1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠶ᠋ᠢᠨ ᠰᠦᠮ᠎ᠡ ᠶ᠋ᠢᠨ ᠯᠠᠮᠠ ᠵᠠᠪᠠᠯ ᠮᠣᠩᠭᠣᠯ ᠬᠡᠯᠡ ᠰᠤᠷᠬᠤ ᠶᠣᠰᠣᠲᠠᠢИтгэл хамбын сүмийн лам заавал МОНГОЛ ХЭЛ сурах ёстой

ᠢᠲᠡᠭᠡᠯᠲᠦ ᠬᠠᠮᠪᠤ ᠶ᠋ᠢᠨ ᠰᠦᠮ᠎ᠡ ᠶ᠋ᠢᠨ ᠯᠠᠮᠠ ᠵᠠᠪᠠᠯ ᠮᠣᠩᠭᠣᠯ ᠬᠡᠯᠡ ᠰᠤᠷᠬᠤ ᠶᠣᠰᠣᠲᠠᠢИтгэл хамбын сүмийн лам заавал МОНГОЛ ХЭЛ сурах ёстой

ᠠᠩᠭᠢᠯᠠᠯ:ᠮᠡᠳᠡᠭᠡᠯᠡᠯ
2025-05-10

726

ᠢᠲᠡᠭᠡᠯᠲᠦ ᠬᠠᠮᠪᠤ ᠶ᠋ᠢᠨ ᠰᠦᠮ᠎ᠡ ᠶ᠋ᠢᠨ ᠯᠠᠮᠠ ᠵᠠᠪᠠᠯ ᠮᠣᠩᠭᠣᠯ ᠬᠡᠯᠡ ᠰᠤᠷᠬᠤ ᠶᠣᠰᠣᠲᠠᠢ 

ᠳ᠋ᠠᠮᠪᠠ ᠠᠶᠤᠰᠢᠶᠸᠪ᠄ ᠢᠲᠡᠭᠡᠯᠲᠦ ᠬᠠᠮᠪᠤ ᠶ᠋ᠢᠨ ᠰᠦᠮ᠎ᠡ ᠶ᠋ᠢᠨ ᠯᠠᠮᠠ ᠵᠠᠪᠠᠯ ᠮᠣᠩᠭᠣᠯ ᠬᠡᠯᠡ ᠰᠤᠷᠬᠤ ᠶᠣᠰᠣᠲᠠᠢ /2023.04.21/
ᠣᠷᠣᠰ ᠤ᠋ᠨ ᠪᠤᠳ᠋ᠳ᠋ᠾᠠ ᠶ᠋ᠢᠨ ᠱᠠᠰᠢᠨ ᠤ᠋ ᠲᠡᠷᠢᠭᠦᠨ᠂ ᠢᠲᠡᠭᠡᠯᠲᠦ ᠬᠠᠮᠪᠤ ᠶ᠋ᠢᠨ ᠰᠦᠮ᠎ᠡ ᠶ᠋ᠢᠨ ᠬᠠᠮᠪᠤ ᠪᠯᠠᠮ᠎ᠠ ᠳ᠋ᠠᠮᠪᠠ ᠠᠶᠤᠰᠢᠶᠸᠪ ᠲᠠᠢ ᠶᠠᠷᠢᠯᠴᠠᠯ᠎ᠠ᠃ ᠲᠡᠷᠡᠪᠡᠷ ᠣᠷᠣᠰ ᠬᠣᠯᠪᠣᠭᠠᠨ ᠤ᠋ ᠤᠯᠤᠰ ᠤ᠋ᠨ ᠪᠤᠷᠢᠶᠠᠳ ᠤᠯᠤᠰ ᠤ᠋ᠨ ᠢᠪᠠᠯᠭ᠎ᠠ ᠶ᠋ᠢᠨ ᠳ᠋ᠠᠼᠠᠩ ᠪᠤᠶᠤ ᠢᠲᠡᠭᠡᠯᠲᠦ ᠬᠠᠮᠪᠤ ᠶ᠋ᠢᠨ ᠰᠦᠮ᠎ᠡ ᠳ᠋ᠦ᠍ ᠡᠨᠡ ᠰᠠᠷ᠎ᠠ ᠶ᠋ᠢᠨ 7 ᠳ᠋ᠤ᠌ ᠪᠣᠯᠤᠭᠰᠠᠨ 《ᠡᠬᠡ ᠬᠡᠯᠡᠨ –ᠮᠠᠨ ᠤ᠋ ᠪᠠᠶᠠᠯᠢᠭ》 ᠪᠤᠷᠢᠶᠠᠳ᠂ ᠮᠣᠩᠭᠣᠯ ᠬᠡᠯᠡᠨ ᠦ᠌ ᠨᠠᠭᠠᠳᠤᠮ ᠤ᠋ᠨ ᠦᠶ᠎ᠡ ᠪᠡᠷ ᠮᠣᠩᠭᠣᠯ ᠤ᠋ᠨ ᠰᠡᠳᠬᠦᠯᠴᠢ ᠨᠠᠷ ᠢ᠋ ᠴᠠᠭ ᠭᠠᠷᠭᠠᠨ ᠬᠦᠯᠢᠶᠡᠵᠦ ᠠᠪᠤᠭᠰᠠᠨ ᠶᠤᠮ᠃

-ᠲᠠ ᠣᠷᠣᠰ ᠬᠣᠯᠪᠣᠭᠠᠨ ᠤ᠋ ᠤᠯᠤᠰ ᠤ᠋ᠨ ᠪᠤᠳ᠋ᠳ᠋ᠾᠠ ᠶ᠋ᠢᠨ ᠱᠠᠰᠢᠨ ᠤ᠋ ᠲᠡᠷᠢᠭᠦᠨ ᠬᠠᠮᠪᠤ ᠪᠯᠠᠮ᠎ᠠ ᠪᠣᠯᠬᠤ ᠶ᠋ᠢ ᠣᠭᠲᠣ ᠬᠦᠰᠡᠭᠡ ᠦᠭᠡᠢ ᠭᠡᠵᠦ ᠬᠡᠯᠡᠯ᠎ᠡ᠃ ᠭᠡᠬᠦ ᠳ᠋ᠦ᠍ ᠪᠡᠨ ᠲᠠ ᠣᠷᠣᠰ ᠬᠣᠯᠪᠣᠭᠠᠨ ᠤ᠋ ᠤᠯᠤᠰ ᠤ᠋ᠨ ᠶᠡᠷᠦᠩᠬᠡᠢᠯᠡᠭᠴᠢ ᠸᠯᠠ­ᠳ᠋ᠢᠮᠢᠷ ᠫᠦᠲ᠋ᠢᠨ ᠲᠡᠢ ᠰᠢᠭᠤᠳ ᠬᠠᠷᠢᠯᠴᠠᠳᠠᠭ ᠴᠥᠭᠡᠨ ᠬᠥᠮᠦᠨ ᠦ᠌ ᠨᠢᠭᠡ᠃ ᠸ ∙ ᠫᠦᠲ᠋ᠢᠨ ᠪᠤᠷᠢᠶᠠᠳ ᠤᠯᠤᠰ ᠲᠤ᠌ ᠬᠢᠬᠦ ᠠᠢᠯᠴᠢᠯᠠᠯ ᠪᠦᠷᠢ ᠪᠡᠨ ᠢᠲᠡᠭᠡᠯᠲᠦ ᠬᠠᠮᠪᠤ ᠠ᠋ᠴᠠ ᠡᠬᠢᠯᠡᠳᠡᠭ᠂᠂᠂

-ᠨᠠᠳᠠ ᠳ᠋ᠤ᠌ ᠬᠠᠮᠪᠤ ᠪᠯᠠᠮ᠎ᠠ ᠪᠣᠯᠬᠤ ᠰᠠᠨᠠᠭ᠎ᠠ᠂ ᠮᠥᠷᠥᠭᠡᠳᠦᠯ ᠶᠡᠷᠦ ᠡᠴᠡ ᠪᠡᠨ ᠪᠠᠢᠭ᠎ᠠ ᠦᠭᠡᠢ᠃ ᠨᠠᠮᠠᠶ᠋ᠢ ᠲᠣᠮᠢᠯᠠᠴᠢᠬᠠᠭᠰᠠᠨ ᠶᠤᠮ᠃ ᠪᠢ ᠮᠣᠩᠭᠣᠯ ᠳ᠋ᠤ᠌ ᠭᠠᠨᠳᠠᠨᠲ᠋ᠡᠭᠴᠢᠩᠯᠡᠩ ᠬᠡᠢᠳ ᠦ᠋ᠨ ᠳᠡᠷᠭᠡᠳᠡᠬᠢ ᠵᠠᠨᠠᠪᠠᠽᠠᠷ ᠤ᠋ᠨ ᠨᠡᠷᠡᠮᠵᠢᠲᠦ ᠪᠤᠷᠬᠠᠨ ᠱᠠᠰᠢᠨ ᠤ᠋ ᠳᠡᠭᠡᠳᠦ ᠰᠤᠷᠭᠠᠭᠤᠯᠢ ᠶ᠋ᠢ ᠲᠡᠭᠦᠰᠦᠭᠡᠳ ᠣᠲᠠᠴᠢ ᠯᠠᠮᠠ ᠪᠣᠯᠵᠤ᠂ ᠡᠮᠴᠢ ᠬᠢᠵᠦ ᠪᠠᠢᠭᠰᠠᠨ᠃ ᠪᠢ ᠲᠥᠪᠡᠳ ᠦ᠋ᠨ ᠠᠨᠠᠭᠠᠬᠤ ᠤᠬᠠᠭᠠᠨ ᠢ᠋ᠶ᠋ᠠᠷ ᠮᠡᠷᠭᠡᠰᠢᠭᠰᠡᠨ᠃ ᠡᠮᠴᠢ ᠭᠡᠬᠦ ᠪᠡᠷ ᠬᠥᠮᠦᠨ ᠵᠤᠨ ᠢ᠋ ᠡᠮᠴᠢᠯᠡᠭᠡᠳ ᠯᠡ ᠶᠠᠪᠤᠬᠤ ᠶᠣᠰᠣᠲᠠᠢ ᠶᠤᠮ᠃ ᠴᠢᠳᠠᠯ ᠲᠠᠢ᠂ ᠮᠥᠩᠭᠥ ᠲᠡᠢ᠂ ᠠᠷᠭ᠎ᠠ ᠲᠠᠢ᠂ ᠨᠡᠷ᠎ᠡ ᠲᠡᠢ ᠪᠣᠯᠤᠭᠠᠳ ᠶᠠᠪᠤᠬᠤ ᠶ᠋ᠢ ᠬᠦᠰᠡᠭᠡ ᠦᠭᠡᠢ᠃ ᠲᠡᠢᠮᠦ ᠤᠴᠢᠷ ᠠ᠋ᠴᠠ ᠬᠤᠷᠠᠯ ᠨᠣᠮ ᠭᠡᠳᠡᠭ ᠵᠦᠢᠯ ᠳ᠋ᠦ᠍ ᠨᠠᠷᠢᠨ ᠣᠷᠣᠭ᠎ᠠ ᠦᠭᠡᠢ ᠪᠠᠢᠭᠰᠠᠨ᠃ ᠢᠪᠠᠯᠭ᠎ᠠ ᠶ᠋ᠢᠨ ᠳ᠋ᠠᠼᠠᠩ ᠤ᠋ᠨ ᠢ᠋ᠶ᠋ᠠᠨ ᠯᠠᠮᠠ ᠪᠠᠢᠭᠠᠳ ᠯᠠ᠂ ᠥᠪᠡᠷ ᠦ᠋ᠨ ᠢ᠋ᠶ᠋ᠡᠨ ᠠᠵᠢᠯ ᠢ᠋ ᠬᠢᠭᠡᠳ᠂ ᠬᠤᠷᠠᠯ ᠢ᠋ᠶ᠋ᠠᠨ ᠬᠤᠷᠠᠭᠠᠳ ᠯᠠ ᠶᠠᠪᠤᠵᠤ ᠪᠠᠢᠭᠰᠠᠨ᠃ ᠡᠯᠳᠡᠪ ᠦ᠋ᠨ ᠠᠵᠢᠯ᠂ ᠤᠯᠤᠰ ᠲᠥᠷᠥ᠂ ᠨᠣᠶᠠᠳ ᠲᠦᠰᠢᠮᠡᠳ ᠲᠡᠢ ᠲᠠᠨᠢᠯ ᠪᠣᠯᠬᠤ ᠰᠠᠨᠠᠭ᠎ᠠ ᠶᠡᠷᠦ ᠡᠴᠡ ᠪᠡᠨ ᠪᠠᠢᠭ᠎ᠠ ᠦᠭᠡᠢ᠃ ᠲᠡᠢᠮᠦ ᠯᠡ ᠬᠥᠮᠦᠨ ᠪᠠᠢᠭᠰᠠᠨ᠃

-ᠲᠡᠭᠡᠭᠡᠳ ᠬᠡᠷᠬᠢᠨ ᠬᠠᠮᠪᠤ ᠪᠯᠠᠮ᠎ᠠ ᠪᠠᠷ ᠲᠣᠮᠢᠯᠠᠭᠳᠠᠭᠰᠠᠨ ᠶᠤᠮ ᠪᠣᠢ?

-1990 ᠭᠡᠳ ᠣᠨ ᠳ᠋ᠤ᠌ ᠬᠤᠪᠢᠰᠬᠠᠯ ᠪᠣᠯᠵᠤ᠂ ᠥᠭᠡᠷᠡᠴᠢᠯᠡᠯᠲᠡ ᠶ᠋ᠢᠨ ᠶᠠᠪᠤᠴᠠ ᠳ᠋ᠤ᠌ ᠪᠢ ᠬᠠᠮᠪᠤ ᠪᠯᠠᠮ᠎ᠠ ᠪᠠᠷ ᠲᠣᠮᠢᠯᠠᠭᠳᠠᠭᠰᠠᠨ᠃ ᠠᠩᠬ᠎ᠠ ᠪᠢᠳᠡᠨ ᠡᠴᠡ ᠠᠬ᠎ᠠ ᠵᠢᠨᠲᠡ ᠶ᠋ᠢᠨ ᠯᠠᠮᠠ ᠨᠠᠷ ᠢ᠋ ᠪᠡᠯᠡᠳᠴᠦ ᠪᠠᠢᠭᠰᠠᠨ᠃ ᠲᠡᠳᠡ ᠭᠠᠳᠠᠭᠠᠳᠤ ᠳ᠋ᠤ᠌ ᠰᠤᠷᠤᠭᠰᠠᠨ᠂ ᠲᠤᠰᠬᠠᠢ ᠪᠡᠯᠡᠳᠬᠡᠯ ᠲᠡᠢ ᠬᠥᠮᠦᠰ ᠪᠠᠢᠭᠰᠠᠨ᠃ ᠠᠩᠭ᠌ᠯᠢ ᠬᠡᠯᠡ ᠲᠡᠢ ᠯᠠᠮᠠ ᠨᠠᠷ ᠴᠤ᠌ ᠪᠠᠢᠭᠰᠠᠨ᠃ ᠨᠡᠢᠭᠡᠮ ᠢ᠋ ᠠᠶᠤᠯ ᠠ᠋ᠴᠠ ᠬᠠᠮᠠᠭᠠᠯᠠᠬᠤ ᠶᠠᠮᠤᠨ ᠤ᠋ ᠬᠥᠮᠦᠰ ᠲᠡᠳᠡᠨ ᠢ᠋ ᠪᠡᠯᠡᠳᠴᠦ᠂ ᠪᠦᠬᠦ ᠵᠦᠢᠯ ᠬᠠᠤᠯᠢ ᠵᠢᠷᠤᠮ ᠤ᠋ᠨ ᠳᠠᠭᠠᠤ ᠶᠠᠪᠤᠭᠳᠠᠵᠤ ᠪᠠᠢᠭᠰᠠᠨ᠃ ᠶᠡᠬᠡ ᠲᠣᠮᠣᠭᠠᠲᠠᠢ᠂ ᠵᠥᠭᠡᠯᠡᠨ᠂ ᠨᠣᠶᠠᠳ ᠢ᠋ ᠪᠡᠨ ᠨᠣᠶᠠᠳ ᠭᠡᠵᠦ ᠬᠦᠨᠳᠦᠯᠡᠳᠡᠭ᠂ ᠶᠠᠭᠤᠮᠠᠨ ᠠ᠋ᠴᠠ ᠠᠶᠤᠳᠠᠭ ᠬᠥᠮᠦᠰ ᠢ᠋ ᠭᠣᠣᠯᠳᠠᠭᠤ ᠪᠡᠯᠡᠳᠴᠦ ᠪᠠᠢᠭᠰᠠᠨ᠃ ᠵᠢᠱ᠌ᠢᠶ᠎ᠡ ᠨᠢ᠂ ᠨᠢᠭᠡ ᠦᠢᠯᠡᠳᠪᠦᠷᠢ ᠶ᠋ᠢᠨ ᠳᠠᠷᠤᠭ᠎ᠠ ᠪᠣᠯᠭᠠᠬᠤ ᠳ᠋ᠤ᠌ ᠪᠦᠬᠦᠢ ᠯᠡ ᠱᠠᠲᠤ ᠪᠠᠷ ᠳᠠᠮᠵᠢᠭᠤᠯᠵᠤ ᠪᠡᠯᠡᠳᠦᠨ᠎ᠡ᠃ ᠨᠠᠢᠳᠠᠪᠤᠷᠢᠲᠠᠢ᠂ ᠠᠵᠢᠯ ᠢ᠋ᠶ᠋ᠠᠨ ᠮᠡᠳᠡᠳᠡᠭ ᠬᠥᠮᠦᠨ ᠲᠡᠷᠡ ᠦᠢᠯᠡᠳᠪᠦᠷᠢ ᠶ᠋ᠢ ᠤᠳᠤᠷᠢᠳᠬᠤ ᠳ᠋ᠤ᠌ ᠲᠣᠬᠢᠷᠠᠨ᠎ᠠ ᠪᠢᠵᠡ ᠳᠡ᠃ ᠲᠡᠭᠡᠬᠦ ᠳ᠋ᠦ᠍ ᠪᠢ ᠪᠣᠯ ᠶᠡᠷᠦ ᠡᠴᠡ ᠪᠡᠨ ᠲᠡᠭᠡᠵᠦ ᠪᠡᠯᠡᠳᠬᠡᠭᠳᠡᠭᠡ ᠦᠭᠡᠢ ᠬᠥᠮᠦᠨ ᠪᠠᠢᠭᠰᠠᠨ᠃ ᠬᠤᠪᠢᠶᠠᠷᠢ ᠪᠠᠨ ᠢᠪᠠᠯᠭ᠎ᠠ ᠶ᠋ᠢᠨ ᠳ᠋ᠠᠼᠠᠩ ᠳ᠋ᠤ᠌ ᠢᠷᠡᠭᠡᠳ ᠨᠣᠮᠯᠠᠵᠤ ᠪᠠᠢᠭᠰᠠᠨ ᠯᠠ ᠬᠥᠮᠦᠨ᠃

ᠪᠢ 1989-1991 ᠣᠨ ᠬᠦᠷᠲᠡᠯ᠎ᠡ ᠢᠪᠠᠯᠭ᠎ᠠ ᠶ᠋ᠢᠨ ᠳ᠋ᠠᠼᠠᠩ ᠤ᠋ᠨ ᠡᠮᠴᠢ ᠯᠠᠮᠠ ᠪᠠᠷ ᠠᠵᠢᠯᠯᠠᠵᠤ ᠪᠠᠢᠭᠠᠳ 1991 ᠣᠨ ᠳ᠋ᠤ᠌ ᠪᠠᠯᠳᠠᠨ ᠪᠠᠷᠠᠢᠪᠤᠩ ᠳ᠋ᠠᠼᠠᠩ ᠤ᠋ᠨ ᠰᠢᠷᠡᠭᠡᠲᠦ ᠪᠡᠷ ᠰᠣᠩᠭᠣᠭᠳᠠᠭᠰᠠᠨ᠃ ᠲᠡᠭᠡᠭᠡᠳ 1995 ᠣᠨ ᠳ᠋ᠤ᠌ ᠨᠠᠮᠠᠶ᠋ᠢ ᠪᠠᠨᠳᠢᠳᠠ ᠬᠠᠮᠪᠤ ᠪᠯᠠᠮ᠎ᠠ ᠪᠠᠷ ᠰᠣᠩᠭᠣᠵᠤ᠂ ᠡᠨᠡ ᠠᠯᠪᠠᠨ ᠲᠤᠰᠢᠶᠠᠯ ᠳ᠋ᠤ᠌ ᠲᠣᠮᠢᠯᠠᠴᠢᠬᠠᠭᠰᠠᠨ ᠶᠤᠮ᠃

-ᠲᠠ ᠪᠤᠷᠢᠶᠠᠳ᠂ ᠮᠣᠩᠭᠣᠯ ᠬᠡᠯᠡ ᠶ᠋ᠢ ᠬᠠᠳᠠᠭᠠᠯᠠᠵᠤ ᠦᠯᠡᠳᠡᠬᠦ ᠶ᠋ᠢᠨ ᠲᠤᠯᠠᠳᠠ ᠶᠡᠬᠡ ᠬᠢᠴᠢᠶᠡᠳᠡᠭ ᠬᠥᠮᠦᠨ᠃ ᠥᠨᠥᠳᠥᠷ ᠦ᠋ᠨ 《ᠡᠬᠡ ᠬᠡᠯᠡᠨ - ᠮᠠᠨ ᠤ᠋ ᠪᠠᠶᠠᠯᠢᠭ》 ᠨᠠᠭᠠᠳᠤᠮ ᠠ᠋ᠴᠠ ᠴᠤ᠌ ᠲᠠᠨ ᠤ᠋ ᠡᠨᠡ ᠬᠢᠴᠢᠶᠡᠯ ᠵᠢᠳᠬᠦᠯ ᠬᠠᠷᠠᠭᠳᠠᠵᠤ ᠪᠠᠢᠨ᠎ᠠ᠃ ᠡᠬᠡ ᠬᠡᠯᠡ ᠪᠡᠨ ᠬᠠᠳᠠᠭᠠᠯᠠᠵᠤ ᠦᠯᠡᠳᠡᠬᠦ ᠶ᠋ᠢᠨ ᠲᠤᠯᠠᠳᠠ ᠲᠠ ᠴᠢᠨᠠᠭᠰᠢᠳᠠ ᠪᠠᠨ ᠶᠠᠮᠠᠷ ᠠᠵᠢᠯ ᡂᠨ  ᠢ᠋ ᠬᠢᠬᠦ ᠪᠡᠷ ᠵᠣᠷᠢᠵᠤ ᠪᠠᠢᠭ᠎ᠠ ᠪᠣᠢ?

-ᠪᠢᠳᠡ 2014 ᠣᠨ ᠠ᠋ᠴᠠ ᠬᠣᠢᠰᠢ ᠪᠤᠷᠢᠶᠠᠳ ᠬᠡᠯᠡᠨ ᠦ᠌ ᠨᠠᠭᠠᠳᠤᠮ ᠬᠢᠵᠦ ᠪᠠᠢᠨ᠎ᠠ᠃ ᠮᠠᠨ ᠤ᠋ ᠪᠤᠷᠢᠶᠠᠳ ᠬᠡᠦᠬᠡᠳ ᠦ᠋ᠳ ᠥᠪᠡᠷ ᠦ᠋ᠨ ᠤᠯᠤᠰ ᠤ᠋ᠨ ᠬᠡᠯᠡ ᠪᠡᠷ ᠶᠠᠷᠢᠬᠤ ᠨᠢ ᠶᠡᠬᠡ ᠴᠢᠬᠤᠯᠠ᠃ 100 ᠵᠢᠯ ᠦ᠋ᠨ ᠡᠮᠦᠨ᠎ᠡ ᠪᠢᠳᠡ ᠪᠤᠷᠢᠶᠠᠳ ᠮᠣᠩᠭᠣᠯ ᠵᠤᠨ ᠪᠣᠯᠤᠭᠰᠠᠨ᠃ ᠲᠡᠭᠦᠨ ᠡᠴᠡ ᠡᠮᠦᠨ᠎ᠡ ᠣᠷᠣᠰ ᡂᠨ ᠪᠢᠳᠡᠨ ᠢ᠋ ᠮᠤᠩᠭᠠᠯ[мунгал]ᠭᠡᠵᠦ ᠨᠡᠷᠡᠯᠡᠳᠡᠭ ᠪᠠᠢᠭᠰᠠᠨ᠃ ᠪᠢᠳᠡ ᠪᠦᠷ ᠭᠤᠷᠪᠠᠨ ᠨᠡᠷ᠎ᠡ ᠲᠡᠢ ᠪᠠᠢᠭᠰᠠᠨ᠂ ᠪᠤᠷᠢᠶᠠᠳ ᠭᠡᠵᠦ ᠪᠠᠢᠭ᠎ᠠ ᠦᠭᠡᠢ᠃ 1923 ᠣᠨ ᠳ᠋ᠤ᠌ ᠯᠧᠨᠢᠨ ᠦ᠌ ᠲᠤᠰᠢᠶᠠᠯ ᠢ᠋ᠶ᠋ᠠᠷ ᠪᠢᠳᠡ ᠠᠪᠲ᠋ᠣᠨᠣᠮ [автоном]ᠪᠣᠯᠤᠭᠰᠠᠨ᠃ ᠪᠦᠭᠦᠳᠡ ᠨᠠᠢᠷᠠᠮᠳᠠᠬᠤ ᠤᠯᠤᠰ ᠪᠣᠯᠬᠤ ᠳ᠋ᠤ᠌ ᠨᠡᠷ᠎ᠡ ᠬᠡᠷᠡᠭᠲᠡᠢ ᠪᠣᠯᠵᠤ᠂ ᠮᠠᠨ ᠤ᠋ ᠶᠡᠷᠣᠪᠠᠨᠣᠪ [Ербанов]ᠭᠡᠵᠦ ᠤᠯᠠᠭᠠᠨᠲᠠᠨ ᠭᠡᠨᠡᠳᠲᠡ ᠬᠠᠮᠢᠭ᠎ᠠ ᠠ᠋ᠴᠠ ᠴᠤ᠌ ᠶᠤᠮ ᠪᠣᠢ ᠪᠤᠷᠢᠶᠠᠳ ᠭᠡᠵᠦ ᠦᠭᠡ ᠭᠠᠷᠭᠠᠭᠠᠳ ᠢᠷᠡᠭᠰᠡᠨ ᠶᠦ᠍ᠮ ᠪᠢᠯᠡ᠃ ᠲᠡᠭᠡᠵᠦ ᠪᠢᠳᠡ 100 ᠵᠢᠯ ᠦ᠋ᠨ ᠡᠮᠦᠨ᠎ᠡ ᠨᠢᠭᠡ ᠥᠷᠯᠥᠭᠡ ᠪᠣᠰᠤᠭᠠᠳ ᠢᠷᠡᠬᠦ ᠳ᠋ᠦ᠍ ᠪᠡᠨ ᠪᠤᠷᠢᠶᠠᠳ ᠮᠣᠩᠭᠣᠯ ᠪᠣᠯᠤᠭᠰᠠᠨ᠃ ᠲᠡᠭᠡᠭᠡᠳ ᠪᠢᠳᠡ ᠠᠪᠲ᠋ᠣᠨᠣᠮᠢᠲ[автономит]( ᠪᠡᠶ᠎ᠡ ᠳᠠᠭᠠᠭᠠᠭᠰᠠᠨ) ᠪᠦᠭᠦᠳᠡ ᠨᠠᠢᠷᠠᠮᠳᠠᠬᠤ ᠤᠯᠤᠰ ᠪᠣᠯᠤᠭᠰᠠᠨ ᠶᠤᠮ᠃

ᠮᠣᠩᠭᠣᠯ ᠦᠨᠳᠦᠰᠦᠲᠡᠨ ᠨᠤᠭᠦᠳ ᠪᠢᠳᠡ ᠡᠬᠡ ᠬᠡᠯᠡ ᠪᠡᠨ ᠮᠠᠷᠲᠠᠬᠤ ᠤᠴᠢᠷ ᠦᠭᠡᠢ᠃ ᠡᠢᠮᠦ ᠡᠴᠡ ᠪᠢᠳᠡ ᠢᠲᠡᠭᠡᠯᠲᠦ ᠬᠠᠮᠪᠤ ᠶ᠋ᠢᠨ ᠳᠡᠷᠭᠡᠳᠡᠬᠢ ᠱᠠᠰᠢᠨ ᠤ᠋ ᠰᠤᠷᠭᠠᠭᠤᠯᠢ ᠳᠡᠭᠡᠷ᠎ᠡ ᠡᠬᠡ ᠬᠡᠯᠡᠨ ᠦ᠌ ᠨᠠᠭᠠᠳᠤᠮ ᠵᠣᠬᠢᠶᠠᠨ ᠪᠠᠢᠭᠤᠯᠵᠤ᠂ ᠡᠭᠦᠨ ᠳ᠋ᠦ᠍ ᠪᠤᠷᠢᠶᠠᠳ ᠤᠯᠤᠰ ᠤ᠋ᠨ ᠳᠤᠮᠳᠠ ᠰᠤᠷᠭᠠᠭᠤᠯᠢ ᠨᠤᠭᠤᠳ ᠠ᠋ᠴᠠ ᠬᠡᠦᠬᠡᠳ ᠦ᠋ᠳ ᠢᠷᠡᠵᠦ ᠣᠷᠣᠯᠴᠠᠳᠠᠭ᠃ ᠲᠡᠳᠡ ᠮᠣᠩᠭᠣᠯ ᠪᠣᠯᠤᠨ ᠪᠤᠷᠢᠶᠠᠳ ᠬᠡᠯᠡᠨ ᠦ᠌ ᠰᠢᠯᠭᠠᠯᠲᠠ ᠥᠭᠴᠦ᠂ ᠬᠡᠯᠡ ᠪᠡᠨ ᠬᠡᠷᠬᠢᠨ ᠰᠤᠷᠤᠭᠰᠠᠨ ᠢ᠋ᠶ᠋ᠠᠨ ᠰᠢᠯᠭᠠᠭᠤᠯᠵᠤ ᠪᠠᠢᠨ᠎ᠠ᠃ ᠪᠠᠰᠠ ᠮᠣᠩᠭᠣᠯ ᠦᠨᠳᠦᠰᠦᠨ ᠦ᠌ ᠬᠤᠪᠴᠠᠰᠤ ᠣᠶᠣᠵᠤ᠂ ᠥᠪᠡᠷᠰᠡᠳ ᠦ᠋ᠨ ᠭᠠᠷ ᠢ᠋ᠶ᠋ᠠᠷ ᠬᠢᠭᠰᠡᠨ ᠮᠣᠳᠣᠨ ᠡᠳ᠋ ᠵᠦᠢᠯᠡᠰ ᠢ᠋ᠶ᠋ᠡᠨ ᠰᠢᠯᠭᠠᠭᠤᠯᠳᠠᠭ᠃ ᠰᠤᠷᠭᠠᠭᠤᠯᠢ᠂ ᠰᠤᠷᠭᠠᠭᠤᠯᠢ ᠠ᠋ᠴᠠ ᠢᠷᠡᠭᠰᠡᠨ ᠰᠤᠷᠤᠭᠴᠢᠳ ᠳᠤᠮᠳᠠ ᠣᠷᠣᠰ᠂ ᠪᠤᠷᠢᠶᠠᠳ᠂ ᠠᠷᠮᠸᠨ᠂ ᠮᠣᠩᠭᠣᠯ ᠭᠡᠳ ᠣᠯᠠᠨ ᠦᠨᠳᠦᠰᠦᠨ ᠦ᠌ ᠬᠡᠦᠬᠡᠳ ᠦ᠋ᠳ ᠪᠣᠢ᠃ ᠲᠡᠳᠡ ᠶᠠᠰᠤ ᠦᠨᠳᠦᠰᠦ ᠶᠠᠮᠠᠷ ᠪᠠᠢᠬᠤ ᠨᠢ ᠬᠠᠮᠢᠶ᠎ᠠ ᠦᠭᠡᠢ ᠪᠦᠭᠦᠳᠡ ᠮᠣᠩᠭᠣᠯ ᠬᠡᠯᠡ ᠰᠤᠷᠬᠤ ᠯᠠ ᠶᠣᠰᠣᠲᠠᠢ᠃ ᠰᠤᠷᠤᠭᠴᠢᠳ ᠥᠪᠡᠷᠰᠡᠳ ᠦ᠋ᠨ ᠭᠠᠷ ᠢ᠋ᠶ᠋ᠠᠷ ᠪᠦᠲᠦᠭᠡᠭᠰᠡᠨ᠂ ᠣᠶᠣᠭᠰᠠᠨ ᠡᠳ᠋ ᠵᠦᠢᠯᠡᠰ ᠢ᠋ᠶ᠋ᠡᠨ ᠮᠣᠩᠭᠣᠯ ᠬᠡᠯᠡ ᠪᠡᠷ ᠲᠠᠢᠯᠪᠤᠷᠢᠯᠠᠵᠤ ᠴᠢᠳᠠᠳᠠᠭ ᠪᠠᠢᠬᠤ ᠤᠴᠢᠷᠲᠠᠢ᠃

ᠮᠥᠨ ᠮᠠᠨ ᠤ᠋ ᠱᠠᠰᠢᠨ ᠤ᠋ ᠰᠤᠷᠭᠠᠭᠤᠯᠢ ᠳ᠋ᠤ᠌ ᠮᠣᠩᠭᠣᠯ ᠬᠡᠯᠡ ᠪᠡᠷ ᠶᠠᠷᠢᠳᠠᠭ ᠪᠠᠭᠰᠢ ᠨᠠᠷ ᠪᠣᠢ᠃ ᠲᠡᠳᠡ ᠮᠣᠩᠭᠣᠯ ᠬᠡᠯᠡᠨ ᠦ᠌ ᠬᠢᠴᠢᠶᠡᠯ ᠢ᠋ ᠯᠠᠮᠠ ᠨᠠᠷ ᠲᠤ᠌᠂ ᠰᠤᠷᠤᠭᠴᠢᠳ ᠲᠤ᠌ ᠵᠢᠭᠠᠨ᠎ᠠ᠃ ᠪᠠᠰᠠ ᠪᠤᠷᠢᠶᠠᠳ ᠮᠣᠩᠭᠣᠯᠴᠤᠳ ᠤ᠋ᠨ ᠤᠯᠠᠮᠵᠢᠯᠠᠯᠲᠤ ᠮᠠᠯ ᠠᠵᠤ ᠠᠬᠤᠢ ᠶ᠋ᠢ ᠰᠡᠷᠭᠦᠭᠡᠬᠦ ᠳ᠋ᠦ᠍ ᠪᠣᠯᠤᠨ ᠦᠨᠳᠦᠰᠦᠨ ᠦ᠌ ᠪᠥᠬᠡ ᠶ᠋ᠢᠨ ᠪᠠᠷᠢᠯᠳᠤᠭᠠᠨ ᠳ᠋ᠤ᠌ ᠣᠨᠴᠠᠭᠠᠢ ᠠᠩᠬᠠᠷᠤᠯ ᠬᠠᠨᠳᠤᠭᠤᠯᠵᠤ ᠪᠠᠢᠭ᠎ᠠ᠃

-ᠢᠲᠡᠭᠡᠯᠲᠦ ᠬᠠᠮᠪᠤ ᠶ᠋ᠢᠨ ᠳᠡᠷᠭᠡᠳᠡᠬᠢ ᠪᠤᠳ᠋ᠳ᠋ᠾᠠ ᠶ᠋ᠢᠨ ᠱᠠᠰᠢᠨ ᠤ᠋ ᠰᠤᠷᠭᠠᠭᠤᠯᠢ ᠳ᠋ᠤ᠌ ᠳᠣᠯᠣᠭ᠎ᠠ ᠬᠣᠨᠣᠭ ᠤ᠋ᠨ ᠬᠣᠶᠠᠷ ᠡᠳᠦᠷ ᠨᠢ ᠮᠣᠩᠭᠣᠯ ᠬᠡᠯᠡ ᠦᠵᠡᠳᠡᠭ ᠶᠦ᠍ᠮ ᠪᠠᠢᠨ᠎ᠠ᠃ ᠡᠨᠡ ᠲᠠᠯ᠎ᠠ ᠪᠠᠷ ᠳᠡᠯᠭᠡᠷᠡᠭᠦᠯᠵᠦ ᠶᠠᠷᠢᠨ᠎ᠠ ᠤᠤ?

-ᠢᠯᠠᠩᠭᠤᠶ᠎ᠠ ᠰᠡᠭᠦᠯ ᠦ᠋ᠨ ᠦᠶ᠎ᠡ ᠳ᠋ᠦ᠍ ᠮᠠᠨ ᠤ᠋ ᠯᠠᠮᠠ ᠬᠤᠸᠠᠷᠠᠭ ᡂᠨ ᠪᠤᠷᠢᠶᠠᠳ ᠬᠡᠯᠡ ᠪᠡᠨ ᠮᠡᠳᠡᠬᠦ ᠪᠡᠨ ᠪᠣᠯᠢᠭᠰᠠᠨ ᠪᠠᠢᠨ᠎ᠠ᠃ ᠡᠭᠦᠨ ᠡᠴᠡ ᠪᠣᠯᠵᠤ ᠪᠤᠷᠢᠶᠠᠳ ᠬᠡᠯᠡ ᠰᠤᠷᠠᠬᠤ ᠳ᠋ᠤ᠌ ᠬᠡᠴᠡᠭᠦᠦ ᠪᠣᠯᠤᠭᠰᠠᠨ᠃ ᠵᠢᠱ᠌ᠢᠶ᠎ᠡ ᠨᠢ᠂ ᠮᠠᠨ ᠤ᠋ ᠬᠣᠷᠢ ᠪᠤᠷᠢᠶᠠᠳ ᠤ᠋ᠨ ᠬᠡᠯᠡ ᠶᠡᠬᠡ ᠥᠭᠡᠷ᠎ᠡ᠂ 10 ᠭᠠᠷᠤᠢ ᠥᠭᠡᠷ᠎ᠡ ᠦᠰᠦᠭ ᠲᠡᠢ᠃ ᠬᠣᠷᠢ ᠪᠤᠷᠢᠶᠠᠳ ᡂᠨ ᠬᠡᠯᠡ ᠪᠡᠨ ᠵᠥᠭᠡᠯᠡᠨ᠂ ᠤᠰᠤᠨ ᠤ᠋ ᠤᠷᠤᠰᠬᠠᠯ ᠰᠢᠭ᠋ ᠪᠣᠯᠭᠠᠭᠰᠠᠨ᠃ ᠲᠤᠬᠠᠢᠯᠠᠪᠠᠯ᠂ ᠣᠴᠢᠶ᠎ᠠ ᠶᠠᠪᠤᠶ᠎ᠠ ᠭᠡᠳᠡᠭ ᠦᠭᠡ ᠶ᠋ᠢ ᠵᠥᠭᠡᠯᠡᠨ ᠪᠣᠯᠭᠠᠬᠤ ᠶ᠋ᠢᠨ ᠲᠤᠯᠠᠳᠠ ᠤᠷᠲᠤ ᠪᠣᠯᠭᠠᠵᠤ᠂ ᠰᠤᠨᠵᠢᠷᠠᠭᠤᠯᠵᠤ ᠬᠡᠯᠡᠭᠡᠳ ᠣᠯᠠᠨ ᠦᠰᠦᠭ ᠲᠡᠢ ᠪᠣᠯᠭᠠᠭᠰᠠᠨ᠃ ᠲᠡᠭᠦᠨ ᠢ᠋ ᠴᠡᠭᠡᠵᠢᠯᠡᠬᠦ ᠳ᠋ᠦ᠍ ᠬᠡᠴᠡᠭᠦᠦ᠃ ᠢᠯᠠᠩᠭᠤᠶ᠎ᠠ ᠪᠢ ᠬᠣᠷᠢ ᠪᠤᠷᠢᠶᠠᠳ ᠪᠢᠰᠢ ᠪᠠᠢᠭᠰᠠᠨ ᠪᠣᠯᠬᠣᠷ ᠰᠠᠢᠨ ᠬᠡᠯᠡᠵᠦ ᠴᠢᠳᠠᠬᠤ ᠦᠭᠡᠢ᠃ ᠰᠤᠷᠤᠶ᠎ᠠ ᠭᠡᠬᠦ ᠳ᠋ᠦ᠍ ᠶᠠᠭᠠᠬᠢᠭᠠᠳ ᠴᠤ᠌ ᠴᠢᠳᠠᠬᠤ ᠦᠭᠡᠢ᠃

ᠪᠢ ᠮᠣᠩᠭᠣᠯ ᠳ᠋ᠤ᠌ ᠵᠢᠷᠭᠤᠭᠠᠨ ᠵᠢᠯ ᠪᠣᠯᠤᠭᠰᠠᠨ᠃ ᠬᠠᠯᠬ᠎ᠠ ᠶ᠋ᠢᠨ ᠬᠡᠯᠡ ᠶ᠋ᠢ ᠪᠢ ᠬᠡᠳᠦᠢ ᠰᠠᠢᠨ ᠮᠡᠳᠡᠭᠡᠳ ᠴᠦ᠍ ᠴᠡᠪᠡᠷ ᠬᠠᠯᠬ᠎ᠠ ᠬᠥᠮᠦᠨ ᠰᠢᠭ ᠶᠠᠷᠢᠵᠤ ᠴᠢᠳᠠᠬᠤ ᠦᠭᠡᠢ ᠰᠢᠦ ᠳᠡ᠃ ᠵᠠᠪᠠᠯ ᠶᠠᠮᠠᠷ ᠨᠢᠭᠡᠨ ᠥᠭᠡᠷ᠎ᠡ ᠠᠶᠠᠯᠭ᠎ᠠ ᠪᠠᠢᠵᠤ ᠪᠠᠢᠨ᠎ᠠ᠃ ᠶᠠᠮᠠᠷ ᠴᠤ᠌ ᠬᠠᠯᠬ᠎ᠠ ᠬᠥᠮᠦᠨ ᠨᠠᠮᠠᠶ᠋ᠢ ᠬᠡᠳᠦᠨ ᠦᠭᠡ ᠬᠡᠯᠡᠭᠰᠡᠨ ᠦ᠌ ᠳᠠᠷᠠᠭ᠎ᠠ ᠴᠡᠪᠡᠷ ᠬᠠᠯᠬ᠎ᠠ ᠪᠢᠰᠢ ᠭᠡᠳᠡᠭ ᠢ᠋ ᠮᠡᠳᠡᠬᠦ ᠪᠡᠷ ᠪᠠᠢᠳᠠᠭ᠃
 
 ᠢᠪᠠᠯᠭ᠎ᠠ ᠶ᠋ᠢᠨ ᠳ᠋ᠠᠼᠠᠩ ᠳ᠋ᠤ᠌ ᠯᠠ ᠭᠡᠬᠦ ᠳ᠋ᠦ᠍ ᠲᠠᠪᠤᠨ ᠯᠠᠮᠠ ᠣᠷᠣᠰ ᠭᠠᠷᠤᠯᠲᠠᠢ᠃ ᠲᠡᠳᠡ ᠮᠡᠳᠡᠭᠡᠵᠢ ᠪᠤᠷᠢᠶᠠᠳ ᠬᠡᠯᠡ ᠮᠡᠳᠡᠳᠡᠭ ᠦᠭᠡᠢ᠃ ᠪᠢᠳᠡ ᠲᠡᠳᠡᠨ ᠳ᠋ᠦ᠍ 《ᠲᠠ ᠨᠠᠷ ᠢᠪᠠᠯᠭ᠎ᠠ ᠶ᠋ᠢᠨ ᠳ᠋ᠠᠼᠠᠩ ᠤ᠋ᠨ ᠯᠠᠮᠠ ᠪᠠᠢᠬᠤ ᠶ᠋ᠢᠨ ᠲᠤᠯᠠᠳᠠ ᠵᠠᠪᠠᠯ ᠮᠣᠩᠭᠣᠯ ᠬᠡᠯᠡ ᠰᠤᠷᠬᠤ ᠶᠣᠰᠣᠲᠠᠢ ᠭᠡᠵᠦ ᠬᠡᠯᠡᠳᠡᠭ᠃ ᠡᠢᠮᠦ ᠡᠴᠡ ᠠᠯᠪᠠ ᠪᠠᠷ ᠮᠣᠩᠭᠣᠯ ᠬᠡᠯᠡ ᠵᠢᠭᠠᠵᠤ ᠪᠠᠢᠨ᠎ᠠ᠃ ᠮᠣᠩᠭᠣᠯ ᠬᠡᠯᠡᠨ ᠦ᠌ ᠪᠤᠳ᠋ᠳ᠋ᠾᠠ ᠶ᠋ᠢᠨ ᠱᠠᠰᠢᠨ ᠤ᠋ ᠲᠣᠮᠢᠶ᠎ᠠ ᠶ᠋ᠢ ᠵᠢᠭᠠᠵᠤ ᠪᠠᠢᠭ᠎ᠠ ᠶᠤᠮ ᠯᠠ ᠳᠠ᠃ ᠵᠢᠱ᠌ᠢᠶ᠎ᠡ ᠨᠢ᠂ ᠬᠡᠩᠭᠡᠷᠭᠡ᠂ ᠴᠠᠩ᠂ ᠰᠡᠯᠡᠮ᠎ᠡ᠂ ᠬᠦᠵᠢ᠂ ᠠᠷᠴᠠ᠂ ᠰᠡᠷᠵᠢᠮ ᠵᠡᠷᠭᠡ ᠪᠤᠳ᠋ᠳ᠋ᠾᠠ ᠶ᠋ᠢᠨ ᠱᠠᠰᠢᠨ ᠤ᠋ ᠦᠭᠡᠰ ᠦ᠋ᠨ ᠬᠡᠷᠡᠭᠯᠡᠭᠡ ᠮᠠᠰᠢ ᠴᠢᠬᠤᠯᠠ ᠪᠠᠢᠨ᠎ᠠ᠃ ᠪᠢ ᠬᠤᠷᠠᠯ ᠬᠢᠯ᠎ᠡ ᠭᠡᠬᠦ ᠳ᠋ᠦ᠍ ᠱᠠᠰᠢᠨ ᠤ᠋ ᠲᠠᠯ᠎ᠠ ᠪᠠᠷ ᠶᠠᠷᠢᠨ᠎ᠠ᠂ ᠰᠤᠳᠤᠷ ᠢ᠋ᠶ᠋ᠠᠨ ᠬᠠᠷᠠ᠂ ᠤᠩᠰᠢ᠂ ᠴᠠᠩ ᠢ᠋ᠶ᠋ᠠᠨ ᠴᠣᠬᠢ ᠵᠡᠷᠭᠡ ᠪᠡᠷ ᠬᠡᠯᠡᠬᠦ ᠳ᠋ᠦ᠍ ᠲᠡᠷᠡ ᠬᠥᠮᠦᠨ ᠣᠢᠯᠠᠭᠠᠬᠤ ᠶᠣᠰᠣᠲᠠᠢ ᠰᠢᠦ ᠳᠡ᠃ ᠮᠣᠩᠭᠣᠯ ᠬᠡᠯᠡ ᠮᠡᠳᠡᠬᠦ ᠦᠭᠡᠢ ᠪᠣᠯ ᠲᠡᠷᠡ ᠬᠥᠮᠦᠨ ᠡᠭᠦᠨ ᠢ᠋ ᠣᠢᠯᠠᠭᠠᠬᠤ ᠦᠭᠡᠢ᠃ ᠮᠣᠩᠭᠣᠯ᠂ ᠬᠠᠯᠢᠮᠠᠭ᠂ ᠳᠤᠸᠠ᠂ ᠪᠤᠷᠢᠶᠠᠳ ᠪᠠᠢᠨ᠎ᠠ ᠤᠤ ᠬᠠᠮᠢᠶ᠎ᠠ ᠦᠭᠡᠢ ᠪᠤᠳ᠋ᠳ᠋ᠾᠠ ᠶ᠋ᠢᠨ ᠱᠠᠰᠢᠨ ᠤ᠋ ᠬᠡᠯᠡ ᠨᠢ ᠨᠢᠭᠡ᠂ ᠦᠨᠳᠦᠰᠦ ᠨᠢ ᠨᠢᠭᠡ ᠶᠦ᠍ᠮ᠃ ᠲᠡᠢᠮᠦ ᠤᠴᠢᠷ ᠠ᠋ᠴᠠ ᠲᠡᠷᠡ ᠬᠡᠯᠡ ᠶ᠋ᠢ ᠰᠤᠷᠭᠠᠵᠤ ᠪᠠᠢᠨ᠎ᠠ᠃ ᠱᠠᠰᠢᠨ ᠤ᠋ ᠬᠢ ᠡᠴᠡ ᠥᠭᠡᠷ᠎ᠡ ᠬᠡᠷᠡᠭ ᠲᠡᠢ᠂ ᠬᠡᠷᠡᠭ ᠦᠭᠡᠢ ᠦᠭᠡᠨ ᠦ᠌ ᠬᠡᠷᠡᠭ ᠪᠠᠢᠬᠤ ᠦᠭᠡᠢ᠃

-ᠡᠬᠡ ᠬᠡᠯᠡᠨ ᠦ᠌ ᠨᠠᠭᠠᠳᠤᠮ ᠡᠬᠢᠯᠡᠬᠦ ᠳ᠋ᠦ᠍ ᠲᠠ ᠴᠤᠭᠯᠠᠷᠠᠭᠰᠠᠨ ᠣᠯᠠᠨ ᠢ᠋ 《ᠲᠠ ᠨᠠᠷ ᠮᠣᠩᠭᠣᠯ ᠬᠥᠮᠦᠰ᠃ ᠡᠬᠡ ᠬᠡᠯᠡ ᠪᠡᠨ ᠮᠡᠳᠡᠬᠦ ᠤᠤ᠂ ᠪᠤᠷᠢᠶᠠᠳ ᠬᠡᠯᠡ ᠪᠡᠨ᠂ ᠮᠣᠩᠭᠣᠯ ᠬᠡᠯᠡ ᠪᠡᠨ ᠮᠡᠳᠡᠬᠦ ᠦᠭᠡᠢ ᠪᠣᠯ ᠤᠬᠠᠭᠠᠨ ᠮᠠᠭᠤᠳᠠᠨ ᠨᠤᠭᠤᠳ》 ᠭᠡᠵᠦ ᠵᠠᠩᠨᠠᠵᠤ ᠪᠠᠢᠭᠰᠠᠨ ᠂᠂᠂

-ᠪᠢᠳᠡ ᠮᠣᠩᠭᠣᠯ ᠬᠡᠯᠡ ᠪᠡᠨ ᠮᠡᠳᠡᠬᠦ ᠦᠭᠡᠢ ᠪᠣᠯ ᠤᠬᠠᠭᠠᠨ ᠮᠠᠭᠤᠳᠠᠨ ᠨᠤᠭᠤᠳ ᠰᠢᠦ ᠳᠡ᠃ ᠲᠡᠢᠮᠦ ᠡᠴᠡ ᠯᠡ ᠪᠢ ᠲᠠ ᠨᠠᠷ ᠲᠠᠢ ᠠᠭᠤᠯᠵᠠᠵᠤ᠂ ᠪᠤᠳ᠋ᠳ᠋ᠾᠠ ᠶ᠋ᠢᠨ ᠱᠠᠰᠢᠨ ᠤ᠋ ᠰᠤᠷᠭᠠᠯ ᠶᠠᠮᠠᠷ ᠭᠦᠨ ᠠᠭᠤᠯᠭ᠎ᠠ ᠲᠠᠢ ᠪᠣᠯᠬᠤ ᠶ᠋ᠢ ᠬᠠᠷᠠᠭᠤᠯᠵᠤ᠂ ᠨᠢᠭᠡᠨ ᠢ᠋ᠶ᠋ᠡᠷ ᠨᠢ ᠡᠷᠲᠡᠨ ᠦ᠌ ᠰᠤᠷᠭᠠᠯ ᠤ᠋ᠨ ᠤᠳᠬ᠎ᠠ ᠠᠭᠤᠯᠭ᠎ᠠ ᠶ᠋ᠢ ᠮᠣᠩᠭᠣᠯ ᠬᠡᠯᠡ ᠤᠷᠤᠭᠤ ᠪᠠᠭᠤᠯᠭᠠᠭᠤᠯᠵᠤ ᠰᠢᠯᠭᠠᠭᠠᠳ ᠰᠠᠭᠤᠵᠤ ᠪᠠᠢᠨ᠎ᠠ /ᠲᠡᠷᠡᠪᠡᠷ ᠮᠠᠨ ᠤ᠋ ᠵᠠᠭᠤᠴᠢᠯᠠᠭᠤᠷ ᠤ᠋ᠨ ᠪᠦᠯᠦᠭᠯᠡᠯ ᠦ᠋ᠨ ᠡᠪᠯᠡᠭᠦᠯᠭᠡ ᠶ᠋ᠢᠨ ᠨᠠᠢᠷᠠᠭᠤᠯᠤᠭᠴᠢ ᠰ∙ ᠡᠩᠬᠡᠪᠠᠲᠤ ᠳ᠋ᠤ᠌ ᠪᠤᠳ᠋ᠳ᠋ᠾᠠ ᠶ᠋ᠢᠨ ᠱᠠᠰᠢᠨ ᠤ᠋ ᠰᠤᠷᠭᠠᠯ ᠢ᠋ ᠬᠡᠯᠡᠵᠦ ᠪᠢᠴᠢᠭᠦᠯᠦᠭᠡᠳ ᠮᠣᠩᠭᠣᠯ ᠬᠡᠯᠡ ᠤᠷᠤᠭᠤ ᠵᠥᠪ ᠬᠥᠷᠪᠡᠭᠦᠯ ᠭᠡᠪᠡ/᠃

ᠪᠤᠳ᠋ᠳ᠋ᠾᠠ ᠶ᠋ᠢᠨ ᠱᠠᠰᠢᠨ ᠤ᠋ ᠰᠤᠷᠭᠠᠯ ᠤ᠋ᠨ ᠠᠭᠤᠯᠭ᠎ᠠ ᠨᠢ ᠮᠠᠰᠢ ᠭᠦᠨ ᠶᠦ᠍ᠮ᠃ ᠮᠠᠭᠠᠳ ᠦᠭᠡᠢ ᠲᠠ ᠨᠠᠷ ᠴᠤ᠌ ᠮᠡᠳᠡᠬᠦ ᠦᠭᠡᠢ᠂ ᠡᠨᠡ ᠲᠡᠨᠡᠭ ᠪᠤᠷᠢᠶᠠᠳ ᡂᠨ ᠣᠢᠯᠠᠭᠠᠬᠤ ᠦᠭᠡᠢ /ᠲᠡᠷᠡᠪᠡᠷ ᠬᠠᠵᠠᠭᠤ ᠳ᠋ᠤ᠌ ᠨᠢ ᠪᠠᠢᠭᠰᠠᠨ ᠪᠤᠷᠢᠶᠠᠳ ᠬᠥᠮᠦᠰ ᠢ᠋ ᠵᠢᠭᠠᠪᠠ/᠃

-ᠥᠩᠭᠡᠷᠡᠭᠰᠡᠨ ᠡᠪᠦᠯ ᠷᠣᠮ ᠤ᠋ᠨ ᠫᠠᠫ ᠯᠠᠮᠠ ᠹᠷᠠᠨᠼᠢᠰᠺ ᠪᠤᠷᠢᠶᠠᠳ ᡂᠨ  ᠢ᠋ ᠦᠺᠡᠢᠷᠡᠨ ᠳ᠋ᠦ᠍ ᠬᠠᠮᠤᠭ ᠤ᠋ᠨ ᠵᠡᠷᠯᠢᠭ ᠪᠦᠳᠦᠭᠦᠯᠢᠭ ᠪᠠᠢᠯᠳᠤᠵᠤ ᠪᠠᠢᠭ᠎ᠠ ᠬᠥᠮᠦᠰ ᠭᠡᠵᠦ ᠬᠡᠯᠡᠬᠦ ᠳ᠋ᠦ᠍ ᠲᠠ ᠥᠮᠥᠭᠡᠷᠡᠵᠦ᠂ ᠬᠠᠷᠢᠭᠤ ᠥᠭᠭᠦᠭᠰᠡᠨ᠃ ᠡᠨᠡ ᠲᠠᠯ᠎ᠠ ᠪᠠᠷ ᠶᠠᠷᠢᠪᠠᠯ?

-ᠷᠣᠮ ᠤ᠋ᠨ ᠫᠠᠫ ᠹᠷᠠᠨᠼᠢᠰᠺ ᠶᠠᠭᠤ ᠶ᠋ᠢ ᠪᠡᠨ ᠮᠡᠳᠡᠬᠦ ᠪᠣᠢ ᠳᠠ᠃ ᠬᠠᠵᠠᠭᠤ ᠳ᠋ᠤ᠌ ᠨᠢ ᠪᠠᠢᠭᠰᠠᠨ ᠬᠥᠮᠦᠰ ᠯᠡ ᠲᠤᠯᠤᠯᠳᠤᠭᠠᠨ ᠪᠣᠯᠵᠤ ᠪᠠᠢᠭ᠎ᠠ ᠭᠠᠵᠠᠷ ᠮᠠᠰᠢ ᠰᠠᠢᠨ ᠲᠤᠯᠤᠯᠳᠤᠵᠤ ᠪᠠᠢᠭ᠎ᠠ ᠨᠢ ᠪᠤᠷᠢᠶᠠᠳ ᠵᠤᠨ᠂ ᠴᠸᠴᠸᠨ ᠨᠤᠭᠦᠳ ᠪᠠᠢᠨ᠎ᠠ ᠭᠡᠵᠦ ᠬᠡᠯᠡᠭᠰᠡᠨ ᠪᠠᠢᠬᠤ᠃ ᠪᠤᠷᠢᠶᠠᠳ ᡂᠨ ᠵᠣᠷᠢᠭᠲᠠᠢ᠂ ᠵᠡᠷᠯᠢᠭ ᠮᠠᠶᠢᠭᠲᠠᠢ ᠬᠥᠮᠦᠰ ᠪᠠᠢᠨ᠎ᠠ᠂ ᠰᠠᠢᠨ ᠴᠡᠷᠢᠭ ᠦ᠋ᠳ ᠪᠠᠢᠨ᠎ᠠ ᠭᠡᠵᠦ ᠴᠠᠭᠠᠳᠤ ᠲᠠᠯ᠎ᠠ ᠠ᠋ᠴᠠ ᠨᠢ ᠬᠡᠯᠡᠭᠰᠡᠨ ᠪᠠᠢᠭ᠎ᠠ ᠯᠠ ᠳᠠ᠃ ᠲᠡᠭᠡᠭᠡᠳ ᠷᠣᠮ ᠤ᠋ᠨ ᠫᠠᠫ ᠯᠠᠮᠠ ᠪᠤᠷᠢᠶᠠᠳ᠂ ᠴᠸᠴᠸᠨ   ᠨᠤᠭᠦᠳ  ᠢ᠋ ᠮᠠᠭᠤᠬᠠᠢ ᠵᠡᠷᠯᠢᠭ ᠦ᠋ᠳ᠂ ᠬᠥᠮᠦᠨ ᠢ᠋ ᠬᠠᠢᠷᠠᠯᠠᠬᠤ ᠦᠭᠡᠢ ᠭᠡᠵᠦ ᠬᠡᠯᠡᠭᠰᠡᠨ᠃ ᠮᠡᠳᠡᠭᠡᠵᠢ ᠪᠢ ᠪᠤᠷᠢᠶᠠᠳ ᠬᠠᠮᠪᠤ ᠪᠯᠠᠮ᠎ᠠ ᠪᠣᠯᠬᠣᠷ ᠲᠡᠭᠦᠨ ᠳ᠋ᠦ᠍ ᠬᠠᠷᠢᠭᠤ ᠬᠡᠯᠡᠭᠰᠡᠨ ᠯᠡ ᠳᠡ᠃《ᠲᠠ᠂ ᠷᠣᠮ ᠤ᠋ᠨ ᠫᠠᠫ ᠯᠠᠮᠠ᠂ ᠪᠢᠳᠡᠨ ᠢ᠋ ᠴᠢᠩᠭᠢᠰ ᠬᠠᠭᠠᠨ ᠤ᠋ ᠴᠡᠷᠢᠭ ᠦ᠋ᠳ ᠦ᠋ᠨ ᠦᠷ᠎ᠡ ᠤᠳᠤᠮ᠂ ᠶᠠᠮᠠᠷ ᠴᠤ᠌ ᠲᠡᠢᠨ ᠳ᠋ᠦ᠍ ᠣᠷᠣᠯᠴᠠᠬᠤ ᠳ᠋ᠤ᠌ ᠪᠠᠨ ᠰᠢᠷᠦᠭᠦᠨ᠂ ᠰᠠᠢᠨ ᠢ᠋ᠶ᠋ᠠᠷ ᠣᠷᠣᠯᠴᠠᠬᠤ ᠲᠦᠷᠢᠮᠡᠬᠡᠢ ᠵᠠᠩ ᠲᠠᠢ ᠬᠥᠮᠦᠰ ᠭᠡᠳᠡᠭ ᠢ᠋ ᠣᠢᠯᠠᠭᠠᠬᠤ ᠦᠭᠡᠢ ᠪᠠᠢᠨ᠎ᠠ᠃ ᠪᠤᠷᠢᠶᠠᠳ ᡂᠨ  ᠤ᠋ᠨ ᠡᠨᠡ ᠴᠢᠨᠠᠷ ᠢ᠋ ᠨᠢ ᠥᠭᠡᠷᠡᠴᠢᠯᠡᠵᠦ ᠪᠣᠯᠬᠤ ᠦᠭᠡᠢ᠃ ᠪᠢᠳᠡ ᠴᠠᠭᠠᠨ᠎ᠠ ᠠ᠋ᠴᠠ ᠪᠠᠨ ᠲᠡᠢᠮᠦ ᠬᠥᠮᠦᠰ᠃ ᠲᠡᠢᠨ ᠪᠣᠯᠬᠤ ᠳ᠋ᠤ᠌ ᠬᠠᠭᠤᠴᠢᠨ ᠤ᠋ ᠴᠢᠩᠭᠢᠰ ᠬᠠᠭᠠᠨ ᠤ᠋ ᠴᠡᠷᠢᠭ ᠦ᠋ᠨ ᠵᠠᠩ ᠠᠪᠤᠷᠢ ᠪᠠᠨ ᠬᠠᠷᠠᠭᠤᠯᠤᠨ᠎ᠠ》 ᠭᠡᠵᠦ ᠬᠡᠯᠡᠭᠰᠡᠨ ᠶᠦ᠍ᠮ᠃

ᠪᠢ ᠲᠡᠭᠦᠨ ᠳ᠋ᠦ᠍ ᠬᠠᠷᠢᠭᠤ ᠥᠭᠬᠦ ᠳ᠋ᠦ᠍ ᠪᠡᠨ ᠪᠢᠳᠡ ᠨᠢᠭᠡ ᠲᠠᠯ᠎ᠠ ᠪᠠᠷ ᠴᠢᠩᠭᠢᠰ ᠬᠠᠭᠠᠨ ᠤ᠋ ᠴᠡᠷᠢᠭ ᠦ᠋ᠳ᠂ ᠨᠥᠭᠦᠭᠡ ᠲᠠᠯ᠎ᠠ ᠪᠠᠷ ᠰᠢᠪᠡᠷᠢ ᠶ᠋ᠢᠨ ᠬᠦᠢᠲᠡᠨ ᠭᠠᠵᠠᠷ ᠠᠮᠢᠳᠤᠷᠠᠳᠠᠭ ᠬᠥᠮᠦᠰ ᠦ᠋ᠨ ᠵᠠᠩ ᠠᠪᠤᠷᠢ ᠥᠭᠡᠷ᠎ᠡ ᠰᠢᠦ᠂ ᠬᠦᠢᠲᠡᠨ ᠭᠠᠵᠠᠷ ᠪᠠᠢᠭᠰᠠᠨ ᠬᠥᠮᠦᠰ ᠦ᠋ᠨ ᠵᠠᠩ ᠠᠪᠤᠷᠢ ᠰᠢᠷᠦᠭᠦᠨ᠂ ᠠᠯᠢᠪᠠ ᠵᠦᠢᠯ ᠳ᠋ᠦ᠍ ᠲᠡᠰᠪᠦᠷᠢᠲᠡᠢ ᠪᠣᠯᠳᠠᠭ ᠢ᠋ ᠬᠡᠯᠡᠭᠰᠡᠨ᠃ ᠧᠦ᠋ᠷᠣᠫᠠ ᠶ᠋ᠢᠨ ᠵᠥᠭᠡᠯᠡᠨ ᠴᠠᠭ ᠠᠭᠠᠷ ᠲᠤ᠌ ᠪᠠᠢᠭᠰᠠᠨ ᠬᠥᠮᠦᠰ ᠡᠴᠡ ᠲᠠᠰᠤ ᠣᠨᠳᠣᠣ ᠭᠡᠵᠦ ᠬᠡᠯᠡᠭᠰᠡᠨ᠃ ᠪᠢ ᠭᠡᠬᠦ ᠳ᠋ᠦ᠍ ᠪᠡᠨ ᠵᠠᠪᠠᠯ ᠵᠥᠪᠬᠡᠨ ᠪᠤᠷᠢᠶᠠᠳ ᡂᠨ  ᠤ᠋ᠨ ᠲᠤᠬᠠᠢ ᠪᠤᠰᠤ ᠰᠢᠪᠡᠷᠢ ᠳ᠋ᠦ᠍ ᠪᠠᠢᠭᠰᠠᠨ ᠪᠦᠬᠦᠢ ᠯᠡ ᠬᠥᠮᠦᠰ ᠦ᠋ᠨ ᠲᠤᠬᠠᠢ ᠬᠡᠯᠡᠭᠰᠡᠨ᠃ ᠶᠠᠺ ᠲᠤ᠌᠂ ᠳᠤᠸᠠ᠂ ᠣᠷᠣᠰ ᠭᠡᠳ ᠪᠦᠭᠦᠳᠡ ᠶ᠋ᠢᠨ ᠬᠢᠨᠢ ᠲᠤᠬᠠᠢ ᠬᠡᠯᠡᠬᠦ ᠳ᠋ᠦ᠍ ᠲᠡᠷᠡ ᠣᠢᠯᠠᠭᠠᠭ᠎ᠠ ᠦᠭᠡᠢ᠃ ᠪᠢ ᠪᠤᠷᠢᠶᠠᠳ᠂ ᠴᠸᠴᠸᠨ  ᠨᠤᠭᠦᠳ  ᠢ᠋ ᠯᠡ ᠠᠪᠤᠷᠠᠬᠤ ᠶ᠋ᠢᠨ ᠲᠥᠯᠥᠭᠡ ᠲᠡᠭᠡᠵᠦ ᠬᠡᠯᠡᠭᠡ ᠦᠭᠡᠢ᠃ ᠰᠢᠪᠡᠷᠢ ᠶ᠋ᠢᠨ ᠬᠦᠢᠲᠡᠨ ᠭᠠᠵᠠᠷ ᠲᠤ᠌ ᠪᠠᠢᠭᠰᠠᠨ ᠬᠥᠮᠦᠰ ᠦ᠋ᠨ ᠵᠠᠩ ᠠᠷᠠᠨᠰᠢᠨ ᠪᠦᠭᠦᠳᠡ ᠠᠳᠠᠯᠢ ᠰᠢᠦ ᠯᠡ ᠭᠡᠵᠦ ᠬᠡᠯᠡᠭᠰᠡᠨ᠃

-ᠷᠣᠮ ᠤ᠋ᠨ ᠫᠠᠫ ᠯᠠᠮᠠ ᠬᠠᠷᠢᠭᠤ ᠳ᠋ᠤ᠌ ᠨᠢ ᠶᠠᠷᠢᠭᠰᠠᠨ ᠵᠦᠢᠯ ᠳ᠋ᠦ᠍ ᠪᠡᠨ ᠠᠭᠤᠴᠢᠯᠠᠯᠲᠠ ᠭᠤᠶᠤᠭᠰᠠᠨ ᠪᠠᠢᠭᠰᠠᠨ ᠁

-ᠪᠤᠤ ᠮᠡᠳᠡ᠃ ᠲᠡᠭᠦᠨ ᠦ᠌ ᠬᠠᠷᠢᠭᠤ ᠠᠭᠤᠴᠢᠯᠠᠯᠲᠠ ᠭᠤᠶᠤᠬᠤ ᠡᠨᠡ ᠲᠡᠷᠡ ᠨᠢ ᠨᠠᠳᠠ ᠳ᠋ᠤ᠌ ᠶᠠᠮᠠᠷ ᠴᠤ᠌ ᠬᠠᠮᠢᠶ᠎ᠠ ᠦᠭᠡᠢ᠃

ᠢᠷᠡᠯᠲᠡ᠄ ᠮᠣᠩᠭᠣᠯ ᠤ᠋ᠨ ᠲᠡᠷᠢᠭᠦᠯᠡᠬᠦ ᠫᠣᠷᠲᠠᠯ ᠰᠠᠢᠲ Zindaa.mn  ᠡᠴᠡ ᠬᠥᠷᠪᠡᠭᠦᠯᠪᠡ᠃
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ