬᠡᠪᠰᠢᠪᠡ᠃ ᠭᠡᠨᠡᠳᠲᠡ ᠬᠡᠨ ᠳ᠋ᠦ᠍ ᠴᠦ᠍ ᠳᠡᠢᠯᠦᠭᠳᠡᠰᠢ ᠦᠭᠡᠢ ᠬᠦᠴᠦ ᠴᠢᠳᠠᠯᠲᠠᠢ᠂ ᠢᠳᠢ ᠰᠢᠳᠢᠲᠡᠢ ᠪᠣᠯᠵᠤ ᠥᠪᠡᠷ ᠦ᠋ᠨ ᠪᠢᠴᠢᠬᠠᠨ ᠠᠮᠢᠳᠤᠷᠠᠯ ᠳ᠋ᠠᠭᠠᠨ ᠪᠦᠭᠦᠳᠡ ᠶ᠋ᠢ ᠵᠠᠬᠢᠷᠤᠨ ᠰᠠᠭᠤᠬᠤ ᠮᠥᠷᠥᠭᠡᠳᠦᠯ ᠬᠦᠰᠡᠯ ᠨᠢ ᠲᠡᠮᠦᠵᠢᠨ ᠢ᠋ ᠢᠩᠭᠢᠵᠦ ᠣᠢᠭ᠎ᠠ ᠦᠭᠡᠢ ᠮᠥᠷᠭᠥᠨ ᠵᠠᠯᠪᠠᠷᠢᠬᠤ ᠳ᠋ᠤ᠌ ᠲᠦᠯᠬᠢᠬᠦ ᠪᠥᠯᠥᠭᠡ᠃ ᠪᠠᠰᠠ ᠢᠩᠭᠢᠵᠦ ᠮᠥᠷᠭᠥᠬᠦ ᠶ᠋ᠢᠨ ᠬᠠᠵᠠᠭᠤ ᠪᠠᠷ ᠲᠩᠷᠢ ᠳ᠋ᠦ᠍ ᠬᠠᠨᠳᠤᠨ ᠬᠡᠯᠡᠭᠰᠡᠨ ᠦᠭᠡ ᠬᠦᠰᠡᠯ ᠦ᠋ᠨ ᠢ᠋ᠶ᠋ᠡᠨ ᠬᠠᠷᠢᠭᠤ ᠶ᠋ᠢ ᠰᠡᠳᠬᠢᠯ ᠪᠣᠳᠣᠯ ᠠ᠋ᠴᠠ ᠪᠠᠨ ᠡᠷᠢᠵᠦ ᠣᠯᠤᠭᠠᠳ ᠥᠪᠡᠷ ᠢ᠋ᠶ᠋ᠡᠨ ᠥᠪᠡᠷ ᠲᠡᠭᠡᠨ ᠬᠠᠷᠢᠭᠤ ᠬᠡᠯᠡᠵᠦ ᠰᠤᠷᠴᠠᠢ᠃ ᠡᠨᠡ ᠳᠠᠳᠤᠯ ᠬᠡᠪᠰᠢᠯ ᠨᠢ ᠲᠡᠮᠦᠵᠢᠨ ᠦ᠌ ᠰᠡᠳᠬᠢᠯ᠂ ᠣᠶᠤᠨ ᠤᠬᠠᠭᠠᠨ ᠵᠠᠳᠠᠷᠠᠵᠤ ᠲᠥᠯᠥᠪᠰᠢᠬᠦ ᠳ᠋ᠦ᠍ ᠰᠠᠢᠬᠠᠨ ᠳᠠᠰᠬᠠᠯ ᠪᠣᠯᠵᠤ ᠠᠭᠠᠵᠢᠮ ᠳ᠋ᠠᠭᠠᠨ ᠥᠪᠡᠷ ᠦ᠋ᠨ ᠢ᠋ᠶ᠋ᠡᠨ ᠪᠣᠳᠣᠯ ᠢ᠋ ᠲᠩᠷᠢ ᠶ᠋ᠢᠨ ᠦᠭᠡ ᠮᠡᠲᠦ ᠣᠢᠯᠠᠭᠠᠵᠤ᠂ ᠬᠦᠯᠢᠶᠡᠨ ᠠᠪᠴᠤ ᠰᠤᠷᠴᠤ ᠪᠠᠢᠪᠠ᠃ ᠪᠠᠰᠠ ᠥᠭᠡᠷ᠎ᠡ ᠨᠢᠭᠡ ᠴᠦ᠍ ᠰᠢᠨ᠎ᠡ ᠴᠢᠬᠤᠯᠠ ᠵᠦᠢᠯ ᠡᠭᠦᠨ ᠲᠡᠢ ᠬᠠᠮᠲᠤ ᠪᠣᠢ ᠪᠣᠯᠤᠭᠰᠠᠨ ᠨᠢ ᠬᠠᠰᠠᠷ ᠪᠣᠯᠤᠭᠠᠳ ᠳᠡᠭᠦᠦ ᠨᠠᠷ ᠨᠢ ᠨᠡᠭᠡᠷᠡᠨ ᠲᠡᠮᠦᠵᠢᠨ ᠠᠬ᠎ᠠ ᠲᠩᠷᠢ ᠲᠡᠢ ᠶᠠᠷᠢᠳᠠᠭ ᠪᠠᠢᠬᠤ ᠭᠡᠵᠦ ᠡᠷᠡᠭᠡᠯᠵᠡᠩᠭᠦᠢ ᠴᠦ᠍ ᠭᠡᠯᠡ ᠢᠲᠡᠭᠡᠬᠦ ᠪᠣᠯᠤᠭᠰᠠᠨ ᠶᠠᠪᠤᠳᠠᠯ ᠪᠢᠯᠡ᠃ ᠡᠨᠡ ᠨᠢ ᠲᠡᠮᠦᠵᠢᠨ ᠦ᠌ ᠴᠣᠷ ᠤ᠋ᠨ ᠭᠠᠭᠴᠠ ᠳᠠᠪᠠᠭᠤ ᠲᠠᠯ᠎ᠠ ᠪᠣᠯᠵᠠᠢ᠃ ᠪᠤᠰᠤᠳ ᠢ᠋ ᠵᠠᠷ ᠵᠡᠪᠰᠡᠭ᠂ ᠬᠦᠴᠦ ᠴᠢᠳᠠᠯ ᠢ᠋ᠶ᠋ᠠᠷ ᠪᠢᠰᠢ ᠥᠪᠡᠷ ᠲᠡᠭᠡᠨ ᠢᠲᠡᠭᠡᠭᠦᠯᠦᠨ ᠪᠢᠰᠢᠷᠡᠭᠦᠯᠬᠦ ᠠᠷᠭ᠎ᠠ ᠪᠠᠷ ᠳᠠᠭᠠᠭᠤᠯᠤᠨ ᠠᠪᠴᠤ ᠪᠣᠯᠬᠤ ᠶ᠋ᠢ ᠮᠡᠳᠡᠭᠰᠡᠨ ᠨᠢ ᠲᠤᠢᠯ ᠤ᠋ᠨ ᠴᠢᠬᠤᠯᠠ ᠣᠯᠵᠠ ᠪᠠᠢᠪᠠ᠃ ᠢᠩᠭᠢᠬᠦ ᠶ᠋ᠢᠨ ᠲᠤᠯᠠᠳᠠ ᠲᠩᠷᠢ ᠶ᠋ᠢᠨ ᠨᠡᠷ᠎ᠡ ᠶ᠋ᠢ ᠠᠰᠢᠭᠯᠠᠵᠤ ᠪᠣᠯᠬᠤ ᠵᠠᠮ ᠪᠠᠢᠭ᠎ᠠ ᠶ᠋ᠢ ᠣᠢᠯᠠᠭᠠᠵᠤ ᠡᠬᠢᠯᠡᠭᠰᠡᠨ ᠨᠢ ᠪᠠᠯᠴᠢᠷ ᠲᠡᠮᠦᠵᠢᠨ ᠦ᠌ ᠰᠡᠳᠬᠢᠯ ᠳ᠋ᠦ᠍ ᠬᠥᠭᠡᠴᠦ ᠶ᠋ᠢᠨ ᠤᠷᠭᠤᠭᠤᠯᠤᠨ ᠪᠣᠢ ᠪᠣᠯᠭᠠᠭᠰᠠᠨ ᠢᠳᠢ ᠰᠢᠳᠢ ᠶᠦᠮ᠃ ᠲᠡᠮᠦᠵᠢᠨ ᠢᠳᠢ ᠰᠢᠳᠢ ᠭᠡᠭᠴᠢ ᠶ᠋ᠢ ᠬᠠᠮᠢᠭ᠎ᠠ ᠬᠣᠯᠠ ᠶ᠋ᠢᠨ ᠥᠨᠳᠥᠷ ᠲᠩᠷᠢ ᠡᠴᠡ ᠡᠷᠢᠭᠰᠡᠭᠡᠷ ᠪᠠᠢᠭᠰᠠᠨ ᠲᠤᠯᠠ ᠥᠪᠡᠷ ᠦ᠋ᠨ ᠢ᠋ᠶ᠋ᠡᠨ ᠰᠡᠳᠬᠢᠯ ᠰᠠᠨᠠᠭᠠᠨ ᠳ᠋ᠤ᠌ ᠭᠠᠷᠤᠭᠰᠠᠨ ᠭᠦᠨᠵᠡᠭᠡᠢ ᠥᠭᠡᠷᠡᠴᠢᠯᠡᠯᠲᠡ᠂ ᠢᠲᠡᠭᠡᠯ ᠵᠣᠷᠢᠭ ᠢ᠋ ᠮᠡᠳᠡᠷᠡᠭᠰᠡᠨ ᠦᠭᠡᠢ᠃ ᠬᠡᠳᠦᠢ ᠪᠡᠷ ᠬᠥᠭᠡᠴᠦ ᠶᠠᠭ ᠬᠡᠵᠢᠶ᠎ᠡ ᠪᠣᠯᠬᠤ ᠶ᠋ᠢ ᠲᠣᠳᠣᠷᠬᠠᠢ ᠵᠢᠭᠠᠭ᠎ᠠ ᠦᠭᠡᠢ᠂ ᠲᠡᠮᠦᠵᠢᠨ ᠴᠦ᠍ ᠢᠩᠭᠢᠨ᠎ᠡ ᠭᠡᠵᠦ ᠬᠠᠲᠠᠭᠤ ᠢᠲᠡᠭᠡᠭᠡ ᠦᠭᠡᠢ ᠴᠦ᠍ ᠲᠡᠷᠡ ᠪᠡᠭᠲᠡᠷ ᠢ᠋ ᠬᠠᠷᠪᠤᠨ ᠠᠯᠠᠭᠰᠠᠨ ᠪᠥᠭᠡᠳ ᠶᠢᠰᠦᠭᠡᠢ ᠶ᠋ᠢᠨ ᠦᠬᠦᠯ ᠡᠴᠡ ᠬᠣᠢᠰᠢ ᠡᠵᠡᠨ ᠦᠭᠡᠢᠳᠡᠭᠰᠡᠨ ᠭᠡᠷ ᠪᠦᠯᠢ ᠶ᠋ᠢᠨ ᠳᠣᠲᠣᠷᠠᠬᠢ ᠡᠷᠬᠡ ᠶ᠋ᠢᠨ ᠲᠥᠯᠥᠭᠡ ᠡᠬᠡ ᠥᠭᠡᠷ᠎ᠡ ᠲᠡᠢ ᠬᠥᠪᠡᠭᠦᠳ ᠦ᠋ᠨ ᠲᠡᠮᠡᠴᠡᠯ ᠦ᠋ᠨ ᠡᠴᠦᠰ ᠦ᠋ᠨ ᠰᠢᠢᠳᠪᠦᠷᠢᠯᠡᠬᠦ ᠴᠢᠭ ᠪᠣᠯᠵᠤ᠂ ᠠᠩᠬ᠎ᠠ ᠤᠳᠠᠭ᠎ᠠ ᠵᠣᠷᠢᠭᠯᠠᠨ ᠬᠢᠭᠰᠡᠨ ᠠᠯᠠᠯᠭ᠎ᠠ ᠶ᠋ᠢᠨ ᠢ᠋ᠶ᠋ᠡᠨ ᠬᠦᠴᠦ ᠪᠡᠷ ᠲᠡᠮᠦᠵᠢᠨ ᠭᠡᠷ ᠦ᠋ᠨ ᠳᠣᠲᠣᠷ᠎ᠠ ᠠᠬᠠᠮᠠᠳ ᠨᠢ ᠪᠣᠯᠵᠤ ᠴᠢᠳᠠᠵᠠᠢ᠃ ᠪᠠᠰᠠ ᠲᠠᠢᠴᠢᠭᠤᠳ ᠤ᠋ᠨ ᠲᠣᠯᠣᠭᠠᠢᠯᠠᠭᠴᠢ ᠲᠠᠷᠭᠤᠲᠠᠢ ᠲᠡᠭᠦᠨ ᠢ᠋ ᠠᠢᠮᠠᠭ ᠲᠠᠭᠠᠨ ᠣᠯᠵᠠᠯᠠᠨ ᠠᠪᠠᠴᠢᠵᠤ ᠳᠥᠩᠭᠡᠯᠡᠭᠡᠳ ᠪᠦᠲᠦᠨ ᠵᠢᠯ ᠠᠢᠯ ᠠᠢᠯ ᠳ᠋ᠤ᠌ ᠪᠠᠢᠯᠭᠠᠨ ᠵᠣᠪᠠᠭᠠᠭᠰᠠᠨ ᠴᠤ᠌ ᠰᠤᠷᠬᠠᠨ ᠰᠢᠷ᠎ᠠ ᠭᠡᠭᠴᠢ ᠪᠣᠭᠣᠯ ᠤ᠋ᠨ ᠠᠴᠢ ᠪᠠᠷ ᠰᠤᠯᠠᠯᠠᠭᠳᠠᠵᠤ ᠠᠮᠢ ᠮᠤᠯᠲᠤᠷᠠᠭᠰᠠᠨ ᠪᠢᠯᠡ᠃ ᠡᠨᠡ ᠶᠠᠪᠤᠳᠠᠯ ᠤ᠋ᠨ ᠳᠠᠷᠠᠭ᠎ᠠ ᠲᠡᠮᠦᠵᠢᠨ᠂ ᠪᠤᠷᠬᠠᠨ ᠬᠠᠯᠳᠤᠨ ᠠᠭᠤᠯᠠᠨ ᠳ᠋ᠤ᠌ ᠭᠠᠷᠴᠤ ᠬᠥᠭᠡᠴᠦ ᠶ᠋ᠢᠨ ᠨᠡᠷ᠎ᠡ ᠶ᠋ᠢ ᠳᠤᠷᠠᠳᠤᠨ ᠲᠩᠷᠢ ᠳ᠋ᠦ᠍ ᠠᠩᠬ᠎ᠠ ᠤᠳᠠᠭ᠎ᠠ ᠳᠠᠢᠯᠭ᠎ᠠ ᠡᠷᠭᠦᠵᠦ ᠠᠪᠤᠷᠠᠭᠰᠠᠨ ᠳ᠋ᠤᠨᠢ ᠲᠠᠯᠠᠷᠬᠠᠨ ᠦᠨᠡᠨ ᠰᠡᠳᠬᠢᠯ ᠡᠴᠡ ᠮᠥᠷᠭᠥᠭᠰᠡᠨ ᠶᠦᠮ᠃ ᠤᠴᠢᠷ ᠨᠢ ᠬᠥᠭᠡᠴᠦ ᠪᠡᠷ ᠳᠠᠮᠵᠢᠨ ᠲᠡᠭᠦᠨ ᠦ᠌ ᠦᠭᠡ᠂ ᠬᠦᠰᠡᠯ ᠪᠦᠬᠦᠨ ᠲᠩᠷᠢ ᠳ᠋ᠦ᠍ ᠬᠦᠷᠴᠦ ᠪᠠᠢᠭ᠎ᠠ ᠭᠡᠵᠦ ᠲᠡᠮᠦᠵᠢᠨ ᠳ᠋ᠦ᠍ ᠰᠠᠨᠠᠭᠳᠠᠵᠠᠢ᠃
ᠦᠨᠡᠬᠡᠷ ᠠᠯᠤᠰ ᠬᠣᠯᠠ ᠠᠮᠢᠳᠤᠷᠠᠵᠤ ᠪᠠᠢᠭᠰᠠᠨ ᠴᠤ᠌ ᠬᠥᠭᠡᠴᠦ ᠲᠡᠮᠦᠵᠢᠨ ᠳ᠋ᠦ᠍ ᠤᠴᠠᠷᠠᠭᠰᠠᠨ ᠵᠣᠪᠠᠯᠠᠩ ᠪᠦᠬᠦᠨ ᠢ᠋ ᠮᠡᠳᠡᠷᠡᠵᠦ᠂ ᠲᠡᠷᠡ ᠪᠦᠷᠢ ᠳ᠋ᠦ᠍ ᠲᠩᠷᠢ ᠳ᠋ᠦ᠍ ᠮᠥᠷᠭᠥᠨ ᠠᠪᠤᠷᠠᠵᠤ ᠠᠰᠠᠷᠠᠬᠤ ᠶ᠋ᠢ ᠭᠤᠶᠤᠳᠠᠭ ᠪᠠᠢᠭᠰᠠᠨ ᠪᠥᠭᠡᠳ ᠲᠡᠭᠦᠨ ᠦ᠌ ᠬᠦᠴᠦ ᠪᠡᠷ ᠲᠡᠮᠦᠵᠢᠨ ᠠᠮᠢᠳᠤ ᠦᠯᠡᠳᠡᠵᠦ ᠴᠢᠳᠠᠭᠰᠠᠨ ᠭᠡᠵᠦ ᠢᠲᠡᠭᠡᠭᠡ ᠦᠭᠡᠢ ᠴᠦ᠍ ᠲᠡᠮᠦᠵᠢᠨ ᠳ᠋ᠦ᠍ ᠲᠤᠰᠠ ᠪᠣᠯᠬᠤ ᠬᠦᠰᠡᠯ ᠬᠢᠵᠠᠭᠠᠷ ᠦᠭᠡᠢ ᠶᠡᠬᠡ ᠪᠠᠢᠭᠰᠠᠨ ᠪᠢᠯᠡ᠃ ᠤᠴᠢᠷ ᠨᠢ ᠲᠩᠷᠢ ᠨᠢᠭᠡᠨᠲᠡ ᠲᠡᠮᠦᠵᠢᠨ ᠤᠯᠤᠰ ᠤ᠋ᠨ ᠬᠠᠭᠠᠨ ᠪᠣᠯᠬᠤ ᠶ᠋ᠢ ᠬᠥᠭᠡᠴᠦ ᠳ᠋ᠦ᠍ ᠬᠡᠯᠡᠭᠰᠡᠨ ᠶᠦᠮ᠃ ᠲᠩᠷᠢ ᠶ᠋ᠢᠨ ᠡᠨᠡ ᠦᠭᠡᠨ ᠳ᠋ᠦ᠍ ᠬᠥᠭᠡᠴᠦ ᠪᠠᠲᠤ ᠢᠲᠡᠭᠡᠵᠦ ᠪᠠᠢᠪᠠ᠃ ᠵᠠᠮᠤᠬ᠎ᠠ ᠶ᠋ᠢᠨ ᠳᠡᠷᠭᠡᠳᠡ ᠡᠴᠢᠭᠡ᠂ ᠠᠬ᠎ᠠ ᠳᠡᠭᠦᠦ ᠨᠠᠷ ᠤ᠋ᠨ ᠬᠠᠮᠲᠤ ᠠᠮᠢᠳᠤᠷᠠᠭᠰᠠᠭᠠᠷ ᠪᠠᠢᠭᠰᠠᠨ ᠬᠥᠭᠡᠴᠦ ᠠᠷᠪᠠᠨ ᠵᠢᠷᠭᠤᠭᠠᠨ ᠨᠠᠰᠤᠨ ᠳ᠋ᠠᠭᠠᠨ ᠭᠣᠣᠯ ᠤᠰᠤᠨ ᠳ᠋ᠠᠭᠠᠨ ᠨᠡᠷᠡᠲᠡᠢ ᠪᠥᠬᠡ ᠪᠣᠯᠤᠨ ᠲᠣᠳᠣᠷᠠᠭᠰᠠᠨ ᠪᠢᠯᠡ᠃ ᠡᠪᠡᠳᠴᠢᠯᠡᠵᠦ ᠰᠢᠨᠠᠯᠤᠭᠰᠠᠨ ᠬᠥᠮᠦᠰ ᠢ᠋ ᠥᠪᠡᠷ ᠦ᠋ᠨ ᠢᠳᠢ ᠰᠢᠳᠢ᠂ ᠲᠩᠷᠢ ᠶ᠋ᠢᠨ ᠬᠦᠴᠦ ᠪᠡᠷ ᠡᠳᠡᠭᠡᠵᠦ᠂ ᠪᠣᠷᠣᠭ᠎ᠠ ᠴᠠᠰᠤ ᠬᠠᠷᠢᠭᠤᠯᠵᠤ᠂ ᠭᠠᠩ ᠵᠤᠳ ᠢ᠋ ᠵᠠᠢᠯᠠᠭᠤᠯᠵᠤ ᠨᠡᠷ᠎ᠡ ᠳ᠋ᠦ᠍ ᠭᠠᠷᠴᠠᠢ᠃ ᠪᠠᠰᠠ ᠲᠡᠷᠡ ᠪᠡᠷ ᠬᠥᠮᠦᠨ ᠦ᠌ ᠬᠤᠪᠢ ᠲᠠᠪᠢᠯᠠᠩ ᠢ᠋ ᠤᠷᠢᠳᠴᠢᠯᠠᠨ ᠵᠢᠭᠠᠵᠤ ᠬᠡᠯᠡᠬᠦ ᠳ᠋ᠡᠭᠡᠨ ᠴᠦ᠍ ᠭᠠᠷᠭᠠᠭᠤᠳ ᠰᠠᠢᠨ ᠪᠣᠯᠪᠠ᠃ ᠮᠡᠩᠯᠢᠭ ᠦ᠋ᠨ ᠶᠠᠳᠠᠭᠤ ᠠᠮᠢᠳᠤᠷᠠᠯ ᠬᠥᠭᠡᠴᠦ ᠶ᠋ᠢᠨ ᠠᠴᠢ ᠪᠠᠷ ᠳᠡᠪᠭᠡᠵᠢᠨ ᠳᠡᠭᠡᠭᠰᠢᠯᠡᠵᠦ᠂ ᠬᠢᠷᠢ ᠪᠠᠷᠤᠭ ᠤ᠋ᠨ ᠬᠥᠮᠦᠨ ᠬᠠᠯᠳᠠᠵᠤ ᠳᠠᠭᠠᠷᠢᠵᠤ ᠴᠢᠳᠠᠬᠤ ᠦᠭᠡᠢ ᠨᠡᠷ᠎ᠡ ᠬᠦᠨᠳᠦᠲᠡᠢ᠂ ᠪᠠᠶᠠᠨ ᠴᠢᠨᠡᠭᠡᠯᠢᠭ ᠪᠣᠯᠵᠠᠢ᠃ ᠬᠥᠭᠡᠴᠦ ᠶ᠋ᠢᠨ ᠮᠡᠩᠯᠢᠭ ᠦ᠋ᠨ ᠰᠣᠯᠢᠶᠠᠲᠤ ᠨᠡᠷ᠎ᠡ ᠮᠠᠷᠲᠠᠭᠳᠠᠵᠤ ᠲᠡᠭᠦᠨ ᠳ᠋ᠦ᠍《ᠳᠠᠪ ᠲᠩᠷᠢ》 ᠪᠤᠶᠤ ᠲᠩᠷᠢ ᠶ᠋ᠢᠨ ᠡᠯᠴᠢ ᠬᠡᠮᠡᠬᠦ ᠴᠣᠯᠠ ᠡᠷᠭᠦᠮᠵᠢᠯᠡᠵᠦ᠂ ᠡᠨᠡ ᠨᠡᠷ᠎ᠡ ᠨᠢ ᠣᠯᠠᠨ ᠤ᠋ ᠰᠠᠢᠨ ᠠᠮᠠ ᠳᠠᠮᠵᠢᠨ ᠬᠠᠪᠤᠷ ᠤ᠋ᠨ ᠤᠷᠢᠨ ᠰᠠᠯᠬᠢ ᠰᠢᠭ᠋ ᠰᠠᠮ ᠰᠡᠮᠡᠬᠡᠷ ᠳᠠᠷᠬᠠᠨ ᠠᠯᠳᠠᠷᠰᠢᠵᠤ ᠡᠬᠢᠯᠡᠭᠰᠡᠨ ᠪᠠᠢᠪᠠ᠃
ᠲᠡᠮᠦᠵᠢᠨ ᠥᠪᠡᠷ ᠦ᠋ᠨ ᠰᠦᠢᠲᠦ ᠪᠦᠰᠡᠭᠦᠢ᠂ ᠬᠣᠩᠭᠢᠷᠠᠳ ᠠᠢᠮᠠᠭ ᠤ᠋ᠨ ᠳ᠋ᠠᠢ ᠰᠡᠴᠡᠨ ᠦ᠌ ᠥᠬᠢᠨ ᠪᠥᠷᠲᠡ ᠶ᠋ᠢ ᠠᠪᠴᠢᠷᠠᠨ ᠥᠪᠡᠷ ᠦ᠋ᠨ ᠡᠷᠦᠬᠡ ᠭᠡᠷ ᠢ᠋ ᠡᠭᠦᠰᠬᠡᠭᠰᠡᠨ ᠢ᠋ ᠰᠣᠨᠣᠰᠤᠭᠰᠠᠨ ᠲᠡᠷᠡ ᠡᠳᠦᠷ ᠡᠴᠡ ᠬᠣᠢᠰᠢ ᠬᠥᠭᠡᠴᠦ᠂ ᠵᠠᠮᠤᠬ᠎ᠠ ᠠ᠋ᠴᠠ ᠰᠠᠯᠤᠨ ᠳᠠᠷᠤᠢ ᠨᠡᠭᠦᠵᠦ ᠲᠡᠮᠦᠵᠢᠨ ᠦ᠌ ᠳᠡᠷᠭᠡᠳᠡ ᠳᠠᠷᠤᠢ ᠪᠤᠴᠠᠵᠤ ᠣᠴᠢᠬᠤ ᠶ᠋ᠢ ᠡᠴᠢᠭᠡ ᠡᠴᠡ ᠪᠡᠨ ᠱᠠᠭᠠᠷᠳᠠᠵᠤ ᠡᠬᠢᠯᠡᠪᠡ᠃ ᠲᠡᠮᠦᠵᠢᠨ᠂ ᠲᠩᠷᠢ ᠳ᠋ᠦ᠍ ᠢᠪᠡᠭᠡᠭᠳᠡᠭᠰᠡᠨ ᠢ᠋ ᠬᠥᠭᠡᠴᠦ ᠨᠢᠭᠡᠨᠲᠡ ᠮᠡᠳᠡᠭᠰᠡᠨ ᠲᠤᠯᠠ ᠢᠩᠭᠢᠭᠰᠡᠨ ᠪᠢᠯᠡ᠃ ᠬᠥᠭᠡᠴᠦ ᠶ᠋ᠢᠨ ᠳᠥᠯᠭᠡᠨ ᠳ᠋ᠦ᠍ ᠪᠠᠭᠤᠭᠰᠠᠨ ᠢ᠋ᠶ᠋ᠠᠷ ᠪᠥᠷᠲᠡ ᠶ᠋ᠢᠨ ᠢᠷᠡᠭᠰᠡᠨ ᠨᠢ ᠲᠡᠮᠦᠵᠢᠨ ᠦ᠌ ᠬᠦᠴᠦᠷᠬᠡᠭᠵᠢᠨ ᠮᠠᠨᠳᠤᠬᠤ ᠶ᠋ᠢᠨ ᠦᠨᠳᠦᠰᠦ᠂ ᠡᠬᠢᠯᠡᠯ ᠪᠣᠯᠬᠤ ᠠᠵᠢ᠃ ᠲᠩᠷᠢ ᠶᠠᠭ ᠢᠩᠭᠢᠵᠦ ᠬᠡᠯᠡᠭᠰᠡᠨ ᠲᠤᠯᠠ ᠬᠥᠭᠡᠴᠦ ᠨᠢᠭᠡ ᠡᠳᠦᠷ ᠴᠦ᠍ ᠪᠣᠯᠪᠠ ᠲᠡᠪᠴᠢᠨ ᠰᠠᠭᠤᠵᠤ ᠴᠢᠳᠠᠬᠤ ᠦᠭᠡᠢ ᠪᠣᠯᠵᠠᠢ᠃ ᠲᠡᠮᠦᠵᠢᠨ ᠢ᠋ ᠬᠦᠴᠦᠷᠬᠡᠭᠵᠢᠨ ᠮᠠᠨᠳᠤᠬᠤ ᠶ᠋ᠢ ᠬᠥᠭᠡᠴᠦ ᠴᠢᠩ ᠰᠡᠳᠬᠢᠯ ᠡᠴᠡ ᠪᠡᠨ ᠬᠦᠰᠡᠵᠦ ᠪᠠᠢᠯ᠎ᠠ᠃ ᠭᠡᠪᠡᠴᠦ ᠡᠴᠢᠭᠡ ᠨᠢ ᠲᠡᠭᠦᠨ ᠦ᠌ ᠡᠨᠡ ᠰᠠᠨᠠᠭ᠎ᠠ ᠶ᠋ᠢ ᠣᠭᠲᠣᠬᠠᠨ ᠴᠤ᠌ ᠰᠠᠢᠰᠢᠶᠠᠵᠤ ᠳᠡᠮᠵᠢᠭᠰᠡᠨ ᠦᠭᠡᠢ ᠪᠡᠷ ᠪᠠᠷᠠᠬᠤ ᠦᠭᠡᠢ
| ᠥᠨᠥᠳᠥᠷ ᠲᠡᠮᠦᠵᠢᠨ ᠦ᠌ ᠳᠡᠷᠭᠡᠳᠡ ᠣᠴᠢᠬᠤ ᠨᠢ ᠡᠷᠦᠬᠡ ᠪᠦᠯᠢ ᠪᠡᠷ ᠢ᠋ᠶ᠋ᠡᠨ ᠠᠮᠢ ᠠᠯᠲᠠᠨ ᠰᠦᠢᠷᠡᠬᠦ ᠳ᠋ᠦ᠍ ᠬᠦᠷᠭᠡᠨ᠎ᠡ᠃ ᠲᠡᠭᠡᠭᠡᠳ ᠴᠦ᠍ ᠥᠭᠡᠯᠦᠨ ᠪᠢᠳᠡᠨ ᠢ᠋ ᠶᠠᠭᠠᠬᠢᠵᠤ ᠤᠭᠲᠤᠬᠤ ᠨᠢ ᠪᠤᠤ ᠮᠡᠳᠡ᠃ ᠲᠡᠮᠦᠵᠢᠨ ᠥᠪᠡᠷ ᠢ᠋ ᠪᠡᠨ ᠴᠦ᠍ ᠬᠠᠮᠠᠭᠠᠯᠠᠵᠤ ᠴᠢᠳᠠᠬᠤ ᠦᠭᠡᠢ ᠪᠠᠢᠭ᠎ᠠ᠃ ᠡᠢᠮᠦ ᠰᠠᠨᠠᠭ᠎ᠠ ᠪᠠᠨ ᠪᠤᠰᠤᠳ ᠲᠤ᠌ ᠪᠦᠦ ᠮᠡᠳᠡᠭᠳᠡ᠃ ᠵᠠᠮᠤᠬ᠎ᠠ ᠮᠡᠳᠡᠪᠡᠯ ᠪᠢᠳᠡᠨ ᠢ᠋ ᠠᠮᠢᠳᠤ ᠦᠯᠡᠳᠡᠭᠡᠬᠦ ᠦᠭᠡᠢ᠃ ᠨᠠᠭᠠᠳᠤ ᠪᠣᠳᠣᠯ ᠢ᠋ᠶ᠋ᠠᠨ ᠲᠠᠷᠢᠬᠢ ᠰᠡᠳᠬᠢᠯ ᠡᠴᠡ ᠪᠡᠨ ᠠᠪᠴᠤ ᠬᠠᠶᠠ ᠭᠡᠵᠦ ᠬᠠᠲᠠᠭᠤ ᠬᠡᠯᠡᠵᠡᠢ᠃ ᠥᠭᠡᠯᠦᠨ ᠪᠣᠯᠤᠭᠠᠳ ᠮᠡᠩᠯᠢᠭ ᠬᠣᠶᠠᠷ ᠤ᠋ᠨ ᠬᠣᠭᠣᠷᠣᠨᠳᠣ ᠪᠣᠢ ᠪᠣᠯᠵᠤ ᠰᠡᠭᠦᠯ ᠳ᠋ᠦ᠍ᠨᠢ ᠰᠠᠯᠵᠤ ᠣᠳᠬᠤ ᠳ᠋ᠤ᠌ ᠬᠦᠷᠭᠡᠭᠰᠡᠨ ᠨᠢᠭᠤᠴᠠ ᠬᠠᠷᠢᠯᠴᠠᠭᠠᠨ ᠤ᠋ ᠴᠠᠭᠠᠳᠤ ᠨᠠᠭᠠᠳᠤ ᠨᠠᠷᠢᠨ ᠤᠴᠢᠷ ᠢ᠋ ᠪᠠᠯᠴᠢᠷ ᠪᠠᠢᠭᠰᠠᠨ ᠬᠥᠭᠡᠴᠦ ᠲᠡᠷᠡ ᠦᠶ᠎ᠡ ᠳ᠋ᠡᠭᠡᠨ ᠣᠢᠯᠠᠭᠠᠭ᠎ᠠ ᠦᠭᠡᠢ ᠥᠩᠭᠡᠷᠡᠭᠰᠡᠨ ᠲᠤᠯᠠ ᠡᠴᠢᠭᠡ ᠶ᠋ᠢ ᠪᠡᠨ ᠱᠠᠪᠳᠠᠭᠤᠯᠤᠨ ᠬᠦᠴᠦᠯᠡᠬᠦ ᠡᠷᠬᠡ ᠪᠠᠢᠭᠰᠠᠨ ᠦᠭᠡᠢ᠃ ᠣᠢᠷ᠎ᠠ ᠣᠷᠴᠢᠮ ᠤ᠋ᠨ ᠬᠡᠳᠦᠨ ᠭᠣᠣᠯ ᠤ᠋ᠨ ᠢᠷᠭᠡᠳ ᠬᠥᠭᠡᠴᠦ ᠶ᠋ᠢ ᠳᠠᠪ ᠲᠩᠷᠢ ᠪᠥᠬᠡ ᠭᠡᠵᠦ ᠤᠬᠢᠯᠠᠬᠤ᠂ ᠳᠠᠭᠤᠯᠠᠬᠤ ᠪᠦᠷᠢ ᠳ᠋ᠡᠭᠡᠨ ᠤᠷᠢᠵᠤ ᠵᠠᠯᠠᠬᠤ ᠪᠣᠯᠪᠠᠴᠤ ᠲᠡᠷᠡ ᠡᠴᠢᠭᠡ ᠶ᠋ᠢᠨ ᠬᠦᠷᠢᠶᠡᠨ ᠡᠴᠡ ᠲᠠᠰᠤᠷᠠᠨ ᠪᠡᠶ᠎ᠡ ᠪᠡᠨ ᠳᠠᠭᠠᠭᠠᠬᠤ ᠪᠣᠯᠤᠭ᠎ᠠ ᠦᠭᠡᠢ ᠪᠠᠢᠯ᠎ᠠ᠃ ᠪᠠᠰᠠ ᠥᠪᠡᠷᠰᠡᠳ ᠢ᠋ᠶ᠋ᠡᠨ ᠭᠦᠶᠦᠵᠦ ᠢᠷᠡᠴᠢᠬᠡᠭᠡᠳ ᠶᠠᠭᠤ ᠶᠠᠭᠤᠨ ᠤ᠋ ᠳᠤᠬᠤᠨ ᠳ᠋ᠤ᠌ ᠬᠦᠷᠬᠦ ᠦᠭᠡᠢ ᠪᠤᠴᠠᠵᠤ ᠨᠡᠭᠦᠬᠦ ᠨᠢ ᠵᠠᠮᠤᠬ᠎ᠠ ᠶ᠋ᠢ ᠬᠢᠯᠢᠩᠨᠡᠭᠦᠯᠵᠦ ᠪᠣᠯᠬᠤ ᠲᠤᠯᠠ ᠬᠠᠢᠷᠠᠨ ᠠᠮᠢ ᠪᠠᠨ ᠵᠣᠯᠢᠶᠠᠰᠤᠯᠠᠬᠤ ᠠ᠋ᠴᠠ ᠪᠣᠯᠭᠣᠮᠵᠢᠯᠠᠭᠰᠠᠨ ᠡᠴᠢᠭᠡ ᠶ᠋ᠢᠨ ᠢ᠋ᠶ᠋ᠡᠨ ᠦᠭᠡ ᠶ᠋ᠢ ᠳᠠᠭᠠᠬᠤ ᠦᠭᠡᠢ ᠪᠠᠢᠬᠤ ᠶ᠋ᠢᠨ ᠠᠷᠭ᠎ᠠ ᠦᠭᠡᠢ ᠶᠦ᠍ᠮ᠃ ᠲᠡᠭᠷᠢ ᠬᠡᠳᠦᠢ ᠬᠦᠴᠦᠲᠡᠢ ᠴᠦ᠍ ᠠᠮᠢᠳᠤᠷᠠᠯ ᠤ᠋ᠨ ᠵᠥᠷᠢᠴᠡᠯ ᠲᠡᠮᠡᠴᠡᠯ ᠂ ᠴᠡᠷᠢᠭ ᠵᠡᠪᠰᠡᠭ ᠂ ᠮᠠᠯ ᠬᠥᠷᠥᠩᠭᠡ ᠂ ᠣᠯᠠᠨ ᠬᠥᠮᠦᠨ ᠦ᠌ ᠰᠠᠨᠠᠭ᠎ᠠ ᠰᠡᠳᠬᠢᠯ ᠨᠡᠢᠯᠡᠬᠦ ᠪᠡᠷ ᠲᠡᠭᠦᠨ ᠡᠴᠡ ᠢᠯᠡᠭᠦᠦ ᠬᠦᠴᠦᠲᠡᠢ ᠪᠠᠢᠳᠠᠭ ᠢ᠋ ᠣᠢᠯᠠᠭᠠᠬᠤ ᠳ᠋ᠤ᠌ ᠬᠥᠭᠡᠴᠦ ᠳ᠋ᠦ᠍ ᠪᠠᠰᠠ ᠴᠠᠭ ᠬᠤᠭᠤᠴᠠᠭ᠎ᠠ ᠬᠡᠷᠡᠭᠲᠡᠢ ᠪᠠᠢᠭᠰᠠᠨ ᠪᠢᠯᠡ᠃ ᠤᠴᠢᠷ ᠨᠢ ᠬᠥᠭᠡᠴᠦ ᠬᠡᠳᠦᠢ ᠪᠡᠷ ᠲᠡᠭᠷᠢ ᠲᠡᠢ ᠶᠠᠷᠢᠳᠠᠭ ᠴᠤ᠌ ᠪᠦᠬᠦᠨ ᠢ᠋ ᠬᠦᠰᠡᠭᠰᠡᠨ ᠢ᠋ᠶ᠋ᠡᠷ ᠢ᠋ᠶ᠋ᠡᠨ ᠬᠢᠬᠦ ᠴᠢᠳᠠᠯ ᠦᠭᠡᠢ ᠪᠡᠨ ᠴᠠᠭ ᠢᠮᠠᠭᠲᠠ ᠮᠡᠳᠡᠷᠡᠵᠦ ᠪᠠᠢᠭᠰᠠᠨ ᠤᠴᠢᠷ ᠠᠮᠢᠳᠤᠷᠠᠯ ᠤ᠋ᠨ ᠬᠠᠲᠠᠭᠤ ᠦᠨᠡᠨ ᠦ᠌ ᠡᠮᠦᠨ᠎ᠡ ᠭᠣᠮᠣᠳᠠᠯ ᠲᠠᠢ ᠴᠤ᠌ ᠬᠦᠯᠢᠴᠡᠩᠭᠦᠢ ᠪᠡᠷ ᠪᠠᠭᠤᠵᠤ ᠥᠭᠬᠦ ᠳ᠋ᠦ᠍ ᠬᠦᠷᠴᠡᠢ᠃ ᠬᠡᠷᠪᠡ ᠥᠪᠡᠷ ᠦ᠋ᠨ ᠳᠤᠷ᠎ᠠ ᠪᠠᠷ ᠵᠠᠮᠤᠬ᠎ᠠ ᠠ᠋ᠴᠠ ᠰᠠᠯᠵᠤ ᠨᠡᠭᠦᠪᠡᠯ ᠲᠡᠮᠦᠵᠢᠨ ᠦ᠌ ᠬᠦᠷᠢᠶᠡᠨ ᠳ᠋ᠦ᠍ ᠬᠦᠷᠬᠦ ᠡᠴᠡ ᠡᠮᠦᠨ᠎ᠡ ᠬᠥᠭᠡᠴᠦ ᠥᠪᠡᠷ ᠢ᠋ᠶ᠋ᠡᠨ ᠪᠢᠰᠢ ᠶᠦ᠍ᠮ ᠭᠡᠬᠦ ᠳ᠋ᠦ᠍ ᠡᠴᠢᠭᠡ᠂ ᠠᠬ᠎ᠠ ᠳᠡᠭᠦᠦ ᠨᠠᠷ ᠨᠢ ᠵᠠᠮᠤᠬ᠎ᠠ ᠶ᠋ᠢᠨ ᠢᠯᠡᠭᠡᠭᠰᠡᠨ ᠴᠡᠷᠢᠭ ᠦ᠋ᠳ ᠦ᠋ᠨ ᠭᠠᠷ ᠲᠤ᠌ ᠦᠬᠦᠬᠦ ᠨᠢ ᠲᠣᠳᠣᠷᠬᠠᠢ᠃ ᠤᠴᠢᠷ ᠨᠢ ᠥᠪᠡᠷ ᠡᠴᠡ ᠤᠷᠪᠠᠨ ᠰᠠᠯᠵᠤ ᠪᠤᠰᠤᠳ ᠢ᠋ ᠳᠠᠭᠠᠵᠤ ᠣᠳᠤᠭᠰᠠᠨ ᠠᠢᠮᠠᠭ ᠤ᠋ᠨ ᠢ᠋ᠶ᠋ᠠᠨ ᠢᠲᠡᠭᠡᠯ ᠦᠭᠡᠢ ᠳ᠋ᠦ᠍ ᠦᠵᠡᠨ ᠰᠢᠭᠤᠳ ᠥᠴᠢᠭ ᠦᠭᠡᠢ ᠪᠡᠷ ᠴᠠᠭᠠᠵᠠᠯᠠᠳᠠᠭ ᠨᠢ ᠭᠠᠭᠴᠠ ᠵᠠᠮᠤᠬ᠎ᠠ ᠶ᠋ᠢᠨ ᠴᠦ᠍ ᠪᠢᠰᠢ ᠶᠡᠷᠦ ᠡᠴᠡ ᠲᠠᠯ᠎ᠠ ᠶ᠋ᠢᠨ ᠪᠦᠬᠦ ᠮᠣᠩᠭᠣᠯ ᠠᠢᠮᠠᠭ ᠤ᠋ᠨ ᠬᠠᠲᠠᠭᠤ ᠶᠣᠰᠣ ᠶᠤᠮ᠃ ᠲᠡᠭᠦᠨ ᠢ᠋ ᠳᠠᠭᠠᠬᠤ ᠦᠭᠡᠢ ᠪᠠᠢᠬᠤ ᠡᠷᠬᠡ ᠬᠡᠨ ᠳ᠋ᠦ᠍ ᠴᠦ᠍ ᠦᠭᠡᠢ᠃ ᠶᠠᠭ ᠡᠢᠮᠦ ᠭᠤᠨᠢᠭᠲᠤ ᠲᠡᠦᠬᠡ ᠲᠡᠳᠡᠨ ᠦ᠌ ᠬᠣᠩᠬᠣᠲᠠᠨ ᠣᠪᠣᠭ ᠤ᠋ᠨ ᠬᠢᠨ ᠳ᠋ᠦ᠍ ᠲᠣᠬᠢᠶᠠᠭᠰᠠᠨ ᠢ᠋ ᠮᠡᠩᠯᠢᠭ ᠮᠠᠷᠲᠠᠭ᠎ᠠ ᠦᠭᠡᠢ ᠪᠠᠢᠯ᠎ᠠ᠃ ᠮᠡᠩᠯᠢᠭ ᠦ᠋ᠨ ᠪᠠᠭ᠎ᠠ ᠠᠬᠤᠢ ᠳ᠋ᠤ᠌ ᠠᠪᠠᠭ᠎ᠠ ᠠᠵᠠᠢ ᠨᠢ ᠬᠡᠷᠡᠢᠳ ᠠᠢᠮᠠᠭ ᠤ᠋ᠨ ᠲᠤᠭᠤᠷᠢᠯ ᠬᠠᠨ ᠤ᠋ ᠳᠡᠭᠦᠦ ᠡᠷᠬᠡ ᠬᠠᠷ᠎ᠠ ᠶ᠋ᠢ ᠢᠯᠡᠭᠦᠦ ᠳ᠋ᠦ᠍ ᠦᠵᠡᠨ ᠳᠠᠭᠠᠵᠤ ᠣᠴᠢᠭᠰᠠᠨ ᠠ᠋ᠴᠠ ᠪᠣᠯᠵᠤ ᠶᠢᠰᠦᠭᠡᠢ ᠪᠠᠭᠠᠲᠤᠷ ᠬᠢᠯᠢᠩᠨᠡᠵᠦ ᠴᠡᠷᠢᠭ ᠬᠥᠳᠡᠯᠭᠡᠨ ᠠᠵᠠᠢ ᠨᠠᠷ ᠤ᠋ᠨ ᠦᠷ᠎ᠡ ᠤᠳᠤᠮ ᠢ᠋ ᠨᠢ ᠦᠯᠡᠳᠡᠭᠡᠯ ᠦᠭᠡᠢ ᠴᠥᠮ ᠢ᠋ ᠬᠦᠢᠰᠦ ᠲᠡᠮᠲᠡᠷᠢᠭᠰᠡᠨ ᠪᠢᠯᠡ᠃ ᠡᠨᠡ ᠶᠠᠪᠤᠳᠠᠯ ᠳ᠋ᠤ᠌ ᠶᠢᠰᠦᠭᠡᠢ ᠶ᠋ᠢ ᠪᠤᠷᠤᠭᠤᠳᠬᠠᠨ ᠰᠢᠭᠦᠮᠵᠢᠯᠡᠭᠰᠡᠨ ᠬᠥᠮᠦᠨ ᠨᠢᠭᠡᠬᠡᠨ ᠴᠦ᠍ ᠭᠠᠷᠤᠭ᠎ᠠ ᠦᠭᠡᠢ ᠪᠥᠭᠡᠳ ᠬᠠᠷᠢᠨ ᠴᠤ᠌ ᠣᠯᠠᠨ ᠣᠪᠣᠭ ᠠᠢᠮᠠᠭ ᠲᠤ᠌ ᠰᠤᠷᠭᠠᠮᠵᠢ ᠲᠠᠢ ᠬᠡᠷᠡᠭ ᠭᠡᠵᠦ ᠦᠵᠡᠵᠡᠭᠡᠵᠡᠢ᠃ ᠲᠡᠭᠦᠨ ᠢ᠋ᠶ᠋ᠡᠷ ᠴᠦ᠍ ᠵᠣᠭᠰᠣᠬᠤ ᠦᠭᠡᠢ ᠡᠨᠡ ᠬᠡᠷᠡᠭ ᠡᠴᠡ ᠬᠣᠢᠰᠢ ᠬᠣᠩᠬᠣᠲᠠᠨ ᠣᠪᠣᠭ ᠤ᠋ᠨ ᠬᠢᠨ ᠦ᠌ ᠨᠡᠷ᠎ᠡ ᠬᠦᠨᠳᠦ ᠪᠣᠷᠵᠢᠭᠢᠨ ᠠᠢᠮᠠᠭ ᠤ᠋ᠨ ᠳᠤᠮᠳᠠ ᠶᠡᠬᠡᠳᠡ ᠤᠨᠠᠵᠤ ᠲᠡᠳᠡᠨ ᠢ᠋ ᠢᠲᠡᠭᠡᠯ ᠦᠭᠡᠢ ᠬᠥᠮᠦᠰ ᠲᠦ᠍ ᠲᠣᠭᠠᠴᠠᠬᠤ ᠪᠣᠯᠤᠭᠰᠠᠨ ᠶᠤᠮ᠃ ᠬᠠᠷᠢᠨ ᠴᠤ᠌ ᠶᠢᠰᠦᠭᠡᠢ ᠥᠪᠡᠷ ᠦ᠋ᠨ ᠠᠯᠪᠠᠲᠤ ᠴᠠᠷᠠᠬ᠎ᠠ ᠪᠣᠯᠤᠨ ᠲᠡᠭᠦᠨ ᠦ᠌ ᠦᠷ᠎ᠡ ᠰᠠᠲᠤ ᠳ᠋ᠤ᠌ ᠢᠪᠡᠭᠡᠩᠭᠥᠢ ᠬᠠᠨᠳᠤᠵᠤ ᠳᠡᠷᠭᠡᠳᠡ ᠪᠡᠨ ᠦᠯᠡᠳᠡᠭᠡᠭᠰᠡᠨ ᠠᠵᠢ᠃ ᠦᠨᠡᠨ ᠳ᠋ᠡᠭᠡᠨ ᠴᠠᠷᠠᠬ᠎ᠠ ᠡᠪᠦᠭᠡᠨ ᠦ᠌ ᠴᠡᠴᠡᠨ ᠪᠢᠯᠢᠭᠲᠦ ᠤᠬᠠᠭᠠᠨ᠂ ᠬᠣᠩᠬᠣᠲᠠᠨ ᠣᠪᠣᠭ ᠢ᠋ ᠭᠠᠷᠴᠠᠭ᠎ᠠ ᠦᠭᠡᠢ ᠮᠥᠬᠥᠯ ᠡᠴᠡ ᠠᠪᠤᠷᠠᠭᠰᠠᠨ ᠶᠤᠮ᠃ ᠡᠢᠮᠦ ᠤᠴᠢᠷ ᠠ᠋ᠴᠠ ᠮᠡᠩᠯᠢᠭ᠂ ᠬᠥᠭᠡᠴᠦ ᠬᠥᠪᠡᠭᠦᠨ ᠦ᠌ ᠪᠡᠨ ᠱᠠᠭᠠᠷᠳᠠᠯᠭ᠎ᠠ ᠶ᠋ᠢ ᠳᠠᠭᠠᠬᠤ ᠠᠷᠭ᠎ᠠ ᠦᠭᠡᠢ᠂ ᠪᠠᠰᠠ ᠬᠥᠭᠡᠴᠦ ᠴᠦ᠍ ᠡᠴᠢᠭᠡ ᠶ᠋ᠢᠨ ᠢ᠋ᠶ᠋ᠡᠨ ᠦᠭᠡ ᠶ᠋ᠢ ᠳᠠᠭᠠᠬᠤ ᠠ᠋ᠴᠠ ᠥᠭᠡᠷ᠎ᠡ ᠵᠠᠮ ᠦᠭᠡᠢ ᠪᠣᠯᠵᠠᠢ᠃ ᠨᠢᠭᠡᠨᠲᠡ ᠲᠡᠮᠦᠵᠢᠨ ᠢ᠋ ᠳᠠᠭᠠᠵᠤ ᠣᠴᠢᠬᠤ ᠨᠢ ᠣᠳᠣᠬᠠᠨ ᠳ᠋ᠠᠭᠠᠨ ᠨᠠᠢᠳᠠᠪᠤᠷᠢ ᠦᠭᠡᠢ ᠪᠣᠯᠤᠭᠰᠠᠨ ᠲᠤᠯᠠ ᠬᠥᠭᠡᠴᠦ ᠴᠠᠭ ᠠᠯᠳᠠᠯ ᠦᠭᠡᠢ ᠥᠪᠡᠷ ᠦ᠋ᠨ ᠴᠢᠳᠠᠪᠤᠷᠢ ᠶ᠋ᠢ ᠪᠡᠬᠢᠵᠢᠭᠦᠯᠵᠦ᠂ ᠲᠡᠭᠷᠢ᠂ ᠨᠠᠷᠠ ᠰᠠᠯᠬᠢᠨ ᠤ᠋ ᠵᠠᠩ ᠠᠭᠠᠰᠢ᠂ ᠬᠤᠪᠢᠷᠠᠬᠤ ᠵᠦᠢ ᠲᠣᠭᠲᠠᠯ ᠢ᠋ ᠠᠰᠢᠭᠯᠠᠨ ᠡᠪᠦᠯ ᠵᠤᠨ ᠤ᠋ ᠴᠠᠰᠤ ᠪᠣᠷᠣᠭ᠎ᠠ ᠶᠠᠮᠠᠷ ᠪᠣᠯᠬᠤ ᠶ᠋ᠢ ᠤᠷᠢᠳᠴᠢᠯᠠᠨ ᠳᠠᠭᠠᠵᠤ ᠮᠡᠳᠡᠬᠦ᠂ ᠡᠪᠡᠳᠴᠢᠲᠡᠢ ᠬᠥᠮᠦᠨ ᠢ᠋ ᠡᠳᠡᠭᠡᠷᠡᠭᠦᠯᠬᠦ ᠭᠡᠳ ᠪᠦᠬᠦᠢ ᠯᠡ ᠰᠤᠷᠭᠠᠭᠤᠯᠢ ᠳᠠᠳᠤᠯ ᠢ᠋ᠶ᠋ᠠᠨ ᠭᠦᠨᠵᠡᠭᠡᠢᠷᠡᠭᠦᠯᠦᠭᠰᠡᠭᠡᠷ ᠪᠠᠢᠪᠠ᠃
ᠭᠡᠲᠡᠯ᠎ᠡ ᠬᠥᠭᠡᠴᠦ ᠶ᠋ᠢᠨ ᠳᠠᠭᠠᠭ᠎ᠠ ᠦᠭᠡᠢ ᠨᠢᠭᠡᠨ ᠶᠠᠪᠤᠳᠠᠯ ᠪᠣᠯᠵᠠᠢ᠃ ᠪᠥᠷᠲᠡ ᠶ᠋ᠢ ᠠᠪᠴᠢᠷᠠᠨ ᠥᠪᠡᠷ ᠦ᠋ᠨ ᠥᠴᠦᠬᠡᠨ ᠡᠷᠦᠬᠡ ᠭᠡᠷ ᠢ᠋ ᠡᠭᠦᠰᠬᠡᠨ ᠰᠠᠭᠤᠭᠰᠠᠨ ᠲᠡᠮᠦᠵᠢᠨ ᠦ᠌ ᠪᠠᠶᠠᠷᠲᠤ ᠠᠮᠢᠳᠤᠷᠠᠯ ᠵᠢᠯ ᠡᠴᠡ ᠬᠡᠲᠦᠷᠡᠭᠰᠡᠨ ᠦᠭᠡᠢ᠃ ᠣᠳᠣᠢ ᠳ᠋ᠤ᠌ ᠮᠡᠷᠭᠢᠳ ᠦ᠋ᠨ ᠲᠣᠯᠣᠭᠠᠢᠯᠠᠭᠴᠢ ᠲᠣᠭᠲᠠᠭ᠎ᠠ ᠪᠡᠬᠢ ᠲᠡᠮᠦᠵᠢᠨ ᠢ᠋ ᠳᠣᠪᠲᠣᠯᠵᠤ ᠪᠥᠷᠲᠡ ᠶ᠋ᠢ ᠪᠤᠯᠢᠶᠠᠨ ᠠᠪᠤᠭᠰᠠᠨ ᠲᠤᠬᠠᠢ ᠭᠠᠰᠢᠭᠤᠨ ᠮᠡᠳᠡᠭᠡ ᠮᠡᠩᠯᠢᠭ ᠦ᠋ᠨ ᠬᠦᠷᠢᠶᠡᠨ ᠳ᠋ᠦ᠍ ᠢᠷᠡᠬᠦ ᠳ᠋ᠦ᠍ ᠪᠦᠭᠦᠳᠡ ᠬᠠᠭᠤᠴᠢᠨ ᠲᠠᠨᠢᠯ ᠤ᠋ᠨ ᠶᠣᠰᠣ ᠪᠠᠷ ᠴᠣᠴᠢᠷᠳᠠᠭᠰᠠᠨ ᠴᠤ᠌ ᠮᠡᠩᠯᠢᠭ ᠢ᠋ ᠲᠡᠭᠡᠵᠦ ᠶᠡᠬᠡ ᠪᠡᠷ ᠡᠮᠭᠡᠨᠢᠨ ᠭᠠᠰᠢᠭᠤᠳᠠᠵᠤ ᠪᠦᠷ ᠡᠬᠡᠷ ᠲᠡᠳᠡᠨ ᠤᠬᠢᠯᠠᠬᠤ ᠶ᠋ᠢ ᠦᠵᠡᠭᠡᠳ ᠣᠯᠠᠨ ᠪᠦᠭᠦᠳᠡᠭᠡᠷ ᠠᠯᠮᠠᠢᠷᠠᠵᠤ ᠬᠣᠴᠣᠷᠪᠠ᠃ ᠥᠪᠡᠷ ᠦ᠋ᠨ ᠡᠴᠢᠭᠡ ᠴᠠᠷᠠᠬ᠎ᠠ ᠡᠪᠦᠭᠡᠨ ᠢ᠋ ᠦᠬᠦᠬᠦ ᠳ᠋ᠦ᠍ ᠴᠦ᠍ ᠮᠡᠩᠯᠢᠭ ᠢᠩᠭᠢᠵᠦ ᠭᠠᠰᠢᠭᠤᠳᠠᠭᠠ ᠦᠭᠡᠢ ᠶᠦᠮ ᠰᠢᠭ ᠬᠥᠭᠡᠴᠦ ᠳ᠋ᠦ᠍ ᠰᠠᠨᠠᠭᠳᠠᠵᠠᠢ᠃
| ᠬᠦᠦ ᠮᠢᠨᠢ ᠬᠥᠭᠡᠴᠦ᠃ ᠴᠢ ᠶᠠᠭᠤ ᠴᠢᠳᠠᠨ᠎ᠠ᠃ ᠪᠦᠭᠦᠳᠡ ᠶ᠋ᠢ ᠭᠠᠷᠭ᠎ᠠ᠃ ᠣᠳᠣ ᠲᠡᠷᠡ ᠵᠣᠪᠠᠯᠠᠩᠲᠤ ᠡᠬᠡ ᠬᠥᠪᠡᠭᠦᠨ ᠬᠣᠶᠠᠷ ᠲᠤ᠌ ᠲᠤᠰᠠᠯᠠ᠃ ᠪᠢ ᠴᠢᠮ᠎ᠠ ᠠ᠋ᠴᠠ ᠭᠤᠶᠤᠶ᠎ᠠ᠃ ᠳᠡᠭᠡᠳᠦ ᠲᠩᠷᠢ ᠳ᠋ᠦ᠍ ᠬᠢᠴᠢᠶᠡᠩᠭᠦᠢᠯᠡᠨ ᠮᠥᠷᠭᠥᠵᠦ ᠦᠵᠡ ᠭᠡᠵᠦ ᠡᠴᠢᠭᠡ ᠨᠢ ᠥᠭ ᠰᠦᠭ ᠦᠭᠡᠢ ᠱᠠᠭᠠᠷᠳᠠᠬᠤ ᠪᠣᠯᠪᠠ᠃ ᠭᠡᠨᠡᠳᠲᠡ ᠥᠭᠡᠷᠡᠴᠢᠯᠡᠭᠳᠡᠭᠰᠡᠨ ᠡᠴᠢᠭᠡ ᠶ᠋ᠢᠨ ᠬᠠᠴᠢᠨ ᠪᠠᠢᠳᠠᠯ ᠳ᠋ᠤ᠌ ᠬᠥᠭᠡᠴᠦ ᠡᠷᠡᠭᠡᠯᠵᠡᠨ ᠭᠠᠢᠬᠠᠪᠠ᠃ ᠲᠡᠮᠦᠵᠢᠨ ᠳ᠋ᠦ᠍ ᠲᠤᠰᠠᠯᠠᠬᠤ ᠨᠢ ᠭᠠᠷᠴᠠᠭ᠎ᠠ ᠦᠭᠡᠢ ᠪᠣᠯᠪᠠᠴᠤ ᠪᠠᠰᠠ ᠠᠯᠤᠰ ᠬᠣᠯᠠ ᠪᠠᠢᠭ᠎ᠠ ᠲᠡᠳᠡᠨ ᠳ᠋ᠦ᠍ ᠶᠠᠭᠠᠬᠢᠵᠤ ᠲᠤᠰᠠᠯᠠᠬᠤ ᠪᠠᠨ ᠡᠬᠢᠯᠡᠭᠡᠳ ᠣᠯᠤᠭᠰᠠᠨ ᠦᠭᠡᠢ ᠪᠢᠯᠡ᠃ ᠭᠡᠬᠦ ᠳ᠋ᠡᠭᠡᠨ ᠯᠡ ᠲᠡᠮᠦᠵᠢᠨ ᠦ᠌ ᠲᠥᠯᠥᠭᠡ ᠪᠦᠬᠦᠨ ᠢ᠋ ᠬᠢᠬᠦ ᠶᠣᠰᠣᠲᠠᠢ ᠭᠡᠵᠦ ᠲᠩᠷᠢ ᠲᠡᠭᠦᠨ ᠳ᠋ᠦ᠍ ᠬᠡᠯᠡᠵᠡᠢ᠃ ᠡᠨᠡ ᠦᠶ᠎ᠡ ᠳ᠋ᠦ᠍ ᠲᠩᠷᠢ ᠲᠡᠭᠦᠨ ᠢ᠋ ᠵᠥᠪᠬᠡᠨ ᠲᠡᠮᠦᠵᠢᠨ ᠳ᠋ᠦ᠍ ᠲᠤᠰᠠᠯᠠ ᠭᠡᠵᠦ ᠢᠯᠡᠭᠡᠭᠰᠡᠨ ᠮᠡᠲᠦ ᠬᠥᠭᠡᠴᠦ ᠳ᠋ᠦ᠍ ᠰᠠᠨᠠᠭᠳᠠᠭᠰᠠᠨ ᠪᠢᠯᠡ᠃ ᠤᠭ ᠠ᠋ᠴᠠ ᠪᠥᠷᠲᠡ ᠶ᠋ᠢ ᠮᠡᠷᠭᠢᠳ ᠲᠦ᠍ ᠪᠤᠯᠢᠶᠠᠯᠭᠠᠨ ᠠᠯᠳᠠᠭᠰᠠᠨ ᠨᠢ ᠲᠡᠮᠦᠵᠢᠨ ᠳ᠋ᠦ᠍ ᠤᠴᠠᠷᠠᠭᠰᠠᠨ ᠬᠠᠮᠤᠭ ᠤ᠋ᠨ ᠠᠶᠤᠮᠰᠢᠭᠲᠠᠢ ᠬᠥᠨᠥᠭᠡᠯ ᠪᠣᠯᠬᠤ ᠶ᠋ᠢ ᠬᠥᠭᠡᠴᠦ ᠥᠪᠡᠷ ᠦ᠋ᠨ ᠮᠡᠷᠭᠡ ᠪᠡᠷ ᠦᠵᠡᠵᠦ ᠮᠡᠳᠡᠵᠡᠢ᠃ ᠲᠩᠷᠢ ᠶ᠋ᠢᠨ ᠵᠠᠷᠯᠢᠭ ᠪᠣᠯᠭᠠᠭᠰᠠᠨ ᠢ᠋ᠶ᠋ᠠᠷ ᠪᠥᠷᠲᠡ ᠶ᠋ᠢ ᠠᠯᠳᠠᠭᠰᠠᠨ ᠨᠢ ᠲᠡᠮᠦᠵᠢᠨ ᠦ᠌ ᠰᠡᠳᠬᠢᠯ ᠢ᠋ ᠠᠰᠤᠷᠤ ᠶᠡᠬᠡ ᠪᠡᠷ ᠬᠤᠪᠢᠷᠠᠭᠠᠨ ᠥᠭᠡᠷᠡᠴᠢᠯᠡᠬᠦ ᠪᠥᠭᠡᠳ ᠬᠡᠷᠪᠡ ᠪᠥᠷᠲᠡ ᠶ᠋ᠢ ᠪᠤᠴᠠᠭᠠᠨ ᠠᠪᠴᠤ ᠴᠢᠳᠠᠬᠤ ᠦᠭᠡᠢ ᠠᠪᠠᠰᠤ ᠲᠡᠮᠦᠵᠢᠨ ᠬᠡᠵᠢᠶ᠎ᠡ ᠴᠦ᠍ ᠳᠠᠬᠢᠨ ᠰᠡᠬᠡᠬᠦ ᠦᠭᠡᠢ ᠠᠵᠢ᠃ ᠲᠡᠮᠦᠵᠢᠨ ᠦ᠌ ᠴᠣᠬᠣᠮ ᠶᠠᠮᠠᠷ ᠬᠥᠮᠦᠨ ᠪᠣᠯᠬᠤ ᠶ᠋ᠢ ᠲᠩᠷᠢ ᠰᠢᠯᠭᠠᠵᠤ ᠲᠤᠷᠰᠢᠬᠤ ᠪᠠᠷ ᠡᠢᠮᠦ ᠵᠣᠪᠠᠯᠠᠩ ᠳ᠋ᠤ᠌ ᠤᠴᠠᠷᠠᠭᠤᠯᠤᠭᠰᠠᠨ ᠪᠠᠢᠪᠠ᠃ ᠭᠡᠲᠡᠯ᠎ᠡ ᠬᠡᠷᠡᠭ ᠦ᠋ᠨ ᠴᠠᠭᠠᠳᠤᠬᠢ ᠡᠨᠡ ᠨᠠᠷᠢᠨ ᠤᠴᠢᠷ ᠢ᠋ ᠲᠡᠮᠦᠵᠢᠨ ᠮᠡᠳᠡᠬᠦ ᠦᠭᠡᠢ ᠪᠠᠢᠭ᠎ᠠ ᠨᠢ ᠬᠥᠭᠡᠴᠦ ᠶ᠋ᠢ ᠶᠠᠭᠤ ᠶᠠᠭᠤᠨ ᠠ᠋ᠴᠠ ᠢᠯᠡᠭᠦᠦ ᠲᠦᠭᠰᠢᠭᠡᠵᠡᠢ᠃ ᠲᠡᠮᠦᠵᠢᠨ ᠪᠥᠷᠲᠡ ᠶ᠋ᠢ ᠪᠤᠴᠠᠭᠠᠨ ᠠᠪᠴᠤ ᠴᠢᠳᠠᠬᠤ ᠦᠭᠡᠢ ᠶᠦᠮ ᠤᠤ ᠡᠰᠡᠬᠦᠯ᠎ᠡ ᠵᠦᠭᠡᠷ ᠣᠷᠬᠢᠬᠤ ᠠᠪᠠᠰᠤ ᠲᠡᠷᠡ ᠬᠡᠵᠢᠶ᠎ᠡ ᠴᠦ᠍ ᠬᠠᠨ ᠪᠣᠯᠬᠤ ᠦᠭᠡᠢ ᠪᠠᠢᠵᠤ ᠮᠡᠳᠡᠬᠦ ᠠᠵᠢ᠃ ᠡᠨᠡ ᠪᠣᠯ ᠲᠩᠷᠢ ᠶ᠋ᠢᠨ ᠬᠦᠰᠡᠯ ᠶᠦᠮ᠃ ᠣᠳᠣ ᠲᠩᠷᠢ ᠭᠡᠵᠦ ᠶᠠᠭᠤ ᠪᠣᠯᠬᠤ ᠶ᠋ᠢ ᠬᠥᠭᠡᠴᠦ ᠲᠣᠳᠣᠷᠬᠠᠢ ᠬᠡᠯᠡᠵᠦ ᠮᠡᠳᠡᠬᠦ ᠪᠣᠯᠵᠠᠢ᠃
ᠥᠩᠭᠡᠷᠡᠭᠰᠡᠨ ᠬᠡᠳᠦᠨ ᠵᠢᠯ ᠳ᠋ᠦ᠍ ᠬᠥᠭᠡᠴᠦ ᠶ᠋ᠢᠨ ᠣᠯᠵᠤ ᠮᠡᠳᠡᠭᠰᠡᠨ ᠴᠢᠬᠤᠯᠠ ᠨᠢᠭᠤᠴᠠ ᠪᠣᠯ ᠲᠩᠷᠢ ᠶ᠋ᠢᠨ ᠲᠤᠬᠠᠢ ᠰᠢᠨ᠎ᠡ ᠪᠣᠳᠣᠯ ᠶᠤᠮ᠃ ᠪᠠᠭ᠎ᠠ ᠪᠠᠢᠬᠤ ᠳ᠋ᠠᠭᠠᠨ ᠲᠩᠷᠢ ᠭᠡᠵᠦ ᠳᠡᠭᠡᠷ᠎ᠡ ᠴᠡᠩᠬᠡᠷᠲᠦᠭᠴᠢ ᠬᠣᠭᠣᠰᠣᠨ ᠣᠷᠴᠢᠯᠠᠩ ᠶᠤᠮ ᠭᠡᠵᠦ ᠬᠠᠷ᠎ᠠ ᠲᠠᠭᠠᠮᠠᠭ ᠢ᠋ᠶ᠋ᠠᠷ ᠣᠢᠯᠠᠭᠠᠳᠠᠭ ᠪᠠᠢᠭᠰᠠᠨ ᠪᠥᠭᠡᠳ ᠲᠡᠮᠦᠵᠢᠨ ᠳ᠋ᠦ᠍ ᠴᠦ᠍ ᠲᠡᠭᠡᠵᠦ ᠬᠡᠯᠡᠳᠡᠭ ᠪᠠᠢᠵᠠᠢ᠃ ᠲᠡᠭᠦᠨ ᠲᠡᠢ ᠬᠠᠷᠢᠯᠴᠠᠨ ᠶᠠᠷᠢᠵᠤ ᠰᠡᠳᠬᠢᠯ ᠰᠠᠨᠠᠭᠠᠨ ᠳ᠋ᠤᠨᠢ ᠲᠣᠳᠣᠷᠠᠨ ᠪᠠᠭᠤᠳᠠᠭ ᠲᠩᠷᠢ ᠪᠣᠯ ᠲᠣᠯᠣᠭᠠᠢ ᠳᠡᠭᠡᠷ᠎ᠡ ᠴᠡᠩᠬᠡᠷᠲᠦᠭᠴᠢ ᠡᠨᠡ ᠬᠣᠭᠣᠰᠣᠨ ᠬᠡᠢ ᠣᠷᠴᠢᠯᠠᠩ ᠪᠢᠰᠢ ᠭᠡᠳᠡᠭ ᠨᠢ ᠨᠢᠭᠡᠨᠲᠡ ᠢᠯᠡᠷᠬᠡᠢ ᠪᠣᠯᠵᠠᠢ᠃ ᠲᠡᠷᠡ ᠪᠣᠯ ᠵᠦᠭᠡᠷ ᠯᠡ ᠬᠥᠬᠡ ᠲᠩᠷᠢ ᠶᠦᠮ᠃ ᠬᠠᠷᠢᠨ ᠮᠥᠩᠬᠡ ᠲᠩᠷᠢ ᠭᠡᠮᠡᠨ ᠨᠡᠷᠡᠯᠡᠵᠦ ᠮᠣᠩᠭᠣᠯᠴᠤᠳ ᠤ᠋ᠨ ᠡᠷᠲᠡ ᠳᠡᠭᠡᠷ᠎ᠡ ᠴᠠᠭ ᠠ᠋ᠴᠠ ᠰᠢᠲᠦᠵᠦ ᠪᠢᠰᠢᠷᠡᠵᠦ ᠢᠷᠡᠭᠰᠡᠨ ᠲᠡᠷᠡ ᠵᠦᠢᠯ ᠪᠣᠯ ᠬᠠᠷᠢᠨ ᠡᠨᠡ ᠬᠥᠬᠡ ᠲᠩᠷᠢ ᠡᠴᠡ ᠠᠩᠭᠢᠳᠠ ᠪᠠᠢᠬᠤ ᠪᠥᠭᠡᠳ ᠵᠥᠪᠬᠡᠨ ᠬᠥᠮᠦᠨ ᠦ᠌ ᠰᠡᠳᠬᠢᠯ ᠳ᠋ᠦ᠍ ᠣᠷᠣᠰᠢᠭᠴᠢ ᠲᠡᠷᠡ ᠶᠡᠬᠡ ᠣᠷᠴᠢᠨ ᠠᠬᠤᠢ ᠶ᠋ᠢ ᠬᠡᠯᠡᠵᠦ ᠪᠣᠯᠬᠤ ᠶ᠋ᠢ ᠬᠥᠭᠡᠴᠦ ᠣᠢᠯᠠᠭᠠᠵᠤ ᠮᠡᠳᠡᠭᠰᠡᠨ ᠬᠡᠷᠡᠭ ᠪᠠᠢᠯ᠎ᠠ᠃ ᠬᠥᠮᠦᠨ ᠦ᠌ ᠰᠡᠳᠬᠢᠯ ᠣᠶᠤᠨ ᠢ᠋ ᠮᠥᠩᠬᠡ ᠲᠩᠷᠢ ᠭᠡᠵᠦ ᠮᠣᠩᠭᠣᠯᠴᠤᠳ ᠦᠵᠡᠳᠡᠭ ᠢ᠋ ᠮᠡᠳᠡᠳᠡᠭ ᠪᠣᠯᠵᠠᠢ᠃ ᠡᠪᠦᠭᠡ ᠡᠴᠢᠭᠡ ᠴᠠᠷᠠᠬ᠎ᠠ ᠳᠡᠮᠡᠢ ᠨᠢᠭᠡ ᠦᠯᠢᠭᠡᠷ ᠳᠣᠮᠣᠭ ᠬᠠᠭᠤᠴᠢᠯᠠᠵᠤ ᠰᠠᠭᠤᠭ᠎ᠠ ᠦᠭᠡᠢ ᠠᠵᠢ᠃ ᠠᠮᠢᠳᠤᠷᠠᠯ ᠤ᠋ᠨ ᠦᠢᠯᠡ᠂ ᠲᠣᠬᠢᠶᠠᠯ ᠤ᠋ᠨ ᠨᠠᠷᠢᠨ ᠤᠴᠢᠷ ᠬᠣᠯᠪᠣᠭᠳᠠᠯ ᠢ᠋ ᠣᠢᠯᠠᠭᠠᠬᠤ ᠪᠦᠷᠢ ᠡᠪᠦᠭᠡ ᠡᠴᠢᠭᠡ ᠶ᠋ᠢᠨ ᠶᠠᠷᠢᠭᠰᠠᠨ ᠢᠲᠡᠭᠡᠬᠦ ᠳ᠋ᠦ᠍ ᠪᠡᠷᠬᠡ ᠰᠣᠨᠢᠨ ᠬᠠᠴᠢᠨ ᠦᠯᠢᠭᠡᠷ ᠳᠣᠮᠣᠭ ᠤ᠋ᠨ ᠨᠢᠭᠤᠴᠠ ᠤᠳᠬ᠎ᠠ ᠲᠠᠢᠯᠤᠭᠳᠠᠬᠤ ᠪᠥᠯᠥᠭᠡ᠃ ᠬᠡᠨ ᠴᠦ᠍ ᠬᠡᠵᠢᠶ᠎ᠡ ᠴᠦ᠍ ᠦᠵᠡᠭᠡ ᠦᠭᠡᠢ ᠲᠡᠷᠡ ᠦᠯᠢᠭᠡᠷ ᠳᠣᠮᠣᠭ ᠤ᠋ᠨ ᠬᠠᠴᠢᠨ ᠠᠶᠤᠮᠰᠢᠭᠲᠤ ᠲᠥᠷᠬᠦ ᠲᠡᠢ ᠮᠠᠩᠭᠤᠰ᠂ ᠴᠢᠳᠬᠥᠷ ᠰᠢᠮᠨᠤ ᠨᠤᠭᠤᠳ᠂ ᠰᠠᠢᠬᠠᠨ ᠰᠡᠳᠬᠢᠯ ᠲᠡᠢ ᠢᠳᠢ ᠰᠢᠳᠢ ᠲᠡᠢ ᠡᠷᠡᠯᠬᠡᠭ ᠪᠠᠭᠠᠲᠤᠷ ᠤ᠋ᠳ ᠴᠣᠬᠣᠮ ᠬᠠᠮᠢᠭ᠎ᠠ ᠠ᠋ᠴᠠ ᠭᠠᠷᠴᠤ ᠢᠷᠡᠳᠡᠭ ᠢ᠋ ᠬᠥᠭᠡᠴᠦ ᠣᠳᠣ ᠮᠡᠳᠡᠵᠦ ᠪᠠᠢᠪᠠ᠃
ᠲᠩᠷᠢ ᠭᠡᠭᠴᠢ ᠨᠢ ᠤᠭ ᠠ᠋ᠴᠠ ᠬᠣᠭᠣᠰᠣᠨ ᠪᠦᠷᠬᠦᠭᠦᠯ ᠭᠡᠰᠡᠨ ᠦᠭᠡ ᠶᠦᠮ᠃ ᠬᠥᠬᠡ ᠬᠣᠭᠣᠰᠣᠨ ᠪᠦᠷᠬᠦᠭᠦᠯ ᠪᠤᠶᠤ ᠬᠥᠬᠡ ᠲᠩᠷᠢ ᠨᠢ ᠳᠡᠭᠡᠷ᠎ᠡ ᠴᠡᠩᠬᠡᠷᠲᠦᠭᠴᠢ ᠠᠭᠠᠷ ᠣᠭᠲᠠᠷᠭᠤᠢ ᠮᠥᠨ ᠪᠥᠭᠡᠳ ᠬᠠᠷᠢᠨ ᠮᠥᠩᠬᠡ ᠬᠣᠭᠣᠰᠣᠨ ᠪᠦᠷᠬᠦᠭᠦᠯ ᠪᠤᠶᠤ ᠮᠥᠩᠬᠡ ᠲᠩᠷᠢ ᠨᠢ ᠬᠥᠮᠦᠨ ᠦ᠌ ᠥᠪᠡᠷ ᠦ᠋ᠨ ᠬᠢᠨᠢ ᠰᠡᠳᠬᠢᠯ ᠣᠶᠤᠨ ᠪᠥᠯᠥᠭᠡ᠃ ᠲᠡᠢᠮᠦ ᠪᠣᠯᠬᠣᠷ ᠲᠩᠷᠢ ᠲᠡᠢ ᠶᠠᠷᠢᠵᠤ ᠪᠣᠢ ᠨᠢ ᠥᠪᠡᠷ ᠦ᠋ᠨ ᠳᠣᠲᠣᠭᠠᠳᠤ ᠰᠡᠳᠬᠢᠯ ᠲᠠᠢ ᠯᠠ ᠶᠠᠷᠢᠵᠤ ᠪᠣᠢ ᠬᠡᠷᠡᠭ ᠭᠡᠳᠡᠭ ᠢ᠋ ᠮᠡᠳᠡᠭᠰᠡᠨ ᠨᠢ ᠬᠥᠭᠡᠴᠦ ᠳ᠋ᠦ᠍ ᠣᠯᠠᠨ ᠣᠯᠠᠨ ᠵᠦᠢᠯ ᠦ᠋ᠨ ᠨᠢᠭᠤᠴᠠ ᠶ᠋ᠢ ᠲᠠᠢᠯᠬᠤ ᠲᠦᠯᠬᠢᠭᠦᠷ ᠪᠣᠯᠵᠠᠢ᠃ ᠬᠥᠭᠡᠴᠦ ᠶ᠋ᠢᠨ ᠣᠢᠯᠠᠭᠠᠵᠤ ᠮᠡᠳᠡᠭᠰᠡᠨ ᠢ᠋ᠶ᠋ᠡᠷ ᠡᠨᠡ ᠣᠷᠴᠢᠯᠠᠩ ᠳ᠋ᠤ᠌ ᠬᠥᠮᠦᠨ ᠦ᠌ ᠨᠢᠳᠦᠨ ᠳ᠋ᠦ᠍ ᠦᠯᠦ ᠦᠵᠡᠭᠳᠡᠭᠴᠢ ᠵᠦᠢᠯ ᠭᠤᠷᠪᠠ ᠪᠠᠢᠬᠤ ᠠᠵᠢ᠃ ᠡᠬᠢᠨ ᠦ᠌ ᠬᠣᠶᠠᠷ ᠨᠢ ᠬᠡᠲᠦᠷᠬᠡᠢ ᠬᠤᠷᠳᠤᠨ᠂ ᠬᠡᠲᠦᠷᠬᠡᠢ ᠵᠢᠵᠢᠭᠬᠡᠨ ᠵᠦᠢᠯᠡᠰ ᠶᠦᠮ᠃ ᠬᠠᠷᠢᠨ ᠬᠥᠮᠦᠨ ᠦ᠌ ᠨᠢᠳᠦᠨ ᠳ᠋ᠦ᠍ ᠦᠯᠦ ᠦᠵᠡᠭᠳᠡᠬᠦ ᠭᠤᠷᠪᠠᠳᠠᠭᠴᠢ ᠶᠠᠭᠤᠮ᠎ᠠ ᠨᠢ ᠬᠥᠮᠦᠨ ᠦ᠌ ᠰᠡᠳᠬᠢᠯ ᠪᠠᠢᠪᠠ᠃ ᠡᠬᠢᠨ ᠦ᠌ ᠬᠣᠶᠠᠷ ᠢ᠋ ᠨᠢ ᠬᠥᠮᠦᠨ ᠦ᠌ ᠨᠢᠳᠦ ᠵᠦᠭᠡᠷ ᠯᠡ ᠬᠠᠷᠠᠵᠤ ᠭᠦᠢᠴᠡᠳᠡᠭ ᠦᠭᠡᠢ ᠪᠤᠶᠤ ᠣᠯᠵᠤ ᠬᠠᠷᠠᠳᠠᠭ ᠦᠭᠡᠢ ᠤᠴᠢᠷ ᠲᠡᠳᠡᠨ ᠢ᠋ ᠣᠭᠲᠣ ᠪᠠᠢᠬᠤ ᠦᠭᠡᠢ ᠮᠡᠲᠦ ᠰᠠᠨᠠᠨ᠎ᠠ᠃ ᠬᠠᠷᠢᠨ ᠬᠥᠮᠦᠨ ᠦ᠌ ᠰᠡᠳᠬᠢᠯ ᠡᠳᠡᠨ ᠡᠴᠡ ᠣᠭᠲᠣ ᠥᠭᠡᠷ᠎ᠡ᠃ ᠬᠥᠮᠦᠨ ᠡᠷᠡᠭᠦᠯ ᠤᠬᠠᠭᠠᠨ ᠲᠠᠢ ᠯᠠ ᠪᠣᠯ ᠥᠪᠡᠷ ᠦ᠋ᠨ ᠰᠡᠳᠬᠢᠯ ᠰᠠᠨᠠᠭ᠎ᠠ ᠪᠠᠢᠭ᠎ᠠ ᠶ᠋ᠢ ᠮᠡᠳᠡᠬᠦ ᠪᠥᠭᠡᠲᠡᠯ᠎ᠡ ᠳᠠᠩᠴᠤ ᠥᠪᠡᠷ ᠦ᠋ᠨ ᠰᠡᠳᠬᠢᠯ ᠰᠠᠨᠠᠭ᠎ᠠ ᠶ᠋ᠢ ᠬᠡᠵᠢᠶ᠎ᠡ ᠴᠦ᠍ ᠣᠯᠵᠤ ᠬᠠᠷᠠᠵᠤ᠂ ᠣᠢᠯᠠᠭᠠᠵᠤ ᠲᠠᠨᠢᠵᠤ ᠮᠡᠳᠡᠳᠡᠭ ᠦᠭᠡᠢ᠂ ᠪᠠᠰᠠ ᠤᠳᠤᠷᠢᠳᠤᠨ ᠵᠠᠯᠠᠵᠤ ᠴᠢᠳᠠᠳᠠᠭ ᠦᠭᠡᠢ ᠠᠵᠢ᠃ ᠬᠥᠭᠡᠴᠦ ᠬᠡᠲᠦᠷᠬᠡᠢ ᠬᠤᠷᠳᠤᠨ ᠪᠥᠭᠡᠳ ᠵᠢᠵᠢᠭᠬᠡᠨ ᠵᠦᠢᠯᠡᠰ ᠢ᠋ ᠦᠵᠡᠳᠡᠭ ᠪᠥᠯᠥᠭᠡ᠃ ᠡᠭᠦᠨ ᠢ᠋ ᠪᠡᠨ ᠰᠠᠶᠢ ᠯᠠ ᠮᠡᠳᠡᠭᠰᠡᠨ ᠶᠦᠮ ᠪᠢᠰᠢ᠃ ᠬᠠᠷᠢᠨ ᠪᠤᠰᠤᠳ ᠵᠢᠷ ᠦ᠋ᠨ ᠬᠥᠮᠦᠰ ᠯᠡ ᠲᠡᠭᠦᠨ ᠢ᠋ ᠦᠵᠡᠳᠡᠭ ᠢ᠋ ᠣᠯᠵᠤ ᠬᠠᠷᠠᠵᠤ ᠴᠢᠳᠠᠳᠠᠭ ᠦᠭᠡᠢ ᠶ᠋ᠢ ᠮᠡᠳᠡᠭᠰᠡᠨ ᠬᠡᠷᠡᠭ ᠪᠢᠯᠡ᠃ ᠨᠢᠳᠦ ᠨᠡᠭᠡᠭᠡᠭᠰᠡᠨ ᠴᠠᠭ ᠠ᠋ᠴᠠ ᠬᠣᠢᠰᠢ ᠳᠡᠷᠭᠡᠳᠡ ᠨᠢ ᠡᠷᠭᠢᠯᠳᠦᠵᠦ᠂ ᠳᠡᠭᠡᠭᠦᠷ ᠨᠢ ᠨᠢᠰᠦᠭᠴᠢ ᠲᠡᠷᠡ ᠣᠯᠠᠨ ᠬᠥᠮᠦᠰ ᠪᠣᠯ ᠶᠡᠷᠦ ᠳ᠋ᠡᠭᠡᠨ ᠯᠡ ᠦᠬᠦᠭᠰᠡᠳ ᠦ᠋ᠨ ᠰᠦᠨᠡᠰᠦ᠂ ᠪᠠᠰᠠ ᠡᠯᠳᠡᠪ ᠳᠡᠭᠡᠳᠦ ᠶ᠋ᠢᠨ ᠬᠡᠯᠪᠡᠷᠢ ᠲᠡᠢ ᠪᠤᠰᠤᠳ ᠠᠮᠢᠲᠠᠳ ᠨᠢ ᠰᠠᠬᠢᠭᠤᠰᠤ ᠰᠠᠪᠳᠠᠭ᠂ ᠪᠤᠭ ᠴᠢᠳᠬᠥᠷ ᠪᠣᠯᠬᠤ ᠶ᠋ᠢ ᠬᠥᠭᠡᠴᠦ ᠮᠡᠳᠡᠵᠦ ᠠᠪᠴᠠᠢ᠃ ᠡᠴᠢᠭᠡ᠂ ᠠᠬ᠎ᠠ ᠳᠡᠭᠦᠦ ᠨᠠᠷ ᠨᠢ ᠡᠳᠡᠭᠡᠷ ᠬᠠᠴᠢᠨ ᠬᠥᠮᠦᠰ ᠪᠣᠯᠤᠭᠠᠳ ᠳᠦᠷᠰᠦ ᠨᠦ᠍ᠭᠦᠳ ᠢ᠋ ᠪᠠᠢᠨ᠎ᠠ ᠭᠡᠵᠦ ᠣᠭᠲᠣ ᠲᠣᠭᠣᠬᠤ ᠦᠭᠡᠢ ᠢᠰᠬᠦᠯᠵᠦ ᠤᠨᠠᠭᠠᠨ᠂ ᠡᠪᠦᠷᠲᠦᠯᠡᠵᠦ ᠤᠨᠲᠠᠬᠤ ᠶ᠋ᠢ ᠬᠠᠷᠠᠵᠤ ᠥᠰᠦᠭᠰᠡᠨ ᠬᠥᠭᠡᠴᠦ ᠠᠩᠬᠠᠨ ᠠ᠋ᠴᠠ ᠪᠠᠨ ᠯᠠ ᠲᠡᠰᠴᠦ᠂ ᠲᠡᠳᠡᠨ ᠢ᠋ ᠬᠥᠮᠦᠨ ᠪᠦᠬᠦᠨ ᠦᠵᠡᠳᠡᠭ ᠭᠡᠵᠦ ᠪᠣᠳᠣᠳᠠᠭ ᠪᠠᠢᠭᠰᠠᠨ ᠲᠤᠯᠠ ᠲᠣᠭᠣᠳᠠᠭ ᠦᠭᠡᠢ ᠪᠠᠢᠯ᠎ᠠ᠃ ᠡᠳᠡᠭᠡᠷ ᠬᠡᠢ ᠳᠦᠷᠰᠦ᠂ ᠰᠦᠭ ᠰᠡᠭᠦᠳᠡᠷ ᠢ᠋ ᠶᠠᠭ ᠯᠠ ᠵᠢᠷ ᠦ᠋ᠨ ᠬᠥᠮᠦᠨ᠂ ᠠᠮᠢᠲᠠᠨ ᠤ᠋ ᠠᠳᠠᠯᠢ ᠦᠵᠡᠵᠦ ᠳᠠᠰᠴᠠᠢ᠃ ᠬᠠᠷᠢᠨ ᠴᠤ᠌ ᠪᠦᠷ ᠵᠠᠷᠢᠮ ᠡᠪ ᠦᠭᠡᠢ ᠲᠥᠷᠬᠦ ᠲᠡᠢ ᠡᠴᠡ ᠨᠢ ᠶᠡᠬᠡᠳᠡ ᠠᠶᠤᠳᠠᠭ ᠪᠠᠢᠵᠠᠢ᠃ ᠭᠡᠲᠡᠯ᠎ᠡ ᠡᠴᠢᠭᠡ ᠡᠬᠡ᠂ ᠠᠬ᠎ᠠ ᠳᠡᠭᠦᠦ ᠨᠠᠷ ᠨᠢ ᠡᠨᠡ ᠳᠦᠷᠰᠦ ᠨᠦ᠍ᠭᠦᠳ ᠢ᠋ ᠦᠵᠡᠳᠡᠭ ᠦᠭᠡᠢ ᠪᠣᠯᠬᠣᠷ ᠡᠢᠮᠦ ᠵᠣᠷᠢᠭ ᠲᠠᠢ ᠪᠠᠢᠳᠠᠭ ᠢ᠋ ᠮᠡᠳᠡᠵᠦ ᠠᠪᠴᠠᠢ᠃ ᠡᠨᠡ ᠰᠦᠨᠡᠰᠦ ᠨᠦ᠍ᠭᠦᠳ ᠡᠴᠡ ᠪᠣᠯᠤᠭᠠᠳ ᠵᠠᠷᠢᠮ ᠳ᠋ᠠᠭᠠᠨ ᠡᠯᠢᠭᠡ ᠬᠥᠰᠢᠮᠡᠷ ᠢᠨᠢᠶᠡᠳᠦ ᠲᠡᠢ ᠶᠠᠭᠤᠮ᠎ᠠ ᠪᠣᠯᠤᠨ᠎ᠠ᠃ ᠬᠥᠭᠡᠴᠦ ᠶ᠋ᠢ ᠭᠠᠭᠴᠠᠭᠠᠷ ᠲᠠᠴᠢᠭᠢᠨᠠᠲᠠᠯ᠎ᠠ ᠬᠥᠭᠡᠷᠴᠦ ᠶᠠᠪᠤᠬᠤ ᠶ᠋ᠢ ᠦᠵᠡᠭᠡᠳ ᠠᠬ᠎ᠠ ᠳᠡᠭᠦᠦ ᠨᠠᠷ ᠨᠢ ᠭᠠᠢᠬᠠᠳᠠᠭ ᠪᠢᠯᠡ᠃ ᠦᠨᠡᠨ ᠳ᠋ᠡᠭᠡᠨ ᠱᠠᠯᠳᠠᠩ ᠬᠡᠦᠬᠡᠨ ᠡᠭᠦᠷᠴᠢᠬᠡᠭᠰᠡᠨ ᠲᠡᠭᠡᠭᠡᠳ ᠮᠣᠷᠢ ᠤᠨᠤᠴᠢᠬᠠᠭᠰᠠᠨ ᠶᠠᠪᠤᠭ᠎ᠠ ᠬᠥᠮᠦᠨ ᠢ᠋ ᠬᠠᠷᠠᠭᠠᠳ ᠢᠨᠢᠶᠡᠬᠦ ᠦᠭᠡᠢ ᠲᠡᠪᠴᠢᠬᠦ ᠭᠡᠳᠡᠭ ᠪᠡᠷᠬᠡ ᠶᠦᠮ᠃ ᠪᠦᠷ ᠥᠨᠥ ᠨᠢᠴᠦᠭᠦᠨ ᠬᠡᠦᠬᠡᠨ ᠨᠦ᠍ᠭᠦᠳ ᠠᠬ᠎ᠠ ᠳᠡᠭᠦᠦ ᠨᠠᠷ ᠢ᠋ ᠨᠢ ᠱᠣᠳᠣᠢ ᠠ᠋ᠴᠠ ᠨᠢ ᠠᠳᠬᠤᠭᠠᠳ ᠬᠥᠲᠥᠯᠵᠦ ᠶᠠᠪᠤᠬᠤ ᠶ᠋ᠢ ᠬᠠᠷᠠᠪᠠᠯ ᠡᠯᠢᠭᠡ ᠨᠢ ᠬᠥᠰᠢᠭᠡᠳ ᠤᠨᠠᠴᠢᠬᠠᠳᠠᠭ ᠪᠠᠢᠵᠠᠢ᠃ ᠬᠥᠭᠡᠴᠦ ᠶ᠋ᠢᠨ ᠡᠯ᠎ᠡ ᠬᠠᠴᠢᠨ ᠵᠠᠩ ᠲᠡᠭᠦᠨ ᠢ᠋ ᠤᠬᠠᠭᠠᠨ ᠰᠣᠯᠢᠶ᠎ᠠ ᠲᠠᠢ ᠮᠡᠲᠦ ᠬᠠᠷᠠᠭᠳᠠᠭᠤᠯᠳᠠᠭ ᠪᠠᠢᠯ᠎ᠠ᠃ ᠡᠨᠡ ᠨᠢᠴᠦᠭᠦᠨ ᠪᠦᠰᠡᠭᠦᠢᠴᠦᠦᠯ ᠪᠣᠯ ᠬᠥᠭᠡᠴᠦ ᠶ᠋ᠢ ᠨᠢᠯᠬ᠎ᠠ ᠦᠶ᠎ᠡ ᠳ᠋ᠦ᠍ ᠭᠡᠷ ᠲᠡᠢ ᠪᠡᠨ ᠰᠢᠲᠠᠵᠤ ᠦᠬᠦᠭᠰᠡᠨ᠂ ᠶᠢᠰᠦᠭᠡᠢ ᠶ᠋ᠢᠨ ᠲᠠᠲᠠᠪᠤᠷᠢ ᠡᠮᠡᠰ ᠦ᠋ᠨ ᠬᠣᠷᠭᠣᠳᠠᠭᠰᠠᠨ ᠰᠦᠨᠡᠰᠦ ᠪᠣᠯᠬᠤ ᠶ᠋ᠢ ᠲᠡᠷᠡ ᠡᠬᠢᠯᠡᠭᠡᠳ ᠮᠡᠳᠡᠬᠦ ᠦᠭᠡᠢ ᠪᠠᠢᠪᠠ᠃ ᠶᠠᠭᠤᠨ ᠤ᠋ ᠤᠴᠢᠷ ᠲᠡᠳᠡᠨ ᠢ᠋ ᠢᠩᠭᠢᠵᠦ ᠰᠢᠲᠠᠭᠠᠵᠤ ᠠᠯᠠᠭᠰᠠᠨ ᠢ᠋ ᠲᠡᠷᠡ ᠦᠶ᠎ᠡ ᠳ᠋ᠦ᠍ ᠬᠡᠨ ᠴᠦ᠍ ᠮᠡᠳᠡᠭᠡ ᠦᠭᠡᠢ ᠪᠥᠭᠡᠳ ᠲᠠᠲ᠋ᠠᠷ ᠠᠢᠮᠠᠭ ᠤ᠋ᠨ ᠬᠢᠨ ᠦ᠌ ᠬᠢᠭᠰᠡᠨ ᠬᠡᠷᠡᠭ ᠪᠢᠵᠡ ᠭᠡᠵᠦ ᠦᠵᠡᠭᠰᠡᠨ ᠲᠤᠯᠠ ᠶᠢᠰᠦᠭᠡᠢ ᠴᠡᠷᠢᠭ ᠢ᠋ᠶ᠋ᠡᠨ ᠠᠪᠴᠤ ᠦᠰ ᠠᠪᠬᠤ ᠪᠠᠷ ᠮᠣᠷᠳᠠᠭᠰᠠᠨ ᠢ᠋ ᠬᠥᠭᠡᠴᠦ ᠪᠦᠦᠷ ᠲᠦᠦᠷ ᠰᠠᠨᠠᠳᠠᠭ ᠪᠢᠯᠡ᠃ ᠬᠥᠭᠡᠴᠦ ᠶ᠋ᠢᠨ ᠨᠢᠳᠦᠨ ᠳ᠋ᠦ᠍ ᠦᠵᠡᠭᠳᠡᠭᠴᠢ ᠡᠨᠡ ᠰᠦᠨᠡᠰᠦ ᠰᠡᠭᠦᠳᠡᠷ ᠢ᠋ ᠵᠢᠷ ᠦ᠋ᠨ ᠬᠥᠮᠦᠰ ᠣᠯᠵᠤ ᠬᠠᠷᠠᠵᠤ ᠴᠢᠳᠠᠬᠤ ᠦᠭᠡᠢ ᠪᠣᠯᠪᠠᠴᠤ ᠰᠦᠨᠡᠰᠦ ᠰᠡᠭᠦᠳᠡᠷ ᠨᠦ᠍ᠭᠦᠳ ᠴᠥᠮ ᠬᠥᠮᠦᠰ ᠦ᠋ᠨ ᠰᠡᠳᠬᠢᠯ ᠪᠤᠶᠤ ᠲᠡᠳᠡᠨ ᠦ᠌ ᠳᠣᠲᠣᠷᠠᠬᠢ ᠮᠥᠩᠬᠡ ᠲᠩᠷᠢ ᠳ᠋ᠦ᠍ ᠣᠷᠣᠰᠢᠭᠰᠠᠭᠠᠷ ᠪᠠᠢᠳᠠᠭ ᠢ᠋ ᠬᠥᠭᠡᠴᠦ ᠮᠡᠳᠡᠳᠡᠭ ᠪᠣᠯᠵᠠᠢ᠃ ᠲᠡᠳᠡ ᠬᠡᠨ ᠨᠢᠭᠡ ᠤᠴᠢᠷ ᠮᠡᠳᠡᠬᠦ ᠦᠭᠡᠢ ᠵᠢᠷ ᠦ᠋ᠨ ᠬᠥᠮᠦᠨ ᠢ᠋ ᠬᠣᠣᠷᠯᠠᠨ ᠦᠬᠦᠭᠦᠯᠦᠶᠡ ᠭᠡᠪᠡᠯ ᠴᠢᠳᠠᠬᠤ ᠠᠵᠢ᠃ ᠬᠥᠮᠦᠨ ᠦ᠌ ᠰᠡᠳᠬᠢᠯ ᠢ᠋ ᠲᠡᠳᠡ ᠳᠣᠲᠣᠷ᠎ᠠ ᠠ᠋ᠴᠠ ᠨᠢ ᠬᠣᠣᠷᠯᠠᠨ ᠪᠤᠰᠠᠨᠢᠭᠤᠯᠵᠤ ᠬᠣᠣᠷᠯᠠᠭᠳᠠᠭᠰᠠᠨ ᠬᠥᠮᠦᠨ ᠤᠴᠢᠷ ᠪᠢᠲᠡᠭᠦᠯᠢᠭ ᠢ᠋ᠶ᠋ᠡᠷ ᠤᠬᠠᠭᠠᠨ ᠰᠠᠮᠠᠭᠤᠷᠠᠨ ᠦᠬᠦᠬᠦ ᠶ᠋ᠢ ᠦᠵᠡᠭᠰᠡᠨ ᠪᠢᠯᠡ᠃ ᠡᠪᠡᠳᠴᠢᠨ ᠵᠣᠪᠠᠯᠠᠩ ᠪᠦᠬᠦᠨ ᠶᠠᠮᠠᠷ ᠨᠢᠭᠡ ᠮᠠᠭᠤ ᠰᠦᠨᠡᠰᠦᠨ ᠦ᠌ ᠬᠣᠣᠷᠯᠠᠯ ᠪᠠᠢᠳᠠᠭ ᠶᠤᠮ᠃ ᠰᠦᠨᠡᠰᠦ ᠨᠦ᠍ᠭᠦᠳ ᠲᠡᠢᠮᠦ ᠴᠦ᠍ ᠭᠡᠮ ᠦᠭᠡᠢ ᠠᠮᠢᠲᠠᠳ ᠪᠢᠰᠢ ᠠᠵᠢ᠃
ᠬᠥᠭᠡᠴᠦ ᠶ᠋ᠢᠨ ᠠᠩᠵᠠᠭᠠᠷᠠᠵᠤ ᠣᠢᠯᠠᠭᠠᠭᠰᠠᠨ ᠪᠠᠰᠠ ᠨᠢᠭᠡ ᠴᠢᠬᠤᠯᠠ ᠶᠠᠭᠤᠮ᠎ᠠ ᠨᠢ ᠮᠥᠩᠬᠡ ᠲᠩᠷᠢ ᠲᠡᠢ ᠶᠠᠷᠢᠬᠤ ᠳ᠋ᠤ᠌ ᠶᠠᠭᠤ ᠲᠡᠭᠦᠨ ᠳ᠋ᠦ᠍ ᠲᠤᠰᠠ ᠪᠣᠯᠳᠠᠭ ᠢ᠋ ᠮᠡᠳᠡᠭᠰᠡᠨ ᠶᠠᠪᠤᠳᠠᠯ ᠪᠠᠢᠪᠠ᠃ ᠲᠩᠷᠢ ᠲᠡᠢ ᠢᠩᠭᠢᠵᠦ ᠶᠠᠷᠢᠬᠤ ᠳ᠋ᠤᠨᠢ ᠭᠠᠵᠠᠷ ᠤ᠋ᠨ ᠭᠦᠨ ᠡᠴᠡ ᠣᠷᠭᠢᠯᠬᠤ ᠶᠡᠬᠡ ᠬᠦᠴᠦᠨ ᠲᠡᠭᠦᠨ ᠳ᠋ᠦ᠍ ᠲᠤᠰᠠ ᠪᠣᠯᠵᠤ ᠪᠠᠢᠭ᠎ᠠ ᠶ᠋ᠢ ᠬᠥᠭᠡᠴᠦ ᠣᠢᠯᠠᠭᠠᠪᠠ᠃ ᠮᠣᠩᠭᠣᠯ ᠨᠤᠲᠤᠭ ᠤ᠋ᠨ ᠭᠠᠵᠠᠷ ᠤᠰᠤᠨ ᠤ᠋ ᠭᠦᠨ ᠡᠴᠡ ᠠᠰᠤᠷᠤ ᠶᠡᠬᠡ ᠬᠦᠴᠦᠲᠡᠢ᠂ ᠶᠧᠯᠸᠢ ᠶ᠋ᠢᠨ ᠭᠡᠮᠡᠷ ᠬᠠᠯᠠᠭᠤᠨ ᠤᠷᠤᠰᠬᠠᠯ ᠣᠷᠭᠢᠯᠤᠨ ᠭᠠᠷᠳᠠᠭ ᠢ᠋ ᠲᠡᠷᠡ ᠥᠪᠡᠷ ᠦ᠋ᠨ ᠪᠡᠶ᠎ᠡ ᠪᠡᠷ ᠳᠠᠮᠵᠢᠭᠤᠯᠤᠨ ᠮᠡᠳᠡᠳᠡᠭ ᠪᠣᠯᠵᠠᠢ᠃ ᠡᠢᠮᠦ ᠭᠠᠵᠠᠷ ᠲᠡᠷᠡ ᠪᠦᠷ ᠡᠯᠪᠡᠭ ᠪᠢᠰᠢ ᠪᠥᠭᠡᠳ ᠬᠠᠷᠢᠨ ᠡᠪᠦᠭᠡ ᠳᠡᠭᠡᠳᠦᠰ ᠦ᠋ᠨ ᠦᠶ᠎ᠡ ᠡᠴᠡ ᠶᠡᠬᠡ ᠠᠭᠤᠯᠠᠰ᠂ ᠥᠨᠳᠥᠷ ᠳᠠᠪᠠᠭᠠᠨ ᠤ᠋ ᠣᠷᠣᠢ ᠳ᠋ᠤ᠌ ᠪᠣᠰᠬᠠᠭᠰᠠᠨ ᠣᠪᠣᠭᠠᠨ ᠤ᠋ ᠣᠷᠴᠢᠮ ᠳ᠋ᠤ᠌ ᠭᠠᠵᠠᠷ ᠤ᠋ᠨ ᠭᠦᠨ ᠡᠴᠡ ᠣᠷᠭᠢᠯᠤᠭᠴᠢ ᠲᠡᠷᠡ ᠬᠦᠴᠦ ᠢᠯᠡᠭᠦᠦ ᠶᠡᠬᠡ ᠪᠡᠷ ᠮᠡᠳᠡᠷᠡᠭᠳᠡᠳᠡᠭ ᠪᠠᠢᠪᠠ᠃ ᠲᠡᠢᠮᠦ ᠡᠴᠡ ᠶᠡᠬᠡ ᠣᠪᠣᠭ᠎ᠠ ᠶ᠋ᠢ ᠳᠠᠬᠢᠵᠤ ᠲᠡᠭᠦᠨ ᠦ᠌ ᠳᠣᠣᠷ᠎ᠠ ᠠ᠋ᠴᠠ ᠣᠷᠭᠢᠯᠬᠤ ᠶᠡᠬᠡ ᠬᠦᠴᠦ ᠶ᠋ᠢ ᠡᠵᠡᠮᠳᠡᠵᠦ ᠴᠢᠳᠠᠪᠠᠯ ᠬᠥᠮᠦᠨ ᠦ᠌ ᠰᠡᠳᠬᠢᠯ ᠳ᠋ᠦ᠍ ᠨᠡᠪᠲᠡᠷᠡᠨ ᠪᠣᠳᠣᠭᠰᠠᠨ ᠰᠠᠨᠠᠭᠰᠠᠨ ᠢ᠋ ᠨᠢ ᠮᠡᠳᠡᠵᠦ ᠥᠪᠡᠷ ᠦ᠋ᠨ ᠬᠦᠰᠡᠭᠰᠡᠨ ᠢ᠋ᠶ᠋ᠡᠷ ᠤᠳᠤᠷᠢᠳᠬᠤ᠂ ᠴᠠᠰᠤ ᠪᠣᠷᠣᠭ᠎ᠠ ᠶ᠋ᠢ ᠬᠠᠷᠢᠭᠤᠯᠤᠨ ᠪᠤᠴᠠᠭᠠᠬᠤ ᠶᠤᠮ ᠤᠤ ᠡᠰᠡᠪᠡᠯ ᠳᠠᠭᠤᠳᠠᠨ ᠢᠷᠡᠭᠦᠯᠵᠦ ᠳᠤᠷᠠᠲᠠᠢ ᠭᠠᠵᠠᠷ ᠢ᠋ᠶ᠋ᠠᠨ ᠣᠷᠣᠭᠤᠯᠵᠤ ᠪᠣᠯᠬᠤ ᠶ᠋ᠢ ᠬᠥᠭᠡᠴᠦ ᠦᠵᠡᠵᠦ ᠮᠡᠳᠡᠵᠡᠢ᠃ ᠭᠠᠵᠠᠷ ᠤ᠋ᠨ ᠭᠦᠨ ᠡᠴᠡ ᠣᠷᠭᠢᠯᠤᠭᠴᠢ ᠬᠦᠴᠦ ᠶ᠋ᠢ ᠥᠪᠡᠷ ᠦ᠋ᠨ ᠪᠡᠶ᠎ᠡ ᠳ᠋ᠦ᠍ ᠰᠢᠩᠭᠡᠬᠡᠨ ᠠᠰᠢᠭᠯᠠᠬᠤ ᠣᠨᠴᠠᠭᠠᠢ ᠴᠢᠳᠠᠪᠤᠷᠢᠲᠠᠢ ᠪᠠᠢᠭᠰᠠᠨ ᠢ᠋ᠶ᠋ᠠᠷ ᠢ᠋ᠶ᠋ᠠᠨ ᠬᠥᠭᠡᠴᠦ ᠪᠤᠰᠤᠳ ᠲᠤ᠌ ᠢᠳᠢ ᠰᠢᠳᠢᠲᠡᠢ ᠮᠡᠲᠦ ᠦᠵᠡᠭᠳᠡᠨ ᠬᠦᠨᠳᠦᠯᠡᠭᠳᠡᠭᠰᠡᠨ ᠪᠢᠯᠡ᠃ ᠭᠠᠵᠠᠷ ᠤ᠋ᠨ ᠭᠦᠨ ᠡᠴᠡ ᠣᠷᠭᠢᠯᠬᠤ ᠲᠡᠷᠡ ᠬᠦᠴᠦ ᠶ᠋ᠢ ᠰᠢᠩᠭᠡᠭᠡᠨ ᠠᠪᠤᠭᠰᠠᠨ ᠬᠡᠳᠦ ᠬᠣᠨᠣᠭ ᠲᠤ᠌ ᠡᠪᠡᠳᠴᠢᠲᠡᠢ ᠬᠥᠮᠦᠨ ᠳ᠋ᠦ᠍ ᠬᠦᠷᠬᠦ ᠲᠡᠳᠦᠢ ᠯᠡ ᠰᠢᠷᠬ᠎ᠠ ᠡᠮᠭᠡᠭ ᠨᠢ ᠡᠳᠡᠭᠡᠷᠡᠵᠦ ᠬᠥᠯ ᠳᠡᠭᠡᠷ᠎ᠡ ᠪᠡᠨ ᠪᠣᠰᠬᠤ ᠪᠥᠯᠥᠭᠡ᠃ ᠪᠠᠰᠠ ᠭᠠᠵᠠᠷ ᠤ᠋ᠨ ᠬᠦᠴᠦ ᠶ᠋ᠢ ᠰᠢᠩᠭᠡᠬᠡᠨ ᠠᠪᠤᠭᠰᠠᠨ ᠬᠡᠳᠦ ᠬᠣᠨᠣᠭ ᠲᠤ᠌ ᠥᠨᠥᠬᠢ ᠣᠯᠠᠨ ᠰᠦᠭ ᠰᠦᠨᠡᠰᠦ ᠨᠦ᠍ᠭᠦᠳ ᠲᠡᠭᠦᠨ ᠡᠴᠡ ᠵᠢᠭᠤᠲᠠᠨ ᠬᠣᠯᠠᠳᠬᠤ ᠪᠥᠭᠡᠳ ᠵᠠᠷᠢᠮ ᠨᠢ ᠪᠦᠷ ᠬᠥᠭᠡᠴᠦ ᠶ᠋ᠢᠨ ᠪᠠᠷ᠎ᠠ ᠰᠤᠷᠠᠭ ᠢ᠋ᠶ᠋ᠠᠷ ᠭᠠᠯ ᠳ᠋ᠤ᠌ ᠬᠥᠲᠥᠰᠦ ᠰᠢᠲᠠᠬᠤ ᠶ᠋ᠢᠨ ᠠᠳᠠᠯᠢ ᠤᠮᠠᠷᠠᠨ ᠦᠭᠡᠢ ᠪᠣᠯᠬᠤ ᠠᠵᠢ᠃ ᠬᠤᠷᠠᠮᠳᠤᠭᠤᠯᠤᠭᠰᠠᠨ ᠬᠦᠴᠦ ᠨᠢ ᠳᠠᠭᠤᠰᠤᠮᠠᠭᠴᠠ ᠬᠥᠭᠡᠴᠦ ᠵᠢᠷ ᠦ᠋ᠨ ᠬᠥᠮᠦᠨ ᠲᠡᠢ ᠠᠳᠠᠯᠢ ᠪᠣᠯᠵᠤ ᠬᠡᠳᠦ ᠬᠣᠨᠣᠭ ᠦᠬᠦᠭᠰᠡᠨ ᠮᠡᠲᠦ ᠤᠨᠲᠠᠨ᠎ᠠ᠃ ᠭᠠᠵᠠᠷ ᠤ᠋ᠨ ᠲᠡᠷᠡ ᠳᠠᠯᠳᠠ ᠶ᠋ᠢᠨ ᠬᠦᠴᠦ ᠶ᠋ᠢ ᠪᠡᠶ᠎ᠡ ᠳ᠋ᠡᠭᠡᠨ ᠰᠢᠩᠭᠡᠭᠡᠬᠦ᠂ ᠴᠠᠭᠠᠰᠢ ᠳᠠᠮᠵᠢᠭᠤᠯᠤᠨ ᠵᠠᠷᠤᠬᠤ ᠨᠢ ᠪᠡᠶ᠎ᠡ ᠶ᠋ᠢᠨ ᠲᠡᠩᠬᠡᠭᠡ ᠲᠠᠮᠢᠷ ᠢ᠋ ᠲᠤᠢᠯ ᠦᠭᠡᠢ ᠶᠡᠬᠡ ᠪᠡᠷ ᠪᠠᠷᠠᠭᠳᠠᠭᠤᠯᠬᠤ ᠲᠤᠯᠠ ᠪᠥᠭᠡᠯᠡᠵᠦ ᠳᠠᠭᠤᠰᠤᠮᠠᠭᠴᠠ ᠮᠢᠬ᠎ᠠ ᠪᠣᠯᠲᠠᠯ᠎ᠠ ᠪᠠᠨ ᠶᠠᠳᠠᠷᠠᠬᠤ ᠨᠢ ᠡᠨᠡᠦᠬᠡᠨ ᠳ᠋ᠦ᠍ ᠪᠠᠰᠠ ᠵᠢᠷᠦᠬᠡ ᠠᠭᠤᠰᠬᠢ ᠨᠢ ᠳᠡᠯᠡᠰᠴᠦ ᠡᠪᠡᠳᠬᠦ ᠨᠢ ᠡᠯᠪᠡᠭ᠃ ᠭᠡᠪᠡᠴᠦ ᠬᠥᠭᠡᠴᠦ ᠶ᠋ᠢᠨ ᠵᠣᠪᠠᠯᠠᠩ ᠢ᠋ ᠣᠢᠯᠠᠭᠠᠵᠤ ᠮᠡᠳᠡᠬᠦ ᠬᠥᠮᠦᠨ ᠨᠢᠭᠡᠬᠡᠨ ᠴᠦ᠍ ᠦᠭᠡᠢ ᠪᠢᠯᠡ᠃ ᠲᠡᠮᠦᠵᠢᠨ ᠡᠴᠡ ᠥᠭᠡᠷ᠎ᠡ ᠲᠡᠭᠦᠨ ᠢ᠋ ᠴᠢᠩ ᠦᠨᠡᠨ ᠢ᠋ᠶ᠋ᠡᠷ ᠣᠢᠯᠠᠭᠠᠨ ᠬᠠᠢᠷᠠᠯᠠᠭᠰᠠᠨ ᠬᠥᠮᠦᠨ ᠤᠴᠠᠷᠠᠭ᠎ᠠ ᠦᠭᠡᠢ ᠮᠡᠲᠦ ᠬᠥᠭᠡᠴᠦ ᠳ᠋ᠦ᠍ ᠰᠠᠨᠠᠭᠳᠠᠨ᠎ᠠ᠃ ᠲᠡᠷᠡ ᠥᠪᠡᠷ ᠦ᠋ᠨ ᠵᠣᠪᠠᠯᠠᠩ ᠰᠢᠨᠠᠯᠤᠯ ᠢ᠋ ᠵᠠᠯᠠᠭᠤ ᠪᠡᠶ᠎ᠡ ᠶ᠋ᠢᠨ ᠡᠷᠴᠢ ᠬᠦᠴᠦ ᠪᠡᠷ ᠲᠤᠭᠤᠯᠤᠨ ᠳᠠᠪᠠᠬᠤ ᠠᠵᠢ᠃
ᠬᠠᠷᠢᠨ ᠲᠡᠮᠦᠵᠢᠨ ᠳ᠋ᠦ᠍ ᠲᠤᠰᠠᠯᠠᠬᠤ ᠨᠢ ᠲᠩᠷᠢ ᠶ᠋ᠢᠨ ᠵᠠᠷᠯᠢᠭ ᠪᠠᠢᠭᠰᠠᠨ ᠲᠤᠯᠠ ᠬᠥᠭᠡᠴᠦ ᠳ᠋ᠦ᠍ ᠤᠬᠤᠷᠢᠬᠤ ᠪᠤᠴᠠᠬᠤ ᠭᠠᠵᠠᠷ ᠪᠠᠢᠭᠰᠠᠨ ᠦᠭᠡᠢ᠃ ᠭᠡᠪᠡᠴᠦ ᠬᠡᠷᠬᠢᠨ ᠲᠤᠰᠠᠯᠠᠬᠤ ᠶ᠋ᠢ ᠪᠡᠨ ᠰᠠᠢᠲᠤᠷ ᠪᠣᠳᠣᠵᠤ ᠵᠥᠪ ᠵᠦᠢᠲᠡᠢ ᠬᠢᠬᠦ ᠦᠭᠡᠢ ᠪᠣᠯ ᠬᠠᠮᠤᠭ ᠬᠡᠷᠡᠭ ᠲᠠᠯᠠᠭᠠᠷ ᠥᠩᠭᠡᠷᠡᠵᠦ ᠲᠡᠮᠦᠵᠢᠨ ᠳ᠋ᠦ᠍ ᠪᠦᠷ ᠲᠤᠰᠠ ᠪᠢᠰᠢ ᠬᠣᠣᠷ ᠬᠦᠷᠭᠡᠵᠦ ᠪᠣᠯᠬᠤ ᠤᠴᠢᠷ ᠬᠥᠭᠡᠴᠦ ᠪᠣᠯᠭᠣᠮᠵᠢᠯᠠᠵᠤ ᠪᠠᠢᠪᠠ᠃ ᠭᠡᠪᠡᠴᠦ ᠴᠠᠭ ᠢ᠋ ᠬᠦᠯᠢᠶᠡᠨ ᠠᠯᠮᠠᠢᠷᠠᠨ ᠵᠦᠭᠡᠷ ᠰᠠᠭᠤᠵᠤ ᠪᠠᠰᠠ ᠪᠣᠯᠤᠭᠰᠠᠨ ᠦᠭᠡᠢ᠃ ᠪᠠᠰᠠ ᠶᠠᠭᠤ ᠬᠢᠬᠦ ᠶ᠋ᠢ ᠨᠢ ᠵᠢᠭᠠᠵᠤ ᠵᠢᠷᠤᠭᠠᠳ ᠥᠭᠬᠦ ᠤᠬᠠᠭᠠᠨᠲᠠᠨ ᠪᠠᠢᠭᠰᠠᠨ ᠦᠭᠡᠢ᠃ ᠪᠦᠬᠦ ᠵᠦᠢᠯ ᠢ᠋ ᠭᠠᠭᠴᠠᠬᠠᠨ ᠥᠪᠡᠷ ᠦ᠋ᠨ ᠤᠬᠠᠭᠠᠨ ᠮᠡᠳᠡᠷᠡᠮᠵᠢ᠂ ᠲᠩᠷᠢ ᠶ᠋ᠢᠨ ᠬᠦᠰᠡᠯ ᠳ᠋ᠦ᠍ ᠵᠠᠬᠢᠷᠤᠭᠤᠯᠵᠠᠢ᠃ ᠡᠴᠦᠰ ᠲᠦ᠋ᠨᠢ ᠥᠪᠡᠷ ᠦ᠋ᠨ ᠴᠢᠳᠠᠯ ᠤ᠋ᠨ ᠬᠢᠷᠢ ᠪᠡᠷ ᠭᠠᠵᠠᠷ ᠤ᠋ᠨ ᠬᠦᠴᠦ ᠶ᠋ᠢ ᠬᠤᠷᠠᠮᠳᠤᠭᠤᠯᠵᠤ ᠲᠡᠮᠦᠵᠢᠨ ᠳ᠋ᠦ᠍ ᠢᠯᠡᠭᠡᠬᠦ ᠵᠠᠮ ᠢ᠋ ᠰᠣᠩᠭᠣᠨ ᠠᠪᠴᠤ ᠪᠡᠯᠡᠳᠬᠡᠵᠦ ᠡᠬᠢᠯᠡᠪᠡ᠃ ᠡᠨᠡ ᠪᠣᠯ ᠡᠪᠡᠳᠴᠢᠨ ᠲᠡᠢ ᠬᠥᠮᠦᠨ ᠢ᠋ ᠡᠮᠴᠢᠯᠡᠵᠦ᠂ ᠬᠡᠳᠦᠨ ᠡᠳᠦᠷ ᠦ᠋ᠨ ᠡᠮᠦᠨ᠎ᠡ ᠡᠴᠡ ᠲᠩᠷᠢ ᠶ᠋ᠢᠨ ᠠᠭᠠᠰᠢ ᠶ᠋ᠢ ᠳᠠᠭᠠᠵᠤ ᠮᠡᠳᠡᠬᠦ ᠡᠴᠡ ᠣᠭᠲᠣ ᠥᠭᠡᠷ᠎ᠡ ᠬᠡᠷᠡᠭ᠂ ᠤᠷᠢᠳ ᠡᠮᠦᠨ᠎ᠡ ᠬᠢᠵᠦ ᠦᠵᠡᠭᠡ ᠦᠭᠡᠢ ᠲᠤᠯᠠ ᠲᠡᠮᠦᠵᠢᠨ ᠳ᠋ᠦ᠍ ᠲᠤᠰᠠ ᠳᠠᠮ ᠪᠣᠯᠬᠤ ᠡᠰᠡᠬᠦ ᠶ᠋ᠢ ᠤᠷᠢᠳᠴᠢᠯᠠᠨ ᠳᠠᠭᠠᠬᠤ ᠶ᠋ᠢᠨ ᠠᠷᠭ᠎ᠠ ᠦᠭᠡᠢ ᠶᠠᠪᠤᠳᠠᠯ ᠶᠤᠮ᠃ ᠭᠠᠵᠠᠷ ᠤ᠋ᠨ ᠬᠦᠴᠦ ᠶ᠋ᠢ ᠬᠡᠳᠦ ᠬᠤᠷᠠᠮᠳᠤᠭᠤᠯᠬᠤ ᠶᠤᠮ ᠤᠤ ᠵᠥᠪ ᠢ᠋ᠶ᠋ᠡᠷ ᠵᠠᠷᠤᠵᠤ ᠭᠠᠳᠠᠭᠰᠢᠯᠠᠭᠤᠯᠵᠤ ᠴᠢᠳᠠᠬᠤ ᠦᠭᠡᠢ ᠪᠣᠯ ᠥᠪᠡᠷ ᠢ᠋ᠶ᠋ᠡᠨ ᠬᠣᠣᠷᠯᠠᠭᠳᠠᠨ ᠦᠬᠦᠬᠦ ᠨᠢ ᠡᠨᠡᠦᠬᠡᠨ ᠳ᠋ᠦ᠍ ᠲᠤᠯᠠ ᠢᠩᠭᠢᠵᠦ ᠵᠣᠷᠢᠭᠯᠠᠨ ᠰᠢᠢᠳᠦᠭᠰᠡᠨ ᠨᠢ ᠲᠤᠢᠯ ᠤ᠋ᠨ ᠣᠰᠣᠯ ᠲᠠᠢ ᠬᠡᠷᠡᠭ ᠪᠠᠢᠪᠠ᠃ ᠭᠡᠪᠡᠴᠦ ᠬᠥᠭᠡᠴᠦ ᠡᠭᠦᠨ ᠢ᠋ ᠪᠣᠳᠣᠵᠤ ᠠᠶᠤᠭᠰᠠᠨ ᠦᠭᠡᠢ᠃ ᠣᠢᠷ᠎ᠠ ᠣᠷᠴᠢᠮ ᠤ᠋ᠨ ᠠᠭᠤᠯᠠ ᠪᠠᠷ ᠶᠠᠪᠤᠵᠤ ᠭᠠᠵᠠᠷ ᠤ᠋ᠨ ᠬᠦᠴᠦ ᠬᠠᠮᠢᠭ᠎ᠠ ᠶᠡᠬᠡ ᠣᠷᠭᠢᠯᠵᠤ ᠪᠠᠢᠭ᠎ᠠ ᠶ᠋ᠢ ᠣᠯᠬᠤ ᠭᠡᠵᠦ ᠡᠴᠡᠵᠦ ᠴᠤᠴᠠᠲᠠᠯ᠎ᠠ ᠪᠠᠨ ᠮᠠᠴᠤᠭᠰᠠᠭᠠᠷ ᠬᠡᠳᠦᠨ ᠰᠠᠷ᠎ᠠ ᠥᠩᠭᠡᠷᠡᠵᠦ ᠡᠮᠦᠰᠦᠭᠰᠡᠨ ᠳᠡᠪᠡᠯ ᠭᠠᠩᠳᠠᠵᠤ᠂ ᠡᠪᠦᠳᠦᠭ ᠲᠣᠬᠣᠢ ᠴᠣᠭᠣᠷᠴᠠᠢ᠃ ᠡᠴᠦᠰ ᠲᠦ᠋ᠨᠢ ᠲᠡᠢᠮᠦ ᠭᠠᠵᠠᠷ ᠢ᠋ ᠣᠯᠤᠭᠰᠠᠨ ᠨᠢ ᠠᠭᠤᠯᠠᠰ ᠤ᠋ᠨ ᠨᠣᠶᠠᠨ ᠣᠷᠭᠢᠯ ᠴᠤ᠌ ᠪᠢᠰᠢ ᠲᠡᠳᠡᠨ ᠦ᠌ ᠵᠤᠰᠠᠯᠠᠩ ᠠ᠋ᠴᠠ ᠬᠣᠯᠠ ᠦᠭᠡᠢ ᠲᠡᠮᠣᠷᠲᠡᠢ ᠶ᠋ᠢᠨ ᠠᠮᠠᠨ ᠤ᠋ ᠵᠢᠵᠢᠭ ᠪᠤᠯᠠᠭ ᠤ᠋ᠨ ᠲᠠᠷᠢᠬᠢ ᠶ᠋ᠢᠨ ᠥᠨᠥᠴᠢᠨ ᠭᠠᠭᠴᠠ ᠮᠣᠳᠣ ᠪᠠᠢᠭᠰᠠᠨ ᠨᠢ ᠭᠠᠢᠬᠠᠮᠠᠷ᠃ ᠭᠠᠵᠠᠷ ᠤ᠋ᠨ ᠭᠦᠨ ᠦ᠌ ᠬᠦᠴᠦ ᠥᠨᠳᠥᠷ ᠲᠦ᠍ ᠭᠠᠷᠬᠤ ᠲᠣᠰᠤᠮ ᠶᠡᠬᠡᠰᠳᠡᠭ ᠭᠡᠵᠦ ᠪᠣᠳᠣᠳᠠᠭ ᠪᠠᠢᠭᠰᠠᠨ ᠨᠢ ᠡᠨᠳᠡᠭᠦᠷᠡᠯ ᠪᠣᠯᠬᠤ ᠶ᠋ᠢ ᠢᠩᠭᠢᠵᠦ ᠮᠡᠳᠡᠵᠡᠢ᠃ ᠪᠤᠯᠠᠭ ᠤ᠋ᠨ ᠲᠠᠷᠢᠬᠢᠨ ᠤ᠋ ᠭᠠᠭᠴᠠ ᠮᠣᠳᠣ ᠶ᠋ᠢ ᠣᠩᠭᠣᠯᠠᠵᠤ᠂ ᠳᠡᠷᠭᠡᠳᠡ ᠨᠢ ᠬᠠᠪᠢ ᠣᠷᠴᠢᠨ ᠤ᠋ ᠠᠭᠤᠯᠠ ᠪᠣᠯᠭᠠᠨ ᠠ᠋ᠴᠠ᠂ ᠤᠰᠤ ᠪᠣᠯᠭᠠᠨ ᠠ᠋ᠴᠠ ᠴᠢᠯᠠᠭᠤ ᠠᠪᠴᠢᠷᠠᠭᠤᠯᠤᠨ ᠶᠡᠬᠡ ᠣᠪᠣᠭ᠎ᠠ ᠪᠤᠰᠬᠠᠵᠤ᠂ ᠲᠤᠭ ᠬᠢᠶᠤᠷ ᠬᠡᠢᠰᠬᠡᠪᠡ᠃ ᠡᠨᠡ ᠪᠣᠯ ᠭᠠᠵᠠᠷ ᠤ᠋ᠨ ᠶᠡᠬᠡ ᠬᠦᠴᠦ ᠡᠨᠳᠡ ᠡᠴᠡ ᠣᠷᠭᠢᠯᠤᠨ ᠪᠠᠢᠳᠠᠭ ᠢ᠋ ᠲᠡᠮᠳᠡᠭᠯᠡᠵᠦ ᠪᠠᠢᠭ᠎ᠠ ᠬᠡᠷᠡᠭ ᠶᠦᠮ᠃ ᠡᠭᠦᠨ ᠢ᠋ ᠭᠠᠭᠴᠠ ᠬᠥᠭᠡᠴᠦ ᠮᠡᠳᠡᠨ᠎ᠡ᠃ ᠡᠨᠡ ᠭᠠᠭᠴᠠ ᠮᠣᠳᠣᠨ ᠤ᠋ ᠳᠡᠷᠭᠡᠳᠡ ᠢᠷᠡᠬᠦ ᠳ᠋ᠦ᠍ ᠦᠰᠦ ᠨᠢ ᠰᠢᠷᠬᠡᠭ ᠰᠢᠷᠬᠡᠭ ᠢ᠋ᠶ᠋ᠡᠷ ᠪᠣᠰᠴᠤ᠂ ᠡᠪᠦᠳᠦᠭ ᠲᠣᠬᠣᠢ ᠨᠢ ᠢᠷᠪᠡᠭᠡᠨᠡᠨ ᠬᠠᠯᠠᠭᠤ ᠣᠷᠬᠢᠭᠰᠠᠨ ᠪᠢᠯᠡ᠃ ᠬᠠᠮᠢᠭ᠎ᠠ ᠭᠠᠵᠠᠷ ᠤ᠋ᠨ ᠬᠦᠴᠦ ᠶᠡᠬᠡ ᠪᠡᠷ ᠣᠷᠭᠢᠯᠤᠨ ᠭᠠᠷᠪᠠᠯ ᠲᠡᠷᠡ ᠣᠷᠴᠢᠮ ᠤ᠋ᠨ ᠤᠰᠤ ᠪᠤᠯᠠᠭ ᠤ᠋ᠨ ᠣᠨᠳᠣᠷᠣᠭ᠎ᠠ ᠠᠷᠪᠢᠨ᠂ ᠡᠪᠡᠰᠦ ᠤᠷᠭᠤᠮᠠᠯ ᠥᠨᠳᠥᠷ ᠰᠠᠬᠤᠯᠠᠭ᠂ ᠠᠷᠢᠶᠠᠲᠠᠨ ᠵᠢᠭᠦᠷᠲᠡᠨ ᠡᠯᠪᠡᠭ ᠣᠯᠠᠨ᠂ ᠬᠥᠮᠦᠨ ᠵᠤᠨ ᠨᠢ ᠴᠣᠪᠣᠭᠣ ᠭᠠᠪᠰᠢᠭᠠᠢ ᠪᠠᠢᠳᠠᠭ ᠠᠵᠢ᠃ ᠣᠪᠣᠭ᠎ᠠ ᠪᠤᠰᠬᠠᠳᠠᠭ ᠨᠢ ᠭᠠᠵᠠᠷ ᠤ᠋ᠨ ᠶᠡᠬᠡ ᠬᠦᠴᠦᠨ ᠦ᠌ ᠤᠷᠤᠰᠤᠨ ᠭᠠᠷᠬᠤ ᠡᠷᠦᠬᠡ ᠶ᠋ᠢ ᠬᠠᠭᠠᠵᠤ᠂ ᠭᠠᠵᠠᠷ ᠲᠤ᠌ ᠰᠢᠩᠭᠡᠭᠡᠨ ᠬᠠᠳᠠᠭᠠᠯᠠᠬᠤ᠂ ᠪᠠᠰᠠ ᠤᠴᠢᠷ ᠮᠡᠳᠡᠬᠦ ᠦᠭᠡᠢ ᠬᠥᠮᠦᠨ ᠴᠣᠬᠢᠭᠳᠠᠨ ᠬᠣᠣᠷᠯᠠᠭᠳᠠᠬᠤ ᠵᠡᠷᠭᠡ ᠡᠴᠡ ᠰᠡᠷᠭᠡᠢᠯᠡᠳᠡᠭ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠠᠷᠭ᠎ᠠ ᠪᠣᠯᠬᠤ ᠶ᠋ᠢ ᠬᠥᠭᠡᠴᠦ ᠰᠠᠶᠢ ᠯᠠ ᠥᠪᠡᠷ ᠦ᠋ᠨ ᠪᠡᠶ᠎ᠡ ᠪᠡᠷ ᠦᠵᠡᠵᠦ ᠮᠡᠳᠡᠵᠡᠢ᠃ ᠬᠡᠲᠦᠷᠡᠵᠦ ᠬᠡᠮᠵᠢᠶ᠎ᠡ ᠨᠢ ᠶᠡᠬᠡᠳᠡᠬᠦ ᠦᠭᠡᠢ ᠯᠡ ᠪᠣᠯ ᠭᠠᠵᠠᠷ ᠤ᠋ᠨ ᠬᠦᠴᠦᠨ ᠦ᠌ ᠤᠷᠤᠰᠬᠠᠯ ᠳ᠋ᠤ᠌ ᠪᠣᠭᠣᠨᠢ ᠬᠤᠭᠤᠴᠠᠭᠠᠨ ᠳ᠋ᠤ᠌ ᠣᠷᠣᠬᠤ ᠨᠢ ᠬᠥᠮᠦᠨ ᠦ᠌ ᠪᠡᠶ᠎ᠡ ᠪᠣᠯᠤᠭᠠᠳ ᠰᠡᠳᠬᠢᠯ ᠳ᠋ᠦ᠍ ᠬᠣᠷᠭᠣᠳᠠᠨ ᠰᠢᠩᠭᠡᠭᠰᠡᠨ ᠮᠠᠭᠤ ᠢᠷᠣ᠎ᠠ ᠶ᠋ᠢᠨ ᠰᠦᠨᠡᠰᠦ ᠰᠡᠭᠦᠳᠡᠷ ᠢ᠋ ᠵᠠᠢᠯᠠᠭᠤᠯᠵᠤ ᠠᠷᠢᠭᠤᠰᠬᠠᠳᠠᠭ ᠤᠴᠢᠷᠲᠠᠢ ᠲᠤᠯᠠ ᠮᠣᠩᠭᠣᠯᠴᠤᠳ ᠣᠪᠣᠭ᠎ᠠ ᠶ᠋ᠢ ᠭᠤᠷᠪᠠ ᠠ᠋ᠴᠠ ᠢᠯᠡᠭᠦᠦ ᠲᠣᠭᠣᠷᠢᠳᠠᠭ ᠦᠭᠡᠢ ᠶᠣᠰᠣ ᠪᠦᠷ ᠾᠦᠩᠨᠦ ᠭᠦᠷᠦᠨ ᠡᠴᠡ ᠡᠮᠦᠨᠡᠬᠢ ᠦᠶ᠎ᠡ ᠡᠴᠡ ᠲᠣᠭᠲᠠᠭᠰᠠᠭᠠᠷ ᠢᠷᠡᠭᠰᠡᠨ ᠣ ᠤᠴᠢᠷ ᠢ᠋ ᠬᠥᠭᠡᠴᠦ ᠰᠠᠶᠢ ᠯᠠ ᠤᠬᠠᠭᠠᠷᠠᠪᠠ᠃ ᠬᠠᠷᠢᠨ ᠭᠠᠵᠠᠷ ᠤ᠋ᠨ ᠲᠡᠷᠡ ᠬᠦᠴᠦ ᠶ᠋ᠢ ᠪᠡᠶ᠎ᠡ ᠳ᠋ᠡᠭᠡᠨ ᠰᠢᠩᠭᠡᠬᠡᠨ ᠵᠠᠬᠢᠷᠤᠭᠴᠢ ᠬᠥᠮᠦᠨ ᠨᠢ ᠪᠥᠬᠡ ᠪᠣᠯᠳᠠᠭ ᠤᠴᠢᠷ ᠢ᠋ ᠪᠠᠰᠠ ᠣᠢᠯᠠᠭᠠᠵᠤ ᠠᠪᠴᠠᠢ ᠃ ᠪᠠᠭ᠎ᠠ ᠨᠠᠰᠤᠨ ᠠ᠋ᠴᠠ ᠭᠠᠭᠴᠠᠬᠠᠨ ᠥᠪᠡᠷ ᠲᠦ᠋ᠨᠢ ᠪᠠᠢᠭᠰᠠᠨ ᠬᠠᠴᠢᠨ ᠡᠲᠡᠭᠡᠳ ᠴᠢᠳᠠᠪᠤᠷᠢ᠂ ᠠᠭᠠᠰᠢ ᠵᠠᠩ᠂ ᠨᠢᠳᠦᠨ ᠳ᠋ᠦ᠍ᠨᠢ ᠦᠵᠡᠭᠳᠡᠭᠴᠢ ᠬᠡᠢ ᠶᠠᠭᠤᠮᠠᠰ ᠪᠦᠬᠦᠨ ᠬᠥᠭᠡᠴᠦ ᠴᠣᠬᠣᠮ ᠭᠠᠵᠠᠷ ᠤ᠋ᠨ ᠬᠦᠴᠦ ᠶ᠋ᠢ ᠪᠡᠶ᠎ᠡ ᠳ᠋ᠡᠭᠡᠨ ᠰᠢᠩᠭᠡᠭᠡᠵᠦ ᠴᠢᠳᠠᠳᠠᠭ ᠤ᠋ᠨ ᠦᠷ᠎ᠡ ᠪᠠᠢᠭᠰᠠᠨ ᠪᠢᠯᠡ᠃ ᠥᠷᠯᠥᠭᠡ ᠶ᠋ᠢᠨ ᠰᠢᠭᠦᠳᠡᠷᠢ ᠪᠠᠭᠤᠭᠰᠠᠨ ᠡᠪᠡᠰᠦᠨ ᠳᠤᠮᠳᠠᠭᠤᠷ ᠬᠥᠯ ᠨᠢᠴᠦᠭᠦᠨ ᠲᠣᠭᠣᠴᠢᠬᠤ᠂ ᠭᠠᠵᠠᠷ ᠲᠤ᠌ ᠨᠢᠴᠦᠭᠦᠨ ᠥᠩᠭᠡᠷᠡᠬᠦ ᠪᠦᠷᠢ ᠢᠨᠢᠶᠡᠳᠦ ᠨᠢ ᠬᠦᠷᠴᠦ ᠪᠡᠶ᠎ᠡ ᠨᠢ ᠰᠡᠷᠭᠦᠨ᠂ ᠬᠦᠴᠦ ᠲᠡᠩᠬᠡᠭᠡ ᠤᠷᠮ᠎ᠠ ᠵᠣᠷᠢᠭ ᠨᠡᠮᠡᠭᠳᠡᠳᠡᠭ ᠦ᠋ᠨ ᠤᠴᠢᠷ ᠪᠠᠰᠠ ᠯᠠ ᠡᠨᠡ ᠭᠠᠵᠠᠷ ᠤ᠋ᠨ ᠭᠦᠨ ᠦ᠌ ᠳᠠᠯᠳᠠ ᠬᠦᠴᠦᠨ ᠳ᠋ᠦ᠍ ᠪᠠᠢᠯ᠎ᠠ᠃ ᠭᠠᠵᠠᠷ ᠲᠤ᠌ ᠤᠨᠠᠨ ᠥᠩᠬᠥᠷᠢᠵᠦ ᠳᠡᠰ ᠳᠡᠰ ᠭᠦᠭᠦᠷᠬᠦ ᠬᠥᠭᠡᠴᠦ ᠶ᠋ᠢ ᠬᠠᠷᠠᠭᠰᠠᠨ ᠬᠡᠨ ᠪᠣᠯᠪᠠᠴᠤ ᠲᠡᠭᠦᠨ ᠢ᠋ ᠤᠬᠠᠭᠠᠨ ᠰᠠᠮᠠᠭᠤᠨ ᠲᠠᠢ ᠳ᠋ᠤ᠌ ᠡᠷᠡᠭᠡᠯᠵᠡᠬᠦ ᠦᠭᠡᠢ ᠢᠲᠡᠭᠡᠳᠡᠭ ᠪᠠᠢᠯ᠎ᠠ᠃ ᠭᠡᠪᠡᠴᠦ ᠢᠩᠭᠢᠬᠦ ᠪᠦᠷᠢ ᠳ᠋ᠡᠭᠡᠨ ᠬᠥᠭᠡᠴᠦ ᠶ᠋ᠢᠨ ᠬᠠᠷᠠᠴᠠ ᠣᠴᠢᠲᠠᠨ ᠬᠡᠷᠡᠯᠳᠦᠬᠦ ᠶ᠋ᠢ᠂ ᠬᠠᠮᠤᠭ ᠪᠡᠶ᠎ᠡ ᠨᠢ ᠬᠠᠯᠠᠭᠤ ᠰᠢᠲᠠᠨ ᠤᠯᠠᠢᠳᠠᠭ ᠢ᠋ ᠬᠡᠨ ᠴᠦ᠍ ᠠᠩᠵᠠᠭᠠᠷᠠᠳᠠᠭ ᠦᠭᠡᠢ ᠪᠠᠢᠵᠠᠢ᠃ ᠣᠳᠣ ᠲᠡᠷᠡ ᠥᠪᠡᠷ ᠦ᠋ᠨ ᠬᠦᠴᠦ ᠴᠢᠳᠠᠯ ᠨᠢ ᠬᠠᠮᠢᠭ᠎ᠠ ᠠ᠋ᠴᠠ ᠡᠬᠢᠲᠡᠢ ᠶ᠋ᠢ ᠮᠡᠳᠡᠳᠡᠭ ᠪᠣᠯᠤᠭᠰᠠᠨ ᠪᠣᠯᠪᠠᠴᠤ ᠬᠠᠷᠢᠨ ᠤᠬᠠᠮᠰᠠᠷ ᠵᠣᠷᠢᠯᠭ᠎ᠠ ᠲᠠᠢ ᠪᠠᠷ ᠶᠠᠭᠠᠬᠢᠵᠤ ᠠᠰᠢᠭᠯᠠᠬᠤ ᠪᠠᠨ ᠰᠠᠢᠨ ᠤᠬᠠᠭᠠᠷᠠᠵᠤ ᠣᠢᠯᠠᠭᠠᠭ᠎ᠠ ᠦᠭᠡᠢ᠂ ᠲᠤᠷᠰᠢᠵᠤ ᠦᠵᠡᠭᠡ ᠦᠭᠡᠢ ᠪᠠᠢᠪᠠ᠃ ᠲᠡᠮᠦᠵᠢᠨ ᠳ᠋ᠦ᠍ ᠲᠤᠰᠠᠯᠠᠬᠤ ᠭᠡᠰᠡᠨ ᠨᠢ ᠶᠡᠷᠦ ᠡᠴᠡ ᠠᠩᠬᠠᠨ ᠤ᠋ ᠬᠢ ᠶᠦᠮ᠃ ᠲᠡᠢᠮᠦ ᠪᠣᠯᠬᠣᠷ ᠪᠦᠬᠦ ᠵᠦᠢᠯ ᠢ᠋ ᠮᠠᠰᠢ ᠪᠣᠯᠭᠣᠮᠵᠢᠲᠠᠢ ᠬᠢᠬᠦ ᠶᠣᠰᠣᠲᠠᠢ ᠪᠣᠯᠵᠠᠢ᠃ ᠬᠥᠭᠡᠴᠦ ᠶ᠋ᠢᠨ ᠬᠢᠵᠦ ᠪᠠᠢᠭ᠎ᠠ ᠪᠦᠬᠦᠨ ᠭᠠᠳᠠᠨ᠎ᠠ ᠠ᠋ᠴᠠ ᠬᠠᠷᠠᠬᠤ ᠳ᠋ᠤ᠌ ᠬᠡᠦᠬᠡᠳ ᠲᠣᠭᠯᠠᠵᠤ ᠪᠠᠢᠭ᠎ᠠ ᠶᠤᠮ ᠰᠢᠭ᠋ ᠰᠠᠨᠠᠭᠳᠠᠬᠤ ᠪᠠᠷ ᠪᠠᠢᠯ᠎ᠠ᠃ ᠲᠡᠮᠣᠷᠲᠡᠢ ᠶ᠋ᠢᠨ ᠠᠮᠠᠨ ᠤ᠋ ᠪᠤᠯᠠᠭ ᠤ᠋ᠨ ᠡᠬᠢᠨ ᠦ᠌ ᠭᠠᠭᠴᠠ ᠮᠣᠳᠣ ᠶ᠋ᠢ ᠲᠠᠬᠢᠬᠤ ᠭᠡᠵᠦ ᠪᠠᠢᠭ᠎ᠠ ᠰᠤᠷᠠᠭ ᠳᠣᠣᠷ᠎ᠠ ᠪᠠᠨ ᠯᠠ ᠣᠢᠷ᠎ᠠ ᠬᠠᠪᠢ ᠳ᠋ᠤ᠌ ᠳᠠᠷᠬᠠᠨ ᠰᠣᠨᠢᠷᠬᠠᠭᠰᠠᠨ᠂ ᠪᠠᠰᠠ ᠬᠥᠭᠡᠴᠦ ᠶ᠋ᠢᠨ ᠢᠳᠢ ᠰᠢᠳᠢ ᠶ᠋ᠢ ᠦᠵᠡᠵᠦ᠂ ᠰᠢᠲᠦᠨ ᠪᠢᠰᠢᠷᠡᠭᠰᠡᠨ ᠬᠥᠮᠦᠰ ᠦ᠋ᠨ ᠬᠥᠯ ᠶᠡᠬᠡᠰᠴᠡᠢ᠃ ᠢᠳᠢ ᠰᠢᠳᠢᠨ ᠳ᠋ᠦ᠍ ᠢᠲᠡᠭᠡᠳᠡᠭ ᠦᠭᠡᠢ᠂ ᠥᠪᠡᠷ ᠢ᠋ᠶ᠋ᠡᠨ ᠢᠳᠢ ᠰᠢᠳᠢᠲᠡᠢ ᠪᠣᠯᠵᠤ ᠦᠬᠦᠯ ᠦᠭᠡᠢ ᠮᠥᠩᠬᠡ᠂ ᠦᠭᠡᠢᠷᠡᠯ ᠦᠭᠡᠢ ᠪᠠᠶᠠᠨ ᠠᠮᠢᠳᠤᠷᠠᠬᠤ ᠶ᠋ᠢ ᠬᠦᠰᠡᠳᠡᠭ ᠦᠭᠡᠢ ᠬᠥᠮᠦᠨ ᠭᠡᠵᠦ ᠨᠢᠭᠡ ᠴᠦ᠍ ᠦᠭᠡᠢ ᠪᠢᠵᠡ᠃ ᠭᠡᠪᠡᠴᠦ ᠬᠥᠮᠦᠨ ᠪᠦᠷᠢ ᠳ᠋ᠦ᠍ ᠡᠢᠮᠦ ᠬᠤᠪᠢ ᠲᠠᠪᠢᠯᠠᠩ ᠵᠠᠶᠠᠭᠠᠬᠤ ᠦᠭᠡᠢ ᠪᠣᠯᠬᠣᠷ ᠥᠪᠡᠷ ᠡᠴᠡ ᠪᠡᠨ ᠢᠯᠡᠭᠦᠦ ᠬᠦᠴᠦᠲᠡᠨ᠂ ᠪᠠᠭ᠎ᠠ ᠪᠣᠯᠪᠠᠴᠤ ᠢᠳᠢ ᠰᠢᠳᠢᠲᠡᠨ ᠳ᠋ᠦ᠍ ᠢᠳᠡᠭᠡᠨ ᠪᠢᠰᠢᠷᠡᠵᠦ᠂ ᠢᠪᠡᠭᠡᠯ ᠠᠪᠤᠷᠠᠯ ᠳ᠋ᠤᠨᠢ ᠪᠠᠭᠲᠠᠬᠤ ᠶ᠋ᠢ ᠬᠦᠰᠡᠳᠡᠭ ᠨᠢ ᠮᠢᠬ᠎ᠠ ᠴᠢᠰᠤᠨ ᠳ᠋ᠤ᠌ ᠲᠥᠷᠥᠭᠰᠡᠨ ᠵᠢᠷ ᠦ᠋ᠨ ᠬᠥᠮᠦᠨ ᠦ᠌ ᠶᠣᠰᠣ ᠶᠤᠮ᠃ ᠭᠠᠵᠠᠷ ᠤ᠋ᠨ ᠬᠦᠴᠦ ᠶ᠋ᠢ ᠬᠤᠷᠠᠮᠳᠤᠭᠤᠯᠤᠨ ᠴᠣᠬᠣᠮ ᠶᠠᠭᠤᠨ ᠳ᠋ᠤ᠌ ᠰᠢᠩᠭᠡᠭᠡᠵᠦ ᠲᠡᠮᠦᠵᠢᠨ ᠳ᠋ᠦ᠍ ᠢᠯᠡᠭᠡᠬᠦ ᠪᠡᠨ ᠬᠥᠭᠡᠴᠦ ᠣᠯᠠᠨ ᠡᠳᠦᠷ ᠪᠣᠳᠣᠪᠠ᠃ ᠣᠯᠠᠨ ᠬᠣᠨᠣᠭ ᠶᠠᠩᠵᠤ ᠶᠠᠩᠵᠤ ᠪᠠᠷ ᠪᠣᠳᠣᠵᠤ ᠦᠵᠡᠭᠰᠡᠨ ᠦ᠌ ᠡᠴᠦᠰ ᠲᠦ᠍ ᠵᠢᠵᠢᠭ ᠬᠦᠷᠡᠯ ᠵᠡᠪᠡᠨ ᠳ᠋ᠦ᠍ ᠰᠢᠩᠭᠡᠭᠡᠵᠦ ᠲᠡᠮᠦᠵᠢᠨ ᠳ᠋ᠦ᠍ ᠰᠠᠬᠢᠭᠤᠰᠤ ᠪᠣᠯᠭᠠᠨ ᠥᠭᠬᠦ ᠪᠡᠷ ᠰᠢᠢᠳᠴᠡᠢ᠃ ᠮᠡᠩᠯᠢᠭ ᠦ᠋ᠨ ᠬᠦᠰᠡᠭᠰᠡᠨ ᠢ᠋ᠶ᠋ᠡᠷ ᠬᠥᠭᠡᠴᠦ ᠶ᠋ᠢᠨ ᠬᠢᠬᠦ ᠭᠡᠵᠦ ᠪᠣᠢ ᠡᠨᠡ ᠬᠡᠷᠡᠭ ᠬᠣᠵᠢᠮ ᠬᠣᠢᠰᠢᠳᠠ ᠲᠡᠮᠦᠵᠢᠨ ᠳ᠋ᠦ᠍ ᠶᠠᠭᠠᠬᠢᠵᠤ ᠲᠤᠰᠠ ᠪᠣᠯᠬᠤ ᠶ᠋ᠢ ᠣᠳᠣ ᠬᠢᠷᠢ ᠳᠠᠭᠠᠬᠤ ᠶ᠋ᠢᠨ ᠠᠷᠭ᠎ᠠ ᠦᠭᠡᠢ ᠶᠦᠮ᠃ ᠭᠠᠭᠴᠠ ᠢᠲᠡᠭᠡᠯ ᠲᠥᠷᠥᠭᠦᠯᠵᠦ ᠪᠣᠢ ᠶᠠᠪᠤᠳᠠᠯ ᠨᠢ ᠲᠡᠮᠦᠵᠢᠨ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠭᠰᠡᠨ ᠬᠥᠮᠦᠨ ᠪᠠᠢᠭᠰᠠᠨ ᠨᠢ ᠶᠦᠮ᠃ ᠡᠭᠦᠨ ᠢ᠋ ᠬᠥᠭᠡᠴᠦ ᠬᠠᠷ᠎ᠠ ᠪᠠᠭ᠎ᠠ ᠠ᠋ᠴᠠ ᠦᠵᠡᠵᠦ ᠮᠡᠳᠡᠭᠰᠡᠨ ᠴᠦ᠍ ᠬᠣᠵᠢᠭᠤ ᠤᠬᠠᠭᠠᠷᠠᠭᠰᠠᠨ ᠪᠢᠯᠡ᠃ ᠣᠯᠠᠨ ᠬᠥᠪᠡᠭᠦᠳ ᠳᠤᠮᠳᠠ ᠠ᠋ᠴᠠ ᠲᠡᠷᠡ ᠬᠣᠶᠠᠷ ᠤ᠋ᠨ ᠳᠣᠲᠣᠨᠣᠰᠤᠨ ᠣᠢᠯᠠᠭᠠᠯᠴᠠᠵᠤ ᠨᠥᠬᠥᠷᠯᠡᠭᠰᠡᠨ ᠨᠢ ᠴᠣᠬᠣᠮ ᠲᠡᠮᠦᠵᠢᠨ ᠬᠥᠭᠡᠴᠦ ᠬᠣᠶᠠᠭᠤᠯᠠ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠭᠰᠡᠨ ᠦ᠌ ᠬᠢ ᠪᠠᠢᠭᠰᠠᠨ ᠢ᠋ ᠲᠡᠷᠡ ᠣᠳᠣ ᠮᠡᠳᠡᠳᠡᠭ ᠪᠣᠯᠵᠠᠢ᠃ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠨ᠎ᠡ ᠭᠡᠳᠡᠭ ᠨᠢ ᠲᠩᠷᠢ ᠶ᠋ᠢᠨ ᠠᠶᠤᠩᠭ᠎ᠠ᠂ ᠭᠠᠵᠠᠷ ᠤ᠋ᠨ ᠬᠦᠴᠦᠨ ᠳ᠋ᠦ᠍ ᠣᠷᠣᠪᠠᠯ ᠣᠶᠤᠨ ᠤᠬᠠᠭᠠᠨ᠂ ᠪᠢᠷ᠎ᠠ ᠬᠦᠴᠦ ᠨᠢ ᠰᠡᠯᠪᠢᠭᠳᠡᠨ ᠲᠡᠳᠬᠦᠭᠳᠡᠳᠡᠭ ᠵᠢᠮ᠎ᠡ ᠲᠡᠢ᠂ ᠲᠡᠢᠮᠦ ᠬᠦᠴᠦᠨ ᠳ᠋ᠦ᠍ ᠬᠣᠣᠷᠯᠠᠭᠳᠠᠵᠤ ᠦᠬᠦᠬᠦ ᠠᠶᠤᠯ ᠠ᠋ᠴᠠ ᠬᠠᠮᠠᠭᠠᠯᠠᠭᠳᠠᠭᠰᠠᠨ ᠪᠠᠢᠳᠠᠭ ᠠᠵᠢ᠃ ᠬᠠᠷᠢᠨ ᠲᠡᠷᠡ ᠬᠣᠶᠠᠷ ᠤ᠋ᠨ ᠢᠯᠭᠠᠭ᠎ᠠ ᠨᠢ ᠥᠪᠡᠷᠰᠡᠳ ᠦ᠋ᠨ ᠡᠨᠡ ᠤᠴᠢᠷ ᠢ᠋ ᠬᠥᠭᠡᠴᠦ ᠮᠡᠳᠡᠳᠡᠭ᠂ ᠲᠡᠮᠦᠵᠢᠨ ᠣᠭᠲᠣ ᠮᠡᠳᠡᠳᠡᠭ ᠦᠭᠡᠢ ᠳ᠋ᠦ᠍ ᠯᠡ ᠪᠠᠢᠯ᠎ᠠ᠃ ᠮᠢᠬᠠᠨ ᠪᠡᠶ᠎ᠡ᠂ ᠤᠰᠤᠨ ᠨᠢᠳᠦ ᠲᠡᠢ ᠬᠥᠮᠦᠨ ᠳ᠋ᠦ᠍ ᠦᠯᠦ ᠬᠠᠷᠠᠭᠳᠠᠬᠤ ᠰᠢᠷ᠎ᠠ ᠭᠡᠷᠡᠯ ᠦ᠋ᠨ ᠬᠦᠷᠢᠶ᠎ᠡ ᠥᠪᠡᠷ ᠢ᠋ ᠨᠢ ᠲᠣᠭᠣᠷᠢᠵᠤ ᠪᠠᠢᠳᠠᠭ ᠢ᠋ ᠬᠥᠭᠡᠴᠦ ᠮᠡᠳᠡᠨ᠎ᠡ᠃ ᠬᠠᠷᠢᠨ ᠲᠡᠮᠦᠵᠢᠨ ᠢ᠋ ᠬᠠᠮᠠᠭᠠᠯᠠᠭᠴᠢ ᠲᠡᠷᠡ ᠰᠢᠷ᠎ᠠ ᠭᠡᠷᠡᠯ ᠦ᠋ᠨ ᠬᠦᠷᠢᠶ᠎ᠡ ᠬᠥᠭᠡᠴᠦ ᠶ᠋ᠢᠨ ᠬᠢ ᠶ᠋ᠢ ᠪᠣᠳᠣᠪᠠᠯ ᠬᠦᠴᠦ ᠰᠤᠯᠠ ᠵᠥᠪᠬᠡᠨ ᠦᠯᠦ ᠮᠡᠳᠡᠭ ᠦᠵᠡᠭᠳᠡᠬᠦ ᠲᠡᠳᠦᠢ ᠪᠠᠢᠳᠠᠭ ᠶᠤᠮ᠃ ᠡᠭᠦᠨ ᠢ᠋ ᠲᠡᠮᠦᠵᠢᠨ ᠬᠠᠷᠠᠵᠤ ᠴᠢᠳᠠᠳᠠᠭ ᠦᠭᠡᠢ ᠪᠥᠭᠡᠳ ᠬᠡᠷᠡᠭ ᠦ᠋ᠨ ᠤᠴᠢᠷ ᠨᠢ ᠲᠡᠷᠡ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠬᠦ ᠣᠳᠣᠨ ᠳ᠋ᠤ᠌ ᠲᠥᠷᠥᠭᠰᠡᠨ ᠪᠣᠯᠬᠤ ᠠ᠋ᠴᠠ ᠬᠥᠭᠡᠴᠦ ᠶ᠋ᠢᠨ ᠠᠳᠠᠯᠢ ᠲᠩᠷᠢ ᠭᠠᠵᠠᠷ ᠤ᠋ᠨ ᠬᠦᠴᠦ ᠶ᠋ᠢ ᠠᠰᠢᠭᠯᠠᠬᠤ ᠴᠢᠳᠠᠪᠤᠷᠢ ᠲᠠᠢ ᠪᠣᠯᠵᠤ ᠲᠥᠷᠥᠭᠰᠡᠨ ᠦᠭᠡᠢ ᠶ᠋ᠢᠨ ᠬᠢ ᠪᠢᠯᠡ᠃ ᠲᠡᠮᠦᠵᠢᠨ ᠢ᠋ ᠲᠣᠭᠣᠷᠢᠨ ᠪᠠᠢᠬᠤ᠂ ᠬᠥᠮᠦᠨ ᠦ᠌ ᠨᠢᠳᠦᠨ ᠳ᠋ᠦ᠍ ᠦᠯᠦ ᠦᠵᠡᠭᠳᠡᠬᠦ ᠲᠡᠷᠡ ᠰᠢᠷ᠎ᠠ ᠭᠡᠷᠡᠯ ᠦ᠋ᠨ ᠪᠦᠷᠬᠦᠭᠦᠯ ᠪᠣᠯ ᠬᠥᠭᠡᠴᠦ ᠶ᠋ᠢᠨ ᠮᠡᠳᠡᠬᠦ ᠮᠥᠩᠬᠡ ᠲᠩᠷᠢ ᠶ᠋ᠢᠨ ᠬᠦᠴᠦᠨ ᠦ᠌ ᠪᠤᠶᠤ ᠲᠡᠮᠦᠵᠢᠨ ᠦ᠌ ᠰᠡᠳᠬᠢᠯ ᠣᠶᠤᠨ ᠤ᠋ ᠳᠣᠲᠣᠭᠠᠳᠤ ᠶᠡᠬᠡ ᠬᠦᠴᠦᠨ ᠦ᠌ ᠢᠯᠭᠠᠷᠠᠭᠤᠯᠤᠭᠰᠠᠨ ᠲᠡᠮᠳᠡᠭ ᠶᠦᠮ᠃ ᠣᠯᠠᠨ ᠵᠢᠯ ᠦ᠋ᠨ ᠲᠡᠷᠲᠡᠭᠡ ᠰᠠᠯᠵᠤ ᠣᠳᠬᠤ ᠦᠶ᠎ᠡ ᠳ᠋ᠦ᠍ ᠡᠷᠭᠢᠨ ᠬᠠᠷᠠᠵᠤ ᠶᠠᠪᠤᠬᠤ ᠳ᠋ᠠᠭᠠᠨ ᠭᠡᠷ ᠦ᠋ᠨ ᠭᠠᠳᠠᠭ᠎ᠠ ᠭᠤᠨᠢᠭ ᠲᠤ᠌ ᠠᠪᠲᠠᠨ ᠨᠢᠯᠪᠤᠰᠤ ᠤᠷᠤᠰᠬᠠᠨ ᠵᠣᠭᠰᠣᠬᠤ ᠲᠡᠮᠦᠵᠢᠨ ᠦ᠌ ᠳᠡᠭᠡᠭᠦᠷ ᠪᠦᠳᠡᠭᠢ ᠰᠢᠷ᠎ᠠ ᠭᠡᠷᠡᠯ ᠰᠣᠯᠣᠩᠭ᠎ᠠ ᠮᠡᠲᠦ ᠲᠠᠲᠠᠭᠰᠠᠨ ᠪᠠᠢᠬᠤ ᠶ᠋ᠢ ᠠᠩᠬ᠎ᠠ ᠬᠠᠷᠠᠭᠰᠠᠨ ᠪᠢᠯᠡ᠃ ᠲᠡᠷᠡ ᠦᠶ᠎ᠡ ᠳ᠋ᠦ᠍ ᠡᠨᠡ ᠴᠣᠬᠣᠮ ᠶᠠᠭᠤ ᠪᠣᠯᠬᠤ ᠶ᠋ᠢ ᠤᠬᠠᠭᠠᠷᠠᠭᠰᠠᠨ ᠦᠭᠡᠢ᠃ ᠬᠠᠷᠢᠨ ᠬᠣᠵᠢᠮ᠂ ᠵᠠᠮᠤᠬ᠎ᠠ ᠶ᠋ᠢᠨ ᠳᠡᠷᠭᠡᠳᠡ ᠢᠷᠡᠭᠰᠡᠨ ᠡᠴᠡ ᠭᠤᠷᠪᠠᠨ ᠵᠢᠯ ᠦ᠋ᠨ ᠳᠠᠷᠠᠭ᠎ᠠ ᠵᠤᠨ ᠤ᠋ ᠬᠦᠴᠦᠲᠡᠢ ᠠᠭᠠᠳᠠᠷ ᠪᠣᠷᠣᠭᠠᠨ ᠢ᠋ᠶ᠋ᠠᠷ ᠠᠶᠤᠮᠰᠢᠭ ᠲᠠᠢ ᠬᠤᠷᠴᠠ ᠭᠡᠷᠡᠯ ᠴᠠᠬᠢᠯᠤᠨ ᠲᠩᠷᠢ ᠨᠤᠷᠠᠬᠤ ᠰᠢᠭ᠋ ᠪᠣᠯᠤᠭᠠᠳ ᠭᠠᠯ ᠤ᠋ᠨ ᠤᠷᠤᠰᠬᠠᠯ ᠬᠥᠭᠡᠴᠦ ᠶ᠋ᠢ ᠪᠦᠷᠬᠦᠨ ᠪᠠᠭᠤᠵᠠᠢ᠃ ᠲᠡᠭᠡᠬᠦ ᠳ᠋ᠦ᠍ ᠮᠡᠩᠯᠢᠭ ᠦ᠋ᠨ ᠬᠥᠪᠡᠭᠦᠳ ᠪᠦᠭᠦᠳᠡᠭᠡᠷ ᠤᠨᠠᠭ᠎ᠠ ᠪᠠᠨ ᠤᠶᠠᠵᠤ ᠪᠠᠢᠭᠰᠠᠨ ᠶᠤᠮ᠃ ᠬᠥᠭᠡᠴᠦ ᠶ᠋ᠢ ᠲᠩᠷᠢ ᠶ᠋ᠢᠨ ᠭᠠᠯ ᠳ᠋ᠤ᠌ ᠠᠪᠲᠠᠨ ᠬᠠᠷᠠᠭᠳᠠᠬᠤ ᠦᠭᠡᠢ ᠪᠣᠯᠬᠤ ᠳ᠋ᠤ᠌ ᠠᠶᠤᠭᠰᠠᠨ᠂ ᠴᠣᠴᠢᠭᠰᠠᠨ ᠳ᠋ᠠᠭᠠᠨ ᠪᠣᠯᠤᠭᠠᠳ ᠲᠡᠳᠡ ᠳᠤᠤᠭᠠᠷᠴᠤ ᠠᠮᠵᠢᠭᠰᠠᠨ ᠦᠭᠡᠢ᠃ ᠭᠡᠲᠡᠯ᠎ᠡ ᠥᠨᠥᠬᠢ ᠣᠪᠣᠯᠵᠠᠭᠰᠠᠨ ᠶᠡᠬᠡ ᠭᠠᠯ ᠬᠣᠷᠣᠮ ᠤ᠋ᠨ ᠳᠣᠲᠣᠷ᠎ᠠ ᠤᠷᠤᠰᠤᠨ ᠦᠭᠡᠢ ᠪᠣᠯᠤᠭᠠᠳ ᠬᠠᠷᠢᠨ ᠬᠥᠭᠡᠴᠦ ᠶᠠᠭᠤ ᠴᠤ᠌ ᠪᠣᠯᠤᠭ᠎ᠠ ᠦᠭᠡᠢ ᠮᠡᠲᠦ ᠢᠨᠢᠶᠡᠨ ᠵᠣᠭᠰᠣᠬᠤ ᠶ᠋ᠢ ᠦᠵᠡᠭᠡᠳ ᠪᠦᠷ ᠴᠦ᠍ ᠭᠠᠢᠬᠠᠵᠠᠢ᠃ ᠬᠥᠭᠡᠴᠦ ᠡᠴᠡ ᠠᠷᠪᠠᠨ ᠠᠯᠬᠤᠮ ᠤ᠋ᠨ ᠵᠠᠢᠲᠠᠢ ᠪᠠᠢᠭᠰᠠᠨ ᠬᠡᠳᠦᠨ ᠤᠨᠠᠭ᠎ᠠ ᠳᠠᠭ᠎ᠠ ᠠᠶᠤᠩᠭ᠎ᠠ ᠳ᠋ᠤ᠌ ᠨᠢᠷᠭᠡᠭᠦᠯᠦᠨ ᠦᠬᠦᠵᠡᠢ᠃ ᠬᠠᠷᠢᠨ ᠬᠥᠭᠡᠴᠦ ᠶ᠋ᠢ ᠪᠦᠷᠬᠦᠨ ᠪᠠᠭᠤᠭᠰᠠᠨ ᠲᠩᠷᠢ ᠶ᠋ᠢᠨ ᠭᠠᠯ ᠳ᠋ᠤ᠌ ᠭᠠᠵᠠᠷ ᠰᠢᠳᠡᠵᠦ ᠦᠨᠡᠰᠦ ᠪᠣᠯᠤᠭᠠᠳ ᠭᠠᠭᠴᠠᠬᠠᠨ ᠲᠡᠭᠦᠨ ᠦ᠌ ᠬᠥᠯ ᠦ᠋ᠨ ᠳᠣᠣᠷᠠᠬᠢ ᠲᠣᠬᠣᠮ ᠤ᠋ᠨ ᠴᠢᠨᠡᠭᠡ ᠭᠠᠵᠠᠷ ᠯᠠ ᠨᠣᠭᠣᠭᠠᠨ ᠬᠡᠪ ᠢ᠋ᠶ᠋ᠡᠷ ᠬᠣᠴᠣᠷᠴᠠᠢ᠃ ᠢᠩᠭᠢᠵᠦ ᠬᠥᠭᠡᠴᠦ ᠠᠶᠤᠩᠭ᠎ᠠ ᠠ᠋ᠴᠠ ᠬᠠᠮᠠᠭᠠᠯᠠᠬᠤ ᠰᠢᠷ᠎ᠠ ᠭᠡᠷᠡᠯ ᠦ᠋ᠨ ᠪᠦᠷᠬᠦᠭᠦᠯ ᠲᠡᠢ ᠪᠡᠨ ᠠᠩᠬ᠎ᠠ ᠮᠡᠳᠡᠭᠰᠡᠨ ᠪᠢᠯᠡ᠃ ᠠᠶᠤᠩᠭ᠎ᠠ ᠪᠠᠭᠤᠬᠤ ᠶ᠋ᠢᠨ ᠡᠮᠦᠨᠡᠬᠢ ᠲᠩᠷᠢ ᠶ᠋ᠢᠨ ᠳᠡᠰ ᠬᠢᠬᠦ ᠳᠠᠭᠤ ᠲᠠᠢ ᠵᠡᠷᠭᠡᠴᠡᠨ ᠨᠢᠳᠦ ᠭᠢᠯᠪᠠᠮ᠎ᠠ ᠭᠡᠷᠡᠯ ᠦ᠋ᠨ ᠤᠷᠤᠰᠬᠠᠯ ᠬᠥᠭᠡᠴᠦ ᠶ᠋ᠢ ᠪᠦᠷᠬᠦᠬᠦ ᠶ᠋ᠢ ᠮᠡᠩᠯᠢᠭ ᠬᠠᠷᠠᠭᠠᠳ ᠬᠥᠪᠡᠭᠦᠨ ᠢ᠋ᠶ᠋ᠡᠨ ᠨᠢᠭᠡᠨᠲᠡ ᠦᠬᠦᠪᠡ ᠭᠡᠮᠡᠨ ᠬᠠᠰᠬᠢᠷᠴᠠᠢ᠃ ᠭᠡᠲᠡᠯ᠎ᠡ ᠬᠥᠭᠡᠴᠦ ᠵᠥᠪ ᠵᠦᠭᠡᠷ ᠦᠯᠡᠳᠡᠭᠰᠡᠨ ᠢ᠋ᠶ᠋ᠡᠷ ᠪᠠᠷᠠᠬᠤ ᠦᠭᠡᠢ ᠰᠠᠢᠨ ᠳᠥᠷᠪᠡᠨ ᠬᠤᠷᠤᠭᠤ ᠥᠨᠳᠥᠷ ᠪᠣᠯᠵᠤ᠂ ᠳᠡᠪᠡᠯ ᠦ᠋ᠨ ᠬᠠᠨᠴᠤᠢ ᠨᠢ ᠳᠠᠳᠠᠢᠭᠠᠳ ᠪᠠᠰᠠ ᠦᠰᠦ ᠨᠢ ᠲᠥᠭᠡ ᠤᠷᠲᠤ ᠤᠷᠭᠤᠭᠰᠠᠨ ᠨᠢ ᠦᠨᠡᠬᠡᠷ ᠭᠠᠢᠬᠠᠯᠲᠠᠢ ᠬᠡᠷᠡᠭ ᠪᠠᠢᠪᠠ᠃ ᠤᠲᠤᠭ᠎ᠠ ᠤᠤᠭᠢᠬᠤ ᠭᠠᠵᠠᠷ ᠲᠤ᠌ ᠢᠨᠢᠶᠡᠭᠰᠡᠭᠡᠷ ᠵᠣᠭᠰᠣᠬᠤ ᠬᠥᠭᠡᠴᠦ ᠳ᠋ᠦ᠍ ᠣᠢᠷᠠᠲᠤᠨ
| ᠬᠥᠭᠡᠴᠦ᠂ ᠬᠦᠦ ᠮᠢᠨᠢ ᠴᠢ ᠵᠦᠭᠡᠷ ᠤᠤ? ᠭᠡᠵᠦ ᠮᠡᠩᠯᠢᠭ ᠳᠠᠭᠤᠳᠠᠪᠠ᠃
| ᠲᠠ ᠶᠠᠭᠤᠨ ᠳ᠋ᠤ᠌ ᠨᠠᠮᠠᠶ᠋ᠢ ᠬᠥᠭᠡᠴᠦ ᠭᠡᠨ᠎ᠡ ᠪᠣᠢ? ᠪᠢ ᠲᠩᠷᠢ ᠶ᠋ᠢᠨ ᠡᠯᠴᠢ ᠪᠠᠢᠨ᠎ᠠ ᠭᠡᠵᠦ ᠦᠰᠦᠨ ᠡᠴᠡ ᠨᠢ ᠤᠲᠤᠭ᠎ᠠ ᠰᠠᠪᠰᠠᠬᠤ ᠬᠥᠭᠡᠴᠦ ᠶ᠋ᠢᠨ ᠭᠠᠢᠬᠠᠯᠲᠠᠢ ᠴᠡᠭᠡᠯ ᠬᠣᠭᠣᠯᠠᠢ ᠪᠠᠷ ᠬᠠᠰᠬᠢᠷᠬᠤ ᠳ᠋ᠤ᠌ ᠮᠡᠩᠯᠢᠭ ᠭᠠᠵᠠᠷ ᠲᠤ᠌ ᠨᠠᠮ ᠤᠨᠠᠵᠤ ᠬᠥᠪᠡᠭᠦᠨ ᠦ᠌ ᠪᠡᠨ ᠬᠣᠷᠮᠣᠢ ᠠ᠋ᠴᠠ ᠠᠳᠢᠰ ᠠᠪᠤᠨ ᠮᠥᠷᠭᠥᠵᠡᠢ᠃ ᠲᠩᠷᠢ ᠶ᠋ᠢᠨ ᠭᠠᠯ ᠳ᠋ᠤ᠌ ᠰᠢᠲᠠᠭᠰᠠᠨ ᠭᠠᠵᠠᠷ ᠤ᠋ᠨ ᠬᠠᠯᠠᠭᠤᠨ ᠦᠨᠡᠰᠦ᠂ ᠨᠤᠷᠮᠠᠨ ᠳᠡᠭᠡᠷ᠎ᠡ ᠤᠨᠠᠭᠰᠠᠨ ᠠ᠋ᠴᠠ ᠮᠡᠩᠯᠢᠭ ᠦ᠋ᠨ ᠡᠪᠦᠳᠦᠭ ᠲᠣᠬᠣᠢ ᠲᠦᠯᠡᠭᠳᠡᠨ ᠴᠥᠪᠥᠷᠢᠭᠦᠲᠦᠭᠰᠡᠨ ᠢ᠋ ᠬᠥᠭᠡᠴᠦ ᠭᠠᠭᠴᠠ ᠳᠣᠯᠢᠶᠠᠭᠠᠳ ᠣᠷᠣ ᠦᠭᠡᠢ ᠡᠳᠡᠭᠡᠭᠰᠡᠨ ᠪᠢᠯᠡ᠃ ᠲᠡᠭᠦᠨ ᠡᠴᠡ ᠬᠣᠢᠰᠢ ᠮᠡᠩᠯᠢᠭ ᠲᠥᠷᠥᠯ ᠠᠷᠠᠯᠵᠢᠭᠰᠠᠨ ᠬᠥᠭᠡᠴᠦ ᠬᠦᠦ ᠪᠡᠨ ᠰᠢᠲᠦᠬᠦ ᠪᠣᠯᠵᠤ᠂ ᠭᠠᠳᠠᠭᠤᠷ ᠳᠣᠲᠣᠭᠤᠷ ᠠᠭᠤᠯᠵᠠᠵᠤ ᠤᠴᠠᠷᠠᠭᠰᠠᠨ ᠬᠥᠮᠦᠨ ᠪᠦᠷᠢ ᠳ᠋ᠦ᠍ ᠳᠡᠭᠡᠷᠡᠬᠢ ᠲᠣᠬᠢᠶᠠᠯ ᠢ᠋ ᠶᠠᠷᠢᠭᠰᠠᠭᠠᠷ ᠬᠥᠭᠡᠴᠦ ᠶ᠋ᠢᠨ ᠠᠯᠳᠠᠷᠰᠢᠨ ᠪᠥᠬᠡ ᠪᠣᠯᠬᠤ ᠡᠭᠦᠳᠡ ᠨᠡᠭᠡᠭᠡᠭᠳᠡᠵᠡᠢ᠃ ᠤᠳᠠᠯ ᠦᠭᠡᠢ ᠲᠩᠷᠢ ᠶ᠋ᠢᠨ ᠡᠯᠴᠢ ᠪᠤᠶᠤ ᠳᠠᠪ ᠲᠩᠷᠢ ᠨᠡᠷ᠎ᠡ ᠨᠢ ᠣᠯᠠᠨ ᠤ᠋ ᠳᠤᠮᠳᠠ ᠲᠠᠷᠬᠠᠭᠰᠠᠨ ᠪᠢᠯᠡ᠃ ᠬᠠᠷᠢᠨ ᠠᠶᠤᠩᠭ᠎ᠠ ᠳ᠋ᠤ᠌ ᠴᠣᠬᠢᠭᠤᠯᠤᠭᠰᠠᠨ ᠠ᠋ᠴᠠ ᠬᠣᠢᠰᠢ ᠬᠥᠭᠡᠴᠦ ᠶ᠋ᠢᠨ ᠰᠢᠷ᠎ᠠ ᠭᠡᠷᠡᠯ ᠦ᠋ᠨ ᠪᠦᠷᠬᠦᠭᠦᠯ ᠦᠷᠭᠦᠯᠵᠢ ᠲᠡᠭᠦᠨ ᠲᠡᠢ ᠬᠠᠮᠲᠤ ᠴᠣᠭ ᠪᠠᠢᠬᠤ ᠪᠣᠯᠤᠭᠰᠠᠨ ᠪᠥᠭᠡᠳ ᠲᠡᠭᠦᠨ ᠦ᠌ ᠢᠳᠢ ᠰᠢᠳᠢ ᠶ᠋ᠢ ᠰᠣᠨᠣᠰᠤᠭᠠᠳ ᠢᠷᠡᠭᠰᠡᠨ ᠵᠠᠳᠠᠷᠠᠨ ᠠᠢᠮᠠᠭ ᠤ᠋ᠨ ᠠᠯᠳᠠᠷᠲᠤ ᠠᠭᠠᠵᠤᠷ ᠪᠥᠬᠡ ᠤᠰᠤᠨ ᠪᠢᠰᠢ ᠪᠢᠯᠢᠭ ᠦ᠋ᠨ ᠨᠢᠳᠦ ᠲᠡᠢ ᠲᠤᠯᠠ ᠬᠥᠭᠡᠴᠦ ᠶ᠋ᠢᠨ ᠭᠡᠷᠡᠯ ᠢ᠋ ᠦᠵᠡᠮᠡᠭᠴᠡ ᠦᠭᠡ ᠳᠠᠭᠤ ᠦᠭᠡᠢ ᠲᠡᠭᠦᠨ ᠳ᠋ᠦ᠍ ᠰᠥᠬᠥᠷᠡᠨ ᠮᠥᠷᠭᠥᠭᠰᠡᠨ ᠨᠢ ᠣᠯᠠᠨ ᠢ᠋ ᠪᠦᠷ ᠴᠦ᠍ ᠪᠢᠰᠢᠷᠡᠭᠦᠯᠵᠡᠢ᠃ ᠠᠭᠠᠵᠤᠷ ᠪᠣᠯ ᠵᠠᠳᠠᠷᠠᠨ ᠠᠢᠮᠠᠭ ᠤ᠋ᠨ ᠬᠠᠮᠤᠭ ᠤ᠋ᠨ ᠨᠡᠷ᠎ᠡ ᠬᠦᠨᠳᠦᠲᠡᠢ ᠥᠨᠳᠥᠷ ᠨᠠᠰᠤᠲᠠᠢ ᠪᠥᠬᠡ ᠪᠥᠭᠡᠳ ᠲᠡᠮᠦᠵᠢᠨ ᠦ᠌ ᠳᠡᠭᠡᠳᠦ ᠡᠪᠦᠭᠡ ᠲᠤᠮᠪᠢᠨᠠᠢ ᠴᠡᠴᠡᠨ ᠦ᠌ ᠤᠨᠠᠭᠠᠨ ᠪᠣᠭᠣᠯ ᠨᠠᠴᠢᠨ ᠲᠥᠷᠥ ᠶ᠋ᠢᠨ ᠤᠳᠤᠮ ᠶᠤᠮ᠃ ᠨᠠᠴᠢᠨ ᠲᠥᠷᠥ ᠤᠷᠢᠶᠠᠩᠬᠠᠢ ᠠᠢᠮᠠᠭ ᠠ᠋ᠴᠠ ᠣᠯᠵᠠᠯᠠᠭᠳᠠᠨ ᠢᠷᠡᠭᠰᠡᠨ ᠪᠣᠯᠪᠠᠴᠤ ᠪᠥᠬᠡ ᠶ᠋ᠢᠨ ᠢᠳᠢ ᠰᠢᠳᠢ ᠪᠡᠷ ᠪᠤᠰᠤᠳ ᠢ᠋ ᠠᠶᠤᠯᠭᠠᠨ ᠪᠣᠭᠣᠯ ᠠ᠋ᠴᠠ ᠴᠢᠯᠥᠭᠡᠯᠡᠭᠳᠡᠭᠰᠡᠨ ᠴᠦ᠍ ᠤᠳᠠᠯ ᠦᠭᠡᠢ ᠣᠪᠣᠭ ᠤ᠋ᠨ ᠳᠣᠲᠣᠷ᠎ᠠ ᠡᠷᠬᠡ ᠪᠤᠯᠢᠶᠠᠯᠳᠤᠨ ᠲᠡᠮᠡᠴᠡᠯᠳᠦᠭᠡᠳ ᠲᠤᠮᠪᠢᠨᠠᠢ ᠴᠡᠴᠡᠨ ᠳ᠋ᠦ᠍ ᠠᠯᠠᠭᠳᠠᠵᠤ᠂ ᠦᠷ᠎ᠡ ᠬᠡᠦᠬᠡᠳ ᠨᠢ ᠵᠢᠭᠤᠲᠠᠨ ᠵᠠᠮᠤᠬ᠎ᠠ ᠶ᠋ᠢᠨ ᠳᠡᠭᠡᠳᠦ ᠡᠪᠦᠭᠡ ᠵᠠᠵᠢᠷᠲᠠᠢ ᠶ᠋ᠢᠨ ᠬᠥᠪᠡᠭᠦᠨ ᠳᠣᠭᠣᠲᠠᠢ ᠶ᠋ᠢᠨ ᠳᠡᠷᠭᠡᠳᠡ ᠣᠴᠢᠭᠰᠠᠨ ᠠ᠋ᠴᠠ ᠬᠣᠢᠰᠢ ᠲᠠᠪᠤᠨ ᠦᠶ᠎ᠡ ᠪᠡᠷ ᠢ᠋ᠶ᠋ᠡᠨ ᠡᠨᠳᠡ ᠰᠠᠭᠤᠭᠰᠠᠭᠠᠷ ᠢᠷᠡᠵᠡᠢ᠃ ᠨᠠᠴᠢᠨ ᠲᠥᠷᠥ ᠶ᠋ᠢᠨ ᠪᠥᠬᠡ ᠶ᠋ᠢᠨ ᠤᠪᠠᠳᠢᠰ ᠳᠠᠷᠠᠭ᠎ᠠ ᠦᠶ᠎ᠡ ᠳ᠋ᠡᠭᠡᠨ ᠲᠠᠰᠤᠷᠠᠵᠤ ᠬᠠᠷᠢᠨ ᠠᠭᠠᠵᠤᠷ ᠲᠠᠢ ᠬᠠᠮᠲᠤ ᠳᠠᠬᠢᠨ ᠲᠥᠷᠥᠭᠰᠡᠨ ᠨᠢ ᠡᠨᠡ ᠪᠠᠢᠪᠠ᠃ ᠠᠭᠠᠵᠤᠷ ᠢ᠋ ᠵᠠᠮᠤᠬ᠎ᠠ ᠶ᠋ᠢᠨ ᠡᠴᠢᠭᠡ ᠬᠠᠷ᠎ᠠ ᠬᠠᠲᠠᠭᠠᠨ ᠦᠯᠦ ᠲᠣᠭᠣᠮᠰᠠᠷᠯᠠᠳᠠᠭ ᠪᠠᠢᠭᠰᠠᠨ ᠴᠤ᠌ ᠲᠠᠲ᠋ᠠᠷ ᠲᠠᠢ ᠬᠢᠭᠰᠡᠨ ᠨᠢᠭᠡᠨ ᠳᠣᠯᠣᠭᠠᠨ ᠳ᠋ᠤ᠌ ᠬᠦᠨᠳᠦ ᠰᠢᠷᠬᠠᠲᠤᠵᠤ ᠬᠡᠳᠦ ᠬᠣᠨᠣᠭ ᠦᠬᠦᠯᠦᠭᠦᠲᠡ ᠬᠡᠪᠲᠡᠭᠰᠡᠨ ᠳ᠋ᠦ᠍ ᠲᠡᠭᠦᠨ ᠢ᠋ ᠨᠢᠭᠡᠨᠲᠡ ᠦᠬᠦᠪᠡ ᠭᠡᠮᠡᠨ ᠰᠢᠨ᠎ᠡ ᠭᠡᠷ ᠲᠦ᠍ ᠱᠠᠷᠢᠯ ᠢ᠋ ᠣᠷᠣᠭᠤᠯᠤᠭᠰᠠᠨ ᠬᠣᠢᠨ᠎ᠠ ᠠᠭᠠᠵᠤᠷ ᠢᠷᠡᠵᠦ ᠪᠥᠬᠡ ᠶ᠋ᠢᠨ ᠢ᠋ᠶ᠋ᠡᠨ ᠢᠳᠢ ᠰᠢᠳᠢ ᠪᠡᠷ ᠬᠠᠷ᠎ᠠ ᠬᠠᠲᠠᠭᠠᠨ ᠢ᠋ ᠪᠤᠰᠬᠠᠭᠰᠠᠨ ᠢ᠋ᠶ᠋ᠠᠷ ᠲᠡᠷᠡ ᠵᠠᠳᠠᠷᠠᠨ ᠠᠢᠮᠠᠭ ᠤ᠋ᠨ ᠳᠣᠲᠣᠷ᠎ᠠ ᠬᠠᠮᠤᠭ ᠤ᠋ᠨ ᠨᠡᠷ᠎ᠡ ᠬᠦᠨᠳᠦᠲᠡᠢ ᠬᠥᠮᠦᠨ ᠦ᠌ ᠨᠢᠭᠡ ᠪᠣᠯᠵᠠᠢ᠃ ᠡᠨᠡ ᠶᠠᠪᠤᠳᠠᠯ ᠠ᠋ᠴᠠ ᠬᠣᠢᠰᠢ ᠠᠭᠠᠵᠤᠷ ᠢ᠋ ᠦᠬᠦᠭᠰᠡᠨ ᠢ ᠠᠮᠢᠯᠠᠭᠤᠯᠤᠭᠴᠢ ᠰᠢᠳᠢᠲᠡᠨ ᠭᠡᠵᠦ ᠣᠯᠠᠨ ᠪᠦᠭᠦᠳᠡᠭᠡᠷ ᠰᠢᠲᠦᠬᠦ ᠪᠣᠯᠵᠠᠢ᠃ ᠬᠠᠷᠢᠨ ᠬᠥᠭᠡᠴᠦ ᠭᠡᠭᠴᠢ ᠢᠳᠢ ᠰᠢᠳᠢᠲᠡᠢ ᠬᠥᠪᠡᠭᠦᠨ ᠭᠡᠨᠡᠳᠲᠡ ᠭᠠᠵᠠᠷ ᠠ᠋ᠴᠠ ᠤᠷᠭᠤᠬᠤ ᠮᠡᠲᠦ ᠭᠠᠷᠴᠤ ᠢᠷᠡᠭᠡᠳ ᠡᠢᠨ ᠣᠯᠠᠨ ᠢ᠋ ᠪᠢᠰᠢᠷᠡᠭᠦᠯᠬᠦ ᠪᠣᠯᠤᠭᠰᠠᠨ ᠨᠢ ᠡᠬᠢᠨ ᠳ᠋ᠡᠭᠡᠨ ᠠᠭᠠᠵᠤᠷ ᠤ᠋ᠨ ᠠᠭᠤᠷ᠂ ᠵᠢᠪᠡᠭᠦᠴᠡᠯ ᠢ᠋ ᠲᠥᠷᠥᠭᠦᠯᠦᠭᠰᠡᠨ ᠴᠦ᠍ ᠡᠷᠬᠡᠪᠰᠢ ᠲᠡᠭᠦᠨ ᠢ᠋ ᠬᠦᠷᠢᠶᠡᠯᠡᠭᠰᠡᠨ ᠰᠢᠷ᠎ᠠ ᠭᠡᠷᠡᠯ ᠦ᠋ᠨ ᠶᠡᠬᠡ ᠬᠦᠴᠦ ᠶ᠋ᠢ ᠦᠵᠡᠮᠡᠭᠴᠡ ᠥᠪᠡᠷ ᠦ᠋ᠨ ᠡᠷᠬᠡ ᠦᠭᠡᠢ ᠪᠢᠰᠢᠷᠡᠨ ᠳᠠᠭᠠᠬᠤ ᠳ᠋ᠤ᠌ ᠬᠦᠷᠭᠡᠵᠡᠢ᠃ ᠠᠭᠠᠵᠤᠷ ᠡᠨᠡ ᠶᠠᠪᠤᠭ᠎ᠠ ᠨᠠᠰᠤᠨ ᠳ᠋ᠠᠭᠠᠨ ᠶᠡᠬᠡ ᠶ᠋ᠢ ᠦᠵᠡᠭᠰᠡᠨ ᠴᠦ᠍ ᠭᠠᠵᠠᠷ᠂ ᠲᠩᠷᠢ ᠶ᠋ᠢᠨ ᠬᠦᠴᠦ ᠶ᠋ᠢ ᠳᠠᠪ ᠲᠩᠷᠢ ᠰᠢᠭ ᠬᠤᠷᠠᠮᠳᠤᠭᠤᠯᠵᠤ ᠴᠢᠳᠠᠭᠰᠠᠨ ᠪᠥᠬᠡ ᠶ᠋ᠢ ᠮᠡᠳᠡᠬᠦ ᠦᠭᠡᠢ ᠪᠠᠢᠪᠠ᠃ ᠡᠢᠮᠦ ᠤᠴᠢᠷ ᠠ᠋ᠴᠠ ᠲᠡᠷᠡ ᠬᠥᠭᠡᠴᠦ ᠶ᠋ᠢ ᠪᠢᠰᠢᠷᠡᠬᠦ ᠡᠴᠡ ᠪᠡᠨ ᠢᠯᠡᠭᠦᠦ ᠲᠡᠭᠦᠨ ᠡᠴᠡ ᠠᠶᠤᠨ ᠰᠦᠷᠳᠡᠭᠰᠡᠨ ᠪᠢᠯᠡ᠃ ᠳᠠᠪ ᠲᠩᠷᠢ ᠴᠦ᠍ ᠠᠭᠠᠵᠤᠷ ᠪᠥᠬᠡ ᠳ᠋ᠦ᠍ ᠲᠤᠢᠯ ᠤ᠋ᠨ ᠬᠦᠨᠳᠦᠳᠬᠡᠯᠲᠡᠢ ᠬᠠᠨᠳᠤᠵᠤ ᠵᠠᠯᠠᠭᠤ ᠬᠥᠮᠦᠨ ᠦ᠌ ᠣᠮᠣᠭᠯᠠᠩ ᠪᠠᠷᠳᠠᠮ ᠵᠠᠩ ᠭᠠᠷᠭᠠᠭᠰᠠᠨ ᠦᠭᠡᠢ᠂ ᠲᠡᠭᠦᠨ ᠦ᠌ ᠡᠪᠦᠳᠦᠭ ᠡᠴᠡ ᠠᠳᠢᠰ ᠠᠪᠴᠤ ᠮᠥᠷᠭᠥᠭᠰᠡᠨ ᠨᠢ ᠵᠥᠪ ᠪᠣᠯᠵᠠᠢ᠃ ᠬᠥᠭᠡᠴᠦ ᠨᠤᠲᠤᠭ ᠤ᠋ᠨ ᠠᠯᠳᠠᠷᠲᠠᠢ ᠪᠥᠬᠡ ᠡᠴᠡ ᠥᠪᠡᠷ ᠦ᠋ᠨ ᠡᠷᠬᠡ ᠦᠭᠡᠢ ᠰᠦᠷᠳᠡᠵᠦ ᠠᠶᠤᠨ ᠰᠠᠨᠳᠤᠷᠤᠭᠰᠠᠨ ᠪᠢᠯᠡ᠃ ᠠᠭᠠᠵᠤᠷ ᠶᠧᠯᠸᠢ ᠰᠢᠳᠢ ᠶᠡᠬᠡᠲᠡᠢ ᠡᠴᠡ ᠭᠠᠳᠠᠨ᠎ᠠ ᠤᠬᠠᠭᠠᠨ ᠲᠠᠢ ᠬᠥᠮᠦᠨ ᠲᠤᠯᠠ ᠡᠨᠡ ᠠᠭᠤᠯᠵᠠᠯᠲᠠ ᠶ᠋ᠢᠨ ᠳᠠᠷᠠᠭ᠎ᠠ ᠳᠠᠪ ᠲᠩᠷᠢ ᠶ᠋ᠢ ᠵᠠᠮᠤᠬ᠎ᠠ ᠶ᠋ᠢᠨ ᠳᠡᠷᠭᠡᠳᠡ ᠥᠪᠡᠷ ᠢ᠋ ᠪᠡᠨ ᠵᠠᠯᠭᠠᠮᠵᠢᠯᠠᠭᠤᠯᠤᠨ ᠰᠠᠭᠤᠯᠭᠠᠬᠤ ᠬᠦᠰᠡᠯᠲᠡᠢ ᠪᠣᠯᠵᠠᠢ᠃ ᠤᠴᠢᠷ ᠨᠢ ᠠᠭᠠᠵᠤᠷ ᠦᠷ᠎ᠡ ᠦᠭᠡᠢ ᠪᠠᠢᠪᠠ᠃ ᠪᠥᠬᠡ ᠶ᠋ᠢᠨ ᠢᠳᠢ ᠰᠢᠳᠢ ᠶ᠋ᠢ ᠨᠢᠭᠡᠨᠲᠡ ᠰᠢᠲᠦᠬᠦ ᠪᠣᠯᠤᠭᠰᠠᠨ ᠬᠠᠷ᠎ᠠ ᠬᠠᠲᠠᠭᠠᠨ ᠲᠡᠢᠨ ᠳᠣᠯᠣᠭᠠᠨ ᠤ᠋ ᠪᠠᠨ ᠣᠯᠵᠠ ᠠ᠋ᠴᠠ ᠬᠠᠷᠠᠮ ᠦᠭᠡᠢ ᠪᠡᠯᠡᠭᠯᠡᠭᠰᠡᠭᠡᠷ ᠠᠭᠠᠵᠤᠷ ᠬᠣᠷᠢ ᠭᠤᠴᠢᠨ ᠡᠮ᠎ᠡ ᠲᠡᠢ ᠪᠣᠯᠤᠭᠰᠠᠨ ᠴᠤ᠌ ᠨᠢᠭᠡᠨ ᠡᠴᠡ ᠨᠢ ᠴᠦ᠍ ᠨᠣᠢᠲᠠᠨ ᠰᠣᠷᠮᠤᠤᠰᠤ ᠲᠠᠢ ᠠᠮᠢᠲᠠᠨ ᠤᠨᠠᠭᠰᠠᠨ ᠦᠭᠡᠢ᠃ ᠬᠠᠷᠢᠨ ᠨᠢᠭᠡ ᠡᠮ᠎ᠡ ᠬᠥᠪᠡᠭᠦᠨ ᠲᠥᠷᠥᠭᠦᠯᠦᠭᠰᠡᠨ ᠨᠢ ᠥᠪᠡᠷ ᠦ᠋ᠨ ᠬᠢᠨᠢ ᠦᠷ᠎ᠡ ᠪᠢᠰᠢ ᠶ᠋ᠢ ᠠᠭᠠᠵᠤᠷ ᠮᠡᠳᠡᠭᠰᠡᠨ ᠲᠤᠯᠠ ᠤᠰᠤᠨ ᠳ᠋ᠤ᠌ ᠬᠠᠶᠠᠵᠤ ᠬᠦᠨᠦᠭᠡᠯᠭᠡᠵᠡᠢ᠃ ᠡᠭᠦᠨ ᠡᠴᠡ ᠬᠣᠢᠰᠢ ᠵᠠᠯᠭᠠᠮᠵᠢᠯᠠᠬᠤ ᠦᠷ᠎ᠡ ᠦᠭᠡᠢ ᠬᠤᠪᠢ ᠵᠣᠬᠢᠶᠠᠯ ᠢ᠋ᠶ᠋ᠠᠨ ᠨᠢᠭᠡᠨᠲᠡ ᠮᠡᠳᠡᠭᠰᠡᠨ ᠠᠭᠠᠵᠤᠷ ᠥᠪᠡᠷ ᠦ᠋ᠨ ᠳᠣᠭᠰᠢᠨ ᠰᠠᠬᠢᠭᠤᠰᠤ ᠶ᠋ᠢ ᠬᠡᠨ ᠳ᠋ᠦ᠍ ᠥᠪᠯᠡᠭᠦᠯᠵᠦ ᠦᠯᠡᠳᠡᠭᠡᠬᠦ ᠪᠣᠢ ᠭᠡᠵᠦ ᠦᠰᠦ ᠪᠡᠨ ᠵᠤᠯᠭᠠᠭᠠᠨ ᠦᠭᠡ ᠪᠡᠨ ᠪᠠᠷᠠᠵᠤ ᠪᠠᠢᠲᠠᠯ᠎ᠠ ᠠᠰᠢᠭᠦᠢ ᠡᠨᠡ ᠮᠡᠩᠯᠢᠭ ᠬᠥᠪᠡᠭᠦᠨ ᠢ᠋ᠶ᠋ᠡᠨ ᠳᠠᠭᠠᠭᠤᠯᠤᠨ ᠶᠢᠰᠦᠭᠡᠢ ᠶ᠋ᠢᠨ ᠪᠡᠯᠪᠡᠰᠦᠨ ᠡᠮ᠎ᠡ ᠥᠭᠡᠯᠦᠨ ᠡᠴᠡ ᠰᠠᠯᠵᠤ ᠢᠷᠡᠭᠰᠡᠨ ᠨᠢ ᠳᠡᠭᠡᠳᠦ ᠲᠡᠭᠷᠢ ᠶ᠋ᠢᠨ ᠵᠠᠷᠯᠢᠭ ᠠᠵᠢ᠃
ᠠᠭᠠᠵᠤᠷ ᠪᠥᠬᠡ᠂ ᠬᠥᠭᠡᠴᠦ ᠶ᠋ᠢᠨ ᠲᠤᠬᠠᠢ《ᠨᠢᠭᠡᠨ ᠰᠢᠳᠢᠲᠡᠢ ᠬᠥᠪᠡᠭᠦᠨ ᠲᠣᠳᠣᠷᠠᠵᠤ ᠳᠠᠪ ᠲᠩᠷᠢ ᠬᠡᠮᠡᠭᠳᠡᠨ ᠰᠢᠳᠦᠭᠳᠡᠬᠦ ᠪᠣᠯᠪᠠ》 ᠭᠡᠵᠦ ᠰᠣᠨᠣᠰᠤᠭᠰᠠᠨ ᠴᠤ᠌ ᠠᠭᠤᠯᠵᠠᠬᠤ ᠪᠠᠨ ᠬᠦᠯᠢᠶᠡᠭᠰᠡᠭᠡᠷ ᠪᠠᠢᠵᠠᠢ᠃ ᠤᠴᠢᠷ ᠨᠢ ᠲᠡᠷᠡ ᠪᠠᠯᠴᠢᠷ ᠬᠥᠪᠡᠭᠦᠨ ᠥᠰᠴᠦ ᠡᠷ᠎ᠡ ᠶ᠋ᠢᠨ ᠴᠡᠭᠡᠯ ᠳ᠋ᠦ᠍ ᠬᠦᠷᠬᠦ ᠶ᠋ᠢ᠂ ᠪᠦᠬᠦ ᠡᠷᠳᠡᠮ ᠴᠢᠳᠠᠯ᠂ ᠢᠳᠢ ᠰᠢᠳᠢ ᠨᠢ ᠭᠦᠢᠴᠡᠳ ᠲᠣᠳᠣᠷᠠᠬᠤ ᠶ᠋ᠢ ᠬᠠᠷᠠᠵᠠᠨᠠᠭᠰᠠᠨ ᠬᠡᠷᠡᠭ ᠶᠦ᠍ᠮ᠃ ᠬᠠᠷᠢᠨ ᠰᠡᠭᠦᠯ ᠦ᠋ᠨ ᠦᠶᠡᠰ ᠡᠷᠯᠢᠭ ᠦ᠋ᠨ ᠡᠯᠴᠢ ᠰᠦᠨᠡᠰᠦ ᠶ᠋ᠢ ᠨᠢ ᠡᠷᠢᠵᠦ ᠵᠣᠪᠠᠭᠠᠬᠤ ᠪᠣᠯᠤᠭᠰᠠᠨ ᠲᠤᠯᠠ ᠬᠦᠯᠢᠶᠡᠵᠦ ᠰᠠᠭᠤᠵᠤ ᠪᠣᠯᠬᠤ ᠦᠭᠡᠢ ᠪᠣᠯᠤᠭᠠᠳ ᠲᠡᠷᠡ ᠠᠷᠭ᠎ᠠ ᠦᠭᠡᠢ ᠶ᠋ᠢᠨ ᠡᠷᠬᠡᠨ ᠳ᠋ᠦ᠍ ᠬᠥᠭᠡᠴᠦ ᠶ᠋ᠢ ᠦᠵᠡᠬᠦ ᠪᠡᠷ ᠢᠷᠡᠭᠰᠡᠨ ᠪᠢᠯᠡ᠃ ᠠᠭᠠᠵᠤᠷ ᠪᠥᠬᠡ ᠶ᠋ᠢᠨ ᠠᠮᠢᠳᠤᠷᠠᠯ ᠳ᠋ᠤ᠌ ᠲᠣᠭ᠎ᠠ ᠲᠠᠢ ᠬᠡᠳᠦᠬᠡᠨ ᠬᠣᠨᠣᠭ ᠦᠯᠡᠳᠡᠭᠰᠡᠨ ᠪᠠᠢᠪᠠ᠃ ᠢᠩᠭᠢᠵᠦ ᠬᠥᠭᠡᠴᠦ ᠵᠠᠳᠠᠷᠠᠨ ᠠᠢᠮᠠᠭ ᠤ᠋ᠨ ᠬᠠᠮᠤᠭ ᠤ᠋ᠨ ᠬᠦᠴᠦᠷᠬᠡᠭ ᠪᠥᠬᠡ ᠶ᠋ᠢᠨ ᠰᠠᠬᠢᠭᠤᠰᠤ ᠶ᠋ᠢ ᠥᠪᠯᠡᠨ ᠠᠪᠬᠤ ᠤᠴᠢᠷ ᠪᠦᠷᠢᠳᠴᠡᠢ᠃ ᠠᠭᠠᠵᠤᠷ ᠤ᠋ᠨ ᠲᠣᠭᠰᠢᠨ ᠰᠠᠬᠢᠭᠤᠰᠤ ᠶ᠋ᠢ ᠥᠪᠯᠡᠨ ᠠᠪᠤᠭᠰᠠᠨ ᠢ᠋ᠶ᠋ᠠᠷ ᠬᠥᠭᠡᠴᠦ ᠵᠠᠳᠠᠷᠠᠨ ᠠᠢᠮᠠᠭ ᠲᠤ᠌ ᠡᠭᠦᠷᠢᠳᠡ ᠰᠠᠭᠤᠬᠤ ᠶᠣᠰᠣᠲᠠᠢ ᠶᠤᠮ᠃ ᠠᠭᠠᠵᠤᠷ ᠤ᠋ᠨ ᠲᠣᠭᠰᠢᠨ ᠰᠠᠬᠢᠭᠤᠰᠤ ᠬᠥᠭᠡᠴᠦ ᠳ᠋ᠦ᠍ ᠢᠷᠡᠭᠰᠡᠨ ᠢ᠋ᠶ᠋ᠡᠷ ᠬᠡᠨᠲᠡᠢ ᠶ᠋ᠢᠨ ᠨᠣᠶᠠᠨ ᠠᠭᠤᠯᠠ᠂ ᠬᠡᠷᠦᠯᠦᠨ ᠡᠬᠡ ᠭᠣᠣᠯ ᠤ᠋ᠨ ᠬᠣᠶᠠᠷ ᠰᠠᠬᠢᠭᠤᠰᠤ ᠨᠢᠭᠡᠳᠴᠦ ᠬᠥᠭᠡᠴᠦ ᠪᠦᠬᠦᠨ ᠡᠴᠡ ᠬᠦᠴᠦᠲᠡᠢ ᠪᠥᠬᠡ ᠪᠣᠯᠬᠤ ᠤᠴᠢᠷ ᠪᠦᠷᠢᠳᠦᠭᠰᠡᠨ ᠠᠵᠢ᠃ ᠡᠨᠡ ᠪᠣᠯ ᠭᠠᠵᠠᠷ᠂ ᠲᠡᠭᠷᠢ ᠶ᠋ᠢᠨ ᠬᠦᠴᠦᠨ ᠨᠢᠭᠡᠳᠦᠭᠰᠡᠨ ᠭᠡᠰᠡᠨ ᠦᠭᠡ ᠶᠦ᠍ᠮ᠃ ᠬᠣᠶᠠᠷ ᠵᠢᠯ ᠦ᠋ᠨ ᠡᠮᠦᠨ᠎ᠡ ᠠᠭᠠᠵᠤᠷ ᠪᠥᠬᠡ ᠲᠡᠭᠷᠢ ᠳ᠋ᠦ᠍ ᠬᠠᠯᠢᠬᠤ ᠳ᠋ᠠᠭᠠᠨ ᠥᠪᠯᠡᠭᠦᠯᠦᠨ ᠦᠭᠭᠦᠭᠰᠡᠨ ᠰᠠᠬᠢᠭᠤᠰᠤ ᠨᠢ ᠵᠡᠪᠡ ᠬᠡᠯᠪᠡᠷᠢᠲᠡᠢ ᠪᠠᠢᠭᠰᠠᠨ ᠲᠤᠯᠠ ᠬᠥᠭᠡᠴᠦ ᠮᠥᠨ ᠡᠢᠮᠦ ᠵᠡᠪᠡ ᠳ᠋ᠦ᠍ ᠲᠡᠭᠷᠢ ᠭᠠᠵᠠᠷ ᠤ᠋ᠨ ᠬᠦᠴᠦ ᠶ᠋ᠢ ᠰᠢᠩᠭᠡᠭᠡᠵᠦ ᠰᠠᠬᠢᠭᠤᠰᠤ ᠪᠣᠯᠭᠠᠨ ᠲᠡᠮᠦᠵᠢᠨ ᠳ᠋ᠦ᠍ ᠢᠯᠡᠭᠡᠬᠦ ᠪᠡᠷ ᠰᠢᠢᠳᠦᠭᠰᠡᠨ ᠪᠢᠯᠡ᠃ ᠠᠭᠠᠵᠣᠷ ᠤ᠋ᠨ ᠢᠷᠡᠭᠡᠳ ᠪᠤᠴᠠᠭᠰᠠᠨ ᠤ᠋ ᠮᠠᠷᠭᠠᠰᠢ ᠲᠩᠷᠢ ᠶ᠋ᠢᠨ ᠪᠠᠷᠠᠭᠤᠨ ᠬᠠᠶᠠᠭᠠᠨ ᠳ᠋ᠤ᠌ ᠰᠥᠨᠢ ᠳᠦᠯᠢ ᠪᠡᠷ ᠶᠡᠬᠡ ᠭᠡᠷᠡᠯ ᠰᠠᠴᠤᠷᠠᠵᠤ ᠨᠠᠷᠠ ᠲᠤᠰᠬᠤ ᠰᠢᠭ᠋ ᠪᠣᠯᠤᠭᠰᠠᠨ ᠳ᠋ᠤ᠌ ᠬᠥᠮᠦᠰ ᠦᠷ ᠪᠠᠷᠠᠭᠤᠨ ᠠ᠋ᠴᠠ ᠴᠠᠢᠪᠠ ᠭᠡᠵᠦ ᠠᠶᠤᠵᠤ ᠰᠠᠨᠳᠤᠷᠤᠨ ᠣᠷᠣᠬᠤ ᠭᠠᠵᠠᠷ ᠢ᠋ᠶ᠋ᠠᠨ ᠣᠯᠵᠤ ᠶᠠᠳᠠᠭᠰᠠᠨ ᠳ᠋ᠤ᠌ ᠤᠴᠢᠷ ᠢ᠋ ᠨᠢᠭᠡᠨᠲᠡ ᠮᠡᠳᠡᠭᠰᠡᠨ ᠬᠥᠭᠡᠴᠦ ᠬᠡᠩᠭᠡᠷᠭᠡ ᠪᠡᠨ ᠰᠢᠭᠦᠷᠦᠨ ᠠᠪᠴᠤ ᠣᠪᠣᠭᠠᠨ ᠳᠡᠭᠡᠷ᠎ᠡ ᠣᠴᠢᠭᠠᠳ ᠪᠥᠭᠡᠯᠡᠵᠦ ᠡᠬᠢᠯᠡᠪᠡ᠃ ᠬᠥᠭᠡᠴᠦ ᠶ᠋ᠢᠨ ᠬᠤᠪᠢᠷᠠᠵᠤ ᠥᠭᠡᠷᠡᠴᠢᠯᠡᠭᠳᠡᠭᠰᠡᠨ ᠢᠷᠠᠭᠤ ᠴᠡᠭᠡᠯ ᠬᠣᠭᠣᠯᠠᠢ ᠬᠠᠩᠭᠢᠨᠠᠨ ᠲᠡᠷᠡ ᠳᠣᠣᠷ᠎ᠠ ᠪᠠᠨ ᠳᠠᠭᠤ ᠨᠢ ᠲᠡᠭᠷᠢ ᠶ᠋ᠢ ᠳᠦᠭᠦᠷᠭᠡᠵᠦ᠂ ᠭᠠᠵᠠᠷ ᠢ᠋ ᠪᠦᠷᠬᠦᠵᠡᠢ᠃ ᠲᠩᠷᠢ ᠶ᠋ᠢᠨ ᠪᠠᠷᠠᠭᠤᠨ ᠬᠠᠶᠠᠭᠠᠨ᠎ᠠ ᠰᠠᠴᠤᠷᠠᠬᠤ ᠥᠨᠥᠬᠢ ᠶᠡᠬᠡ ᠭᠡᠷᠡᠯ ᠤᠳᠠᠯ ᠦᠭᠡᠢ ᠨᠢᠭᠡ ᠴᠠᠭ ᠲᠤ᠌ ᠴᠤᠭᠯᠠᠷᠠᠨ ᠰᠠᠷᠠᠨ ᠪᠥᠮᠪᠥᠯᠢᠭ ᠠᠳᠠᠯᠢ ᠪᠣᠯᠤᠭᠠᠳ ᠨᠠᠭᠠᠰᠢᠯᠠᠵᠤ ᠶᠠᠭ ᠬᠥᠭᠡᠴᠦ ᠶ᠋ᠢᠨ ᠲᠣᠯᠣᠭᠠᠢ ᠳᠡᠭᠡᠷ᠎ᠡ ᠢᠷᠡᠵᠡᠢ᠃ ᠪᠥᠭᠡᠯᠡᠭᠰᠡᠭᠡᠷ ᠪᠠᠢᠬᠤ ᠳ᠋ᠤ᠌ ᠥᠨᠥᠬᠢ ᠭᠡᠷᠡᠯᠲᠦ ᠪᠥᠮᠪᠥᠯᠢᠭ ᠵᠠᠳᠠᠷᠠᠨ ᠤᠲᠤᠭ᠎ᠠ ᠰᠢᠭ᠋ ᠰᠤᠭᠤᠨᠠᠭᠯᠠᠭᠰᠠᠭᠠᠷ ᠲᠡᠭᠦᠨ ᠦ᠌ ᠪᠡᠶ᠎ᠡ ᠳ᠋ᠦ᠍ ᠰᠢᠩᠭᠡᠬᠦ ᠶ᠋ᠢ ᠣᠯᠠᠨ ᠪᠦᠭᠦᠳᠡᠭᠡᠷ ᠬᠠᠷᠠᠵᠤ᠂ ᠰᠦᠷᠳᠡᠵᠦ ᠠᠶᠤᠬᠤ ᠳ᠋ᠠᠭᠠᠨ ᠭᠠᠵᠠᠷ ᠲᠤ᠌ ᠨᠠᠮ ᠤᠨᠠᠵᠠᠢ᠃ ᠬᠥᠭᠡᠴᠦ ᠶ᠋ᠢᠨ ᠪᠡᠶ᠎ᠡ ᠰᠢᠲᠠᠬᠤ ᠮᠡᠲᠦ ᠬᠡᠰᠡᠭ ᠵᠠᠭᠤᠷ᠎ᠠ ᠨᠡᠪᠲᠡ ᠬᠡᠷᠡᠯᠳᠦᠭᠡᠳ ᠡᠷᠭᠢᠨ ᠲᠣᠭᠣᠷᠢᠨ ᠳᠠᠬᠢᠨ ᠲᠠᠭ ᠬᠠᠷᠠᠩᠭᠤᠢ ᠪᠣᠯᠵᠠᠢ᠃ ᠬᠠᠷᠢᠨ ᠬᠥᠭᠡᠴᠦ ᠪᠥᠬᠡᠯᠡᠵᠦ ᠰᠠᠭᠤᠭᠰᠠᠨ ᠭᠠᠵᠠᠷ ᠢ᠋ᠶ᠋ᠠᠨ ᠬᠡᠪᠲᠡᠭᠡᠳ ᠭᠤᠷᠪᠠ ᠬᠣᠨᠣᠭ ᠨᠠᠮ ᠤᠨᠲᠠᠭᠰᠠᠨ ᠶᠤᠮ᠃ ᠭᠤᠷᠪᠠᠳᠠᠬᠢ ᠡᠳᠦᠷ ᠦ᠋ᠨ ᠥᠷᠯᠥᠭᠡ ᠲᠡᠷᠡ ᠶᠠᠭᠤ ᠴᠤ᠌ ᠪᠣᠯᠤᠭ᠎ᠠ ᠦᠭᠡᠢ ᠶᠦᠮ ᠰᠢᠭ ᠪᠣᠰᠴᠤ ᠢᠷᠡᠬᠦ ᠳ᠋ᠡᠭᠡᠨ ᠳᠠᠷᠤᠢ ᠰᠥᠭᠡᠮ ᠥᠨᠳᠥᠷ ᠪᠣᠯᠵᠤ᠂ ᠮᠥᠷᠥ ᠨᠢ ᠲᠡᠭᠰᠢᠷᠡᠨ ᠲᠡᠪᠬᠡᠢᠭᠰᠡᠨ ᠪᠠᠢᠬᠤ ᠶ᠋ᠢ ᠮᠡᠩᠯᠢᠭ ᠬᠥᠪᠡᠭᠦᠳ ᠦ᠋ᠨ ᠢ᠋ᠶ᠋ᠡᠨ ᠬᠠᠮᠲᠤ ᠦᠵᠡᠵᠡᠢ᠃ ᠬᠥᠭᠡᠴᠦ ᠶ᠋ᠢᠨ ᠨᠡᠷ᠎ᠡ ᠰᠦᠷ ᠲᠡᠷᠡ ᠳᠣᠣᠷ᠎ᠠ ᠪᠠᠨ ᠰᠠᠯᠬᠢ ᠮᠡᠲᠦ ᠲᠠᠷᠬᠠᠵᠤ ᠠᠪᠤᠷᠠᠯ ᠲᠤᠰᠠᠯᠠᠮᠵᠢ ᠡᠷᠢᠭᠰᠡᠳ ᠦ᠋ᠨ ᠴᠤᠪᠤᠭ᠎ᠠ ᠲᠠᠰᠤᠷᠠᠬᠤ ᠪᠠᠨ ᠪᠣᠯᠢᠵᠤ ᠮᠡᠩᠯᠢᠭ ᠦ᠋ᠨ ᠬᠦᠷᠢᠶ᠎ᠡ ᠥᠷᠭᠡᠵᠢᠨ᠂ ᠣᠳᠣ ᠲᠡᠳᠡᠨ ᠦ᠌ ᠬᠦᠷᠢᠶᠡᠨ ᠦ᠌ ᠭᠣᠣᠯ ᠳ᠋ᠤ᠌ ᠳᠠᠪ ᠲᠩᠷᠢ ᠶ᠋ᠢᠨ ᠬᠠᠷ᠎ᠠ ᠰᠦᠯᠳᠡ ᠲᠡᠢ ᠥᠷᠭᠥᠭᠡ ᠪᠠᠢᠷᠢᠯᠠᠬᠤ ᠪᠣᠯᠵᠠᠢ᠃ ᠬᠥᠭᠡᠴᠦ ᠨᠡᠷ᠎ᠡ ᠨᠢ ᠪᠣᠯᠤᠭᠠᠳ《ᠮᠡᠩᠯᠢᠭ ᠦ᠋ᠨ ᠰᠣᠯᠢᠶᠠᠲᠤ》 ᠬᠣᠴᠢ ᠨᠢ ᠡᠭᠦᠷᠢᠳᠡ ᠮᠠᠷᠲᠠᠭᠳᠠᠪᠠ᠃
ᠬᠠᠷᠢᠨ ᠠᠭᠠᠵᠤᠷ ᠪᠥᠬᠡ ᠦᠬᠦᠵᠦ᠂ ᠲᠡᠭᠦᠨ ᠦ᠌ ᠲᠣᠭᠰᠢᠨ ᠰᠠᠬᠢᠭᠤᠰᠤ᠂ ᠨᠡᠷ᠎ᠡ ᠨᠥᠯᠥᠭᠡ ᠲᠡᠮᠦᠵᠢᠨ ᠦ᠌ ᠬᠠᠷᠠᠴᠠ᠂ ᠮᠡᠩᠯᠢᠭ ᠦ᠋ᠨ ᠬᠥᠪᠡᠭᠦᠨ ᠬᠥᠭᠡᠴᠦ ᠳ᠋ᠦ᠍ ᠰᠢᠯᠵᠢᠭᠰᠡᠨ ᠢ᠋ ᠵᠠᠮᠤᠬ᠎ᠠ ᠣᠭᠲᠣ ᠲᠠᠭᠠᠰᠢᠶᠠᠭᠰᠠᠨ ᠦᠭᠡᠢ ᠪᠡᠷ ᠪᠠᠷᠠᠬᠤ ᠦᠭᠡᠢ ᠠᠭᠠᠵᠤᠷ ᠢ᠋ ᠦᠬᠦᠭᠰᠡᠨ ᠦ᠌ ᠳᠠᠷᠠᠭ᠎ᠠ ᠥᠪᠡᠷ ᠦ᠋ᠨ ᠳᠡᠷᠭᠡᠳᠡ ᠪᠤᠭᠤ ᠬᠠᠳᠢᠷ ᠪᠥᠬᠡ ᠶ᠋ᠢ ᠵᠠᠯᠠᠵᠤ ᠰᠠᠭᠤᠯᠭᠠᠭᠰᠠᠨ ᠨᠢ ᠲᠡᠭᠦᠨ ᠦ᠌ ᠢᠯᠠᠭᠳᠠᠯ᠂ ᠰᠦᠢᠷᠡᠯ ᠦ᠋ᠨ ᠡᠬᠡ ᠶ᠋ᠢ ᠲᠠᠯᠪᠢᠭᠰᠠᠨ ᠬᠡᠷᠡᠭ ᠪᠠᠢᠪᠠ᠃ ᠡᠨᠡ ᠨᠢ ᠲᠩᠷᠢ ᠭᠠᠵᠠᠷ ᠤ᠋ᠨ ᠨᠢᠭᠡᠳᠦᠭᠰᠡᠨ ᠳᠠᠯᠳᠠ ᠶ᠋ᠢᠨ ᠶᠡᠬᠡ ᠬᠦᠴᠦ ᠶ᠋ᠢ ᠲᠡᠮᠦᠵᠢᠨ ᠳ᠋ᠦ᠍ ᠰᠢᠯᠵᠢᠭᠦᠯᠬᠦ ᠳ᠋ᠦ᠍ ᠬᠦᠷᠭᠡᠪᠡ᠃ ᠵᠠᠮᠤᠬ᠎ᠠ ᠥᠪᠡᠷ ᠦ᠋ᠨ ᠨᠡᠷ᠎ᠡ ᠲᠥᠷᠥ᠂ ᠰᠦᠷ ᠬᠦᠴᠦ ᠶ᠋ᠢ ᠪᠥᠬᠡ ᠶ᠋ᠢᠨ ᠢᠳᠢ ᠰᠢᠳᠢ ᠡᠴᠡ ᠢᠮᠠᠭᠲᠠ ᠳᠡᠭᠡᠭᠦᠷ ᠲᠦ᠍ ᠲᠠᠯᠪᠢᠬᠤ ᠲᠤᠯᠠ ᠢᠩᠭᠢᠵᠦ ᠰᠢᠢᠳᠦᠭᠰᠡᠨ ᠬᠡᠷᠡᠭ ᠶᠦᠮ᠃ ᠪᠤᠬ᠎ᠠ ᠬᠠᠳᠢᠷ ᠪᠣᠯ ᠶᠧᠯᠸᠢ ᠰᠢᠳᠢ ᠪᠠᠭ᠎ᠠ᠂ ᠵᠥᠪᠬᠡᠨ ᠵᠠᠮᠤᠬ᠎ᠠ ᠶ᠋ᠢᠨ ᠬᠦᠰᠡᠭᠰᠡᠨ ᠢ᠋ ᠯᠡ ᠬᠢᠬᠦ ᠲᠤᠯᠠ ᠡᠨᠡ ᠨᠢ ᠵᠠᠮᠤᠬ᠎ᠠ ᠳ᠋ᠤ᠌ ᠬᠡᠷᠡᠭᠲᠡᠢ ᠭᠡᠵᠦ ᠦᠵᠡᠵᠡᠢ᠃ ᠶᠡᠷᠦ ᠡᠴᠡ ᠪᠥᠬᠡ ᠶ᠋ᠢᠨ ᠤᠳᠤᠮ ᠦᠭᠡᠢ᠂ ᠬᠠᠷᠠᠴᠤ ᠮᠡᠩᠯᠢᠭ ᠦ᠋ᠨ ᠬᠥᠪᠡᠭᠦᠨ ᠬᠦᠴᠦᠲᠡᠢ ᠪᠥᠬᠡ ᠪᠣᠯᠤᠨ᠎ᠠ ᠭᠡᠬᠦ ᠳ᠋ᠦ᠍ ᠢᠲᠡᠭᠡᠯ ᠪᠠᠭ᠎ᠠ ᠲᠠᠢ᠂ ᠪᠠᠰᠠ ᠲᠡᠭᠡᠭᠡᠳ ᠪᠣᠷᠵᠢᠭᠢᠨ ᠠᠢᠮᠠᠭ ᠤ᠋ᠨ ᠲᠡᠷᠡ ᠳᠤᠮᠳᠠ ᠪᠠᠨ ᠶᠢᠰᠦᠭᠡᠢ ᠶ᠋ᠢᠨ ᠭᠡᠷ ᠦ᠋ᠨ ᠵᠠᠷᠤᠴᠠ ᠶ᠋ᠢᠨ ᠬᠥᠪᠡᠭᠦᠨ ᠢ᠋ ᠥᠪᠡᠷ ᠦ᠋ᠨ ᠳᠡᠷᠭᠡᠳᠡ ᠡᠷᠭᠦᠮᠵᠢᠯᠡᠬᠦ ᠶ᠋ᠢ ᠲᠡᠷᠡ ᠬᠦᠰᠡᠭᠰᠡᠨ ᠦᠭᠡᠢ ᠪᠢᠯᠡ᠃ ᠢᠩᠭᠢᠬᠦ ᠨᠢ ᠵᠠᠮᠤᠬ᠎ᠠ ᠳ᠋ᠤ᠌ ᠭᠠᠷᠴᠠᠭ᠎ᠠ ᠦᠭᠡᠢ ᠵᠥᠪ ᠪᠠᠢᠭᠰᠠᠨ ᠪᠢᠵᠡ᠃ ᠵᠠᠮᠤᠬ᠎ᠠ ᠶ᠋ᠢᠨ ᠡᠨᠡ ᠰᠢᠢᠳᠪᠦᠷᠢ ᠳᠠᠪ ᠲᠩᠷᠢ ᠶ᠋ᠢᠨ ᠲᠡᠮᠦᠵᠢᠨ ᠳ᠋ᠦ᠍ ᠲᠤᠰᠠᠯᠠᠬᠤ ᠬᠦᠰᠡᠯ ᠢ᠋ ᠨᠢᠭᠡᠨᠲᠡ ᠰᠢᠭᠤᠳᠷᠠᠭᠤᠯᠵᠤ ᠥᠭᠭᠦᠭᠰᠡᠨ ᠶᠠᠪᠤᠳᠠᠯ ᠪᠣᠯᠵᠠᠢ᠃ ᠣᠳᠣ ᠵᠠᠮᠤᠬ᠎ᠠ ᠲᠡᠭᠦᠨ ᠦ᠌ ᠬᠦᠴᠦ ᠶ᠋ᠢ ᠠᠪᠬᠤ ᠦᠭᠡᠢ ᠨᠢ ᠲᠣᠳᠣᠷᠬᠠᠢ ᠪᠣᠯᠤᠭᠰᠠᠨ ᠲᠤᠯᠠ ᠳᠠᠪ ᠲᠩᠷᠢ ᠲᠡᠮᠦᠷᠲᠡᠢ ᠶ᠋ᠢᠨ ᠠᠮᠠᠨ ᠤ᠋ ᠣᠪᠣᠭ᠎ᠠ ᠶ᠋ᠢ ᠲᠠᠬᠢᠬᠤ ᠶᠡᠬᠡ ᠳᠠᠢᠯᠭ᠎ᠠ ᠨᠢᠭᠲᠠ ᠨᠢᠮᠪᠠᠢ᠂ ᠲᠦᠷᠭᠡᠪᠴᠢᠯᠡᠨ ᠪᠡᠯᠡᠳᠦᠯ᠎ᠡ᠃ ᠳᠠᠢᠯᠭ᠎ᠠ᠂ ᠲᠡᠮᠦᠵᠢᠨ ᠪᠥᠷᠲᠡ ᠶ᠋ᠢ ᠮᠡᠷᠭᠢᠳ ᠲᠦ᠍ ᠪᠤᠯᠢᠶᠠᠯᠭᠠᠭᠰᠠᠨ ᠠ᠋ᠴᠠ ᠬᠣᠢᠰᠢ ᠶᠠᠭ ᠵᠠᠭᠤ ᠶᠡᠷᠡᠨ ᠶᠢᠰᠦᠨ ᠬᠣᠨᠣᠭ ᠤ᠋ᠨ ᠳᠠᠷᠠᠭ᠎ᠠ ᠪᠣᠯᠬᠤ ᠶᠣᠰᠣᠲᠠᠢ ᠭᠡᠵᠦ ᠳᠠᠪ ᠲᠩᠷᠢ ᠰᠢᠢᠳᠪᠡ᠃ ᠵᠠᠭᠤ ᠶᠡᠷᠡᠨ ᠶᠢᠰᠦ ᠭᠡᠳᠡᠭ ᠪᠣᠯ ᠳᠠᠪ ᠲᠩᠷᠢ ᠥᠪᠡᠷ ᠦ᠋ᠨ ᠪᠥᠬᠡ ᠶ᠋ᠢᠨ ᠢᠳᠢ ᠰᠢᠳᠢ᠂ ᠣᠩᠭᠣᠳ ᠢ᠋ᠶ᠋ᠠᠨ ᠳᠠᠭᠤᠳᠠᠨ ᠲᠤᠰᠠᠯᠠᠮᠵᠢ᠂ ᠬᠦᠴᠦ ᠡᠷᠢᠬᠦ ᠠᠭᠤᠯᠠ ᠤᠰᠤᠨ ᠤ᠋ ᠰᠠᠪᠳᠠᠭ᠂ ᠡᠵᠡᠨ ᠰᠠᠬᠢᠭᠤᠰᠤᠨ ᠤ᠋ ᠲᠣᠭ᠎ᠠ ᠶᠤᠮ᠃ ᠲᠡᠷᠡ ᠣᠳᠣ ᠨᠢᠭᠡᠨᠲᠡ ᠥᠪᠡᠷ ᠦ᠋ᠨ ᠮᠥᠩᠬᠡ ᠲᠩᠷᠢ ᠪᠡᠷ ᠳᠠᠮᠵᠢᠭᠤᠯᠤᠨ ᠮᠣᠩᠭᠣᠯ ᠤ᠋ᠨ ᠠᠭᠤᠯᠠ᠂ ᠤᠰᠤᠨ ᠤ᠋ ᠵᠠᠭᠤ ᠶᠡᠷᠡ ᠶᠢᠰᠦᠨ ᠰᠠᠪᠳᠠᠭ᠂ ᠡᠵᠡᠨ ᠰᠠᠬᠢᠭᠤᠰᠤ ᠲᠠᠢ ᠶᠠᠷᠢᠳᠠᠭ ᠪᠣᠯᠤᠭᠰᠠᠨ ᠪᠠᠢᠯ᠎ᠠ᠃ ᠲᠡᠷᠡ ᠪᠦᠭᠦᠳᠡ ᠶ᠋ᠢᠨ ᠬᠦᠴᠦ ᠶ᠋ᠢ ᠨᠢᠭᠡᠳᠬᠡᠬᠦ ᠶ᠋ᠢ ᠳᠠᠪ ᠲᠩᠷᠢ ᠬᠦᠰᠡᠵᠦ ᠪᠠᠢᠯ᠎ᠠ᠃ ᠡᠨᠡ ᠵᠠᠭᠤ ᠶᠡᠷᠡ ᠶᠢᠰᠦᠨ ᠰᠠᠪᠳᠠᠭ᠂ ᠡᠵᠡᠨ ᠰᠠᠬᠢᠭᠤᠰᠤᠨ ᠤ᠋ ᠡᠵᠡᠮᠰᠢᠬᠦ ᠭᠣᠣᠯ ᠮᠥᠷᠡᠨ᠂ ᠠᠭᠤᠯᠠ ᠤᠰᠤ ᠪᠦᠭᠦᠳᠡ ᠮᠣᠩᠭᠣᠯ ᠤ᠋ᠨ ᠶᠡᠬᠡ ᠲᠠᠯ᠎ᠠ ᠬᠡᠭᠡᠷ᠎ᠡ᠂ ᠲᠡᠭᠦᠨ ᠦ᠌ ᠵᠠᠯᠭᠠᠭ᠎ᠠ ᠥᠨᠳᠥᠷᠯᠢᠭ ᠨᠤᠲᠤᠭ ᠲᠤ᠌ ᠣᠷᠣᠰᠢᠬᠤ ᠪᠥᠯᠥᠭᠡ᠃ ᠬᠡᠷᠪᠡ ᠡᠨᠡ ᠪᠦᠬᠦ ᠰᠠᠪᠳᠠᠭ᠂ ᠡᠵᠡᠨ ᠰᠠᠬᠢᠭᠤᠰᠤ ᠨᠤᠭᠤᠳ ᠲᠡᠮᠦᠵᠢᠨ ᠢ᠋ ᠢᠪᠡᠭᠡᠬᠦ ᠪᠡᠷ ᠵᠥᠪᠰᠢᠶᠡᠷᠡᠪᠡᠯ ᠲᠡᠳᠡᠨ ᠦ᠌ ᠡᠵᠡᠮᠰᠢᠯ ᠳ᠋ᠦ᠍ ᠪᠠᠢᠭ᠎ᠠ ᠭᠠᠵᠠᠷ ᠨᠤᠲᠤᠭ ᠲᠤ᠌ ᠲᠡᠮᠦᠵᠢᠨ ᠦᠬᠦᠯ ᠡᠴᠡ ᠵᠠᠢᠯᠠᠵᠤ᠂ ᠶᠡᠬᠡ ᠢᠯᠠᠯᠲᠠ ᠣᠯᠬᠤ ᠪᠣᠯᠤᠨ᠎ᠠ᠃ ᠬᠠᠷᠢᠨ ᠲᠡᠳᠡ ᠡᠰᠡ ᠵᠥᠪᠰᠢᠶᠡᠷᠡᠪᠡᠯ ᠲᠡᠮᠦᠵᠢᠨ ᠢ᠋ ᠶᠠᠭᠤ ᠴᠤ᠌ ᠬᠠᠮᠠᠭᠠᠯᠠᠬᠤ ᠦᠭᠡᠢ ᠪᠣᠯᠵᠤ᠂ ᠲᠡᠷᠡ ᠵᠢᠷ ᠦ᠋ᠨ ᠬᠥᠮᠦᠨ ᠤ ᠠᠳᠠᠯᠢ ᠡᠷᠯᠢᠭ ᠦ᠋ᠨ ᠡᠯᠴᠢ ᠶ᠋ᠢᠨ ᠬᠦᠰᠡᠭᠰᠡᠨ ᠴᠠᠭ ᠲᠤ᠌ ᠯᠠ ᠦᠬᠦᠬᠦ ᠬᠤᠪᠢ ᠲᠠᠪᠢᠯᠠᠩ ᠲᠠᠢ ᠬᠡᠪ ᠢ᠋ᠶ᠋ᠡᠷ ᠦᠯᠡᠳᠡᠬᠦ ᠶᠦᠮ᠃ ᠳᠠᠪ ᠲᠩᠷᠢ ᠶ᠋ᠢᠨ ᠭᠠᠭᠴᠠ ᠢᠲᠡᠭᠡᠯ ᠨᠠᠢᠳᠠᠪᠤᠷᠢ ᠨᠢ ᠲᠡᠮᠦᠵᠢᠨ ᠢ᠋ ᠬᠦᠷᠢᠶᠡᠯᠡᠭᠴᠢ ᠪᠦᠳᠡᠭᠢ ᠴᠦ᠍ ᠭᠡᠯᠡ ᠰᠢᠷ᠎ᠠ ᠭᠡᠷᠡᠯ ᠦ᠋ᠨ ᠰᠣᠯᠣᠩᠭ᠎ᠠ ᠶ᠋ᠢ ᠬᠠᠷᠠᠭᠰᠠᠨ ᠶᠠᠪᠤᠳᠠᠯ ᠪᠠᠢᠪᠠ᠃ ᠲᠡᠮᠦᠵᠢᠨ ᠦ᠌ ᠲᠣᠯᠣᠭᠠᠢ ᠳᠡᠭᠡᠭᠦᠷ ᠲᠠᠲᠠᠭᠴᠢ ᠰᠢᠷ᠎ᠠ ᠭᠡᠷᠡᠯ ᠦ᠋ᠨ ᠰᠣᠯᠣᠩᠭ᠎ᠠ ᠪᠣᠯ ᠲᠡᠭᠦᠨ ᠢ᠋ ᠲᠩᠷᠢ ᠳ᠋ᠦ᠍ ᠲᠡᠳᠬᠦᠭᠳᠡᠵᠦ᠂ ᠭᠠᠵᠠᠷ ᠲᠤ᠌ ᠢᠪᠡᠭᠡᠭᠳᠡᠭᠰᠡᠨ ᠬᠥᠮᠦᠨ ᠪᠣᠯᠬᠤ ᠶ᠋ᠢᠨ ᠭᠡᠷᠡᠴᠢ ᠲᠡᠮᠳᠡᠭ ᠭᠡᠳᠡᠭ ᠢ᠋ ᠳᠠᠪ ᠲᠩᠷᠢ ᠮᠡᠳᠡᠬᠦ ᠪᠣᠯᠵᠠᠢ᠃ ᠡᠨᠡ ᠭᠡᠷᠡᠯ ᠣᠳᠣ ᠲᠡᠮᠦᠵᠢᠨ ᠳ᠋ᠦ᠍ ᠪᠠᠢᠭᠠᠳ᠂ ᠲᠡᠭᠦᠨ ᠢ᠋ ᠨᠢ ᠰᠠᠪᠳᠠᠭ᠂ ᠡᠵᠡᠨ ᠰᠠᠬᠢᠭᠤᠰᠤ ᠨᠤᠭᠤᠳ ᠦᠵᠡᠬᠦ ᠠᠪᠠᠰᠤ ᠲᠡᠳᠡ ᠲᠡᠮᠦᠵᠢᠨ ᠢ᠋ ᠥᠪᠡᠷ ᠦ᠋ᠨ ᠢᠪᠡᠭᠡᠯ ᠳ᠋ᠦ᠍ ᠠᠪᠬᠤ ᠨᠢ ᠭᠠᠷᠴᠠᠭ᠎ᠠ ᠦᠭᠡᠢ ᠭᠡᠵᠦ ᠢᠲᠡᠭᠡᠨ᠎ᠡ᠃ ᠴᠢᠩᠭᠢᠪᠡᠯ ᠲᠡᠮᠦᠵᠢᠨ ᠬᠡᠨ ᠳ᠋ᠦ᠍ ᠴᠦ᠍ ᠳᠡᠢᠯᠳᠡᠬᠦ ᠦᠭᠡᠢ ᠪᠠᠭᠠᠲᠤᠷ ᠬᠦᠴᠦᠲᠡᠢ᠂ ᠪᠠᠶᠠᠨ ᠤᠬᠠᠭᠠᠨ ᠲᠠᠢ ᠶᠡᠬᠡ ᠬᠠᠭᠠᠨ ᠪᠣᠯᠤᠨ᠎ᠠ ᠭᠡᠵᠦ ᠳᠠᠪ ᠲᠩᠷᠢ ᠢᠲᠡᠭᠡᠵᠦ ᠪᠠᠢᠪᠠ᠃ ᠬᠡᠳᠦᠢ ᠪᠡᠷ ᠤᠷᠢᠳ ᠡᠮᠦᠨ᠎ᠡ ᠬᠡᠨ ᠭᠡᠭᠴᠢ ᠢᠩᠭᠢᠵᠦ ᠲᠩᠷᠢ ᠳ᠋ᠦ᠍ ᠲᠡᠳᠬᠦᠭᠳᠡᠵᠦ ᠭᠠᠵᠠᠷ ᠲᠤ᠌ ᠢᠪᠡᠭᠡᠭᠳᠡᠨ ᠶᠡᠬᠡ ᠬᠠᠭᠠᠨ ᠰᠠᠭᠤᠭᠰᠠᠨ ᠢ᠋ ᠳᠠᠪ ᠲᠩᠷᠢ ᠰᠣᠨᠣᠰᠴᠤ᠂ ᠮᠡᠳᠡᠭᠡ ᠦᠭᠡᠢ ᠴᠦ᠍ ᠲᠡᠮᠦᠵᠢᠨ ᠢ ᠴᠣᠬᠣᠮ ᠲᠡᠢᠮᠦ ᠬᠥᠮᠦᠨ ᠪᠣᠯᠰᠤᠭᠠᠢ ᠭᠡᠵᠦ ᠴᠢᠩ ᠦᠨᠡᠨ ᠢ᠋ᠶ᠋ᠡᠷ ᠬᠦᠰᠡᠵᠦ ᠪᠠᠢᠭᠰᠠᠨ ᠪᠢᠯᠡ᠃ ᠲᠡᠢᠮᠦ ᠴᠦ᠍ ᠤᠴᠢᠷ ᠠ᠋ᠴᠠ ᠡᠨᠡ ᠠᠵᠢᠯ ᠳ᠋ᠠᠭᠠᠨ ᠤᠯᠠᠢᠷᠠᠨ ᠨᠣᠢᠷ ᠬᠣᠭᠣᠯᠠ ᠦᠭᠡᠢ ᠵᠢᠳᠬᠦᠵᠦ ᠪᠠᠢᠪᠠ᠃ ᠰᠠᠬᠢᠭᠤᠰᠤ ᠳᠠᠭᠤᠳᠠᠬᠤ ᠰᠢᠯᠦᠭ ᠢ᠋ᠶ᠋ᠡᠨ ᠵᠣᠬᠢᠶᠠᠵᠤ ᠳᠠᠭᠤᠰᠪᠠ᠃ ᠪᠠᠰᠠ ᠠᠶᠠᠯᠭᠤ ᠨᠢ ᠴᠦ᠍ ᠪᠡᠯᠡᠨ ᠪᠣᠯᠪᠠ᠃ ᠪᠦᠬᠦ ᠰᠠᠪᠳᠠᠭ᠂ ᠡᠵᠡᠨ ᠰᠠᠬᠢᠭᠤᠰᠤ ᠰᠣᠨᠣᠰᠤᠮᠠᠭᠴᠠ ᠤᠶᠠᠷᠠᠨ ᠳᠤᠷᠠᠯᠠᠬᠤ᠂ ᠦᠵᠡᠬᠦ ᠪᠡᠷ ᠶᠠᠭᠠᠷᠠᠨ ᠢᠷᠡᠬᠦ ᠲᠡᠢᠮᠦ ᠤᠷᠠᠨ ᠲᠠᠩᠰᠤᠭ ᠠᠶᠠᠯᠭᠤ ᠲᠠᠢ᠂ ᠤᠳᠬ᠎ᠠ ᠲᠡᠭᠦᠯᠳᠡᠷ ᠳᠠᠭᠤᠤ ᠰᠢᠯᠦᠭ ᠵᠣᠬᠢᠶᠠᠵᠠᠢ᠃ ᠲᠩᠷᠢ ᠡᠴᠡ ᠤᠨᠠᠭᠰᠠᠨ ᠰᠣᠯᠢᠷ ᠤ᠋ᠨ ᠬᠡᠯᠲᠡᠷᠬᠡᠢ ᠪᠡᠷ ᠬᠢᠭᠰᠡᠨ ᠵᠡᠪᠡ ᠬᠡᠯᠪᠡᠷᠢᠲᠡᠢ ᠰᠠᠬᠢᠭᠤᠰᠤ ᠴᠤ᠌ ᠳᠠᠷᠬᠠᠯᠠᠪᠠ᠃ ᠨᠠᠮᠤᠷ ᠤ᠋ᠨ ᠡᠬᠢᠨ ᠰᠠᠷ᠎ᠠ ᠶ᠋ᠢᠨ ᠨᠠᠷᠠ ᠰᠠᠷ᠎ᠠ ᠲᠡᠩᠴᠡᠭᠰᠡᠨ ᠵᠣᠬᠢᠷᠠᠯᠲᠠ ᠰᠠᠢᠨ ᠡᠳᠦᠷ ᠪᠣᠯᠵᠠᠢ᠃ ᠲᠡᠮᠥᠷᠲᠡᠢ ᠶ᠋ᠢᠨ ᠠᠮᠠᠨ ᠤ᠋ ᠶᠡᠬᠡ ᠣᠪᠣᠭᠠᠨ ᠳ᠋ᠤ᠌ ᠳᠠᠪ ᠲᠩᠷᠢ ᠦᠷ ᠰᠥᠨᠢ ᠶ᠋ᠢᠨ ᠵᠠᠭᠠᠭ ᠢ᠋ᠶ᠋ᠠᠷ ᠭᠠᠭᠴᠠᠭᠠᠷ ᠣᠴᠢᠯ᠎ᠠ᠃ ᠲᠡᠭᠦᠨ ᠢ᠋ ᠠᠭᠤᠯᠠ ᠤᠰᠤᠨ ᠤ᠋ ᠰᠠᠪᠳᠠᠭ᠂ ᠡᠵᠡᠨ ᠰᠠᠬᠢᠭᠤᠰᠤ ᠨᠤᠭᠤᠳ ᠲᠠᠢ ᠶᠠᠷᠢᠯᠴᠠᠬᠤ ᠶ᠋ᠢ ᠤᠰᠤᠨ ᠨᠢᠳᠦ ᠲᠡᠢ ᠬᠥᠮᠦᠨ ᠬᠠᠷᠠᠬᠤ ᠤᠴᠢᠷ ᠦᠭᠡᠢ ᠶᠦᠮ᠃ ᠶᠡᠬᠡ ᠲᠦᠳᠡᠭ ᠳᠦᠷᠡᠯᠵᠡᠨ ᠠᠰᠠᠵᠤ ᠬᠠᠪᠢ ᠣᠷᠴᠢᠨ ᠢ᠋ ᠭᠡᠷᠡᠯᠲᠦᠭᠦᠯᠦᠨ᠎ᠡ᠃ ᠡᠨᠡ ᠶᠡᠬᠡ ᠲᠦᠳᠡᠭ ᠦ᠋ᠨ ᠮᠣᠳᠣ ᠮᠥᠴᠢᠷ ᠪᠦᠷᠢ ᠶ᠋ᠢ ᠬᠠᠪᠢ ᠣᠷᠴᠢᠨ ᠤ᠋ ᠣᠢ ᠠ᠋ᠴᠠ ᠰᠢᠷᠬᠡᠭ ᠰᠢᠷᠬᠡᠭ ᠢ᠋ᠶ᠋ᠡᠷ ᠨᠢ ᠲᠡᠭᠦᠨ ᠠᠪᠴᠢᠷᠠᠵᠠᠢ᠃ ᠲᠤᠭᠤᠯ ᠤ᠋ᠨ ᠠᠷᠠᠰᠤ ᠶ᠋ᠢ ᠮᠣᠭᠠᠢ ᠶ᠋ᠢᠨ ᠲᠣᠰᠣᠨ ᠳ᠋ᠤ᠌ ᠴᠢᠨᠠᠵᠤ ᠬᠢᠭᠰᠡᠨ ᠬᠡᠩᠭᠡᠷᠭᠡ ᠶ᠋ᠢᠨ ᠳᠠᠭᠤ ᠲᠩᠷᠢ ᠳ᠋ᠦ᠍ ᠬᠠᠳᠠᠨ᠎ᠠ᠃ ᠪᠦᠬᠦ ᠠᠭᠤᠯᠠ ᠤᠰᠤ ᠬᠡᠩᠭᠡᠷᠭᠡ ᠶ᠋ᠢᠨ ᠳᠠᠭᠤᠨ ᠳ᠋ᠤ᠌ ᠰᠡᠷᠡᠯ᠎ᠡ᠃ ᠳᠠᠪ ᠲᠩᠷᠢ ᠶ᠋ᠢᠨ ᠪᠤᠭᠤ ᠶ᠋ᠢᠨ ᠣᠷᠣᠮᠳᠠᠯᠭᠠ ᠰᠢᠭ᠋ ᠨᠠᠷᠢᠨ ᠴᠡᠭᠡᠯ ᠬᠣᠭᠣᠯᠠᠢ ᠡᠢᠨ ᠳᠠᠭᠤᠯᠠᠵᠤ ᠡᠬᠢᠯᠡᠪᠡ᠃
ᠭᠠᠵᠠᠷ ᠤ᠋ᠨ ᠳᠣᠭᠰᠢᠳ ᠢ᠋ ᠤᠷᠢᠶ᠎ᠠ
ᠭᠠᠭᠴᠠ ᠶ᠋ᠢ ᠴᠦ᠍ ᠪᠦᠦ ᠦᠯᠡᠳᠡᠭᠡᠶ᠎ᠡ
ᠲᠩᠷᠢ ᠶ᠋ᠢᠨ ᠡᠵᠡᠨ ᠢ᠋ ᠬᠤᠷᠤᠢᠯᠠᠶ᠎ᠠ
ᠲᠡᠭᠦᠨ ᠢ᠋ ᠴᠦ᠍ ᠪᠦᠦ ᠦᠯᠡᠳᠡᠭᠡᠶ᠎ᠡ᠁
ᠡᠴᠢᠭᠡ ᠲᠩᠷᠢ ᠰᠣᠨᠣᠰᠤᠭᠲᠤᠨ
ᠬᠤᠷᠤᠢ ᠬᠤᠷᠤᠢ
ᠡᠬᠡ ᠭᠠᠵᠠᠷ ᠮᠡᠳᠡᠭᠲᠦᠨ
ᠬᠤᠷᠤᠢ ᠬᠤᠷᠤᠢ
ᠤᠮᠠᠷ᠎ᠠ ᠠ᠋ᠴᠠ ᠣᠷᠣᠭᠰᠢ ᠳᠠᠭᠤᠳᠠᠶ᠎ᠠ
ᠤᠴᠠᠷᠠᠭᠰᠠᠨ ᠡᠵᠡᠨ ᠰᠠᠬᠢᠭᠤᠰᠤ ᠲᠠ ᠮᠢᠨᠢ ᠰᠣᠨᠣᠰ
ᠵᠡᠭᠦᠨ ᠡᠴᠡ ᠪᠠᠷᠠᠭᠤᠨᠰᠢ ᠳᠠᠭᠤᠳᠠᠶ᠎ᠠ
ᠵᠡᠭᠦᠳᠦᠯᠡᠭᠳᠡᠭᠰᠡᠨ ᠣᠩᠭᠣᠳ ᠳᠣᠭᠰᠢᠳ ᠪᠦᠭᠦᠳᠡᠭᠡᠷ ᠰᠣᠨᠣᠰ
ᠲᠥᠷᠥᠭᠰᠡᠨ ᠳᠡᠭᠦᠦ ᠴᠢᠨᠢ
ᠲᠥᠭᠡᠷᠢᠭᠰᠡᠨ ᠬᠥᠪᠡᠭᠦᠨ ᠴᠢᠨᠢ
ᠲᠡᠭᠦᠰ ᠶᠡᠬᠡ ᠬᠦᠴᠦ ᠶ᠋ᠢ ᠲᠠᠨᠢ ᠬᠤᠷᠤᠢᠯᠠᠨᠠᠮ ᠵᠠ
ᠳᠠᠪ ᠲᠡᠭᠷᠢ ᠮᠢᠨᠦ ᠬᠡᠯᠡᠬᠦ ᠶ᠋ᠢ ᠰᠣᠨᠣᠰᠴᠠᠭ᠎ᠠ
ᠤᠨᠠᠭᠰᠠᠨ ᠴᠠᠭ ᠠ᠋ᠴᠠ
ᠤᠨᠠᠭᠠᠨ ᠨᠠᠰᠤᠨ ᠠ᠋ᠴᠠ
ᠤᠴᠠᠷᠠᠭᠰᠠᠨ ᠠᠨᠳᠠ
ᠠᠭᠤᠯᠵᠠᠭᠰᠠᠨ ᠨᠥᠬᠥᠷ
ᠲᠩᠷᠢ ᠡᠴᠡ ᠵᠠᠶᠠᠭᠠᠲᠤ
ᠲᠡᠮᠦᠵᠢᠨ ᠪᠠᠭᠠᠲᠤᠷ
ᠬᠣᠣᠷᠲᠠᠨ ᠳ᠋ᠤ᠌ ᠬᠣᠣᠷᠯᠠᠭᠳᠠᠵᠤ
ᠬᠦᠴᠦᠲᠡᠨ ᠳ᠋ᠦ᠍ ᠠᠪᠲᠠᠭᠳᠠᠪᠠ
ᠬᠡᠯᠡᠶ᠎ᠡ ᠭᠡᠪᠡᠴᠦ ᠡᠴᠢᠭᠡ ᠦᠭᠡᠢ
ᠬᠡᠴᠡᠭᠦᠦ ᠪᠡᠷᠬᠡᠲᠡᠢ ᠲᠤᠯᠤᠮ᠎ᠠ ᠵᠠ
ᠬᠠᠪᠰᠤᠷᠤᠶ᠎ᠠ ᠭᠡᠪᠡᠴᠦ ᠴᠡᠷᠢᠭ ᠦᠭᠡᠢ
ᠬᠠᠲᠠᠭᠤ ᠪᠡᠷᠬᠡ ᠲᠡᠢ ᠤᠴᠠᠷᠠᠮᠠ ᠵᠠ
ᠬᠥᠳᠡᠭᠡ ᠬᠥᠬᠡᠷᠡᠵᠦ ᠬᠥᠭᠡᠷᠦᠬᠦᠢ ᠪᠣᠯᠪᠠ
ᠭᠠᠳᠠᠭ᠎ᠠ ᠭᠠᠩᠳᠠᠵᠤ ᠭᠠᠰᠠᠯᠠᠩ ᠪᠣᠯᠪᠠ
ᠬᠥᠷᠥᠰᠥᠲᠦ ᠭᠠᠵᠠᠷ ᠳᠡᠪᠢᠰᠬᠡᠷ ᠲᠡᠢ
ᠬᠥᠬᠡ ᠲᠩᠷᠢ ᠬᠥᠨᠵᠢᠯᠡ ᠲᠡᠢ
ᠠᠭᠤᠯᠠ ᠪᠠᠷ ᠨᠥᠮᠥᠷᠢ ᠬᠢᠵᠦ
ᠤᠰᠤ ᠪᠠᠷ ᠤᠮᠳᠠ ᠬᠢᠵᠦ
ᠬᠣᠯᠠ ᠶ᠋ᠢᠨ ᠬᠣᠯᠠ ᠳ᠋ᠤ᠌ ᠬᠣᠴᠣᠷᠪᠠ
ᠭᠠᠵᠠᠷ ᠤ᠋ᠨ ᠭᠠᠪ ᠲᠤ᠌ ᠭᠠᠭᠴᠠᠭᠠᠷᠳᠠᠪᠠ
ᠬᠥᠯ ᠳ᠋ᠡᠭᠡᠨ ᠭᠠᠵᠠᠷ ᠠ᠋ᠴᠠ ᠥᠭᠡᠷ᠎ᠡ ᠲᠤᠯᠭᠠᠭᠤᠷᠢ ᠦᠭᠡᠢ
ᠭᠠᠷ ᠲᠠᠭᠠᠨ ᠲᠩᠷᠢ ᠡᠴᠡ ᠥᠭᠡᠷ᠎ᠡ ᠲᠡᠮᠲᠡᠷᠢᠭᠦᠯ ᠦᠭᠡᠢ
ᠮᠣᠷᠢ ᠦᠭᠡᠢ ᠶᠠᠪᠠᠭᠠᠨ
ᠳᠡᠪᠡᠯ ᠦᠭᠡᠢ ᠨᠢᠴᠦᠭᠦᠨ ᠦᠯᠡᠳᠡᠭᠡᠳ
ᠭᠠᠵᠠᠷ ᠳᠡᠷᠡᠯᠡᠵᠦ
ᠲᠩᠷᠢ ᠬᠡᠳᠦᠷᠴᠦ ᠶᠠᠪᠤᠨ᠎ᠠ
ᠰᠠᠷ᠎ᠠ ᠰᠠᠷ᠎ᠠ
ᠢᠷ᠎ᠡ ᠢᠷ᠎ᠡ
ᠭᠠᠷᠤᠭᠰᠠᠨ ᠴᠠᠭ ᠠ᠋ᠴᠠ
ᠭᠠᠷ ᠰᠤᠩᠭᠠᠭᠰᠠᠨ
ᠥᠰᠬᠦ ᠨᠠᠰᠤᠨ ᠠ᠋ᠴᠠ
ᠥᠮᠥᠭ ᠢ᠋ ᠲᠠᠨᠢ ᠲᠦᠰᠢᠵᠦ
ᠡᠪᠦᠳᠦᠭ ᠰᠥᠬᠥᠷᠡᠭᠰᠡᠨ
ᠥᠨᠥᠴᠢᠨ ᠳᠡᠭᠦᠦ ᠴᠢᠨᠢ
ᠬᠠᠷᠠᠳᠠᠨ ᠳ᠋ᠤ᠌ ᠬᠠᠷᠠᠳᠠᠭᠤᠯᠵᠤ
ᠬᠠᠨᠢ ᠪᠠᠨ ᠪᠤᠯᠢᠶᠠᠯᠭᠠᠪᠠ
ᠭᠠᠭᠴᠠ ᠮᠣᠳᠣ ᠰᠢᠭ᠋
ᠭᠠᠩᠰᠠᠷᠠᠵᠤ ᠬᠣᠴᠣᠷᠪᠠ
ᠰᠢᠷ᠎ᠠ ᠭᠡᠷᠡᠯ ᠦ᠋ᠨ ᠲᠡᠮᠳᠡᠭ ᠲᠡᠢ
ᠰᠢᠲᠦᠨ ᠳᠡᠭᠡᠳᠦᠯᠡᠬᠦ ᠰᠡᠳᠬᠢᠯ ᠲᠡᠢ
ᠪᠥᠷᠲᠡ ᠴᠢᠨᠣ᠎ᠠ ᠶ᠋ᠢᠨ ᠤᠳᠤᠮ
ᠪᠣᠳᠣᠨᠴᠢᠷ ᠪᠣᠭᠳᠠ ᠶ᠋ᠢᠨ ᠰᠦᠨᠡᠰᠦ
ᠶᠢᠰᠦᠭᠡᠢ ᠡᠴᠢᠭᠡ ᠶ᠋ᠢᠨ ᠬᠥᠪᠡᠭᠦᠨ
ᠥᠭᠡᠯᠦᠨ ᠡᠬᠡ ᠶ᠋ᠢᠨ ᠦᠷ᠎ᠡ
ᠥᠰᠬᠦ ᠢᠳᠡᠷ ᠲᠡᠮᠦᠵᠢᠨ
ᠢᠷᠡᠬᠦ ᠴᠠᠭ ᠢ᠋ ᠡᠵᠡᠯᠡᠵᠦ
ᠶᠡᠬᠡ ᠬᠠᠭᠠᠨ ᠰᠠᠭᠤᠨ᠎ᠠ ᠭᠡᠨ᠎ᠡ
ᠭᠠᠵᠠᠷ ᠣᠷᠣᠨ ᠢ᠋ ᠨᠢᠭᠡᠳᠬᠡᠵᠦ
ᠭᠠᠷ ᠤ᠋ᠨ ᠳᠣᠣᠷ᠎ᠠ ᠵᠠᠬᠢᠷᠤᠨ᠎ᠠ ᠭᠡᠨ᠎ᠡ
ᠰᠠᠷ᠎ᠠ ᠰᠠᠷ᠎ᠠ
ᠬᠠᠷ᠎ᠠ ᠬᠠᠷ᠎ᠠ
ᠳᠠᠢᠰᠤᠨ ᠤ᠋ ᠰᠤᠮᠤᠨ ᠠ᠋ᠴᠠ ᠳᠠᠯᠳᠠᠯᠠᠭᠤᠯᠤᠭᠲᠤᠨ
ᠳᠠᠯᠢ ᠵᠢᠭᠦᠷ ᠢ᠋ᠶ᠋ᠡᠷ ᠢ᠋ᠶ᠋ᠡᠨ ᠬᠠᠯᠠᠭᠯᠠᠭᠲᠤᠨ
ᠳᠠᠯᠠᠢᠭᠰᠠᠨ ᠰᠡᠯᠡᠮᠡᠨ ᠡᠴᠡ ᠵᠠᠢᠯᠠᠭᠤᠯᠤᠭᠲᠤᠨ
ᠳᠠᠯᠳᠠ ᠬᠦᠴᠦ ᠪᠡᠷ ᠢ᠋ᠶ᠋ᠡᠨ ᠬᠠᠮᠠᠭᠠᠯᠠᠭᠲᠤᠨ
ᠮᠠᠭᠤ ᠪᠦᠬᠦᠨ ᠡᠴᠡ ᠰᠡᠷᠭᠡᠢᠯᠡᠭᠲᠦᠨ
ᠮᠤᠩᠬᠠᠭ ᠦᠬᠦᠯ ᠡᠴᠡ ᠲᠣᠭᠣᠷᠢᠭᠤᠯᠤᠭᠲᠤᠨ
ᠪᠡᠶ᠎ᠡ ᠶ᠋ᠢ ᠨᠢ ᠪᠡᠬᠢᠯᠡᠭᠲᠦᠨ
ᠰᠡᠳᠬᠢᠯ ᠢ᠋ ᠨᠢ ᠰᠡᠷᠭᠦᠭᠡᠭᠲᠦᠨ
ᠪᠣᠳᠣᠯ ᠢ᠋ ᠨᠢ ᠬᠤᠷᠴᠠᠯᠠᠭᠲᠤᠨ
ᠪᠣᠯᠭᠣᠮᠵᠢ ᠶ᠋ᠢ ᠨᠢ ᠨᠡᠮᠡᠭᠲᠦᠨ
ᠳᠠᠢᠰᠤᠨ ᠢ᠋ᠶ᠋ᠠᠨ ᠳᠠᠷᠤᠬᠤ ᠳ᠋ᠤ᠌ ᠵᠣᠷᠢᠭ ᠪᠣᠯᠤᠭᠲᠤᠨ
ᠳᠠᠭᠠᠭᠰᠠᠨ ᠢ᠋ ᠵᠠᠬᠢᠷᠬᠤ ᠳ᠋ᠤ᠌ ᠤᠬᠠᠭᠠᠨ ᠪᠣᠯᠤᠭᠲᠤᠨ
ᠨᠡᠷ᠎ᠡ ᠨᠢ ᠪᠦᠷᠢᠨ ᠪᠣᠯᠲᠤᠭᠠᠢ
ᠪᠡᠶ᠎ᠡ ᠨᠢ ᠪᠦᠲᠦᠨ ᠪᠣᠯᠲᠤᠭᠠᠢ
ᠤᠬᠠᠭᠠᠨ ᠨᠢ ᠠᠭᠤᠵᠢᠮ ᠪᠣᠯᠲᠤᠭᠠᠢ
ᠤᠯᠤᠰ ᠨᠢ ᠶᠡᠬᠡ ᠪᠣᠯᠲᠤᠭᠠᠢ
ᠢᠷ᠎ᠡ ᠢᠷ᠎ᠡ
ᠬᠠᠷ᠎ᠠ ᠬᠠᠷ᠎ᠠ
ᠭᠠᠵᠠᠷ ᠭᠠᠵᠠᠷ ᠤ᠋ᠨ ᠳᠣᠭᠰᠢᠨ ᠰᠠᠬᠢᠭᠤᠰᠤ ᠠ᠋ᠴᠠ
ᠭᠠᠭᠴᠠ ᠶ᠋ᠢ ᠴᠦ᠍ ᠪᠦᠦ ᠦᠯᠡᠳᠡᠭᠡᠶ᠎ᠡ
ᠲᠡᠭᠷᠢ ᠡᠴᠢᠭᠡ ᠶ᠋ᠢᠨ ᠣᠩᠭᠣᠨ ᠰᠠᠬᠢᠭᠤᠰᠤ
ᠲᠡᠭᠦᠨ ᠢ᠋ ᠴᠦ᠍ ᠪᠦᠦ ᠦᠯᠡᠳᠡᠭᠡᠶ᠎ᠡ ᠁
ᠡᠴᠢᠭᠡ ᠲᠡᠭᠷᠢ ᠰᠣᠨᠣᠰᠤᠭᠲᠤᠨ
ᠬᠤᠷᠤᠢ ᠬᠤᠷᠤᠢ
ᠡᠬᠡ ᠭᠠᠵᠠᠷ ᠮᠡᠳᠡᠭᠲᠦᠨ
ᠬᠤᠷᠤᠢ ᠬᠤᠷᠤᠢ
ᠤᠮᠠᠷ᠎ᠠ ᠠ᠋ᠴᠠ ᠣᠷᠣᠭᠰᠢ ᠳᠠᠭᠤᠳᠠᠶ᠎ᠠ ᠤᠴᠠᠷᠠᠭᠰᠠᠨ
ᠡᠵᠡᠨ ᠰᠠᠬᠢᠭᠤᠰᠤ ᠲᠠ ᠮᠢᠨᠢ ᠰᠣᠨᠣᠰ
ᠵᠡᠭᠦᠨ ᠡᠴᠡ ᠪᠠᠷᠠᠭᠤᠨᠰᠢ ᠳᠠᠭᠤᠳᠠᠶ᠎ᠠ
ᠵᠡᠭᠦᠳᠦᠯᠡᠭᠳᠡᠭᠰᠡᠨ ᠣᠩᠭᠣᠳ ᠳᠣᠭᠰᠢᠳ ᠪᠦᠭᠦᠳᠡᠭᠡᠷ ᠰᠣᠨᠣᠰ
ᠲᠥᠷᠥᠭᠰᠡᠨ ᠳᠡᠭᠦᠦ ᠴᠢᠨᠢ
ᠲᠥᠭᠡᠷᠢᠭᠰᠡᠨ ᠬᠦᠦ ᠴᠢᠨᠢ
ᠲᠡᠭᠦᠰ ᠶᠡᠬᠡ ᠬᠦᠴᠦ ᠶ᠋ᠢ ᠲᠠᠨᠢ ᠬᠤᠷᠤᠢᠯᠠᠨᠠᠮ ᠵᠠ
ᠳᠠᠪ ᠲᠩᠷᠢ ᠮᠢᠨᠦ ᠬᠡᠯᠡᠬᠦ ᠶ᠋ᠢ ᠰᠣᠨᠣᠰᠴᠠᠭ᠎ᠠ
ᠡᠷᠲᠡᠨ ᠦ᠌ ᠢᠷᠦᠭᠡᠯ ᠢ᠋ᠶ᠋ᠡᠷ ᠢᠷᠡᠭᠰᠡᠨ
ᠡᠵᠡᠨ ᠲᠩᠷᠢ ᠡᠴᠡ ᠢᠪᠡᠭᠡᠭᠳᠡᠭᠰᠡᠨ ᠶᠡᠬᠡ ᠬᠠᠭᠠᠨ ᠭᠡᠳᠡᠭ ᠢ᠋
ᠡᠷᠡᠭᠡᠯᠵᠡᠯ ᠦᠭᠡᠢ ᠰᠠᠨᠠᠵᠤ
ᠡᠷᠭᠢᠯᠲᠡ ᠦᠭᠡᠢ ᠪᠣᠳᠣᠵᠤ ᠢᠪᠡᠭᠡᠯ ᠳ᠋ᠡᠭᠡᠨ ᠠᠪᠤᠭᠲᠤᠨ
ᠤᠬᠢᠶᠠᠭᠰᠠᠨ ᠤᠰᠤ ᠨᠢ ᠡᠰᠡ ᠬᠠᠢᠷᠠᠯᠠᠪᠠᠰᠤ
ᠤᠳᠤᠮ ᠦᠭᠡᠢ ᠬᠥᠮᠦᠨ ᠦ᠌ ᠭᠠᠷ ᠲᠤ᠌ ᠡᠨᠳᠡᠬᠦ ᠪᠣᠢ
ᠤᠯᠤᠰ ᠭᠦᠷᠦᠨ ᠨᠢ ᠬᠣᠬᠢᠷᠠᠬᠤ ᠪᠣᠢ
ᠤᠨᠠᠭᠰᠠᠨ ᠭᠠᠵᠠᠷ ᠨᠢ ᠡᠰᠡ ᠬᠠᠮᠠᠭᠠᠯᠠᠪᠠᠰᠤ
ᠤᠬᠠᠭᠠᠨ ᠦᠭᠡᠢ ᠲᠡᠨᠡᠭ ᠦ᠋ᠨ ᠬᠣᠣᠷᠯᠠᠯ ᠳ᠋ᠤ᠌ ᠤᠨᠠᠬᠤ ᠪᠣᠢ
ᠤᠭ ᠤ᠋ᠨ ᠵᠣᠷᠢᠯᠭ᠎ᠠ ᠠ᠋ᠴᠠ ᠤᠬᠤᠷᠢᠬᠤ ᠪᠣᠢ
ᠬᠠᠭᠠᠨ ᠰᠠᠭᠤᠳᠠᠯ ᠳ᠋ᠤ᠌ ᠬᠦᠷᠲᠡᠯ᠎ᠡ
ᠬᠠᠮᠢᠭ᠎ᠠ ᠶᠠᠪᠤᠭᠰᠠᠨ ᠭᠠᠵᠠᠷ ᠲᠤᠨᠢ ᠬᠠᠮᠠᠭᠠᠯᠠᠨ ᠠᠪᠤᠭᠲᠤᠨ
ᠬᠠᠮᠤᠭ ᠢ᠋ ᠵᠠᠬᠢᠷᠤᠨ ᠰᠠᠭᠤᠲᠠᠯ᠎ᠠ
ᠬᠠᠲᠠᠭᠤ ᠴᠢᠩᠳᠠ ᠵᠣᠷᠢᠯᠭ᠎ᠠ ᠳ᠋ᠤᠨᠢ ᠬᠠᠪᠰᠤᠷᠤᠨ ᠲᠤᠰᠠᠯᠠᠭᠲᠤᠨ
ᠬᠣᠨᠵᠣᠩ ᠶᠡᠬᠡᠲᠡᠢ ᠮᠡᠷᠭᠢᠳ ᠲᠦ᠍
ᠬᠣᠵᠢᠮ ᠰᠦᠢᠷᠡᠬᠦ ᠶ᠋ᠢ ᠰᠠᠨᠠᠭᠤᠯᠤᠭᠲᠤᠨ
ᠬᠦᠢᠲᠡᠨ ᠳᠣᠲᠣᠷ ᠲᠠᠢ ᠲᠡᠳᠡᠨ ᠢ᠋
ᠬᠥᠮᠦᠨ ᠦ᠌ ᠭᠠᠷ ᠢ᠋ᠶ᠋ᠠᠷ ᠮᠥᠬᠥᠭᠡᠭᠲᠦᠨ
ᠬᠥᠭᠡᠷᠦᠬᠦᠢ ᠪᠥᠷᠲᠡ ᠬᠠᠲᠤᠨ ᠢ᠋
ᠬᠦᠴᠦᠲᠡᠨ ᠦ᠌ ᠭᠡᠷ ᠡᠴᠡ ᠪᠤᠯᠢᠶᠠᠭᠲᠤᠨ
ᠤᠨᠤᠨ ᠮᠥᠷᠡᠨ ᠦ᠌ ᠬᠥᠪᠡᠭᠡᠨ ᠳ᠋ᠦ᠍
ᠣᠴᠢᠭᠤᠯᠵᠤ ᠪᠤᠴᠠᠭᠠᠵᠤ ᠥᠭᠭᠦᠭᠲᠦᠨ
ᠢᠷ᠎ᠡ ᠢᠷ᠎ᠡ
ᠬᠠᠷ᠎ᠠ ᠬᠠᠷ᠎ᠠ
ᠬᠤᠷᠤᠢ ᠬᠤᠷᠤᠢ
ᠬᠤᠷᠤᠢ ᠬᠤᠷᠤᠢ ᠁
ᠳᠠᠪ ᠲᠩᠷᠢ ᠶ᠋ᠢᠨ ᠭᠠᠢᠬᠠᠯᠲᠠᠢ ᠨᠠᠷᠢᠨ ᠴᠡᠭᠡᠯ ᠬᠣᠭᠣᠯᠠᠢ ᠪᠠᠷ ᠳᠠᠭᠤᠳᠠᠬᠤ ᠡᠨᠡ ᠦᠭᠡᠰ ᠬᠡᠩᠭᠡᠷᠭᠡ ᠶ᠋ᠢᠨ ᠣᠭᠵᠣᠮ ᠲᠦᠷᠭᠡᠨ ᠬᠡᠮᠨᠡᠯᠲᠡ ᠠᠶᠠᠯᠭᠤ ᠶ᠋ᠢ ᠬᠥᠯᠦᠭᠯᠡᠨ ᠡᠭᠦᠯᠡ ᠲᠡᠢ ᠲᠩᠷᠢ ᠶ᠋ᠢᠨ ᠳᠣᠣᠭᠤᠷ᠂ ᠦᠵᠦᠭᠦᠷ ᠲᠡᠢ ᠮᠣᠳᠣᠨ ᠤ᠋ ᠳᠡᠭᠡᠭᠦᠷ ᠳᠥᠷᠪᠡᠨ ᠵᠦᠭ ᠨᠠᠢ᠍ᠮᠠᠨ ᠵᠣᠪᠬᠢᠰ ᠲᠤ᠌ ᠨᠢᠰᠦᠨ ᠣᠳᠤᠯ᠎ᠠ᠃ ᠣᠳᠣ ᠲᠡᠭᠦᠨ ᠦ᠌ ᠦᠭᠡ ᠶ᠋ᠢ ᠮᠣᠩᠭᠣᠯ ᠭᠠᠵᠠᠷ ᠤ᠋ᠨ ᠵᠠᠭᠤ ᠶᠡᠷᠡ ᠶᠢᠰᠦᠨ ᠰᠠᠪᠳᠠᠭ᠂ ᠰᠠᠬᠢᠭᠤᠰᠤ ᠰᠣᠨᠣᠰᠴᠤ ᠪᠠᠢᠭ᠎ᠠ ᠶ᠋ᠢ ᠳᠠᠪ ᠲᠩᠷᠢ ᠮᠡᠳᠡᠷᠡᠵᠦ ᠪᠠᠢᠪᠠ᠃ ᠳᠠᠪ ᠲᠩᠷᠢ ᠶ᠋ᠢᠨ ᠪᠡᠶ᠎ᠡ ᠳ᠋ᠦ᠍ ᠲᠡᠮᠦᠷᠲᠡᠢ ᠶ᠋ᠢᠨ ᠠᠮᠠᠨ ᠤ᠋ ᠣᠪᠣᠭᠠᠨ ᠤ᠋ ᠳᠣᠣᠷ᠎ᠠ ᠠ᠋ᠴᠠ ᠣᠷᠭᠢᠯᠬᠤ ᠭᠠᠵᠠᠷ ᠤ᠋ᠨ ᠬᠦᠴᠦ ᠰᠢᠩᠭᠡᠨ ᠣᠳᠣ ᠲᠡᠷᠡ ᠵᠦᠭ ᠵᠦᠭ ᠡᠴᠡ ᠠᠭᠤᠯᠠ ᠤᠰᠤᠨ ᠤ᠋ ᠡᠵᠡᠳ ᠰᠠᠪᠳᠠᠭ ᠰᠠᠬᠢᠭᠤᠰᠤ ᠨᠤᠭᠤᠳ ᠨᠢᠰᠦᠨ ᠢᠷᠡᠵᠦ ᠲᠦᠳᠡᠭ ᠭᠠᠯ ᠢ᠋ ᠲᠣᠭᠣᠷᠢᠨ ᠡᠷᠭᠢᠯᠳᠦᠬᠦ ᠶ᠋ᠢ ᠣᠯᠵᠤ ᠦᠵᠡᠵᠡᠢ᠃ ᠲᠡᠳᠡ ᠬᠡᠯᠪᠡᠷᠢ ᠳᠦᠷᠰᠦ ᠪᠦᠭᠦᠳᠡ ᠥᠭᠡᠷ᠎ᠡ ᠬᠡᠢᠰᠴᠦ ᠢᠷᠡᠬᠦ ᠵᠦᠭ ᠴᠢᠭ ᠴᠦ᠍ ᠥᠭᠡᠷ᠎ᠡ ᠠᠵᠢ᠃ ᠢᠷᠡᠭᠰᠡᠨ ᠰᠠᠬᠢᠭᠤᠰᠤ ᠰᠠᠪᠳᠠᠭ ᠪᠦᠷ ᠶᠡᠬᠡ ᠲᠦᠳᠡᠭ ᠦ᠋ᠨ ᠳᠡᠭᠡᠷ᠎ᠡ ᠠᠭᠠᠷ ᠲᠤ᠌ ᠬᠡᠢ ᠲᠣᠭᠲᠠᠭᠠᠭᠰᠠᠨ ᠬᠦᠷᠡᠯ ᠵᠡᠪᠡ ᠶ᠋ᠢ ᠱᠦᠷᠭᠦᠨ ᠥᠪᠡᠷ ᠦ᠋ᠨ ᠬᠦᠴᠦ ᠶ᠋ᠢ ᠰᠢᠩᠭᠡᠭᠡᠭᠡᠳ ᠪᠤᠴᠠᠨ ᠨᠢᠰᠴᠦ ᠣᠳᠬᠤ ᠪᠥᠯᠥᠭᠡ᠃ ᠢᠩᠭᠢᠭᠰᠡᠭᠡᠷ ᠵᠠᠭᠤ ᠶᠡᠷᠡᠨ ᠨᠠᠢ᠍ᠮᠠ ᠬᠦᠷᠦᠭᠡᠳ ᠦᠦᠷ ᠴᠠᠢᠵᠠᠢ᠃ ᠬᠠᠷᠢᠨ ᠨᠢᠭᠡ ᠭᠠᠷᠠᠭ ᠤ᠋ᠨ ᠰᠠᠪᠳᠠᠭ ᠢᠷᠡᠭᠰᠡᠨ ᠦᠭᠡᠢ᠃ ᠡᠰᠡᠪᠡᠯ ᠵᠠᠮ ᠳ᠋ᠤᠨᠢ ᠦᠦᠷ ᠴᠠᠢᠭᠰᠠᠨ ᠲᠤᠯᠠ ᠪᠤᠴᠠᠪᠠ ᠤᠤ? ᠬᠠᠮᠢᠭᠠᠬᠢ ᠶᠠᠮᠠᠷ ᠭᠠᠵᠠᠷ ᠤ᠋ᠨ ᠰᠠᠪᠳᠠᠭ ᠢᠷᠡᠭᠡ ᠦᠭᠡᠢ ᠶ᠋ᠢ ᠬᠥᠭᠡᠴᠦ ᠮᠡᠳᠡᠵᠦ ᠴᠢᠳᠠᠭᠰᠠᠨ ᠦᠭᠡᠢ᠃ ᠠᠭᠠᠷ ᠲᠤ᠌ ᠲᠣᠭᠲᠠᠭᠠᠭᠰᠠᠨ ᠬᠦᠷᠡᠯ ᠵᠡᠪᠡ ᠭᠠᠵᠠᠷ ᠭᠠᠵᠠᠷ ᠤ᠋ᠨ ᠡᠵᠡᠨ ᠰᠠᠪᠳᠠᠭ᠂ ᠰᠠᠬᠢᠭᠤᠰᠤ ᠨᠤᠭᠤᠳ ᠤ᠋ᠨ ᠰᠢᠩᠭᠡᠭᠡᠭᠰᠡᠨ ᠬᠦᠴᠦᠨ ᠦ᠌ ᠢᠯᠴᠢᠨ ᠳ᠋ᠦ᠍ ᠤᠯᠠᠢᠳᠠᠨ ᠴᠢᠰ ᠤᠯᠠᠭᠠᠨ ᠪᠣᠯᠵᠠᠢ᠃ ᠦᠷ ᠴᠠᠢᠮᠠᠭᠴᠠ ᠠᠭᠠᠷ ᠲᠤ᠌ ᠬᠡᠢ ᠲᠣᠭᠲᠠᠭᠠᠭᠰᠠᠨ ᠬᠦᠷᠡᠯ ᠵᠡᠪᠡ ᠳᠣᠭᠣᠭᠰᠢ ᠭᠠᠵᠠᠷ ᠲᠤ᠌ ᠤᠨᠠᠬᠤ ᠳ᠋ᠤ᠌ ᠡᠪᠡᠰᠦ ᠱᠠᠵᠢᠭᠢᠨᠠᠨ ᠲᠦᠯᠡᠭᠳᠡᠵᠦ ᠤᠲᠤᠭ᠎ᠠ ᠤᠤᠬᠢᠬᠤ ᠶ᠋ᠢ ᠳᠠᠪ ᠲᠩᠷᠢ ᠬᠠᠷᠠᠯ᠎ᠠ᠃ ᠲᠡᠮᠦᠷᠲᠡᠢ ᠶ᠋ᠢᠨ ᠠᠮᠠ ᠶ᠋ᠢ ᠥᠳᠬᠡᠨ ᠮᠠᠨᠠᠨ ᠪᠦᠷᠬᠦᠵᠦ ᠨᠠᠷᠠ ᠦᠭᠡᠢ ᠮᠥᠷᠲᠡᠭᠡᠨ ᠳᠣᠯᠣᠭᠠᠨ ᠥᠩᠭᠡ ᠶ᠋ᠢᠨ ᠪᠢᠲᠡᠭᠦᠦ ᠳᠤᠭᠤᠢ ᠰᠣᠯᠣᠩᠭ᠎ᠠ ᠲᠠᠲᠠᠭᠰᠠᠨ ᠢ᠋ ᠣᠯᠠᠨ ᠢᠷᠭᠡᠳ ᠭᠡᠷ ᠭᠡᠷ ᠦ᠋ᠨ ᠭᠠᠳᠠᠭ᠎ᠠ ᠵᠣᠭᠰᠣᠭᠠᠳ ᠪᠢᠰᠢᠷᠡᠨ ᠬᠠᠷᠠᠵᠤ ᠪᠠᠢᠪᠠ᠃ ᠪᠦᠲᠦᠨ ᠳᠤᠭᠤᠢ ᠰᠣᠯᠣᠩᠭ᠎ᠠ ᠠᠩᠬ᠎ᠠ ᠤᠳᠠᠭ᠎ᠠ ᠲᠠᠲᠠᠭᠰᠠᠨ ᠨᠢ ᠡᠨᠡ ᠪᠢᠯᠡ᠃ ᠡᠭᠦᠨ ᠦ᠌ ᠡᠮᠦᠨ᠎ᠡ ᠬᠡᠨ ᠴᠦ᠍ ᠦᠵᠡᠭᠡ ᠦᠭᠡᠢ ᠡᠨᠡ ᠬᠠᠴᠢᠷᠬᠠᠯᠲᠠᠢ ᠰᠣᠯᠣᠩᠭ᠎ᠠ ᠪᠣᠯ ᠳᠠᠪ ᠲᠩᠷᠢ ᠶ᠋ᠢᠨ ᠣᠯᠤᠭᠰᠠᠨ ᠶᠡᠬᠡ ᠬᠦᠴᠦᠨ ᠦ᠌ ᠪᠠᠲᠤᠯᠠᠭ᠎ᠠ ᠶᠤᠮ᠃ ᠳᠠᠪ ᠲᠩᠷᠢ ᠲᠤᠢᠯ ᠤ᠋ᠨ ᠬᠥᠷ ᠪᠠᠶᠠᠷᠲᠠᠢ ᠪᠠᠢᠯ᠎ᠠ᠃ ᠤᠴᠢᠷ ᠨᠢ ᠲᠡᠮᠦᠵᠢᠨ ᠡᠴᠢᠭᠡ ᠲᠩᠷᠢ ᠳ᠋ᠦ᠍ ᠲᠡᠳᠬᠦᠭᠳᠡᠵᠦ᠂ ᠡᠬᠡ ᠭᠠᠵᠠᠷ ᠲᠤ᠌ ᠢᠪᠡᠭᠡᠭᠳᠡᠭᠰᠡᠨ ᠬᠥᠮᠦᠨ ᠪᠣᠯᠬᠤ ᠨᠢ ᠨᠢᠭᠡᠨᠲᠡ ᠲᠣᠳᠣᠷᠬᠠᠢ ᠪᠣᠯᠵᠠᠢ᠃ ᠶᠠᠮᠠᠷ ᠴᠤ᠌ ᠪᠣᠯᠪᠠ ᠮᠣᠩᠭᠣᠯ ᠨᠤᠲᠤᠭ ᠤ᠋ᠨ ᠵᠠᠭᠤ ᠶᠡᠷᠡᠨ ᠨᠠᠢ᠍ᠮᠠᠨ ᠰᠠᠬᠢᠭᠤᠰᠤ᠂ ᠰᠠᠪᠳᠠᠭ ᠲᠡᠮᠦᠵᠢᠨ ᠢ᠋ ᠢᠪᠡᠭᠡᠯ ᠳ᠋ᠡᠭᠡᠨ ᠠᠪᠴᠠᠢ᠃ ᠡᠨᠡ ᠪᠣᠯ ᠲᠡᠮᠦᠵᠢᠨ ᠳ᠋ᠦ᠍ ᠲᠤᠰᠠᠯᠠᠬᠤ ᠶ᠋ᠢ ᠭᠠᠵᠠᠷ᠂ ᠲᠩᠷᠢ ᠶ᠋ᠢᠨ ᠪᠦᠬᠦ ᠰᠠᠬᠢᠭᠤᠰᠤ᠂ ᠰᠠᠪᠳᠠᠭ ᠳᠠᠪ ᠲᠩᠷᠢ ᠳ᠋ᠦ᠍ ᠢᠳᠡᠭᠡᠨ ᠳᠠᠭᠠᠭᠠᠯᠭᠠᠵᠤ ᠪᠣᠢ ᠬᠡᠷᠡᠭ᠂ ᠲᠩᠷᠢ ᠶ᠋ᠢᠨ ᠵᠠᠷᠯᠢᠭ ᠭᠡᠳᠡᠭ ᠢ᠋ ᠲᠡᠷᠡ ᠰᠠᠢᠨ ᠣᠢᠯᠠᠭᠠᠵᠤ ᠪᠠᠢᠪᠠ᠃ ᠳᠠᠪ ᠲᠩᠷᠢ ᠶ᠋ᠢᠨ ᠵᠣᠷᠢᠯᠭ᠎ᠠ ᠲᠣᠳᠣᠷᠬᠠᠢ ᠪᠣᠯᠪᠠ᠃ ᠣᠳᠣ ᠲᠩᠷᠢ ᠶ᠋ᠢᠨ ᠵᠠᠷᠯᠢᠭ ᠢ᠋ ᠪᠡᠶᠡᠯᠡᠭᠦᠯᠵᠦ ᠵᠠᠭᠤ ᠶᠡᠷᠡᠨ ᠨᠠᠢ᠍ᠮᠠᠨ ᠰᠠᠪᠳᠠᠭ ᠤ᠋ᠨ ᠬᠦᠴᠦ ᠪᠡᠨ ᠰᠢᠩᠭᠡᠭᠡᠭᠰᠡᠨ ᠰᠠᠬᠢᠭᠤᠰᠤ ᠶ᠋ᠢ ᠲᠡᠮᠦᠵᠢᠨ ᠳ᠋ᠦ᠍ ᠬᠦᠷᠭᠡᠵᠦ ᠥᠭᠬᠦ ᠦᠯᠡᠳᠡᠪᠡ ᠃ ᠲᠡᠷᠡ ᠡᠳᠦᠷ ᠨᠤᠲᠤᠭ ᠤ᠋ᠨ ᠣᠯᠠᠨ ᠢᠷᠭᠡᠳ ᠲᠡᠮᠤᠷᠲᠠᠢ ᠶ᠋ᠢᠨ ᠠᠮᠠ ᠳ᠋ᠤ᠌ ᠴᠤᠭᠯᠠᠷᠠᠨ ᠢᠷᠡᠵᠦ ᠣᠪᠣᠭ᠎ᠠ ᠪᠠᠨ ᠳᠠᠬᠢᠪᠠ᠃ ᠣᠯᠠᠨ ᠦᠬᠡᠷ᠂ ᠬᠣᠨᠢ ᠨᠢᠲᠤᠯᠵᠤ᠂ ᠯᠤᠤᠰ ᠪᠠᠶᠠᠷᠯᠠᠵᠤ᠂ ᠤᠰᠤ ᠳᠣᠯᠭᠢᠯᠠᠲᠠᠯᠠ ᠶᠡᠬᠡ ᠪᠥᠵᠢᠭ᠂ ᠴᠡᠩᠭᠡᠯ ᠬᠢᠬᠦ ᠳ᠋ᠦ᠍ ᠡᠭᠦᠯᠡ ᠦᠭᠡᠢ ᠲᠩᠷᠢ ᠡᠴᠡ ᠵᠥᠭᠡᠯᠡᠨ ᠪᠣᠷᠣᠭ᠎ᠠ ᠨᠠᠮᠢᠷᠠᠵᠤ ᠪᠦᠭᠦᠳᠡ ᠶ᠋ᠢ ᠪᠢᠰᠢᠷᠡᠭᠦᠯᠵᠡᠢ᠃ ᠮᠡᠩᠯᠢᠭ ᠦ᠋ᠨ ᠤᠳᠤᠷᠢᠳᠤᠨ ᠵᠣᠬᠢᠴᠠᠭᠤᠯᠤᠭᠰᠠᠨ ᠨᠠᠢᠷ ᠤ᠋ᠨ ᠬᠣᠢᠮᠣᠷ ᠲᠤ᠌ ᠶᠡᠬᠡ ᠣᠪᠣᠭᠠᠨ ᠤ᠋ ᠡᠮᠦᠨ᠎ᠡ ᠵᠠᠰᠠᠭᠰᠠᠨ ᠨᠠᠷᠠᠰᠤᠨ ᠰᠡᠨᠳᠡᠢ ᠶ᠋ᠢᠨ ᠳᠡᠭᠡᠷ᠎ᠡ ᠬᠥᠭᠡᠴᠦ ᠬᠦᠨᠳᠦᠳᠬᠡᠯᠲᠡᠢ ᠪᠡᠷ ᠵᠠᠯᠠᠷᠠᠵᠠᠢ᠃ ᠡᠨᠡ ᠳᠠᠢᠯᠭ᠎ᠠ ᠶ᠋ᠢᠨ ᠡᠬᠢᠨ ᠳ᠋ᠦ᠍ ᠮᠡᠩᠯᠢᠭ ᠬᠥᠭᠡᠴᠦ ᠬᠥᠪᠡᠭᠦᠨ ᠦ᠌ ᠪᠡᠨ ᠳᠠᠪ ᠲᠩᠷᠢ ᠠᠯᠳᠠᠷ ᠢ᠋ ᠵᠠᠷᠯᠠᠨ ᠲᠤᠩᠬᠠᠭᠯᠠᠭᠰᠠᠨ ᠳ᠋ᠤ᠌ ᠣᠯᠠᠨ ᠪᠦᠭᠦᠳᠡᠭᠡᠷ ᠪᠢᠰᠢᠷᠡᠨ ᠰᠥᠬᠥᠷᠡᠵᠦ ᠳᠠᠪ ᠲᠩᠷᠢ ᠶ᠋ᠢᠨ ᠢᠪᠡᠭᠡᠯ ᠳ᠋ᠦ᠍ ᠪᠠᠭᠲᠠᠬᠤ ᠪᠠᠷ ᠬᠥᠮᠦᠨ ᠪᠦᠷᠢ ᠣᠯᠠᠨ ᠠᠳᠤᠭᠤ ᠮᠠᠯ ᠡᠷᠭᠦᠨ ᠪᠠᠷᠢᠭᠰᠠᠨ ᠢ᠋ᠶ᠋ᠠᠷ ᠮᠡᠩᠯᠢᠭ ᠦ᠋ᠨ ᠥᠷᠥᠭᠡ ᠨᠢᠭᠡᠨ ᠡᠳᠦᠷ ᠦ᠋ᠨ ᠳᠣᠲᠣᠷ᠎ᠠ ᠶᠡᠬᠡ ᠪᠡᠷ ᠪᠠᠶᠠᠵᠢᠪᠠ᠃ ᠳᠠᠪ ᠲᠩᠷᠢ ᠶ᠋ᠢᠨ ᠢᠪᠡᠭᠡᠯ ᠲᠤᠰᠠ ᠶ᠋ᠢ ᠣᠯᠬᠤ ᠭᠡᠵᠦ ᠬᠥᠮᠦᠨ ᠪᠦᠷᠢ ᠥᠪᠡᠷ ᠦ᠋ᠨ ᠬᠥᠷᠥᠩᠭᠡ ᠵᠣᠭᠣᠷᠢ᠂ ᠢᠲᠡᠭᠡᠯ ᠪᠢᠰᠢᠷᠡᠯᠲᠡᠢ ᠳ᠋ᠥ᠋ᠢ᠍ᠬᠦᠢᠴᠡ ᠡᠷᠭᠦᠯ ᠪᠠᠷᠢᠴᠠ ᠥᠭᠴᠡᠢ᠃ ᠮᠠᠷᠭᠠᠰᠢ ᠠ᠋ᠴᠠ ᠡᠬᠢᠯᠡᠨ ᠮᠡᠩᠯᠢᠭ ᠦ᠋ᠨ ᠨᠠᠮᠤᠷᠵᠢᠵᠤ ᠪᠠᠢᠭᠰᠠᠨ ᠨᠠᠷᠢᠨ ᠳᠡᠭᠡᠯ ᠦ᠋ᠨ ᠬᠥᠨᠳᠡᠢ ᠳᠠᠪ ᠲᠩᠷᠢ ᠶ᠋ᠢᠨ ᠢᠪᠡᠭᠡᠯ ᠳ᠋ᠦ᠍ ᠪᠠᠭᠲᠠᠬᠤ ᠭᠡᠰᠡᠨ ᠣᠯᠠᠨ ᠢᠷᠭᠡᠨ ᠦ᠌ ᠨᠡᠭᠦᠳᠡᠯ᠂ ᠡᠷᠭᠦᠯ ᠪᠠᠷᠢᠴᠠᠨ ᠤ᠋ ᠮᠠᠯ ᠤ᠋ᠨ ᠬᠥᠯ ᠦ᠋ᠨ ᠲᠣᠭᠣᠰᠣᠨ ᠳ᠋ᠤ᠌ ᠪᠦᠷᠬᠦᠭᠳᠡᠪᠡ᠃ ᠵᠠᠮᠤᠬ᠎ᠠ ᠶ᠋ᠢᠨ ᠳᠡᠷᠭᠡᠳᠡ ᠰᠠᠯᠵᠤ ᠣᠴᠢᠭᠰᠠᠨ ᠪᠣᠷᠵᠢᠭᠢᠨ ᠠᠢᠮᠠᠭ ᠤ᠋ᠨ ᠶᠡᠬᠡᠩᠬᠢ ᠡᠨᠳᠡ ᠴᠤᠭᠯᠠᠷᠠᠵᠠᠢ᠃ ᠲᠡᠳᠡᠨ ᠦ᠌ ᠭᠠᠭᠴᠠ ᠢᠲᠡᠭᠡᠯ᠂ ᠨᠠᠢᠳᠠᠪᠤᠷᠢ ᠳᠠᠪ ᠲᠩᠷᠢ ᠪᠣᠯᠪᠠ᠃ ᠬᠠᠷᠢᠨ ᠳᠠᠪ ᠲᠩᠷᠢ ᠳ᠋ᠦ᠍ ᠲᠡᠳᠡᠨ ᠲᠡᠢ ᠠᠭᠤᠯᠵᠠᠬᠤ ᠵᠠᠪ ᠪᠠᠢᠭᠰᠠᠨ ᠦᠭᠡᠢ᠃ ᠡᠪᠡᠳᠴᠢᠯᠡᠵᠦ ᠰᠢᠨᠠᠯᠤᠭᠰᠠᠨ᠂ ᠦᠭᠡᠢᠷᠡᠵᠦ ᠵᠣᠪᠠᠭᠰᠠᠨ᠂ ᠥᠷᠢᠰᠦᠯᠳᠦᠵᠦ ᠢᠯᠠᠭᠳᠠᠭᠰᠠᠨ᠂ ᠦᠬᠦᠯ ᠳ᠋ᠦ᠍ ᠡᠭᠡᠷᠢᠭᠳᠡᠭᠰᠡᠨ ᠭᠡᠳ ᠠᠪᠤᠷᠠᠯ ᠲᠤᠰᠠᠯᠠᠮᠵᠢ ᠬᠦᠰᠡᠭᠴᠢᠳ ᠦ᠋ᠨ ᠴᠤᠪᠤᠭ᠎ᠠ ᠬᠥᠪᠡᠭᠡ ᠳᠠᠪᠠᠨ ᠣᠳᠴᠠᠢ᠃
ᠳᠠᠪ ᠲᠩᠷᠢ ᠠᠬ᠎ᠠ ᠳᠡᠭᠦᠦ ᠬᠣᠶᠠᠷ ᠢ᠋ᠶ᠋ᠠᠨ ᠪᠠᠰᠠ ᠳᠠᠭᠠᠵᠤ ᠢᠷᠡᠭᠰᠡᠨ ᠢᠷᠭᠡᠳ ᠡᠴᠡ ᠪᠡᠶ᠎ᠡ ᠶᠡᠬᠡᠲᠡᠢ ᠬᠡᠳᠦᠨ ᠵᠠᠯᠠᠭᠤᠰ ᠢ᠋ ᠳᠠᠭᠠᠭᠤᠯᠤᠨ ᠪᠤᠷᠬᠠᠨ ᠬᠠᠯᠳᠤᠨ ᠠᠭᠤᠯᠠ ᠶ᠋ᠢᠨ ᠬᠠᠮᠢᠭ᠎ᠠ ᠨᠢᠭᠡ ᠲᠡᠢ ᠪᠠᠢᠬᠤ ᠲᠡᠮᠦᠵᠢᠨ ᠦ᠌ ᠥᠨᠥᠴᠢᠷᠡᠭᠰᠡᠨ ᠬᠦᠷᠢᠶ᠎ᠡ ᠶ᠋ᠢ ᠡᠷᠢᠵᠦ ᠣᠯᠬᠤ ᠪᠠᠷ ᠮᠣᠷᠳᠠᠯ᠎ᠠ᠃ ᠴᠣᠪᠤᠭᠠᠨ ᠤ᠋ ᠲᠡᠷᠢᠭᠦᠨ ᠳ᠋ᠦ᠍ ᠳᠠᠪ ᠲᠡᠭᠷᠢ ᠪᠥᠬᠡ ᠵᠠᠯᠠᠷᠠᠵᠤ ᠶᠠᠪᠤᠭ᠎ᠠ ᠶ᠋ᠢ ᠢᠯᠡᠳᠬᠡᠭᠰᠡᠨ ᠪᠠᠭ᠎ᠠ ᠬᠠᠷ᠎ᠠ ᠰᠦᠯᠳᠡ ᠶ᠋ᠢ ᠪᠠᠷᠢᠭᠰᠠᠨ ᠮᠣᠷᠢᠲᠠᠨ ᠶᠠᠪᠤᠬᠤ ᠠᠵᠢ᠃ ᠬᠠᠷᠢᠨ ᠳᠠᠪ ᠲᠩᠷᠢ ᠨᠠᠢ᠍ᠮᠠᠨ ᠠᠢᠮᠠᠭ ᠠ᠋ᠴᠠ ᠬᠤᠳᠠᠯᠳᠤᠵᠤ ᠠᠪᠤᠭᠰᠠᠨ ᠨᠤᠮᠤ ᠲᠠᠢ ᠬᠥᠩᠭᠡᠨ ᠲᠡᠷᠭᠡᠨ ᠳ᠋ᠦ᠍ ᠵᠠᠯᠠᠷᠠᠵᠤ ᠶᠠᠪᠤᠯ᠎ᠠ᠃ ᠠᠷᠪᠠᠭᠠᠳ ᠵᠢᠯ ᠬᠥᠯ ᠲᠠᠯᠪᠢᠭ᠎ᠠ ᠦᠭᠡᠢ ᠤᠨᠠᠭᠰᠠᠨ ᠭᠠᠵᠠᠷ ᠤᠬᠢᠶᠠᠭᠰᠠᠨ ᠤᠰᠤᠨ ᠳ᠋ᠠᠭᠠᠨ ᠣᠴᠢᠬᠤ ᠨᠢ ᠳᠠᠪ ᠲᠡᠭᠷᠢ ᠳ᠋ᠦ᠍ ᠬᠦᠰᠡᠯᠡᠩ ᠲᠡᠢ ᠰᠠᠢᠬᠠᠨ ᠰᠠᠨᠠᠭᠳᠠᠨ᠎ᠠ᠃ ᠲᠥᠬᠥᠷ ᠦ᠋ᠨ ᠴᠢᠯᠠᠭᠤ ᠰᠢᠭ᠋ ᠬᠠᠮᠢᠭ᠎ᠠ ᠣᠴᠢᠭᠰᠠᠨ ᠨᠢ ᠦᠯᠦ ᠮᠡᠳᠡᠭᠳᠡᠬᠦ ᠲᠡᠮᠦᠵᠢᠨ ᠢ᠋ ᠪᠠᠯᠠᠷ ᠶᠡᠬᠡ ᠣᠢ ᠬᠥᠪᠴᠢ᠂ ᠠᠭᠤᠯᠠᠰ ᠤ᠋ᠨ ᠳᠤᠮᠳᠠ ᠠ᠋ᠴᠠ ᠣᠯᠤᠨ᠎ᠠ ᠭᠡᠳᠡᠭ ᠲᠡᠭᠡᠨ ᠳᠠᠪ ᠲᠡᠭᠷᠢ ᠣᠭᠲᠣᠬᠠᠨ ᠴᠤ᠌ ᠡᠷᠡᠭᠡᠯᠵᠡᠬᠦ ᠦᠭᠡᠢ ᠪᠠᠢᠪᠠ᠃ ᠤᠴᠢᠷ ᠨᠢ ᠣᠳᠣ ᠲᠡᠭᠦᠨ ᠦ᠌ ᠡᠪᠦᠷ ᠲᠦ᠍ ᠶᠠᠪᠤᠭ᠎ᠠ ᠬᠦᠷᠡᠯ ᠰᠠᠬᠢᠭᠤᠰᠤ ᠨᠢ ᠲᠡᠮᠦᠵᠢᠨ ᠦ᠌ ᠪᠠᠢᠭ᠎ᠠ ᠭᠠᠵᠠᠷ ᠣᠢᠷᠠᠲᠤᠬᠤ ᠪᠦᠷᠢ ᠬᠠᠯᠠᠭᠤᠨ ᠣᠷᠬᠢᠬᠤ ᠶᠣᠰᠣᠲᠠᠢ ᠶᠤᠮ᠃ ᠲᠡᠭᠦᠨ ᠦ᠌ ᠮᠡᠷᠭᠡᠨ ᠳ᠋ᠦ᠍ ᠲᠡᠮᠦᠵᠢᠨ ᠦ᠌ ᠪᠠᠢᠭ᠎ᠠ ᠭᠠᠵᠠᠷ ᠪᠠᠷᠤᠭ ᠲᠣᠳᠣᠷᠬᠠᠢ ᠪᠠᠭᠤᠭᠰᠠᠨ ᠪᠢᠯᠡ᠃ ᠭᠡᠪᠡᠴᠦ ᠡᠭᠦᠨ ᠢ᠋ ᠪᠡᠨ ᠲᠡᠷᠡ ᠬᠡᠨ ᠳ᠋ᠦ᠍ ᠴᠦ᠍ ᠬᠡᠯᠡᠭᠰᠡᠨ ᠦᠭᠡᠢ᠃ ᠨᠠᠮᠤᠷ ᠤ᠋ᠨ ᠨᠠᠷᠠ ᠵᠢᠭᠳᠡᠷᠡᠵᠦ ᠨᠠᠯᠠᠢᠭᠠᠳ ᠵᠠᠮ ᠵᠠᠭᠤᠷ᠎ᠠ ᠲᠠᠭᠠᠷᠠᠬᠤ ᠠᠢᠯ ᠠᠮᠢᠲᠠᠨ ᠲᠠᠢᠪᠤᠩ ᠨᠠᠯᠠᠭᠠᠷ ᠦᠵᠡᠭᠳᠡᠬᠦ ᠨᠢ ᠡᠨᠡ ᠭᠠᠵᠠᠷ ᠲᠤ᠌ ᠶᠡᠷᠦ ᠬᠠᠬᠢᠷ ᠡᠪᠦᠯ ᠪᠣᠯᠤᠭᠠᠳ ᠲᠡᠢᠨ ᠳᠣᠯᠣᠭᠠᠨ ᠪᠣᠯᠳᠠᠭ ᠦᠭᠡᠢ ᠮᠡᠲᠦ ᠠᠵᠢ᠃ ᠣᠳᠣ ᠨᠢᠳᠦᠨ ᠦ᠌ ᠡᠮᠦᠨ᠎ᠡ ᠬᠠᠷᠠᠭᠳᠠᠵᠤ ᠪᠣᠢ ᠣᠯᠵᠠ ᠭᠣᠣᠯ ᠤ᠋ᠨ ᠥᠷᠭᠡᠨ ᠳᠡᠨᠵᠢ ᠪᠡᠷ ᠳᠣᠯᠣᠭᠠᠨ ᠵᠢᠯ ᠦ᠋ᠨ ᠡᠮᠦᠨ᠎ᠡ ᠰᠥᠨᠢ ᠳᠦᠯᠢ ᠪᠡᠷ ᠨᠡᠭᠦᠵᠦ ᠶᠠᠪᠤᠭᠰᠠᠨ ᠢ᠋ᠶ᠋ᠠᠨ ᠰᠠᠨᠠᠯ᠎ᠠ᠃ ᠲᠡᠭᠡᠬᠦ ᠳ᠋ᠦ᠍ ᠳᠠᠪ ᠲᠡᠭᠷᠢ ᠶᠢᠰᠦᠨ ᠨᠠᠰᠤᠲᠠᠢ᠂ ᠰᠦᠨᠡᠰᠦ ᠰᠡᠭᠦᠳᠡᠷ ᠬᠣᠶᠠᠷ ᠢ᠋ ᠢᠯᠭᠠᠵᠤ ᠮᠡᠳᠡᠬᠦ ᠦᠭᠡᠢ᠂ ᠬᠥᠮᠦᠨ ᠪᠣᠯᠭᠠᠨ ᠳ᠋ᠤ᠌ ᠳᠣᠣᠷᠠᠲᠤ ᠦᠵᠡᠭᠳᠡᠭᠰᠡᠨ ᠶᠠᠳᠠᠭᠤ ᠠᠮᠢᠲᠠᠨ ᠪᠠᠢᠭᠰᠠᠨ ᠪᠣᠯ ᠣᠳᠣ ᠲᠡᠷᠡ ᠠᠷᠪᠠᠨ ᠳᠣᠯᠣᠭᠠᠨ ᠨᠠᠰᠤ ᠬᠦᠷᠴᠦ᠂ ᠠᠢᠯ ᠠᠢᠮᠠᠭ ᠲᠤ᠌ ᠨᠡᠷ᠎ᠡ ᠨᠢ ᠲᠦᠭᠡᠭᠰᠡᠨ ᠪᠥᠬᠡ ᠪᠣᠯᠤᠭᠰᠠᠨ ᠪᠠᠢᠯ᠎ᠠ᠃ ᠤᠬᠠᠭᠠᠨ ᠣᠷᠣᠭᠰᠠᠨ ᠴᠠᠭ ᠠ᠋ᠴᠠ ᠦᠷᠦ ᠡᠪᠡᠳᠴᠦ ᠲᠤᠰᠠᠯᠠᠵᠤ᠂ ᠥᠮᠥᠭᠡᠷᠡᠵᠦ ᠬᠠᠮᠠᠭᠠᠯᠠᠵᠤ ᠶᠠᠪᠤᠭᠰᠠᠨ ᠭᠠᠭᠴᠠ ᠨᠥᠬᠥᠷ ᠲᠡᠮᠦᠵᠢᠨ ᠡᠴᠡ ᠬᠠᠭᠠᠴᠠᠬᠤ ᠰᠢᠭ᠋ ᠭᠠᠰᠢᠭᠤᠨ ᠵᠣᠪᠠᠯᠠᠩ ᠢ᠋ ᠬᠥᠭᠡᠴᠦ ᠬᠡᠵᠢᠶ᠎ᠡ ᠴᠦ᠍ ᠠᠮᠰᠠᠵᠤ ᠡᠳ᠋ᠯᠡᠭᠡ ᠦᠭᠡᠢ ᠲᠤᠯᠠ ᠨᠡᠭᠦᠳᠡᠯ ᠦ᠋ᠨ ᠵᠠᠮ ᠳ᠋ᠤ᠌ ᠨᠢᠳᠦ ᠪᠡᠨ ᠪᠥᠯᠴᠡᠢᠳᠡᠯᠡ ᠤᠬᠢᠯᠠᠵᠤ ᠡᠭᠦᠨ ᠡᠴᠡ ᠪᠣᠯᠵᠤ ᠮᠡᠩᠯᠢᠭ ᠡᠴᠢᠭᠡ ᠳ᠋ᠡᠭᠡᠨ ᠤᠷᠭ᠎ᠠ ᠶ᠋ᠢᠨ ᠬᠤᠢᠪᠢ ᠪᠠᠷ ᠲᠠᠰᠤ ᠰᠢᠪᠬᠠᠭᠤᠷᠳᠠᠭᠤᠯᠵᠤ ᠳᠠᠪᠬᠤᠷ ᠵᠣᠪᠠᠯᠠᠩ ᠡᠳ᠋ᠯᠡᠭᠰᠡᠨ ᠪᠢᠯᠡ᠃ ᠨᠡᠭᠦᠳᠡᠯ ᠦ᠋ᠨ ᠬᠣᠢᠨ᠎ᠠ ᠠ᠋ᠴᠠ ᠬᠣᠨᠢ ᠪᠠᠨ ᠲᠠᠭᠤᠵᠤ ᠨᠢᠯᠪᠤᠰᠤ ᠤᠷᠤᠰᠬᠠᠨ ᠭᠡᠯᠳᠦᠷᠢᠭᠦᠯᠵᠦ ᠶᠠᠪᠤᠬᠤ ᠳ᠋ᠠᠭᠠᠨ ᠰᠡᠳᠬᠢᠯ ᠦ᠋ᠨ ᠳᠣᠲᠣᠷ᠎ᠠ ᠬᠠᠮᠤᠭ ᠠ᠋ᠴᠠ ᠳᠣᠲᠣᠨᠣ ᠭᠠᠭᠴᠠ ᠬᠥᠮᠦᠨ ᠨᠢ ᠲᠡᠮᠦᠵᠢᠨ ᠪᠣᠯᠬᠤ ᠶ᠋ᠢ ᠣᠢᠯᠠᠭᠠᠵᠠᠢ᠃ ᠬᠠᠷ᠎ᠠ ᠡᠯᠢᠭᠡ ᠶ᠋ᠢᠨ ᠲᠡᠭᠦᠨ ᠢ᠋ ᠶᠠᠭᠠᠬᠢᠭᠠᠳ ᠲᠡᠭᠡᠵᠦ ᠰᠠᠨᠠᠬᠤ ᠪᠣᠯᠤᠭᠰᠠᠨ ᠢ᠋ᠶ᠋ᠠᠨ ᠲᠡᠷᠡ ᠦᠶ᠎ᠡ ᠳ᠋ᠦ᠍ ᠮᠡᠳᠡᠭᠡ ᠦᠭᠡᠢ ᠴᠦ᠍ ᠣᠳᠣ ᠲᠡᠷᠡ ᠬᠣᠶᠠᠷ ᠲᠡᠭᠷᠢ ᠶ᠋ᠢᠨ ᠵᠠᠷᠯᠢᠭ ᠢ᠋ᠶ᠋ᠠᠷ ᠤᠴᠠᠷᠠᠭᠰᠠᠨ ᠨᠥᠬᠥᠳ ᠪᠣᠯᠬᠤ ᠶ᠋ᠢ ᠮᠡᠳᠡᠵᠦ ᠠᠪᠴᠠᠢ᠃ ᠬᠠᠷᠢᠨ ᠤᠷᠭ᠎ᠠ ᠶ᠋ᠢᠨ ᠬᠤᠢᠪᠢ ᠪᠠᠷ ᠣᠷᠢᠶᠠᠯᠭᠠᠭᠤᠯᠤᠬᠰᠠᠨ ᠤ᠋ ᠤᠯᠠᠭᠠᠨ ᠭᠦᠪᠳᠦᠷᠦᠦ ᠶ᠋ᠢ ᠰᠢᠯᠦᠰᠦ ᠪᠡᠨ ᠳᠦᠷᠭᠢᠭᠰᠡᠭᠡᠷ ᠲᠡᠷᠡ ᠳᠣᠣᠷ᠎ᠠ ᠨᠢ ᠡᠳᠡᠭᠡᠭᠡᠳ ᠥᠪᠡᠷ ᠢ᠋ᠶ᠋ᠡᠨ ᠴᠦ᠍ ᠶᠡᠬᠡᠳᠡ ᠭᠠᠢᠬᠠᠵᠠᠢ᠃ ᠵᠤᠯᠵᠠᠭᠠᠨ ᠮᠣᠭᠠᠢ ᠶ᠋ᠢᠨ ᠳᠠᠢᠲᠠᠢ ᠲᠡᠷᠡ ᠤᠯᠠᠭᠠᠨ ᠭᠦᠪᠳᠦᠷᠦᠦ ᠬᠠᠷᠠᠭᠰᠠᠭᠠᠷ ᠪᠠᠢᠲᠠᠯ᠎ᠠ ᠠᠯᠠᠭ᠎ᠠ ᠪᠣᠯᠬᠤ ᠶ᠋ᠢ ᠠᠬ᠎ᠠ ᠳᠡᠭᠦᠦ ᠨᠠᠷ ᠨᠢ ᠬᠠᠷᠠᠵᠤ ᠡᠴᠢᠭᠡ ᠳ᠋ᠡᠭᠡᠨ ᠬᠣᠪᠯᠠᠵᠠᠢ᠃ ᠨᠠᠭᠠᠰᠢ ᠨᠡᠭᠦᠬᠦ ᠳ᠋ᠦ᠍ ᠥᠭᠡᠯᠦᠨ ᠬᠥᠮᠦᠨ ᠦ᠌ ᠤᠷᠮᠠᠨ ᠳ᠋ᠤ᠌ ᠲᠣᠭᠣᠵᠤ ᠦᠳᠡᠵᠦ ᠥᠭᠭᠦᠭᠡ ᠦᠭᠡᠢ ᠳ᠋ᠦ᠍ ᠠᠭᠤᠷᠯᠠᠨ ᠬᠣᠷᠣᠰᠤᠭᠰᠠᠭᠠᠷ ᠶᠠᠪᠤᠭᠰᠠᠨ ᠮᠡᠩᠯᠢᠭ ᠬᠡᠦᠬᠡᠳ ᠦ᠋ᠳ ᠦ᠋ᠨ ᠡᠨᠡ ᠦᠭᠡ ᠶ᠋ᠢ ᠠᠩᠵᠠᠭᠠᠷᠠᠵᠤ ᠰᠣᠨᠣᠰᠤᠭᠰᠠᠨ ᠦᠭᠡᠢ᠃ ᠬᠠᠷᠢᠨ ᠡᠵᠢ ᠨᠢ ᠶᠠᠳᠠᠭᠤ ᠳᠣᠷᠣᠢ᠂ ᠰᠡᠳᠬᠢᠯ ᠦ᠋ᠨ ᠡᠪᠡᠳᠴᠢᠨ ᠲᠡᠢ ᠬᠥᠭᠡᠴᠦ ᠬᠥᠪᠡᠭᠦᠨ ᠢ᠋ᠶ᠋ᠡᠨ ᠬᠠᠢᠷᠠᠯᠠᠨ ᠦᠷᠭᠦᠯᠵᠢ ᠥᠮᠥᠭᠡᠷᠡᠨ ᠬᠠᠮᠠᠭᠠᠯᠠᠬᠤ ᠲᠤᠯᠠ ᠮᠡᠩᠯᠢᠭ ᠦ᠋ᠨ ᠬᠠᠷᠠᠴᠠ ᠠ᠋ᠴᠠ ᠨᠢᠭᠤᠨ ᠬᠥᠯᠥᠰᠥ᠂ ᠨᠢᠯᠪᠤᠰᠤ ᠲᠠᠢ ᠬᠠᠴᠠᠷ ᠢ᠋ ᠨᠢ ᠦᠨᠦᠰᠴᠡᠢ᠃ ᠡᠵᠢ ᠶ᠋ᠢ ᠪᠡᠨ ᠡᠢᠨ ᠬᠠᠢᠷᠠᠯᠠᠬᠤ ᠳ᠋ᠤ᠌ ᠬᠥᠭᠡᠴᠦ ᠲᠡᠢᠮᠦ ᠴᠦ᠍ ᠳᠤᠷᠠᠲᠠᠢ ᠪᠠᠢᠭᠰᠠᠨ ᠦᠭᠡᠢ᠃ ᠤᠴᠢᠷ ᠨᠢ ᠢᠩᠭᠢᠵᠦ ᠦᠷᠦ ᠡᠪᠡᠳᠬᠦ ᠨᠢ ᠲᠡᠭᠦᠨ ᠢ᠋ ᠠᠬ᠎ᠠ ᠳᠡᠭᠦᠦ ᠨᠠᠷ ᠤ᠋ᠨ ᠳᠡᠷᠭᠡᠳᠡ ᠳᠣᠣᠷᠠᠲᠤ ᠶᠠᠳᠠᠭᠤ ᠠᠮᠢᠲᠠᠨ ᠮᠡᠲᠦ ᠦᠵᠡᠭᠰᠡᠨ ᠬᠡᠷᠡᠭ ᠭᠡᠵᠦ ᠦᠵᠡᠳᠡᠭ ᠪᠠᠢᠵᠠᠢ᠃ ᠲᠡᠢᠮᠦ ᠤᠴᠢᠷ ᠠ᠋ᠴᠠ ᠡᠵᠢ ᠶ᠋ᠢ ᠪᠡᠨ ᠬᠠᠢᠷᠠᠯᠠᠬᠤ ᠪᠦᠷᠢ ᠳᠠᠷᠤᠢ ᠵᠠᠢᠯᠠᠨ ᠬᠣᠯᠠᠳᠠᠳᠠᠭ ᠪᠢᠯᠡ᠃ ᠬᠥᠭᠡᠴᠦ ᠬᠥᠪᠡᠭᠦᠨ ᠢ᠋ᠶ᠋ᠡᠨ ᠢᠩᠭᠢᠵᠦ ᠤᠬᠠᠭᠠᠨ ᠰᠠᠮᠠᠭᠤᠨ ᠲᠠᠢ ᠪᠣᠯᠤᠭᠰᠠᠨ ᠳ᠋ᠤ᠌ ᠡᠵᠢ ᠨᠢ ᠥᠪᠡᠷ ᠢ᠋ ᠪᠡᠨ ᠪᠤᠷᠤᠭᠤᠳᠬᠠᠨ ᠪᠣᠳᠣᠳᠠᠭ ᠢ᠋ ᠬᠥᠭᠡᠴᠦ ᠦᠯᠦ ᠳᠠᠭᠠᠪᠤᠷᠢᠯᠠᠨᠠ᠃ ᠬᠥᠭᠡᠴᠦ ᠶ᠋ᠢ ᠭᠡᠳᠡᠰᠦᠨ ᠳ᠋ᠦ᠍ ᠣᠯᠳᠠᠭᠰᠠᠨ ᠠ᠋ᠴᠠ ᠬᠣᠢᠰᠢ ᠤᠳᠠᠭ᠎ᠠ ᠦᠭᠡᠢ ᠪᠠᠢᠲᠠᠯ᠎ᠠ ᠮᠡᠩᠯᠢᠭ᠂ ᠶᠢᠰᠦᠭᠡᠢ ᠡᠵᠡᠨ ᠢ᠋ᠶ᠋ᠡᠨ ᠳ᠋ᠡᠭᠡᠨ ᠬᠡᠷᠡᠢᠳ ᠠᠢᠮᠠᠭ ᠤ᠋ᠨ ᠲᠣᠭᠣᠷᠢᠯ ᠬᠠᠨ ᠳ᠋ᠤ᠌ ᠣᠴᠢᠭᠠᠳ ᠵᠢᠯ ᠪᠣᠯᠵᠠᠢ᠃ ᠡᠨᠡ ᠬᠤᠭᠤᠴᠠᠭᠠᠨ ᠳ᠋ᠤ᠌ ᠵᠠᠯᠠᠭᠤ ᠴᠠᠭ ᠲᠠᠭᠠᠨ ᠰᠡᠳᠬᠢᠯ ᠠᠯᠳᠠᠷᠠᠵᠤ ᠶᠠᠪᠤᠭᠰᠠᠨ ᠨᠢᠭᠡ ᠠᠢᠮᠠᠭ ᠤ᠋ᠨ ᠡᠷ᠎ᠡ ᠲᠠᠲᠠᠵᠤ ᠴᠢᠩᠭᠠᠭᠠᠨ ᠰᠡᠷᠲᠡᠩᠲᠦᠬᠦ ᠪᠣᠯᠤᠭᠰᠠᠨ ᠳ᠋ᠤ᠌ ᠪᠦᠰᠡᠭᠦᠢ ᠳᠠᠰᠤᠯ ᠦᠭᠡᠢ ᠲᠡᠭᠦᠨ ᠳ᠋ᠦ᠍ ᠪᠡᠶ᠎ᠡ ᠪᠡᠨ ᠡᠵᠡᠮᠳᠡᠭᠦᠯᠵᠡᠢ᠃ ᠭᠡᠲᠡᠯ᠎ᠡ ᠰᠡᠳᠬᠢᠯ ᠳ᠋ᠦ᠍ ᠳᠣᠲᠣᠨᠣ ᠲᠡᠷᠡ ᠡᠷ᠎ᠡ ᠨᠢ ᠡᠮ᠎ᠡ ᠶ᠋ᠢ ᠡᠳ᠋ᠯᠡᠬᠦ ᠳ᠋ᠡᠭᠡᠨ ᠶᠣᠰᠣᠲᠠᠢ ᠨᠡᠷ᠎ᠡ ᠡᠴᠡ ᠨᠠᠭᠠᠰᠢ ᠦᠭᠡᠢ ᠦᠵᠡᠵᠦ ᠭᠤᠲᠤᠷᠠᠵᠠᠢ᠃ ᠠᠪᠠᠯᠢ ᠡᠷ᠎ᠡ ᠮᠡᠩᠯᠢᠭ ᠨᠢ ᠭᠠᠢᠬᠠᠮᠰᠢᠭᠲᠠᠢ ᠴᠢᠯᠬ᠎ᠠ ᠲᠠᠢ ᠡᠷ᠎ᠡ ᠪᠣᠯᠬᠤ ᠶ᠋ᠢ ᠰᠠᠶᠢ ᠯᠠ ᠨᠢᠭᠡ ᠣᠢᠯᠠᠭᠠᠵᠠᠢ᠃ ᠮᠡᠩᠯᠢᠭ ᠡᠬᠡᠨᠡᠷ ᠢ᠋ᠶ᠋ᠡᠨ ᠪᠡᠶ᠎ᠡ ᠰᠢᠯᠲᠠᠭ ᠦᠭᠡᠢ ᠪᠣᠯ ᠰᠥᠨᠢ ᠠᠯᠭᠠᠰᠠᠬᠤ ᠦᠭᠡᠢ ᠡᠳ᠋ᠯᠡᠵᠦ᠂ ᠡᠳ᠋ᠯᠡᠬᠦ ᠳ᠋ᠡᠭᠡᠨ ᠡᠮ᠎ᠡ ᠪᠡᠶ᠎ᠡ ᠶ᠋ᠢ ᠨᠢ ᠡᠴᠡᠵᠦ ᠴᠤᠴᠠᠲᠠᠯ᠎ᠠ ᠡᠷᠬᠡᠲᠡᠨ ᠢ᠋ᠶ᠋ᠡᠨ ᠰᠠᠯᠭᠠᠬᠤ ᠦᠭᠡᠢ ᠦᠷ ᠴᠠᠢᠯᠭᠠᠬᠤ ᠪᠢᠯᠡ᠃ ᠦᠨᠡᠬᠡᠷ ᠮᠡᠩᠯᠢᠭ ᠦ᠋ᠨ ᠡᠮ᠎ᠡ᠂ ᠡᠷ᠎ᠡ ᠳ᠋ᠡᠭᠡᠨ ᠡᠳ᠋ᠯᠡᠭᠦᠯᠵᠦ᠂ ᠲᠡᠭᠦᠨ ᠳ᠋ᠦ᠍ ᠬᠥᠪᠡᠭᠦᠨ ᠲᠥᠷᠥᠭᠦᠯᠵᠦ ᠥᠭᠬᠦ ᠡᠴᠡ ᠥᠭᠡᠷ᠎ᠡ ᠶ᠋ᠢ ᠬᠢᠳᠡᠭ ᠦᠭᠡᠢ ᠪᠠᠢᠪᠠ᠃ ᠨᠢᠭᠡᠨᠲᠡ ᠳᠤᠷ᠎ᠠ ᠲᠠᠴᠢᠶᠠᠯ ᠢ᠋ ᠨᠢ ᠡᠷ᠎ᠡ ᠨᠥᠬᠥᠷ ᠦ᠋ᠨ ᠬᠢᠨᠢ ᠠᠳᠠᠯᠢ ᠬᠠᠩᠭᠠᠵᠤ ᠴᠢᠳᠠᠭ᠎ᠠ ᠦᠭᠡᠢ ᠶᠠᠳᠠᠷᠠᠭᠤ ᠳᠣᠷᠣᠢ ᠡᠷ᠎ᠡ ᠶ᠋ᠢ ᠬᠥᠭᠡᠭᠡᠨ ᠶᠠᠪᠤᠭᠤᠯᠤᠭᠰᠠᠨ ᠠ᠋ᠴᠠ ᠥᠨᠥᠬᠢ ᠨᠢ ᠶᠡᠬᠡᠳᠡ ᠬᠣᠷᠣᠰᠤᠨ ᠬᠠᠷᠢᠶᠠᠬᠤ ᠪᠣᠯᠵᠠᠢ᠃ ᠭᠡᠲᠡᠯ᠎ᠡ ᠲᠡᠷᠡ ᠡᠷ᠎ᠡ ᠪᠣᠭᠣᠨᠢ ᠨᠠᠰᠤᠲᠠᠢ ᠮᠠᠭᠤ ᠦᠢᠯᠡ ᠲᠡᠢ ᠨᠢᠭᠡᠨ ᠪᠠᠢᠭᠰᠠᠨ ᠪᠣᠯᠤᠯᠲᠠᠢ ᠬᠥᠭᠡᠴᠦ ᠶ᠋ᠢ ᠮᠡᠨᠳᠦᠯᠡᠭᠰᠡᠨ ᠦ᠌ ᠳᠠᠷᠠᠭ᠎ᠠ ᠰᠥᠨᠢ ᠭᠠᠯᠵᠠᠭᠤᠷᠠᠵᠤ ᠦᠬᠦᠵᠡᠢ᠃ ᠬᠠᠷᠢᠨ ᠰᠡᠭᠦᠯ ᠳ᠋ᠦ᠍ ᠬᠥᠭᠡᠴᠦ ᠬᠥᠪᠡᠭᠦᠨ ᠢ᠋ᠶ᠋ᠡᠨ ᠤᠬᠠᠭᠠᠨ ᠰᠠᠮᠠᠭᠤᠨ ᠲᠠᠢ ᠶ᠋ᠢ ᠮᠡᠳᠡᠭᠡᠳ ᠥᠨᠥ ᠵᠠᠶᠠᠭ᠎ᠠ ᠮᠠᠭᠤᠲᠤ ᠡᠷ᠎ᠡ ᠶ᠋ᠢᠨ ᠮᠠᠭᠤ ᠬᠠᠷᠢᠶᠠᠯ᠂ ᠬᠣᠣᠷᠯᠠᠯ ᠠ᠋ᠴᠠ ᠡᠢᠮᠦ ᠪᠣᠯᠪᠠ ᠭᠡᠵᠦ ᠰᠡᠵᠢᠭᠯᠡᠨ ᠲᠡᠭᠦᠨ ᠳ᠋ᠦ᠍ ᠪᠡᠶ᠎ᠡ ᠳᠠᠪᠬᠤᠷ ᠦᠶ᠎ᠡ ᠳ᠋ᠡᠭᠡᠨ ᠱᠠᠯᠢᠭᠯᠠᠨ ᠡᠳ᠋ᠯᠡᠭᠦᠯᠦᠭᠰᠡᠨ ᠳ᠋ᠡᠭᠡᠨ ᠬᠠᠷᠠᠮᠰᠠᠭᠠᠳ ᠴᠤ᠌ ᠪᠠᠷᠠᠬᠤ ᠦᠭᠡᠢ ᠪᠣᠯᠵᠠᠢ᠃ ᠬᠥᠭᠡᠴᠦ ᠬᠥᠪᠡᠭᠦᠨ ᠢ᠋ᠶ᠋ᠡᠨ ᠥᠪᠡᠷ ᠦ᠋ᠨ ᠱᠠᠯᠢᠭ ᠵᠠᠩ ᠠ᠋ᠴᠠ ᠪᠣᠯᠵᠤ ᠶᠣᠰᠣ ᠦᠭᠡᠢ ᠡᠷ᠎ᠡ ᠶ᠋ᠢᠨ ᠲᠣᠴᠢᠭᠤᠨ ᠳ᠋ᠤ᠌ ᠪᠤᠵᠠᠷᠲᠤᠭᠰᠠᠨ ᠭᠡᠵᠦ ᠪᠣᠳᠣᠬᠤ ᠲᠤᠯᠠ ᠲᠠᠭᠠᠷᠠᠯᠳᠤᠭᠰᠠᠨ ᠪᠥᠬᠡ ᠪᠦᠷᠢ ᠡᠴᠡ ᠠᠪᠤᠷᠠᠯ ᠵᠠᠰᠠᠯ ᠬᠢᠯᠭᠡᠭᠰᠡᠨ ᠪᠣᠯᠪᠠᠴᠤ ᠬᠥᠪᠡᠭᠦᠨ ᠨᠢ ᠢᠯᠠᠷᠢᠰᠢᠨ ᠡᠳᠡᠭᠡᠷᠡᠭᠰᠡᠨ ᠦᠭᠡᠢ ᠳ᠋ᠦ᠍ ᠤᠯᠠᠮ ᠴᠤ᠌ ᠰᠢᠨᠠᠯᠤᠨ ᠵᠣᠪᠠᠬᠤ ᠪᠥᠯᠥᠭᠡ᠃ ᠬᠥᠭᠡᠴᠦ ᠡᠬᠡ ᠶ᠋ᠢᠨ ᠢ᠋ᠶ᠋ᠡᠨ ᠰᠢᠨᠠᠯᠤᠯ ᠢ᠋ ᠮᠡᠳᠡᠷᠡᠳᠡᠭ ᠪᠥᠭᠡᠳ ᠴᠠᠭᠠᠳᠤ ᠨᠠᠷᠢᠨ ᠤᠴᠢᠷ ᠢ᠋ ᠲᠠᠭᠠᠮᠠᠭᠯᠠᠳᠠᠭ ᠦᠭᠡᠢ ᠴᠦ᠍ ᠶᠡᠬᠡᠳᠡ ᠦᠷᠦ ᠡᠪᠡᠳᠬᠦ ᠠᠵᠢ᠃ ᠬᠠᠷᠢᠨ ᠥᠨᠥᠬᠢ ᠡᠷ᠎ᠡ ᠡᠬᠡ ᠶ᠋ᠢᠨ ᠬᠡᠪᠡᠯᠢ ᠳ᠋ᠦ᠍ ᠪᠠᠢᠭᠰᠠᠨ ᠬᠥᠭᠡᠴᠦ ᠶ᠋ᠢᠨ ᠢᠳᠢ ᠰᠢᠳᠢ ᠶ᠋ᠢᠨ ᠬᠦᠴᠦᠨ ᠳ᠋ᠦ᠍ ᠬᠣᠣᠷᠯᠠᠭᠳᠠᠨ ᠦᠬᠦᠭᠰᠡᠨ ᠢ᠋ ᠬᠡᠨ ᠴᠦ᠍ ᠮᠡᠳᠡᠬᠦ ᠦᠭᠡᠢ ᠪᠢᠯᠡ᠃
ᠡᠨᠡ ᠮᠡᠲᠦ ᠬᠠᠭᠤᠴᠢᠨ ᠴᠠᠭ ᠤ᠋ᠨ ᠳᠤᠷᠠᠳᠬᠠᠯ ᠳ᠋ᠤ᠌ ᠠᠪᠲᠠᠨ ᠰᠡᠳᠬᠢᠯ ᠬᠥᠳᠡᠯᠦᠭᠰᠡᠨ ᠳᠠᠪ ᠲᠩᠷᠢ ᠨᠢᠭᠡ ᠨᠢᠳᠦ ᠪᠡᠷ ᠤᠷᠲᠤ ᠵᠠᠮ ᠢ᠋ᠶ᠋ᠠᠨ᠂ ᠨᠥᠭᠦᠭᠡ ᠨᠢᠳᠦ ᠪᠡᠷ ᠬᠠᠵᠠᠭᠤ ᠪᠠᠷ ᠥᠩᠭᠡᠷᠡᠬᠦ ᠦᠵᠡᠰᠬᠦᠯᠡᠩᠲᠦ ᠨᠤᠲᠤᠭ ᠢ᠋ ᠬᠠᠷᠠᠵᠤ ᠶᠠᠪᠤᠯ᠎ᠠ᠃ ᠠᠯᠤᠰ ᠲᠤ᠌ ᠪᠤᠷᠬᠠᠨ ᠬᠠᠯᠳᠤᠨ ᠰᠡᠭᠦᠳᠡᠷᠲᠡᠨ ᠰᠦᠭᠯᠡᠢᠵᠦ᠂ ᠲᠡᠷᠡ ᠵᠦᠭ ᠡᠴᠡ ᠤᠷᠢᠨ ᠬᠣᠩᠭᠣᠷ ᠰᠠᠯᠬᠢ ᠰᠠᠮ ᠰᠠᠮ ᠦᠯᠢᠶᠡᠬᠦ ᠨᠢ ᠪᠤᠰᠢᠭᠤᠯᠠ ᠪᠤᠰᠢᠭᠤᠯᠠ ᠭᠡᠵᠦ ᠳᠠᠭᠤᠳᠠᠬᠤ ᠰᠢᠭ᠋ ᠰᠣᠨᠣᠰᠳᠠᠨ᠎ᠠ᠃ ᠲᠠᠢᠴᠢᠭᠤᠳ ᠤ᠋ᠨ ᠨᠤᠲᠤᠭ ᠲᠤ᠌ ᠶᠠᠪᠤᠭ᠎ᠠ ᠲᠤᠯᠠ ᠠᠶᠤᠵᠤ ᠢᠴᠢᠬᠦ ᠵᠦᠢᠯ ᠦᠭᠡᠢ ᠶᠦᠮ᠃ ᠲᠡᠭᠡᠭᠡᠳ ᠴᠦ᠍ ᠪᠠᠰᠠ ᠬᠣᠷᠢᠭᠠᠳ ᠢᠳᠡᠷ ᠵᠠᠯᠠᠭᠤᠰ ᠵᠡᠪᠰᠡᠭ ᠠᠭᠰᠠᠨ ᠳᠠᠭᠠᠵᠤ ᠶᠠᠪᠤᠭ᠎ᠠ ᠶ᠋ᠢ ᠬᠡᠯᠡᠬᠦ ᠤᠤ᠃ ᠭᠡᠪᠡᠴᠦ ᠴᠣᠪᠣᠭᠠᠨ ᠤ᠋ ᠮᠠᠩᠯᠠᠢ ᠳ᠋ᠤ᠌ ᠵᠠᠯᠠᠷᠠᠵᠤ ᠶᠠᠪᠤᠭ᠎ᠠ ᠬᠠᠷ᠎ᠠ ᠰᠦᠯᠳᠡ ᠨᠢ ᠲᠡᠭᠦᠨ ᠢ᠋ ᠠᠶᠤᠯ ᠪᠦᠬᠦᠨ ᠡᠴᠡ ᠬᠠᠮᠠᠭᠠᠯᠠᠨ᠎ᠠ ᠭᠡᠳᠡᠭ ᠲᠦ᠍ ᠢᠲᠡᠭᠡᠯᠲᠡᠢ ᠪᠠᠢᠬᠤ ᠲᠤᠯᠠ ᠰᠡᠳᠬᠢᠯ ᠳ᠋ᠦ᠍ ᠶᠡᠷᠦ ᠮᠠᠭᠤ ᠪᠣᠳᠣᠯ ᠲᠥᠷᠥᠭᠰᠡᠨ ᠦᠭᠡᠢ᠃ ᠤᠴᠢᠷ ᠨᠢ ᠡᠢᠮᠦ ᠬᠠᠷ᠎ᠠ ᠰᠦᠯᠳᠡ ᠶ᠋ᠢ ᠵᠥᠪᠬᠡᠨ ᠪᠥᠬᠡ ᠬᠥᠮᠦᠨ ᠯᠡ ᠬᠡᠷᠡᠭᠯᠡᠬᠦ ᠶ᠋ᠢ ᠲᠠᠯ᠎ᠠ ᠨᠤᠲᠤᠭ ᠳᠠᠶᠠᠭᠠᠷ ᠪᠦᠭᠦᠳᠡᠭᠡᠷ ᠮᠡᠳᠡᠬᠦ ᠪᠢᠯᠡ᠃ ᠲᠩᠷᠢ ᠶ᠋ᠢᠨ ᠢᠪᠡᠭᠡᠯ ᠳ᠋ᠦ᠍ ᠪᠠᠭᠲᠠᠭᠰᠠᠨ ᠪᠥᠬᠡ ᠳ᠋ᠦ᠍ ᠬᠡᠨ ᠴᠦ᠍ ᠵᠣᠷᠢᠭᠯᠠᠨ ᠬᠠᠯᠳᠠᠵᠤ ᠦᠯᠦ ᠵᠢᠷᠦᠬᠡᠯᠡᠨ᠎ᠡ᠃ ᠥᠪᠡᠷ ᠢ᠋ᠶ᠋ᠡᠨ ᠬᠡᠨ ᠡᠴᠡ ᠴᠦ᠍ ᠢᠯᠡᠭᠦᠦ ᠬᠦᠴᠦᠲᠡᠢ ᠭᠡᠳᠡᠭ ᠲᠡᠭᠡᠨ ᠢᠲᠡᠭᠡᠵᠦ ᠪᠠᠷᠳᠠᠮᠨᠠᠬᠤ ᠮᠠᠭᠤ ᠵᠠᠩ ᠠᠯᠢ ᠡᠷᠲᠡ ᠳᠠᠪ ᠲᠩᠷᠢ ᠶ᠋ᠢᠨ ᠰᠡᠳᠬᠢᠯ ᠳ᠋ᠦ᠍ ᠤᠷᠭᠤᠵᠠᠢ᠃ ᠣᠳᠣ ᠡᠨᠡ ᠭᠠᠵᠠᠷ ᠲᠤ᠌ ᠲᠡᠭᠦᠨ ᠲᠡᠢ ᠡᠩ ᠵᠡᠷᠭᠡᠴᠡᠬᠦ ᠬᠦᠴᠦᠨ ᠦᠭᠡᠢ ᠮᠡᠲᠦ ᠳᠠᠪ ᠲᠩᠷᠢ ᠰᠠᠨᠠᠵᠤ ᠶᠠᠪᠤᠯ᠎ᠠ᠃ ᠰᠡᠳᠬᠢᠯ ᠦ᠋ᠨ ᠭᠦᠨ ᠳ᠋ᠦ᠍ ᠤᠷᠭᠤᠭᠰᠠᠨ ᠮᠠᠭᠤ ᠡᠪᠡᠳᠴᠢᠨ ᠬᠥᠭᠡᠴᠦ ᠶ᠋ᠢᠨ ᠵᠠᠩ ᠠᠭᠠᠰᠢ ᠶ᠋ᠢ ᠡᠪᠳᠡᠭᠰᠡᠭᠡᠷ ᠪᠠᠢᠭ᠎ᠠ ᠶ᠋ᠢ ᠲᠡᠷᠡ ᠥᠪᠡᠷ ᠢ᠋ᠶ᠋ᠡᠨ ᠳᠠᠩᠴᠤ ᠮᠡᠳᠡᠬᠦ ᠦᠭᠡᠢ ᠪᠠᠢᠯ᠎ᠠ᠃ ᠪᠠᠷᠳᠠᠮ ᠵᠠᠩ ᠪᠣᠯ ᠬᠥᠮᠦᠨ ᠦ᠌ ᠴᠢᠰᠤ ᠲᠠᠢ ᠬᠠᠮᠲᠤ ᠲᠥᠷᠥᠳᠡᠭ ᠡᠪᠡᠳᠴᠢᠨ ᠶᠦᠮ᠃ ᠠᠭᠠᠵᠤᠷ ᠪᠥᠬᠡ ᠶ᠋ᠢᠨ ᠳᠣᠭᠰᠢᠨ ᠰᠠᠬᠢᠭᠤᠰᠤ ᠶ᠋ᠢ ᠥᠪᠯᠡᠨ ᠠᠪᠤᠭᠰᠠᠨ ᠨᠢ ᠳᠠᠪ ᠲᠩᠷᠢ ᠶ᠋ᠢᠨ ᠢᠳᠢ ᠰᠢᠳᠢ᠂ ᠬᠦᠴᠦ ᠴᠢᠳᠠᠯ ᠲᠠᠢ ᠶ᠋ᠢᠨ ᠬᠢ ᠪᠢᠰᠢ ᠭᠠᠭᠴᠠᠬᠠᠨ ᠵᠠᠮᠤᠬ᠎ᠠ ᠶ᠋ᠢᠨ ᠪᠠᠷᠳᠠᠮ ᠵᠠᠩ ᠠ᠋ᠴᠠ ᠪᠣᠯᠤᠭᠰᠠᠨ ᠪᠢᠯᠡ᠃ ᠵᠠᠮᠤᠬ᠎ᠠ ᠬᠡᠷᠪᠡ ᠪᠠᠷᠳᠠᠮ ᠵᠠᠩ ᠢ᠋ᠶ᠋ᠠᠨ ᠳᠠᠷᠤᠵᠤ ᠥᠪᠡᠷ ᠦ᠋ᠨ ᠳᠡᠷᠭᠡᠳᠡ ᠠᠭᠠᠵᠤᠷ ᠤ᠋ᠨ ᠣᠷᠣ ᠶ᠋ᠢ ᠵᠠᠯᠭᠠᠮᠵᠢᠯᠠᠭᠤᠯᠤᠨ ᠬᠡᠨ ᠨᠢᠭᠡ ᠪᠥᠬᠡ ᠶ᠋ᠢ ᠰᠠᠭᠤᠯᠭᠠᠭᠰᠠᠨ ᠪᠣᠯ ᠪᠦᠬᠦ ᠵᠦᠢᠯ ᠣᠭᠲᠣ ᠥᠭᠡᠷ᠎ᠡ ᠪᠡᠷ ᠡᠷᠭᠢᠬᠦ ᠪᠠᠢᠵᠠᠢ᠃ ᠵᠠᠮᠤᠬ᠎ᠠ ᠶᠠᠳᠠᠵᠤ ᠬᠥᠭᠡᠴᠦ ᠶ᠋ᠢ ᠶᠢᠰᠦᠭᠡᠢ ᠶ᠋ᠢᠨ ᠪᠣᠭᠣᠯ ᠤ᠋ᠨ ᠬᠦᠦ ᠭᠡᠵᠦ ᠦᠯᠦ ᠲᠣᠭᠣᠮᠰᠠᠷᠯᠠᠯ ᠦᠭᠡᠢ ᠡᠷᠭᠦᠮᠵᠢᠯᠡᠭᠰᠡᠨ ᠪᠣᠯ ᠲᠡᠷᠡ ᠥᠪᠡᠷ ᠢ᠋ᠶ᠋ᠡᠨ ᠠᠭᠠᠵᠤᠷ ᠪᠥᠬᠡ ᠪᠣᠯᠤᠭᠠᠳ ᠳᠠᠪ ᠲᠩᠷᠢ ᠶ᠋ᠢᠨ ᠳᠣᠭᠰᠢᠨ ᠰᠠᠬᠢᠭᠤᠰᠤᠨ ᠤ᠋ ᠬᠦᠴᠦ ᠶ᠋ᠢ ᠠᠪᠬᠤ ᠪᠠᠢᠭᠰᠠᠨ ᠶᠤᠮ᠃ ᠣᠳᠣ ᠮᠠᠯᠠᠭᠠᠢ ᠶ᠋ᠢᠨ ᠢ᠋ᠶ᠋ᠡᠨ ᠣᠷᠣᠢ ᠶ᠋ᠢᠨ ᠰᠠᠮᠫᠢᠨ ᠳ᠋ᠤ᠌ ᠵᠡᠭᠦᠵᠦ ᠶᠠᠪᠤᠭ᠎ᠠ ᠳᠣᠭᠰᠢᠨ ᠰᠠᠬᠢᠭᠤᠰᠤᠨ ᠤ᠋ ᠬᠢᠨᠢ ᠡᠵᠡᠨ ᠠᠭᠠᠵᠤᠷ ᠪᠥᠬᠡ ᠶ᠋ᠢᠨ ᠡᠪᠦᠭᠡ ᠨᠠᠴᠢᠨ ᠲᠥᠷᠥ ᠪᠥᠬᠡ ᠶ᠋ᠢ ᠲᠡᠮᠦᠵᠢᠨ ᠦ᠌ ᠡᠯᠦᠨᠴᠡ ᠡᠪᠦᠭᠡ ᠲᠤᠮᠪᠢᠨᠠᠢ ᠴᠡᠴᠡᠨ ᠦᠬᠦᠭᠦᠯᠦᠭᠰᠡᠨ ᠢ᠋ ᠳᠠᠪ ᠲᠩᠷᠢ ᠮᠡᠳᠡᠬᠦ ᠦᠭᠡᠢ ᠪᠥᠯᠥᠭᠡ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂
ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂
ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠭᠠᠷᠮ᠎ᠠ᠂ ᠨᠠᠷᠠᠨ᠂
ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ
