ᠨᠠᠪᠴᠢ ᠴᠡᠴᠡᠭ ᠡᠪᠡᠰᠦ ᠵᠠᠩᠭᠤᠤ – ᠳᠣᠷᠵᠢᠰᠡᠷᠡᠩ Navch tsetseg övs zanguu – Dorjseren Навч цэцэг өвс зангуу – Доржсэрэн
ᠨᠠᠪᠴᠢ ᠴᠡᠴᠡᠭ ᠡᠪᠡᠰᠦ ᠵᠠᠩᠭᠤᠤ
ᠲᠤᠷᠵᠢᠰᠠᠷᠠᠩ
ᠨᠣᠭᠣᠭᠠᠨ ᠨᠠᠪᠴᠢ ᠪᠡᠶ᠎ᠡ ᠪᠡᠶ᠎ᠡ ᠲᠡᠢ ᠪᠡᠨ ᠥᠷᠢᠰᠦᠯᠳᠦᠨ ᠭᠠᠳᠠᠭᠰᠢ ᠲᠡᠯᠡᠵᠦ᠂ ᠬᠤᠪᠠᠬᠠᠢ ᠰᠠᠯᠠᠭᠠᠨ ᠳ᠋ᠤ᠌ ᠨᠣᠭᠣᠭᠠᠨ ᠬᠦᠷᠮ᠎ᠡ ᠡᠮᠦᠰᠦᠭᠦᠯᠦᠭᠡᠳ᠂ ᠬᠣᠷᠭᠣᠢ ᠰᠢᠭ᠋ ᠨᠠᠮᠢᠯᠵᠠᠬᠤ ᠨᠣᠭᠣᠭᠠᠨ ᠲᠤᠭ ᠨᠠᠮᠢᠷᠠᠭᠤᠯᠵᠤ᠂ ᠨᠠᠷᠠᠨ ᠤ᠋ ᠭᠡᠷᠡᠯ ᠳ᠋ᠦ᠍ ᠨᠣᠭᠣᠭᠠᠨ ᠢ᠋ᠶ᠋ᠠᠷ ᠠᠮᠢᠰᠬᠤᠯᠯᠠᠨ᠂ ᠨᠣᠮᠢᠨ ᠲᠠᠯ᠎ᠠ ᠳ᠋ᠤ᠌ ᠨᠣᠭᠣᠭᠠᠨ ᠢ᠋ᠶ᠋ᠠᠷ ᠪᠥᠵᠢᠭᠯᠡᠨ᠎ᠡ᠃ ᠵᠢᠷ ᠵᠢᠷ ᠵᠢᠷᠭᠢᠬᠦ ᠪᠣᠯᠵᠣᠮᠣᠷ ᠫᠣᠷ ᠫᠣᠷ ᠨᠢᠰᠦᠨ ᠨᠠᠪᠴᠢᠨ ᠠ᠋ᠴᠠ ᠨᠠᠪᠴᠢᠨ ᠳ᠋ᠤ᠌ ᠰᠢᠯᠵᠢᠨ ᠬᠥᠭᠡᠭᠡᠴᠡᠯᠳᠦᠵᠦ᠂ ᠱᠠᠭ ᠱᠠᠭ ᠱᠠᠭᠰᠢᠬᠤ ᠱᠠᠭᠠᠵᠠᠭᠠᠢ ᠰᠠᠯᠠᠭᠠᠨ ᠠ᠋ᠴᠠ ᠰᠠᠯᠠᠭᠠᠨ ᠳ᠋ᠤ᠌ ᠨᠡᠭᠦᠨ ᠢᠨᠠᠭᠰᠢᠨᠠ᠃ ᠤᠷᠢᠨ ᠰᠠᠯᠬᠢᠨ ᠳ᠋ᠤ᠌ ᠤᠶᠠᠨ ᠵᠥᠭᠡᠯᠡᠨ ᠨᠠᠢᠭᠤᠯᠵᠠᠬᠤ ᠮᠣᠳᠣᠨ ᠤ᠋ ᠨᠠᠪᠴᠢ᠂ ᠴᠡᠴᠡᠭ ᠦ᠋ᠨ ᠨᠠᠪᠴᠢ᠂ ᠴᠡᠴᠡᠭ ᠡᠴᠡ ᠨᠢ ᠤᠷᠢᠳᠴᠢᠯᠠᠵᠤ ᠤᠷᠭᠤᠭᠰᠠᠨ ᠴᠤ᠌ ᠳᠤᠷᠠᠲᠠᠶ᠎ᠠ ᠴᠡᠴᠡᠭ ᠦ᠋ᠨ ᠳᠡᠪᠢᠰᠬᠡᠷ ᠪᠣᠯᠵᠤ᠂ ᠨᠡᠷ᠎ᠡ ᠭᠡᠵᠦ ᠬᠥᠭᠡᠭᠡᠴᠡᠯᠳᠦᠬᠦ ᠦᠭᠡᠢ᠂ ᠪᠠᠢᠷᠢ ᠭᠡᠵᠦ ᠪᠤᠯᠢᠶᠠᠯᠳᠤᠬᠤ ᠦᠭᠡᠢ᠂ ᠠᠰᠢᠭ ᠭᠡᠵᠦ ᠰᠣᠬᠤᠭᠤᠷᠬᠠᠬᠤ ᠦᠭᠡᠢ ᠳᠠᠷᠤᠤ ᠨᠣᠮᠣᠬᠠᠨ ᠢ᠋ᠶ᠋ᠠᠷ ᠣᠷᠣ ᠪᠠᠨ ᠡᠵᠡᠯᠡᠵᠦ᠂ ᠬᠡᠷᠰᠡᠦ ᠪᠣᠯᠭᠣᠮᠵᠢᠲᠠᠢ ᠪᠠᠷ ᠬᠠᠷᠢᠭᠤᠴᠠᠯᠭ᠎ᠠ ᠪᠠᠨ ᠪᠡᠶᠡᠯᠡᠭᠦᠯᠦᠨ᠂ ᠴᠡᠴᠡᠭ ᠢ᠋ ᠨᠡᠩ ᠭᠣᠶᠣ᠂ ᠨᠡᠩ ᠰᠠᠢᠬᠠᠨ ᠪᠣᠯᠭᠠᠨ ᠳᠤᠷᠠᠢᠯᠭᠠᠵᠤ᠂ ᠨᠡᠩ ᠬᠤᠷᠴᠠ᠂ ᠨᠡᠩ ᠰᠣᠷᠭᠣᠭ ᠪᠣᠯᠭᠠᠨ ᠪᠣᠳᠣᠭᠰᠢᠭᠤᠯᠤᠨᠠ᠃
ᠥᠩᠭᠡᠲᠦ ᠴᠡᠴᠡᠭ ᠵᠢᠰᠦ ᠵᠢᠰᠦ ᠲᠡᠢ ᠪᠡᠨ ᠵᠢᠲᠥᠭᠡᠷᠬᠡᠨ ᠤᠯᠠᠭᠠᠨ᠂ ᠶᠠᠭᠠᠨ᠂ ᠬᠣᠨᠳᠣᠨ᠂ ᠬᠥᠬᠡ ᠁ ᠳᠡᠯᠪᠢ ᠪᠡᠨ ᠰᠡᠬᠦᠵᠦ᠂ ᠤᠷᠲᠤ᠂ ᠣᠬᠣᠷ᠂ ᠭᠤᠷᠪᠠᠯᠵᠢᠨ᠂ ᠵᠢᠰᠢᠭᠦᠯᠵᠢᠨ ᠁ ᠬᠡᠯᠪᠡᠷᠢ ᠪᠡᠨ ᠭᠠᠢᠬᠠᠭᠤᠯᠤᠨ᠂ ᠨᠠᠷᠠᠨ ᠤ᠋ ᠭᠡᠷᠡᠯ ᠳ᠋ᠦ᠍ ᠨᠠᠮᠪᠠᠲᠠᠢᠬᠠᠨ ᠳᠡᠯᠭᠡᠷᠡᠵᠦ᠂ ᠨᠠᠢ᠍ᠮᠠᠨ ᠵᠦᠭ ᠦ᠋ᠨ ᠭᠡᠢᠴᠢᠳ ᠢ᠋ ᠣᠮᠣᠭᠲᠠᠢᠬᠠᠨ ᠤᠭᠲᠤᠨ᠂ ᠰᠠᠷᠠᠨ ᠤ᠋ ᠲᠤᠶᠠᠭᠠᠨ ᠳ᠋ᠤ᠌ ᠰᠠᠴᠤᠷᠠᠩᠬᠠᠨ ᠮᠦᠰᠢᠶᠡᠵᠦ᠂ ᠶᠢᠰᠦᠨ ᠵᠣᠪᠬᠢᠰ ᠲᠤ᠌ ᠠᠩᠬᠢᠯᠤᠮ᠎ᠠ ᠦᠨᠦᠷ ᠢ᠋ᠶ᠋ᠡᠨ ᠬᠠᠩᠬᠤᠯᠤᠭᠤᠯᠤᠨ᠂ ᠰᠣᠯᠣᠩᠭ᠎ᠠ ᠶ᠋ᠢ ᠭᠠᠵᠠᠷ ᠳᠡᠪᠢᠰᠦᠭᠰᠡᠨ ᠰᠢᠭ ᠰᠣᠳᠣᠨ ᠥᠩᠭᠡ ᠪᠡᠷ ᠢ᠋ᠶ᠋ᠡᠨ᠂ ᠬᠡᠪᠢᠰ ᠢ᠋ ᠠᠭᠠᠷ ᠲᠤ᠌ ᠡᠯᠭᠦᠭᠰᠡᠨ ᠰᠢᠭ ᠰᠣᠨᠢᠨ ᠦᠵᠡᠮᠵᠢ ᠪᠡᠷ ᠢ᠋ᠶ᠋ᠡᠨ ᠡᠷᠢᠶᠡᠨ ᠪᠠᠩᠵᠡᠯᠲᠦ ᠡᠷᠪᠡᠭᠬᠡᠢ ᠶ᠋ᠢ ᠰᠣᠷᠢᠨᠵᠢᠨ ᠰᠢᠭ᠋ ᠲᠡᠳᠡᠨ᠂ ᠦᠩᠭᠢᠨᠡᠨ ᠨᠢᠰᠬᠦ ᠵᠥᠭᠡᠢ ᠶ᠋ᠢ ᠪᠠᠯ ᠰᠢᠭ ᠰᠤᠷᠤᠨ᠎ᠠ᠃ 《ᠨᠣᠭᠣᠭᠠᠨ ᠨᠠᠪᠴᠢ ᠳᠤᠷᠠᠯᠠᠯ ᠲᠠᠢ ᠪᠣᠯᠬᠤ ᠳ᠋ᠤ᠌ ᠪᠠᠨ ᠴᠡᠴᠡᠭ ᠪᠣᠯᠤᠨ᠎ᠠ᠂ ᠰᠠᠢᠬᠠᠨ ᠴᠡᠴᠡᠭ ᠰᠦᠰᠦᠭ ᠲᠡᠢ ᠪᠣᠯᠬᠤ ᠪᠠᠷ ᠵᠢᠮᠢᠰ ᠬᠤᠪᠢᠯᠤᠨ᠎ᠠ》 (ᠳᠠᠭᠤᠷ ᠤ᠋ᠨ ᠦᠭᠡ》 ᠭᠡᠳᠡᠭ᠃ ᠲᠡᠢᠮᠦ ᠪᠣᠯᠬᠣᠷ ᠴᠡᠴᠡᠭ ᠰᠠᠢᠬᠠᠨ᠂ ᠴᠡᠴᠡᠭ ᠴᠡᠪᠡᠷᠬᠡᠨ ᠭᠡᠳ ᠴᠢᠮᠬᠢᠵᠦ ᠲᠠᠰᠤᠳᠠᠭᠠᠳ ᠪᠡᠯᠡᠭ ᠭᠡᠵᠦ ᠨᠠᠳᠠ ᠭᠠᠷᠳᠠᠭᠤᠯᠬᠤ ᠶ᠋ᠢ ᠬᠦᠰᠡᠬᠦ ᠦᠭᠡᠢ᠂ ᠬᠠᠢᠷ᠎ᠠ ᠭᠡᠵᠦ ᠨᠠᠳᠠ ᠵᠡᠭᠦᠯᠭᠡᠬᠦ ᠶ᠋ᠢ ᠪᠢ ᠵᠥᠪᠰᠢᠶᠡᠷᠡᠬᠦ ᠦᠭᠡᠢ !
ᠨᠢᠯᠬ᠎ᠠ ᠡᠪᠡᠰᠦ ᠨᠢᠭᠡ ᠨᠢᠭᠡ ᠲᠡᠢ ᠪᠡᠨ ᠠᠲᠠᠭᠠᠷᠬᠠᠨ᠂ ᠬᠥᠷᠥᠰᠥᠨ ᠡᠴᠡ ᠪᠡᠨ ᠰᠠᠯᠤᠶ᠎ᠠ ᠭᠡᠬᠦ ᠰᠢᠭ᠂ ᠬᠥᠯᠵᠢᠵᠦ ᠳᠡᠭᠡᠭᠰᠢ ᠪᠡᠨ ᠰᠤᠭᠤᠷᠠᠨ᠂ ᠬᠥᠳᠡᠭᠡ ᠲᠠᠯ᠎ᠠ ᠶ᠋ᠢ ᠴᠢᠮᠡᠶᠡ ᠭᠡᠬᠦ ᠰᠢᠭ ᠬᠥᠬᠡ ᠲᠡᠭᠷᠢ ᠶ᠋ᠢ ᠴᠢᠭᠯᠡᠵᠦ᠂ ᠬᠦᠰᠡᠯ ᠦ᠋ᠨ ᠳᠠᠭᠤᠤ ᠪᠠᠨ ᠳᠠᠭᠤᠯᠠᠨ᠂ ᠬᠥᠭᠵᠢᠯ ᠦ᠋ᠨ ᠠᠶ᠎ᠠ ᠪᠠᠨ ᠴᠢᠪᠠᠭᠳᠠᠵᠤ᠂ ᠵᠢᠵᠢᠭ ᠪᠣᠯᠪᠠᠴᠤ ᠶᠡᠷᠦᠮᠳᠡᠭ ᠪᠣᠯᠬᠤ ᠦᠭᠡᠢ ᠶ᠋ᠢᠨ ᠲᠥᠯᠥᠭᠡ᠂ ᠪᠢᠴᠢᠬᠠᠨ ᠪᠣᠯᠪᠠᠴᠤ ᠪᠢᠴᠠᠷᠠᠲᠠᠯᠠ ᠭᠢᠰᠬᠢᠭᠦᠯᠬᠦ ᠦᠭᠡᠢ ᠶ᠋ᠢᠨ ᠲᠥᠯᠥᠭᠡ ᠰᠢᠭᠵᠢᠷᠡᠨ ᠤᠷᠭᠤᠵᠤ ᠰᠢᠭᠯᠡᠷᠡᠨ ᠬᠥᠭᠯᠡᠭᠡᠳ᠂ ᠲᠠᠯ᠎ᠠ ᠴᠠᠢᠳᠠᠮ ᠤ᠋ᠨ ᠵᠢᠩᠬᠢᠨᠢ ᠡᠵᠡᠨ᠂ ᠲᠠᠪᠤᠨ ᠬᠣᠰᠢᠭᠤ ᠮᠠᠯ ᠤ᠋ᠨ ᠥᠩᠰᠢᠭ ᠪᠡᠯᠴᠢᠭᠡᠷ᠂ ᠲᠠᠪᠤᠨ ᠲᠠᠷᠢᠶᠠᠨ ᠢᠳᠡᠰᠢᠲᠡᠨ ᠦ᠌ ᠲᠠᠩᠰᠤᠭ ᠠᠬᠤᠢ ᠪᠣᠯᠤᠭᠠᠳ᠂ ᠠᠮᠢ ᠨᠠᠰᠤᠨ ᠤ᠋ ᠬᠤᠪᠢ ᠨᠡᠮᠡᠷᠢ ᠪᠡᠨ ᠠᠭᠠᠷ᠂ ᠭᠡᠷᠡᠯ᠂ ᠬᠦᠴᠢᠯᠲᠦ᠋ᠷᠦᠭᠴᠢ ᠲᠡᠢ ᠬᠠᠮᠲᠤ ᠠᠮᠢᠲᠠᠨ ᠪᠦᠬᠦᠨ ᠳ᠋ᠦ᠍ ᠠᠯᠠᠭ ᠦᠭᠡᠢ ᠬᠦᠷᠲᠡᠭᠡᠨ᠎ᠡ᠃
ᠥᠷᠭᠡᠰᠦᠲᠦ ᠵᠠᠩᠭᠤᠤ ᠵᠡᠯ᠎ᠡ ᠵᠡᠯ᠎ᠡ ᠪᠡᠨ ᠬᠣᠯᠪᠣᠨ ᠵᠡᠭᠦᠨᠰᠢ ᠪᠠᠷᠠᠭᠤᠨᠰᠢ ᠵᠡᠯᠡᠯᠡᠵᠦ᠂ ᠵᠥᠭᠡᠯᠡᠨ ᠨᠠᠪᠴᠢ ᠪᠢᠰᠢ ᠬᠠᠲᠠᠭᠤ ᠥᠷᠭᠡᠰᠦ ᠪᠡᠷ ᠢ᠋ᠶ᠋ᠡᠨ ᠬᠡᠢᠰᠬᠦ ᠰᠢᠷᠣᠢ ᠶ᠋ᠢ ᠬᠥᠯ ᠳᠣᠣᠷ᠎ᠠ ᠪᠠᠨ ᠳᠠᠷᠤᠵᠤ᠂ ᠬᠡᠪᠡᠷᠡᠭᠬᠡᠨ ᠬᠥᠷᠥᠰᠥ ᠶ᠋ᠢ ᠪᠡᠶ᠎ᠡ ᠴᠣᠭᠴᠠ ᠪᠠᠷ ᠢ᠋ᠶ᠋ᠠᠨ ᠬᠠᠯᠬᠠᠯᠠᠨ᠂ ᠬᠥᠨᠳᠡᠬᠦ ᠪᠡᠷ ᠢᠷᠡᠭᠰᠡᠨ ᠮᠠᠯ ᠢ᠋ ᠬᠠᠢᠷ᠎ᠠ ᠭᠠᠮ ᠦᠭᠡᠢ ᠬᠠᠳᠬᠤᠵᠤ᠂ ᠬᠥᠨᠥᠭᠡᠬᠦ ᠪᠡᠷ ᠢᠷᠡᠭᠰᠡᠨ ᠬᠥᠮᠦᠨ ᠢ᠋ ᠨᠠᠢᠷ ᠲᠠᠯ᠎ᠠ ᠦᠭᠡᠢ ᠰᠢᠪᠠᠨ᠂ ᠠᠷᠤ ᠲᠦᠰᠢᠭ ᠪᠣᠯᠤᠭᠰᠠᠨ ᠬᠥᠷᠥᠰᠥ ᠰᠢᠷᠣᠢ ᠪᠠᠨ ᠠᠶᠤᠯ ᠲᠦᠭᠰᠢᠭᠦᠷᠢ ᠡᠴᠡ ᠵᠠᠢᠯᠠᠭᠤᠯᠵᠤ᠂ ᠭᠠᠢ ᠪᠠᠷᠴᠢᠳ ᠠ᠋ᠴᠠ ᠵᠠᠢᠳᠠᠭᠤᠯᠤᠨ᠂ ᠠᠮᠢ ᠠᠬᠤᠢ ᠶ᠋ᠢᠨ ᠬᠠᠮᠠᠭᠠᠯᠠᠭᠴᠢ ᠶ᠋ᠢᠨ ᠬᠤᠪᠢ ᠳ᠋ᠤ᠌ 《ᠴᠠᠭᠳᠠᠭ᠎ᠠ》 ᠪᠣᠯᠵᠤ ᠂ 《ᠬᠠᠷᠠᠭᠤᠯ》 ᠵᠣᠭᠰᠣᠨ᠎ᠠ᠃ ᠲᠡᠭᠡᠬᠦ ᠪᠡᠷ ᠪᠠᠷᠠᠬᠤ ᠦᠭᠡᠢ ᠬᠥᠮᠦᠨ ᠲᠥᠷᠥᠯᠬᠢᠲᠡᠨ ᠬᠣᠨᠢᠨ ᠵᠠᠩᠭᠤᠤ ᠪᠠᠷ (ᠣᠯᠠᠨ ᠥᠷᠭᠡᠰᠦ ᠲᠡᠢ ᠂ ᠪᠥᠨᠲᠥᠭᠡᠷ ᠬᠡᠯᠪᠡᠷᠢ ᠲᠡᠢ) ᠰᠢᠭᠡᠰᠦ ᠬᠠᠭᠠᠭᠳᠠᠭᠰᠠᠨ ᠡᠪᠡᠳᠴᠢᠨ ᠢ᠋ ᠡᠮᠨᠡᠳᠡᠭ ᠭᠡᠨ᠎ᠡ᠃ ᠡᠨᠡ ᠲᠤᠬᠠᠢ ᠮᠠᠨᠳᠤᠬᠤ ᠪᠠᠭᠰᠢ ᠮᠢᠨᠢ᠄《ᠳᠣᠯᠣᠭᠠᠨ ᠬᠣᠨᠢᠨ ᠵᠠᠩᠭᠤᠤ ᠣᠯᠤᠭᠠᠳ ᠰᠢᠷᠡᠮᠦᠨ ᠲᠣᠭᠣᠭᠠᠨ ᠳ᠋ᠤ᠌ ᠳᠣᠯᠣᠭᠠᠨ ᠬᠤᠪᠢ ᠪᠣᠯᠲᠠᠯ᠎ᠠ ᠬᠠᠭᠤᠷᠤᠭᠠᠳ ᠠᠮᠠᠨ ᠳ᠋ᠤ᠌ ᠪᠠᠨ ᠬᠢᠵᠦ ᠵᠠᠵᠢᠯᠤᠭᠠᠳ ᠢᠳᠡᠴᠢᠬᠡᠪᠡᠯ ᠳᠣᠣᠷ᠎ᠠ ᠪᠠᠨ ᠰᠢᠭᠡᠴᠢᠬᠡᠳᠡᠭ》 ᠭᠡᠯᠡ᠃ ᠡᠭᠦᠨ ᠡᠴᠡ ᠠᠰᠲᠠᠭᠠᠨ ᠪᠠᠰᠠ ᠦᠬᠡᠷ ᠵᠠᠩᠭᠤᠤ(ᠦᠬᠡᠷ ᠦ᠋ᠨ ᠡᠪᠡᠷ ᠰᠢᠭ ᠬᠣᠶᠠᠷ ᠥᠷᠭᠡᠰᠦ ᠲᠡᠢ)᠂ ᠢᠮᠠᠭᠠᠨ ᠵᠠᠩᠭᠤᠤ(ᠬᠣᠨᠢᠨ ᠵᠠᠩᠭᠤᠤ ᠲᠠᠢ ᠬᠠᠷᠢᠴᠠᠭᠤᠯᠪᠠᠯ ᠪᠥᠨᠲᠥᠭᠡᠷ ᠪᠢᠰᠢ᠂ ᠤᠷᠲᠤᠯᠢᠭ᠂ ᠡᠰᠡᠬᠦᠯ᠎ᠡ ᠵᠤᠤᠪᠠᠩ ᠬᠡᠯᠪᠡᠷᠢ ᠲᠡᠢ) ᠭᠡᠵᠦ ᠪᠠᠢᠳᠠᠭ ᠭᠡᠨ᠎ᠡ᠃ ᠡᠳᠡᠭᠡᠷ ᠨᠢ ᠶᠠᠮᠠᠷ ᠡᠪᠡᠳᠴᠢᠨ ᠵᠠᠰᠠᠳᠠᠭ ᠢ᠋ ᠪᠠᠭᠰᠢ ᠮᠢᠨᠢ ᠨᠠᠳᠠ ᠬᠡᠯᠡᠭᠡ ᠦᠭᠡᠢ᠂ ᠠᠷᠠᠢ ᠨᠢᠭᠤᠴᠠ ᠵᠣᠷ ᠭᠡᠳ ᠨᠢᠭᠤᠵᠤ ᠪᠠᠢᠭ᠎ᠠ ᠪᠢᠰᠢ ᠪᠠᠢᠬ᠎ᠠ ᠠ᠋!
